ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠨᠡᠶ᠋ᠢᠭᠡᠮ ᠰᠡᠳᠬᠦᠯ
ᠤᠳᠠᠴᠢ
ᠨᠡᠶᠢᠲᠡᠯᠡᠭᠰᠡᠨ ᠴᠠᠭ᠄ 2023-08-21

                ᠢᠯᠡᠭᠦᠳ ᠡᠭᠡᠰᠢᠭ ᠵᠣᠭᠢᠶᠠᠪᠠ
  
    ᠤᠷᠠᠯᠢᠭ ᠭᠡᠳᠡᠭ ᠶᠠᠭᠤᠮ᠎ᠠ ᠡᠭᠦᠳᠡ᠎ᠪᠠᠨ ᠲᠠᠷᠤᠴᠢᠬᠠᠭᠰᠠᠨ ᠪᠠᠢ᠌ᠳᠠᠯ᠎ᠠ ᠴᠤᠩᠬᠤ᠎ᠪᠠᠷ ᠤᠷᠤᠵᠤ ᠢᠷᠡᠳᠡᠭ ᠭᠡᠨᠡᠮ᠃ ᠯᠢ ᠰᠠᠨ ᠶᠠᠭ ᠡᠢ᠌ᠮᠦᠷᠬᠦᠦ ᠤᠷᠠᠯᠢᠭ᠎ᠤᠨ ᠠᠮᠢᠨ ᠰᠦᠨᠡᠰᠦ ᠰᠢᠭ ᠡᠭᠦᠳᠡ᠎ᠪᠠᠨ ᠲᠠᠷᠤᠴᠢᠬᠠᠭᠰᠠᠨ ᠪᠠᠢ᠌ᠳᠠᠯ᠎ᠠ ᠴᠤᠩᠬᠤ᠎ᠪᠠᠷ ᠤᠷᠤᠵᠤ ᠢᠷᠡᠭᠡᠳ ᠨᠠᠮ᠎ᠠ᠎ᠳᠤ ᠠᠪᠤ ᠰᠠᠭᠤᠵᠠᠢ᠃
    ᠬᠤᠪᠢ ᠵᠠᠶᠠᠭ᠋ᠠᠨ᠎ᠤ ᠨᠡᠭᠡᠭᠡᠯᠲᠠᠢ ᠴᠤᠩᠬᠤ᠎ᠪᠠᠷ ᠤᠳᠠᠴᠢ ᠬᠤᠪᠢᠯᠤᠭ᠋ᠠᠳ ᠨᠢᠰᠦᠨ ᠢᠷᠡᠭᠰᠡᠨ ᠯᠢ ᠰᠠᠨ᠎ᠤ ᠬᠤᠶᠠᠷ ᠭᠠᠷ᠎ᠢ ᠠᠪᠤ ᠮᠢᠨᠢ ᠴᠢᠩᠭ᠋ᠠᠬᠠᠨ ᠠᠳᠬᠤᠵᠤ  《ᠦᠬᠢᠨ᠎ᠢ ᠮᠢᠨᠢ ᠠᠪᠤᠷᠠᠭ᠋ᠠᠴᠢ 》 ᠭᠡᠮᠡᠨ ᠪᠠᠴᠢᠮᠳᠠᠨ ᠭᠤᠶᠤᠵᠠᠢ᠃ ᠲᠡᠷᠡ ᠦᠶ᠎ᠡ᠎ᠳᠤ ᠠᠮᠢ ᠨᠠᠰᠤ᠂ ᠠᠶᠤᠯ ᠲᠦᠭᠰᠢᠬᠦᠷᠢ ᠭᠡᠳᠡᠭ ᠶᠠᠭᠤᠮ᠎ᠠ ᠠᠪᠤ ᠪᠤᠯᠤᠨ ᠯᠢ ᠰᠠᠨ᠎ᠤ ᠡᠮᠦᠨᠡᠬᠦᠷ ᠬᠤᠢ᠌ᠭᠤᠷ ᠰᠦᠯᠵᠢᠯᠳᠦᠨ ᠬᠦᠶᠦᠵᠤ ᠪᠠᠢ᠌ᠭᠰᠠᠨ᠃ ᠰᠦᠯᠵᠢᠯᠳᠦᠨ ᠬᠦᠶᠦᠬᠦ ᠠᠶᠤᠯ ᠲᠦᠭᠰᠢᠬᠦᠷᠢ ᠵᠢᠨ ᠡᠮᠦᠨ᠎ᠡ ᠠᠪᠤ ᠵᠢᠷᠦᠭᠡ᠎ᠪᠠᠨ ᠭᠠᠷ᠎ᠲᠤ᠎ᠪᠠᠨ ᠪᠠᠷᠢᠵᠤ ᠠᠶᠤᠭᠰᠠᠨ ᠪᠤᠯ ᠯᠢ ᠰᠠᠨ ᠵᠢᠷᠦᠭᠡᠨ ᠲᠠᠮᠢᠷ ᠵᠶ᠋ᠡᠨ ᠰᠢᠪᠬᠠᠵᠠᠢ᠃ ᠯᠢ ᠰᠠᠨ ᠡᠴᠦᠰ᠎ᠲᠤ᠎ᠪᠠᠨ ᠨᠠᠮ᠎ᠠ ᠵᠢ ᠡᠪᠡᠳᠴᠢᠨ᠎ᠤ ᠠᠶᠤᠯ᠎ᠠᠴᠠ ᠠᠪᠤᠷᠠᠨ ᠭᠡᠳᠦᠯᠭᠡᠵᠤ᠂ ᠡᠮᠴᠢ ᠬᠦᠮᠦᠨ᠎ᠤ ᠵᠢᠷᠭ᠋ᠠᠯ ᠡᠳ᠋ᠯᠡᠪᠡ᠃
    ᠠᠪᠤ ᠮᠢᠨᠢ ᠬᠦᠯ᠎ᠨᠢ ᠭᠠᠵᠠᠷ ᠬᠦᠷᠬᠦ ᠦᠭᠡᠢ ᠪᠠᠶᠠᠷᠯᠠᠵᠤ᠂ ᠲᠤᠭᠳᠤᠯᠤᠭᠰᠠᠨ᠎ᠳᠤ᠎ᠪᠠᠨ ᠶᠠᠭᠤ ᠪᠤᠳᠤᠭᠰᠠᠨ᠎ᠢ ᠪᠤᠤ ᠮᠡᠳᠡ᠂ ᠯᠢ ᠰᠠᠨ᠎ᠤ ᠬᠤᠶᠠᠷ ᠭᠠᠷ᠎ᠢ ᠴᠢᠩᠭ᠋ᠠᠬᠠᠨ ᠠᠳᠬᠤᠭ᠋ᠠᠳ᠄ 《ᠦᠬᠢᠨ ᠵᠶ᠋ᠡᠨ ᠴᠢᠮ᠎ᠠ᠎ᠳᠤ ᠦᠭᠭᠦᠶ᠎ᠡ᠂ ᠴᠢᠮ᠎ᠠ᠎ᠳᠤ ᠮᠦᠷᠭᠦᠭᠦᠯᠦᠶ᠎ᠡ ᠁》 ᠭᠡᠭᠦ᠎ᠨᠢ ᠲᠡᠷᠡ᠃ ᠠᠪᠤ ᠮᠢᠨᠢ ᠡᠵᠢ ᠵᠢᠨ ᠬᠠᠳᠬᠤᠮᠠᠯᠯᠠᠵᠤ ᠤᠶᠤᠭᠰᠠᠨ ᠬᠠᠷ᠎ᠠ ᠲᠤᠷᠭ᠋ᠠᠨ ᠰᠢᠭᠤᠲᠠᠢ ᠵᠢ ᠯᠢ ᠰᠠᠨ᠎ᠳᠤ ᠪᠡᠯᠡᠭ ᠪᠤᠯᠭ᠋ᠠᠨ ᠪᠠᠷᠢᠭ᠋ᠠᠳ ᠨᠠᠮ᠎ᠠ ᠵᠢ ᠮᠦᠷᠭᠦᠭᠦᠯᠪᠡ᠃
   ᠠᠪᠤ ᠡᠵᠢ ᠬᠤᠶᠠᠷ ᠨᠠᠮ᠎ᠠ ᠵᠢ ᠯᠢ ᠰᠠᠨ᠎ᠳᠤ ᠮᠦᠷᠭᠦᠭᠦᠯᠦᠭᠡᠳ ᠶᠠᠭ ᠬᠠᠷᠠᠩᠭᠤᠢ ᠵᠢᠨ ᠲᠤᠮᠳᠠ᠎ᠠᠴᠠ ᠵᠤᠷᠪᠤᠰ ᠭᠡᠷᠡᠯ ᠬᠠᠷᠠᠭᠰᠠᠨ ᠰᠢᠭ᠋ ᠰᠡᠳᠭᠢᠯ ᠲᠦᠭᠦᠷᠡᠩ ᠪᠤᠯᠵᠠᠢ᠃ ᠯᠢ ᠰᠠᠨ᠎ᠢ ᠠᠪᠤ ᠲᠠᠨᠢᠭᠰᠠᠨ ᠶᠤᠰᠤᠯᠠᠯ ᠮᠠᠰᠢ ᠲᠦᠬᠦᠮ ᠲᠦᠳᠡ᠃ ᠭᠡᠭᠦ᠎ᠳᠤ᠎ᠪᠠᠨ ᠤᠶᠠᠷᠠᠭᠤᠨ ᠵᠢᠪᠬᠤᠯᠠᠩᠳᠤ ᠠᠭᠤᠷ ᠠᠮᠢᠰᠬᠤᠯ᠎ᠤᠨ ᠲᠤᠮᠳᠠ ᠶᠠᠪᠤᠭᠳᠠᠵᠠᠢ᠃ ᠪᠢ ᠠᠩᠬ᠎ᠠ ᠤᠳᠠᠭ᠎ᠠ ᠬᠢᠳᠡᠳ ᠵᠶ᠋ᠡᠷ ᠯᠢ ᠰᠠᠨ᠎ᠢ 《ᠠᠪᠤ ᠡ》 ᠭᠡᠵᠦ ᠲᠠᠭᠤᠳᠠᠪᠠ᠃ ᠯᠢ ᠰᠠᠨ ᠦᠨᠡᠭᠡᠷ ᠬᠠᠪ ᠬᠠᠯᠠᠭᠤᠬᠠᠨ ᠰᠠᠨᠠᠭᠳᠠᠪᠠ᠃ 《ᠠᠪᠤ ᠡ 》 ᠭᠡᠰᠡᠨ ᠲᠠᠭᠤᠳᠠᠯᠭ᠎ᠠ᠎ᠳᠤ ᠯᠢ ᠰᠠᠨ᠎ᠤ ᠡᠯᠢᠭᠡ ᠵᠢᠷᠦᠭᠡ ᠪᠦᠷ ᠬᠠᠢ᠌ᠯᠴᠢᠬᠠᠬᠤ ᠵᠢ ᠵᠠᠪᠳᠤᠭᠰᠠᠨ ᠪᠤᠯᠤᠯᠲᠠᠢ᠂ ᠲᠡᠷᠡ ᠨᠢᠳᠦᠨ᠎ᠳᠤ᠎ᠪᠠᠨ ᠨᠢᠯᠪᠤᠰᠤ ᠵᠠᠢ᠌ᠷᠯᠠᠭᠤᠯᠵᠤ᠂ ᠮᠠᠩᠨᠠᠢ ᠲᠡᠭᠡᠷ᠎ᠡ ᠮᠢᠨᠢ ᠬᠦᠩᠭᠡᠭᠡᠨ ᠭᠡᠭᠴᠢ ᠦᠨᠦᠰᠪᠡ᠃ ᠲᠡᠷᠡ ᠵᠢᠯ ᠪᠢ ᠠᠷᠪᠠᠲᠠᠢ᠃ ᠯᠢ ᠰᠠᠨ᠎ᠤ ᠲᠤᠬᠠᠢ ᠬᠠᠮᠤᠭ᠎ᠤᠨ ᠠᠩᠬᠠᠨ᠎ᠤ ᠤᠢ ᠰᠠᠨᠠᠮᠵᠢ ᠪᠤᠯ ᠨᠢᠯᠪᠤᠰᠤ ᠵᠠᠢ᠌ᠷᠯᠠᠭᠤᠯᠤᠭᠰᠠᠨ ᠲᠡᠷᠡ ᠨᠢᠳᠦ ᠪᠢᠯᠡ᠃
     ᠯᠢ ᠰᠠᠨ ᠪᠤᠯ ᠰᠢᠨ᠎ᠡ ᠬᠤᠷᠢᠶ᠎ᠠ ᠠᠢ᠌ᠯ᠎ᠤᠨ ᠬᠦᠯ ᠨᠢᠴᠦᠬᠦᠨ ᠡᠮᠴᠢ᠃ ᠰᠢᠨ᠎ᠡ ᠬᠤᠷᠢᠶ᠎ᠠ ᠭᠡᠵᠦ ᠮᠠᠨ᠎ᠤ ᠠᠢ᠌ᠯ᠎ᠠᠴᠠ ᠠᠷᠪᠠᠨ ᠭᠠᠵᠠᠷ ᠵᠠᠢ᠌ᠲᠠᠢ ᠬᠢᠳᠠᠳ ᠠᠢ᠌ᠯ᠎ᠤᠳ ᠶᠤᠮ᠃ ᠠᠷᠪᠠᠨ ᠭᠠᠵᠠᠷ᠎ᠤᠨ ᠬᠤᠯᠠ ᠵᠠᠢ᠎ᠨᠢ ᠤᠢ ᠮᠤᠳᠤ᠎ᠪᠠᠷ ᠠᠯᠤᠰᠯᠠᠭᠳᠠᠵᠤ᠂ ᠵᠤᠨ ᠴᠠᠭ ᠪᠤᠯᠪᠠᠯ ᠰᠢᠬᠦᠷ ᠪᠠᠷᠢᠭᠰᠠᠨ ᠰᠢᠭ᠋ ᠰᠡᠭᠦᠳᠡᠷ ᠭᠠᠵᠠᠷ ᠠᠯᠬᠠᠯᠠᠵᠤ ᠪᠠᠢ᠌ᠳᠠᠭ᠃ ᠯᠢ ᠰᠠᠨ ᠶᠠᠭ ᠡᠨᠡ ᠬᠦ᠌ ᠰᠢᠬᠦᠷ ᠪᠠᠷᠢᠭᠰᠠᠨ ᠰᠡᠭᠦᠳᠡᠷ ᠮᠤᠳᠤᠨ᠎ᠤ ᠲᠤᠮᠳᠠᠭᠤᠷ ᠡᠮᠴᠢ ᠵᠢᠨ ᠪᠤᠭᠴᠦ᠎ᠪᠠᠨ ᠡᠬᠦᠷᠦᠭᠡᠳ ᠦᠷᠯᠦᠭᠡ ᠦᠳᠡᠰᠢ ᠦᠭᠡᠢ ᠶᠠᠭ᠋ᠠᠷᠠᠵᠤ ᠬᠦᠶᠦᠳᠡᠭ᠃ ᠯᠢ ᠰᠠᠨ ᠬᠦᠭᠰᠢᠨ ᠲ᠋ᠠᠢ᠎ᠪᠠᠨ  ᠬᠣᠶᠠᠭᠤᠯᠠᠬᠠᠨ᠃ ᠲᠡᠳᠡ ᠬᠤᠶᠠᠷ᠎ᠠᠴᠠ ᠲᠦᠷᠦᠭᠰᠡᠨ ᠬᠡᠥᠬᠡᠳ ᠠᠯᠠᠭ᠎ᠠ᠃ ᠬᠠᠷᠢᠨ ᠭᠤᠵᠢᠩ ᠲᠦᠵᠢᠩ ᠨᠠᠮ᠎ᠠ ᠵᠢ ᠪᠠᠭᠳᠠᠭ᠋ᠠᠭᠰᠡᠨ ᠠᠷᠪᠠᠨ ᠲᠤᠯᠤᠭ᠋ᠠᠨ ᠬᠠᠭᠤᠷᠠᠢ ᠬᠡᠥᠬᠡᠳ᠎ᠲᠠᠢ᠃
     ᠪᠢ ᠬᠤᠶᠠᠷ ᠠᠪᠤ᠎ᠲᠠᠢ ᠪᠤᠯᠵᠠᠢ᠃ ᠨᠢᠭᠡ᠎ᠨᠢ ᠠᠮᠢ ᠵᠢ ᠮᠢᠨᠢ ᠤᠯᠭᠤᠭᠴᠢ᠂ ᠨᠦᠬᠦᠭᠡ᠎ᠨᠢ ᠠᠮᠢ ᠵᠢ ᠮᠢᠨᠢ ᠠᠪᠤᠷᠠᠭᠴᠢ᠃ ᠤᠳᠬ᠎ᠠ ᠵᠢᠨ ᠬᠤᠪᠢ᠎ᠳᠤ ᠠᠳᠠᠯᠢᠬᠠᠨ ᠬᠦᠨᠳᠦ ᠵᠢᠨ ᠵᠢᠩ᠎ᠲᠠᠢ᠃ ᠬᠤᠶᠠᠷ ᠠᠪᠤ ᠮᠢᠨᠢ ᠨᠠᠳᠠ᠎ᠳᠤ ᠦᠨᠢ ᠡᠭᠦᠷᠢᠳᠡ ᠵᠢᠨ ᠲᠦᠰᠢᠭ ᠲᠤᠯᠭ᠋ᠠᠭᠤᠷ ᠪᠤᠯᠤᠨ᠎ᠠ ᠭᠡᠵᠦ ᠢᠳᠡᠭᠡᠪᠡ᠃ ᠲᠡᠭᠡᠭᠦ᠎ᠳᠤ ᠦᠨᠢ ᠡᠭᠦᠷᠢᠳᠡ ᠭᠡᠰᠡᠨ ᠶᠠᠭᠤᠮ᠎ᠠ ᠪᠠᠢ᠌ᠳᠠᠭ ᠦᠭᠡᠢ᠎ᠨᠢ ᠡ ᠁
     ᠲᠡᠷᠡ ᠵᠢᠯ᠎ᠤᠨ ᠴᠠᠭ᠋ᠠᠨ ᠰᠠᠷ᠎ᠠ ᠵᠢᠨ ᠰᠢᠨᠡᠳ ᠵᠶ᠋ᠠᠷ ᠯᠢ ᠰᠠᠨ᠎ᠢ ᠠᠪᠤ ᠲᠠᠨᠢᠭᠰᠠᠨ ᠬᠡᠳᠦᠨ ᠡᠳᠦᠷ᠎ᠤᠨ ᠎ᠬᠢ᠎ᠨᠢ ᠲᠠᠷᠠᠭ᠎ᠠ ᠲᠦᠷᠦᠭᠰᠡᠨ ᠠᠪᠤ ᠮᠢᠨᠢ ᠭᠡᠨᠡᠳᠳᠡ ᠡᠪᠡᠳᠴᠢᠯᠠᠵᠤ ᠡᠮᠨᠡᠯᠭᠡ᠎ᠳᠤ ᠤᠷᠤᠪᠠ ᠁ ᠡᠮᠨᠡᠯᠭᠡ᠎ᠳᠤ ᠤᠷᠤᠭᠰᠠᠨ ᠠᠪᠤ ᠵᠢ᠎ᠪᠠᠨ ᠡᠷᠬᠢᠵᠤ ᠬᠡᠵᠢᠶ᠎ᠡ ᠴᠦ᠍ ᠢᠷᠡᠵᠦ ᠲᠡᠢ᠌ᠯᠬᠦ ᠦᠭᠡᠢ ᠪᠤᠯᠤᠭᠰᠠᠨ ᠭᠡᠳᠡᠭ᠎ᠢ ᠶᠠᠭ᠋ᠠᠬᠢᠵᠤ  ᠮᠡᠳᠡᠬᠦ ᠪᠣᠢ  ᠳ᠋ᠠ! ᠪᠤᠷᠬᠠᠨ ᠮᠢᠨᠢ!
     ᠠᠪᠤ ᠵᠢ ᠨᠤᠳᠤᠭ᠎ᠲᠤ᠎ᠨᠢ ᠬᠦᠷᠭᠡᠭᠦ ᠡᠳᠦᠷ ᠯᠢ ᠰᠠᠨ ᠪᠠᠰᠠ ᠬᠦᠷᠦᠭᠡᠳ ᠢᠷᠡᠵᠠᠢ᠃ ᠲᠡᠷᠡ ᠬᠤᠶᠠᠷ ᠭᠠᠷ ᠵᠶ᠋ᠡᠷ ᠵᠶ᠋ᠠᠨ ᠡᠭᠰᠢᠵᠤ ᠮᠡᠭᠰᠢᠭᠰᠡᠨ ᠭᠠᠰᠢᠭᠤᠨ ᠨᠢᠯᠪᠤᠰᠤ ᠵᠢ ᠮᠢᠨᠢ ᠲᠠᠰᠤᠷᠠᠯᠳᠠ ᠦᠭᠡᠢ ᠵᠦᠯᠬᠦᠨ ᠦᠭᠴᠦ᠂ ᠦᠪᠡᠷ ᠵᠶ᠋ᠠᠨ ᠪᠠᠰᠠ ᠨᠢᠯᠪᠤᠰᠤ ᠤᠷᠤᠰᠬᠠᠵᠤ ᠯᠠ ᠪᠠᠢ᠌ᠯ᠎ᠠ᠃
     ᠬᠡᠥᠬᠡᠳ ᠭᠡᠵᠦ ᠬᠦᠭᠡ ᠨᠤᠭᠤᠭ᠎ᠠ ᠰᠢᠭ᠋ ᠬᠤᠷᠳᠤᠨ ᠦᠰᠳᠡᠭ᠎ᠤᠨ ᠵᠢᠮ᠎ᠡ᠎ᠪᠠᠷ ᠨᠢᠯᠪᠤᠰᠤᠨ ᠲ᠋ᠤᠮᠳᠠ ᠦᠰᠦᠭᠰᠡᠨ ᠪᠢ ᠴᠦ᠍ ᠲᠤᠮᠤ ᠪᠤᠯᠵᠠᠢ᠃ ᠤᠨ ᠰᠠᠷ᠎ᠠ ᠰᠠᠯᠬᠢᠨ᠎ᠳᠤ ᠬᠦᠬᠡᠭᠡᠭᠳᠡᠭᠰᠡᠨ ᠲᠡᠭᠷᠢ ᠵᠢᠨ ᠡᠬᠦᠯᠡ ᠠᠳᠠᠯᠢ ᠬᠤᠷᠳᠤᠨ ᠦᠩᠭᠡᠷᠡᠵᠦ  ᠪᠢ ᠯᠢ ᠰᠠᠨ᠎ᠲᠠᠢ ᠠᠭᠤᠯᠵᠠᠭ᠎ᠠ ᠦᠭᠡᠢ ᠬᠤᠷᠢ ᠭᠠᠷᠤᠢ ᠵᠢᠯ ᠪᠤᠯᠪᠠ᠃ ᠯᠢ ᠰᠠᠨ᠎ᠢ ᠲᠠᠭ ᠮᠠᠷᠳᠠᠵᠦ ᠤᠷᠬᠢᠭᠰᠠᠨ ᠭᠡᠪᠡᠯ ᠱᠠᠯ ᠬᠤᠳᠠᠯ᠃ ᠠᠵᠢᠯ ᠰᠤᠷᠤᠯᠴᠠᠯᠭ᠎ᠠ ᠭᠡᠳ ᠬᠡᠵᠢᠶ᠎ᠡ ᠬᠠᠮᠢᠭ᠎ᠠ ᠶᠠᠪᠤᠭᠰᠠᠨ ᠴᠦ᠍ ᠰᠡᠳᠭᠢᠯ᠎ᠠᠴᠠ ᠮᠢᠨᠢ ᠭᠠᠷᠳᠠᠭ ᠦᠭᠡᠢ᠃ ᠠᠳᠠᠯᠢᠬᠠᠨ ᠯᠢ ᠰᠠᠨ ᠴᠦ᠍ ᠨᠠᠮ᠎ᠠ ᠵᠢ ᠮᠠᠷᠳᠠᠭᠰᠡᠨ ᠦᠭᠡᠢ᠃ ᠬᠡᠳᠦ ᠤᠳᠠᠭ᠎ᠠ ᠬᠦᠳᠡᠭᠡ ᠭᠡᠷ᠎ᠲᠤ ᠮᠢᠨᠢ ᠢᠷᠡᠵᠤ ᠨᠠᠮ᠎ᠠ ᠵᠢ ᠠᠰᠠᠭᠤᠵᠤ ᠬᠠᠯᠠᠮᠵᠢᠯᠠᠭᠰᠠᠨ ᠭᠡᠵᠤ ᠡᠵᠢ ᠮᠢᠨᠢ ᠬᠡᠯᠡᠵᠤ ᠪᠠᠢ᠌ᠭᠰᠠᠨ ᠪᠦᠭᠡᠳ ᠬᠡᠳᠦᠨ ᠵᠢᠯ᠎ᠤᠨ ᠡᠮᠦᠨ᠎ᠡ ᠬᠤᠯᠠ ᠨᠡᠬᠦᠵᠤ ᠶᠠᠪᠤᠬᠤ ᠬᠠᠶᠢᠭ ᠪᠠ ᠤᠳᠠᠰᠤ᠎ᠪᠠᠨ ᠦᠯᠡᠳᠡᠭᠡᠵᠠᠢ᠃ ᠪᠢ ᠯᠢ ᠰᠠᠨ᠎ᠤ ᠬᠠᠶᠢᠭ᠎ᠢ ᠬᠠᠶᠠ ᠭᠠᠷᠭ᠋ᠠᠵᠤ ᠠᠯᠠᠭ᠋ᠠᠨ ᠲᠡᠭᠡᠷ᠎ᠡ᠎ᠪᠠᠨ ᠲᠠᠯᠪᠢᠳᠠᠭ᠃  ᠶᠡᠷᠦ᠎ᠨᠢ ᠲᠡᠭᠦᠨ᠎ᠤ ᠬᠠᠶᠢᠭ ᠬᠠᠷᠠᠬᠠᠨ ᠪᠠᠭ᠎ᠠ ᠵᠢᠨ ᠠᠷᠪᠠᠨ ᠨᠠᠰᠤᠨ᠎ᠤ ᠲᠤᠷᠠᠰᠤᠯ᠎ᠢ ᠲᠡᠷᠪᠡᠭᠦᠯᠬᠦ᠎ᠳᠤ ᠵᠢᠷᠦᠭᠡ ᠮᠢᠨᠢ ᠵᠢᠮᠵᠢᠬᠢᠨᠡᠳᠡᠯ᠎ᠡ ᠬᠠᠳᠬᠤᠯᠠᠳᠠᠭ ᠁ ᠯᠢ ᠰᠠᠨ᠎ᠤ ᠤᠳᠠᠰᠤᠨ ᠨᠤᠮᠸᠷ ᠰᠡᠳᠭᠢᠯ᠎ᠤᠨ ᠮᠢᠨᠢ ᠡᠴᠢᠨ᠎ᠡ ᠲᠠᠯᠳᠠ ᠨᠢᠭᠤᠭᠳᠠᠭᠰᠠᠨ ᠬᠦᠨᠳᠡᠵᠦ ᠪᠤᠯᠤᠮ᠎ᠠ ᠦᠭᠡᠢ ᠰᠡᠳᠭᠢᠯ᠎ᠤᠨ ᠮᠢᠨᠢ ᠰᠢᠷᠬᠠᠯᠠᠯ᠎ᠢ ᠡᠮᠵᠡᠭᠯᠡᠭᠦᠯᠦᠨ ᠰᠡᠷᠡᠭᠡᠵᠤ ᠪᠠᠢ᠌ᠮᠠᠷ᠃ ᠡᠴᠢᠨᠡᠬᠡᠨ ᠵᠢᠯ᠎ᠤᠨ ᠠᠪᠤ᠎ᠪᠠᠨ ᠰᠠᠨᠠᠭᠰᠠᠨ ᠮᠦᠷᠦᠭᠡᠳᠦᠯ ᠬᠢᠭᠡᠳ ᠬᠡᠴᠢᠨᠡᠬᠡᠨ ᠵᠢᠯ᠎ᠤᠨ ᠬᠡᠯᠡᠬᠦᠶ᠎ᠡ ᠪᠡᠷᠭᠡ ᠰᠡᠳᠭᠢᠯ᠎ᠤᠨ ᠵᠤᠪᠠᠨᠢᠯ ᠯᠢ ᠰᠠᠨ᠎ᠲᠠᠢ ᠶᠠᠮᠠᠷ ᠴᠦ᠍ ᠬᠤᠯᠪᠤᠭ᠎ᠠ ᠦᠭᠡᠢ᠃ ᠬᠡᠭᠦ᠎ᠳᠤ᠎ᠪᠠᠨ ᠬᠡᠨ ᠴᠦ᠍ ᠲᠠᠢ᠌ᠯᠪᠤᠷᠢᠯᠠᠵᠤ ᠦᠯᠦ ᠲᠡᠢ᠌ᠯᠬᠦ ᠲᠡᠢ᠌ᠮᠦ ᠨᠢᠭᠡᠨ ᠤᠴᠢᠭ᠎ᠨᠢ ᠤᠯᠳᠠᠭᠳᠠᠬᠤ ᠦᠭᠡᠢ ᠰᠡᠳᠭᠢᠯ᠎ᠤᠨ ᠰᠦᠪᠡᠭᠴᠢᠨ᠎ᠳᠤ ᠡᠯᠢᠭᠡ ᠵᠢᠷᠦᠭᠡ ᠮᠢᠨᠢ ᠰᠢᠵᠢᠮᠯᠡᠭᠳᠡᠵᠦ᠂ ᠤᠳᠠᠰᠤᠨ ᠰᠢᠷᠭᠡᠭ ᠰᠢᠭ ᠤᠷᠳᠤ᠎ᠠᠴᠠ ᠤᠷᠳᠤ ᠰᠤᠪᠤᠷᠠᠵᠦ ᠪᠠᠢ᠌ᠬᠤ ᠵᠢ ᠦᠭᠡ᠎ᠪᠠᠷ ᠢᠯᠡᠳᠭᠡᠭᠦ ᠵᠢᠨ ᠠᠷᠭ᠎ᠠ ᠦᠭᠡᠢ᠃
     ᠥᠨᠥ ᠵᠢᠯ᠎ᠤᠨ ᠲᠠᠪᠤᠨ ᠰᠠᠷ᠎ᠠ ᠵᠢᠨ ᠠᠮᠠᠷᠠᠯᠳᠠ᠎ᠳᠤ ᠪᠢ ᠯᠢ ᠰᠠᠨ᠎ᠤ ᠬᠠᠶᠢᠭ ᠵᠶ᠋ᠠᠷ  ᠫᠢᠩᠵᠤᠸᠠᠩ ᠤᠷᠤᠭᠤ ᠮᠤᠷᠳᠠᠪᠠ᠃ ᠠᠪᠤ ᠭᠡᠳᠡᠭ ᠦᠭᠡᠨ᠎ᠤ ᠬᠠᠯᠠᠭᠤᠨ ᠠᠮᠢᠰᠬᠤᠭ᠎ᠠ᠎ᠲᠠᠢ ᠠᠶᠠᠨ ᠵᠠᠮ ᠨᠡᠢ᠌ᠯᠡᠵᠤ ᠶᠠᠪᠤᠬᠤ᠎ᠳᠤ᠎ᠪᠠᠨ ᠪᠢ ᠶᠠᠭ ᠯᠡ ᠠᠷᠪᠠᠨ ᠨᠠᠰᠤ ᠤᠷᠤᠭᠤ᠎ᠪᠠᠨ ᠪᠤᠴᠠᠴᠢᠬᠠᠭᠰᠠᠨ ᠰᠢᠭ᠋ ᠰᠡᠳᠭᠢᠯ ᠲᠡᠪᠬᠡᠷᠡᠭᠦᠨ᠃  ᠯᠢ ᠰᠠᠨ᠎ᠤ ᠬᠦᠭᠰᠢᠨ᠎ᠨᠢ ᠨᠠᠰᠤ ᠪᠠᠷᠠᠵᠤ᠂ ᠲᠡᠷᠡ ᠫᠢᠩ ᠵᠤᠸᠠᠩ᠎ᠤᠨ ᠨᠠᠰᠤᠳᠠᠨ᠎ᠢ ᠠᠰᠠᠷᠠᠬᠤ ᠬᠦᠷᠢᠶᠡᠯᠡᠩ᠎ᠳᠤ ᠰᠠᠭᠤᠳᠠᠭ᠃ ᠪᠢ ᠯᠢ ᠰᠠᠨ᠎ᠳᠤ ᠠᠪᠤᠭᠰᠠᠨ ᠪᠡᠯᠡᠭ ᠰᠠᠯᠳᠡ᠎ᠲᠠᠢ ᠲᠤᠮᠤ ᠪᠤᠭᠴᠦ᠎ᠪᠠᠨ ᠡᠭᠦᠷᠦᠭᠡᠳ ᠨᠠᠷᠠᠪᠴᠢᠨ᠎ᠳᠤ ᠵᠤᠭᠤᠭᠳᠠᠵᠤ ᠪᠠᠢ᠌ᠭᠰᠠᠨ ᠨᠠᠰᠤᠳᠠᠳ᠎ᠤᠨ ᠲᠡᠷᠭᠡᠳᠡ ᠬᠦᠷᠦᠭᠡᠳ 《ᠮᠢᠨᠦ ᠠᠪᠤ ᠵᠢ ᠯᠢ ᠰᠠᠨ ᠭᠡᠳᠡᠭ ᠁》 ᠭᠡᠵᠤ ᠬᠡᠯᠡᠭᠡᠳ ᠲᠡᠳᠡ ᠨᠠᠷ᠎ᠤᠨ ᠡᠮᠦᠨ᠎ᠡ ᠮᠡᠭᠦᠢ᠌ᠨ ᠶᠤᠰᠤᠯᠠᠪᠠ᠃ ᠡᠮᠰᠢᠭᠡᠷ ᠬᠠᠮᠰᠢᠭ᠋ᠠᠷ ᠨᠠᠰᠤᠳᠠᠳ᠎ᠤᠨ ᠭᠠᠢ᠌ᠬᠠᠭᠰᠠᠨ ᠬᠠᠷᠠᠴᠠ ᠨᠢᠷᠤᠭᠤ᠎ᠪᠠᠷ ᠵᠶ᠋ᠠᠨ ᠶᠠᠯᠢᠮ ᠦᠭᠡᠢ ᠪᠦᠭᠳᠦᠢ᠌ᠭᠰᠡᠨ ᠬᠠᠷ᠎ᠠ ᠡᠪᠦᠭᠡᠨ ᠤᠷᠤᠭᠤ ᠭᠡᠨᠡᠳᠳᠡ ᠰᠢᠯᠵᠢᠭᠡᠳ 《ᠯᠢ ᠰᠠᠨ᠎ᠤ ᠦᠬᠢᠨ ᠢᠷᠡᠭᠰᠡᠨ ᠡ  ᠁ 》 ᠭᠡᠳ ᠪᠦᠭᠦᠳᠡᠭᠡᠷ ᠱᠤᠤᠬᠢᠯᠳᠤᠪᠠ᠃ ᠨᠠᠰᠤᠳᠠᠳ ᠨᠠᠮ᠎ᠠ ᠵᠢ ᠲᠠᠨᠢᠳᠠᠭ ᠭᠡᠰᠡᠨ᠎ᠢ ᠰᠤᠨᠤᠰᠤᠭ᠋ᠠᠳ ᠪᠢ ᠮᠡᠯ ᠭᠠᠢ᠌ᠬᠠᠯ᠎ᠠ᠃ ᠯᠢ ᠰᠠᠨ ᠤᠤᠯ᠎ᠨᠢ ᠦᠳᠡᠰᠢ ᠪᠦᠷᠢ ᠮᠢᠨᠦ ᠨᠡᠪᠳᠡᠷᠡᠭᠦᠯᠳᠡᠭ ᠤᠩᠨᠢᠭᠤᠳ᠎ᠤᠨ ᠰᠤᠨᠢᠨ ᠮᠡᠳᠡᠭᠡ ᠵᠢ ᠪᠠᠢ᠌ᠩᠭᠤ ᠯᠡ ᠦᠵᠡᠳᠡᠭ ᠠᠵᠢ᠃
   ᠲᠡᠷᠡ ᠮᠤᠩᠭᠤᠯ ᠦᠭᠡ ᠵᠢ ᠤᠢ᠌ᠯᠭ᠋ᠠᠬᠤ ᠦᠭᠡᠢ ᠴᠦ᠍ ᠭᠡᠰᠡᠨ ᠨᠠᠮ᠎ᠠ ᠵᠢ ᠲᠸᠯᠸᠢᠰ᠎ᠠᠴᠠ ᠬᠠᠷᠠᠵᠤ ᠰᠠᠭᠤᠬᠤ ᠵᠢᠨ ᠬ᠋ᠦᠰᠡᠯ ᠮᠦᠷᠦᠭᠡᠳᠦᠯ᠎ᠳᠤ ᠠᠪᠳᠠᠳᠠᠭ ᠰᠠᠨᠵᠠᠢ᠃ ᠠᠪᠤ᠎ᠲᠠᠢ ᠮᠢᠨᠢ ᠨᠠᠰᠤ ᠬᠤᠷᠠᠭ ᠯᠢ ᠰᠠᠨ ᠲᠠᠨᠢᠭᠳᠠᠰᠢ ᠦᠭᠡᠢ ᠦᠳᠡᠯᠵᠠᠢ᠃ ᠪᠢ ᠯᠢ ᠰᠠᠨ᠎ᠤ ᠬᠤᠶᠠᠷ ᠭᠠᠷ᠎ᠢ ᠴᠢᠩᠭ᠋ᠠᠬᠠᠨ ᠠᠳᠬᠤᠵᠤ 《ᠠᠪᠤ ᠡ》 ᠭᠡᠵᠤ ᠨᠠᠮ ᠲᠠᠭᠤᠳᠠᠭ᠋ᠠᠳ ᠠᠪᠴᠢᠷᠠᠭᠰᠠᠨ ᠪᠡᠯᠡᠭ ᠵᠶ᠋ᠠᠨ ᠭᠠᠷᠳᠠᠭᠤᠯᠪᠠ᠃ ᠲᠡᠭᠦᠨ᠎ᠤ ᠨᠢᠯᠪᠤᠰᠤᠨ᠎ᠤ ᠠᠭᠤᠷᠬᠠᠢ ᠦᠨᠡᠭᠡᠷ ᠪᠠᠶᠠᠯᠢᠭ ᠪᠠᠢ᠌ᠭᠰᠠᠨ ᠠᠵᠢ᠃ ᠲᠡᠷᠡ ᠬᠤᠷᠤᠳ ᠦᠷᠦᠮ᠎ᠡ ᠵᠢᠨ ᠲᠤᠮᠳᠠ᠎ᠠᠴᠠ ᠬᠤᠶᠠᠷ ᠨᠤᠮ᠎ᠢ ᠮᠢᠨᠢ ᠬᠢᠴᠢᠶᠡᠩᠭᠦᠢ᠌ᠯᠡᠨ ᠲᠤᠰᠤᠭᠰᠠᠨ ᠵᠶ᠋ᠡᠨ ᠤᠳᠠᠭ᠋ᠠᠨ ᠬᠤᠭᠤᠴᠠᠭ᠎ᠠ᠎ᠪᠠᠷ ᠬᠡᠥᠬᠡᠳ᠎ᠲᠠᠢ᠎ᠪᠠᠨ ᠠᠭᠤᠯᠵᠠᠭ᠎ᠠ ᠦᠭᠡᠢ ᠡᠵᠢ ᠬᠦᠮᠦᠨ ᠰᠢᠭ ᠨᠢᠯᠪᠤᠰᠤ ᠬᠦᠶᠦᠯᠬᠡᠨᠡᠭᠦᠯᠪᠡ᠃ ᠪᠢ ᠴᠦ᠍ ᠯᠢ ᠰᠠᠨ᠎ᠤ ᠤᠶᠠᠷᠠᠬᠤ ᠵᠢ ᠬᠠᠷᠠᠭ᠋ᠠᠳ ᠦᠪᠡᠷ᠎ᠤᠨ ᠡᠷᠭᠡ ᠦᠭᠡᠢ ᠮᠡᠯᠮᠡᠷᠡᠭᠦᠯᠬᠦ ᠭᠡᠳ ᠪᠠᠢ᠌ᠯ᠎ᠠ᠃ 《ᠠᠪᠤ ᠡ》 ᠭᠡᠰᠡᠨ ᠵᠢᠷᠦᠭᠡᠨ ᠲᠠᠭᠤᠳᠠᠯᠭ᠎ᠠ᠎ᠳᠤ ᠬᠠᠢ᠌ᠷᠠᠳᠤ ᠠᠪᠤ ᠮᠢᠨᠢ ᠬᠠᠵᠠᠭᠤ᠎ᠳᠤ ᠢᠷᠡᠴᠢᠬᠡᠭᠰᠡᠨ ᠰᠢᠭ ᠯᠡ ᠰᠠᠨᠠᠭᠳᠠᠬᠤ ᠵᠢ ᠶᠠᠭ᠋ᠠᠬᠢᠨ᠎ᠠ!
    《ᠦᠷ᠎ᠡ ᠵᠢᠨ ᠰᠡᠳᠭᠢᠯ᠎ᠳᠤ ᠠᠪᠤ ᠪᠤᠯᠭ᠋ᠠᠨ ᠮᠦᠩᠭᠡᠷᠡᠨ᠎ᠡ᠂ ᠭᠡᠪᠡᠴᠦ ᠤᠩᠰᠢᠭᠴᠢ ᠵᠢᠨ ᠰᠡᠳᠭᠢᠯ᠎ᠳᠤ ᠵᠤᠬᠢᠶᠠᠯᠴᠢ ᠪᠤᠯᠭ᠋ᠠᠨ ᠮᠦᠩᠭᠡᠷᠡᠭᠦ ᠦᠭᠡᠢ〉〉 ᠭᠡᠵᠤ ᠠᠪᠤ ᠵᠢᠨ ᠵᠶ᠋ᠡᠨ ᠡᠷᠳᠡ ᠶᠠᠪᠤᠭᠰᠠᠨ ᠬᠠᠷᠠᠮᠰᠠᠯ ᠬᠠᠷᠠᠭᠤᠰᠠᠯ᠎ᠢ ᠨᠦᠬᠦᠵᠤ᠂ ᠵᠤᠬᠢᠶᠠᠯ ᠪᠦᠳᠦᠭᠡᠯ᠎ᠢ᠎ᠨᠢ ᠨᠤᠮ ᠪᠤᠯᠭ᠋ᠠᠨ ᠡᠮᠬᠢᠳᠭᠡᠭᠰᠡᠨ ᠰᠡᠳᠭᠢᠯ᠎ᠢ ᠮᠢᠨᠢ ᠯᠢ ᠰᠠᠨ ᠣᠢ᠌ᠯᠠᠭ᠋ᠠᠵᠤ ᠪᠠᠢ᠌ᠭᠰᠠᠨ ᠡᠰᠡᠭᠦ ᠵᠢ ᠪᠢ ᠮᠡᠳᠡᠭᠦ ᠦᠭᠡᠢ ᠁ ᠯᠢ ᠰᠠᠨ᠎ᠤ ᠨᠤᠮ ᠪᠠᠷᠢᠭᠰᠠᠨ ᠬᠤᠶᠠᠷ ᠭᠠᠷ᠎ᠢ ᠠᠪᠤ ᠮᠢᠨᠢ ᠴᠢᠩᠭ᠋ᠠᠬᠠᠨ ᠠᠳᠬᠤᠵᠤ ᠦᠩᠭᠡᠷᠡᠭᠰᠡᠨ ᠰᠠᠨ᠃ ᠯᠢ ᠰᠠᠨ ᠨᠢᠯᠪᠤᠰᠤ᠎ᠪᠠᠨ ᠵᠦᠯᠬᠦᠭᠡᠳ ᠠᠮᠠᠨ᠎ᠳᠤ᠎ᠪᠠᠨ ᠶᠠᠭᠤ ᠨᠢᠭᠡ ᠵᠢ ᠲᠦᠳᠦᠨᠡᠪᠡ᠃ ᠶᠠᠭᠤ ᠶᠠᠷᠢᠭᠰᠠᠨ᠎ᠨᠢ ᠲᠤᠳᠤ ᠰᠤᠨᠤᠰᠳᠠᠭᠰᠠᠨ ᠦᠭᠡᠢ ᠴᠦ᠍ ᠠᠪᠤ ᠮᠢᠨᠢ ᠨᠠᠳᠠ᠎ᠲᠠᠢ ᠵᠤᠭᠤᠭᠳᠠᠵᠤ ᠪᠠᠢ᠌ᠭ᠎ᠠ᠎ᠨᠢ ᠨᠡᠨ ᠳ᠋ᠠ ᠭᠡᠵᠤ ᠪᠢ ᠪᠤᠳᠤᠪᠠ᠃
     ᠬᠡᠯᠡᠬᠦᠶ᠎ᠡ ᠪᠡᠷᠭᠡ ᠨᠢᠭᠡ ᠵᠦᠢ᠍ᠯ᠎ᠤᠨ ᠬᠦᠴᠦᠨ᠎ᠳᠤ ᠰᠡᠳᠭᠢᠯ ᠮᠢᠨᠢ ᠨᠤᠷᠠᠵᠤ ᠪᠠᠢ᠌ᠬᠤ᠎ᠪᠠᠨ ᠪᠢ ᠤᠯᠵᠤ ᠬᠠᠷᠠᠯ᠎ᠠ ᠁ ᠲᠠ ᠨᠠᠷ ᠠᠪᠤ᠎ᠲᠠᠢ ᠮᠢᠨᠢ ᠠᠭᠤᠯᠵᠬᠤ ᠭᠡᠪᠡᠯ ᠫᠢᠩᠵᠤᠸᠠᠩ᠎ᠤᠨ ᠨᠠᠰᠤᠳᠠᠨ᠎ᠢ ᠠᠰᠠᠷᠠᠬᠤ ᠬᠦᠷᠢᠶᠡᠯᠡᠩ᠎ᠳᠤ ᠤᠴᠢᠭ᠋ᠠᠷᠠᠢ᠃ ᠮᠢᠨᠦ ᠠᠪᠤ ᠵᠢ ᠯᠢ ᠰᠠᠨ ᠭᠡᠳᠡᠭ᠃


        ᠵᠣᠬᠢᠶᠠᠭᠴᠢ ᠵᠢᠨ ᠬᠠᠶᠢᠭ᠄ ᠤᠩᠨᠢᠭᠤᠳ ᠬᠤᠰᠢᠭᠤᠨ᠎ᠤ ᠬᠠᠮ ᠵᠠᠭᠤᠴᠢᠯᠠᠭᠤᠷ᠎ᠤᠨ ᠲᠦᠪ

 

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠪᠠᠬᠠᠷᠤᠮ᠎ᠠ ᠰᠠᠢ᠌ᠬᠠᠨ ᠪᠠᠶᠠᠨᠲᠠᠯ᠎ᠠ
ᠨᠤᠲᠤᠭ ᠨᠤᠲᠤᠭ᠎ᠤᠨ 《ᠨᠤᠭᠤᠨᠵᠠᠶᠠᠭ᠎ᠠ》
ᠨᠤᠲᠤᠭ᠎ᠲᠤ᠎ᠨᠢ ᠬᠦᠷᠴᠦ ᠬᠢᠮᠡᠯ ᠮᠥᠴᠢ ᠲᠠᠭ᠋ᠠᠷᠠᠭᠤᠯᠵᠦ ᠥᠭᠭᠦᠭᠡᠭᠡᠳ ᠵᠡᠮᠳᠡᠭᠴᠦᠳ᠎ᠤᠨ ᠰᠡᠳᠬᠢᠯ᠎ᠢ ᠳᠤᠯᠠᠭ᠋ᠠᠯᠠᠯ᠎ᠠ
ᠰᠠᠨᠠᠭ᠋ᠠᠨ᠎ᠳᠤ ᠬᠦᠷᠦᠭᠰᠡᠨ ᠦᠢ᠍ᠯᠡᠴᠢᠯᠡᠭᠡ ᠬᠠᠩᠭ᠋ᠠᠵᠤ᠂ ᠵᠡᠮᠳᠡᠭᠴᠦᠳ᠎ᠢ ᠣᠨᠣᠴᠠᠲᠠᠢ ᠳᠡᠮᠵᠢᠨ ᠲᠤᠰᠠᠯᠠᠶ᠎ᠠ
ᠥᠪᠡᠷᠲᠡᠭᠡᠨ ᠵᠠᠰᠠᠬᠤ ᠣᠷᠣᠨ᠎ᠤ ᠡᠷᠡᠭᠦᠯᠵᠢᠯ᠎ᠤᠨ ᠲᠤᠰᠠᠯᠠᠬᠤ ᠪᠠᠭ᠋ᠠᠵᠢ ᠵᠢᠨ ᠲᠥᠪ᠎ᠤᠨ ᠠᠵᠢᠯᠯᠠᠬᠤ ᠳᠤᠭᠤᠢ᠌ᠯᠠᠩ ᠲᠥᠩᠯᠢᠶᠣᠣ ᠬᠣᠲᠠ ᠪᠣᠯᠣᠨ ᠤᠯᠠᠭ᠋ᠠᠨᠬᠠᠳᠠ ᠬᠣᠲᠠ᠎ᠳᠤ ᠬᠦᠷᠴᠦ 2023 ᠣᠨ᠎ᠤ 《ᠡᠷᠡᠭᠦᠯᠵᠢᠬᠦ᠎ᠳᠤ ᠲᠤᠰᠠᠯᠠᠬᠤ ᠢᠨᠵᠸᠨ᠋ᠸᠷᠢᠩ》᠎ᠤᠨ ᠠᠵᠢᠯ ᠥᠷᠨᠢᠭᠦᠯᠪᠡ
 
            