ᠭᠠᠵᠠᠷ ᠤᠨ ᠨᠡᠷ᠎ᠡ ᠶᠢᠨ ᠨᠤᠲᠠᠯᠠᠯᠲᠠ᠄ ᠭᠤᠷᠪᠠᠨ ᠤᠰᠤ ᠲᠤᠰᠬᠤᠨ | ᠣᠶᠤᠨᠵᠢᠷᠦᠬᠡ ᠵᠣᠬᠢᠶᠠᠪᠠ | ᠭᠤᠷᠪᠠᠨ ᠤᠰᠤ ᠲᠣᠰᠬᠤᠨ ᠪᠣᠯ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠥᠬᠡᠬᠤᠲᠠ ᠶᠢᠨ | ᠰᠠᠶᠢᠬᠠᠨ ᠲᠣᠭᠤᠷᠢᠭ ᠤᠨ ᠢᠦᠢ ᠯᠢᠨ ᠪᠠᠯᠭᠠᠰᠤᠨ ᠤ ᠬᠠᠷᠢᠶᠠᠲᠤ ᠲᠤᠰᠬᠤᠨ ᠮᠦᠨ᠃ ᠭᠠᠵᠠᠷ ᠵᠦᠢ ᠶᠢᠨ ᠪᠠᠶᠢᠷᠢᠰᠢᠯ | ᠨᠢ ᠵᠡᠭᠦᠨ ᠤᠷᠲᠤᠷᠢᠭ ᠤᠨ 111 ᠭᠷᠠᠳᠦ᠋ᠰ 59 ᠮᠢᠨᠦ᠋ᠲ 3 ᠰᠧᠺᠦ᠋ᠨ᠋ᠳ᠋᠂ ᠤᠮᠠᠷᠠᠲᠤ ᠥᠷᠭᠡᠷᠢᠭ ᠤᠨ 40 | ᠭᠷᠠᠳᠦ᠋ᠰ 52 ᠮᠢᠨᠦ᠋ᠲ 51 ᠰᠧᠺᠦ᠋ᠨ᠋ᠳ᠋ ᠪᠣᠯᠤᠨ᠎ᠠ᠃ ᠬᠢᠲᠠᠳ ᠨᠡᠷ᠎ᠡ ᠶᠢ ︽古力板村︾ ︵ᠭᠤᠷᠪᠠᠨ | ᠲᠤᠰᠬᠤᠨ︶ ᠬᠡᠮᠡᠨ ᠪᠢᠴᠢᠵᠦ ᠪᠣᠢ᠃ ᠦᠩᠭᠡᠷᠡᠭᠰᠡᠨ ᠳᠤ ︽古力半︾ ︵ᠭᠤᠷᠪᠠᠨ︶᠂ ︽古路板 | ︾ ︵ᠭᠤᠷᠪᠠᠨ︶᠂ ︽古力半乌素︾ ︵ᠭᠤᠷᠪᠠᠨ ᠤᠰᠤ︶᠂ ︽谷力半烏素︾ ︵ | ᠭᠤᠷᠪᠠᠨ ᠤᠰᠤ︶ ᠵᠡᠷᠭᠡ ᠬᠡᠯᠪᠡᠷᠢ ᠪᠠᠷ ᠪᠢᠴᠢᠵᠦ ᠦᠩᠭᠡᠷᠡᠪᠡ᠃ | ᠲᠤᠰ ᠭᠠᠵᠠᠷ ᠤᠨ ᠬᠢᠲᠠᠳ ᠨᠡᠷ᠎ᠡ ᠶᠢ ᠳᠦᠭᠦᠮᠴᠢᠯᠡᠵᠦ ᠬᠡᠷᠡᠭᠯᠡᠭᠡᠳ᠂ ᠬᠢᠲᠠᠳ ᠨᠡᠷ᠎ᠡ ᠠᠴᠠ ᠳᠠᠬᠢᠨ ᠮᠣᠩᠭᠤᠯ | ᠨᠡᠷ᠎ᠡ ᠶᠢ ᠨᠢ ᠰᠡᠷᠭᠦᠭᠡᠬᠦ ᠦᠶ᠎ᠡ ᠳᠤ ︽ᠭᠤᠷᠪᠠᠨ ᠤᠰᠤ ᠲᠤᠰᠬᠤᠨ︾ ᠢ ︽ᠭᠤᠷᠪᠠᠨ ᠲᠤᠰᠬᠤᠨ︾ ᠬᠡᠮᠡᠨ ᠬᠡᠯᠡᠬᠦ | ᠪᠣᠯᠵᠠᠢ᠃ ︽ᠭᠤᠷᠪᠠᠨ ᠤᠰᠤ︾ ᠪᠣᠯ ᠮᠣᠩᠭᠤᠯ ᠭᠠᠵᠠᠷ ᠤᠨ ᠨᠡᠷ᠎ᠡ᠂ ᠬᠢᠲᠠᠳ ᠬᠡᠯᠡᠨ ᠤ ᠣᠷᠴᠢᠭᠤᠯᠭ᠎ᠠ | ᠣᠨᠣᠪᠴᠢᠲᠠᠢ ᠪᠤᠰᠤ ᠪᠦᠭᠡᠳ ᠳᠦᠭᠦᠮᠴᠢᠯᠡᠵᠦ ᠬᠡᠷᠡᠭᠯᠡᠭᠰᠡᠨ ᠠᠴᠠ ᠭᠠᠵᠠᠷ ᠤᠨ ᠨᠡᠷ᠎ᠡ ᠶᠢᠨ ᠣᠣᠯ ᠤᠳᠬ᠎ᠠ ᠨᠢ | ᠠᠯᠳᠠᠭᠳᠠᠭᠰᠠᠨ ᠪᠣᠯᠬᠤᠷ ᠵᠢᠷᠤᠮᠵᠢᠭᠤᠯᠬᠤ ᠴᠢᠬᠤᠯᠠᠲᠠᠢ᠃ ᠣᠯᠳᠠᠭᠳᠠᠵᠤ ᠪᠠᠶᠢᠭ᠎ᠠ ᠮᠠᠲ᠋ᠧᠷᠢᠶᠠᠯ ᠢ ᠦᠨᠳᠦᠰᠦᠯᠡᠪᠡᠯ᠂ | ︽ᠭᠤᠷᠪᠠᠨ ᠤᠰᠤ︾ ᠶᠢᠨ ᠬᠢᠲᠠᠳ ᠪᠢᠴᠢᠯᠭᠡ ᠨᠢ 1934 ᠣᠨ ᠠᠴᠠ 1976 ᠣᠨ ᠤ ᠬᠤᠭᠤᠷᠣᠨᠳᠣ | ᠬᠤᠪᠢᠷᠠᠯᠲᠠ ᠭᠠᠷᠴᠤ᠂ ︽古力半乌素︾ ︵ᠭᠤᠷᠪᠠᠨ ᠤᠰᠤ︶ ᠶᠢ ᠳᠥᠭᠦᠮᠴᠢᠯᠡᠭᠡᠳ ︽古力半 | ︾ ︵ᠭᠤᠷᠪᠠᠨ︶ ᠪᠣᠯᠭᠠᠵᠠᠶ᠃ ᠪᠠᠷᠢᠮᠲᠠ ᠮᠠᠲ᠋ᠧᠷᠢᠶᠠᠯ ᠢ ᠵᠢᠭᠰᠠᠭᠠᠪᠠᠯ ᠳᠣᠣᠷᠠᠬᠢ ᠮᠡᠲᠦ᠃ | 1. ᠪᠠᠳᠠᠷᠠᠭᠤᠯᠲᠤ ᠲᠦᠷᠦ ᠶᠢᠨ ᠭᠤᠴᠢᠨ ᠭᠤᠷᠪᠠᠳᠤᠭᠠᠷ ᠣᠨ ︵1907 ᠣᠨ︶ ᠳᠤ ᠨᠠᠶᠢᠷᠠᠭᠤᠯᠤᠭᠰᠠᠨ ︽ᠬᠦᠶ | ᠰᠦᠶ ᠳ᠋ᠣᠤ ᠶᠢᠨ ᠣᠶᠢᠯᠠᠯᠭ᠎ᠠ︾ ︵︽归绥道志︾︶ ᠳᠤ ︽谷力半烏素村︾ ︵ | ᠭᠤᠷᠪᠠᠨ ᠤᠰᠤ︶ ﹇1﹈ ᠭᠡᠵᠦ ᠲᠡᠮᠳᠡᠭᠯᠡᠵᠡᠢ᠃ | 2. ᠪᠠᠳᠠᠷᠠᠭᠤᠯᠲᠤ ᠲᠥᠷᠥ ᠶᠢᠨ ᠬᠤᠷᠢᠨ ᠭᠤᠷᠪᠠᠳᠤᠭᠠᠷ ᠣᠨ ︵1897 ᠣᠨ︶ ᠳᠤ ᠨᠠᠶᠢᠷᠠᠭᠤᠯᠤᠭᠰᠠᠨ ︽ᠬᠦᠶ | ᠬᠤᠸᠠ ᠴᠧᠩ ᠤᠨ ᠣᠶᠢᠯᠠᠯᠭ᠎ᠠ︾ ︵︽归化城厅志︾ ︶ ᠳᠤ ︽古力半烏素︾ | ︵ᠭᠤᠷᠪᠠᠨ ᠤᠰᠤ︶ ﹇2﹈ ᠭᠡᠵᠦ ᠲᠡᠮᠳᠡᠭᠯᠡᠵᠡᠶ᠃ | 3. ᠢᠷᠭᠡᠨ ᠤᠯᠤᠰ ᠤᠨ 23 ᠣᠨ ︵1934 ᠣᠨ︶ ᠳᠤ ᠬᠡᠪᠯᠡᠭᠳᠡᠭᠰᠡᠨ ︽ᠬᠦᠶ ᠰᠦᠶ ᠰᠢᠶᠠᠨ ᠤ ᠣᠶᠢᠯᠠᠯᠭ᠎ᠠ | ︾ ︵︽归绥县志︾︶ ᠳᠤ ︽古力半烏素︾ ︵ᠭᠤᠷᠪᠠᠨ ᠤᠰᠤ︶ ﹇3﹈᠂ ︽ᠬᠦᠶ | ᠰᠦᠶ ᠰᠢᠶᠠᠨ ᠤ ᠬᠤᠶᠠᠳᠤᠭᠠᠷ ᠲᠣᠭᠤᠷᠢᠭ ᠲᠤ ᠬᠠᠷᠢᠶᠠᠯᠠᠭᠳᠠᠨ᠎ᠠ︾ ﹇4﹈ ᠭᠡᠵᠦ ᠲᠡᠮᠲᠡᠭᠯᠡᠪᠡ᠃ ᠡᠨᠡ ᠨᠢ | 1984 ᠣᠨ ᠳᠤ ᠬᠡᠪᠯᠡᠭᠳᠡᠭᠰᠡᠨ ︽ᠥᠪᠥᠷ ᠮᠣᠩᠭᠤᠯ ᠤᠨ ᠬᠥᠬᠡᠬᠤᠲᠠ ᠶᠢᠨ ᠲᠡᠭᠦᠷᠭᠡ ᠶᠢᠨ ᠭᠠᠵᠠᠷ ᠤᠨ ᠨᠡᠷᠡᠰ ᠤᠨ | ᠲᠡᠮᠲᠡᠭᠯᠡᠯ︾ ᠳᠤ ᠲᠡᠮᠳᠡᠭᠯᠡᠭᠰᠡᠨ ᠠᠭᠤᠯᠭ᠎ᠠ ᠲᠠᠢ ᠨᠡᠶᠢᠴᠡᠵᠦ ᠪᠠᠶᠢᠨ᠎ᠠ᠃ | 4. 1976 ᠣᠨ ᠳᠤ ᠬᠡᠪᠯᠡᠭᠦᠯᠦᠭᠰᠡᠨ ︽ᠪᠦᠭᠦᠳᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠥᠪᠥᠷ | ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠵᠠᠷ ᠤᠨ ᠨᠡᠷᠡᠰ︾ ᠲᠤ ᠲᠤᠰ ᠭᠠᠵᠠᠷ ᠢ ︽Guluban᠂ 古 | 力板᠂ ᠶᠡᠭᠡ ᠪᠠᠷᠢᠭᠠᠳᠠ᠂ ᠬᠥᠬᠡᠬᠤᠲᠠ︾ ﹇5﹈ ᠬᠡᠮᠡᠨ ᠲᠡᠮᠲᠡᠭᠯᠡᠪᠡ᠃ | 5. 1984 ᠣᠨ ᠳᠤ ᠬᠡᠪᠯᠡᠭᠦᠯᠦᠭᠰᠡᠨ ︽ᠥᠪᠥᠷ ᠮᠣᠩᠭᠤᠯ ᠤᠨ ᠬᠥᠬᠡᠬᠤᠲᠠ ᠶᠢᠨ ᠲᠡᠭᠦᠷᠭᠡ ᠶᠢᠨ ᠭᠠᠵᠠᠷ ᠤᠨ | ᠨᠡᠷᠡᠰ ᠤᠨ ᠲᠡᠮᠲᠡᠭᠯᠡᠯ︾ ᠳᠤ ︽古力半᠂ ᠮᠣᠩᠭᠤᠯ᠂ ᠭᠤᠷᠪᠠᠨ ᠤᠰᠤ︾ ﹇6﹈᠂ ︽ᠲᠤᠬᠠᠶ ᠶᠢᠨ | ᠭᠠᠵᠠᠷ ᠤᠨ ᠠᠬᠠᠮᠠᠳ ᠨᠠᠰᠤᠲᠠᠨ ᠾᠧᠦ ᠮᠤᠤ ᠮᠤᠤ ᠶᠢᠨ ᠬᠠᠩᠭᠠᠭᠰᠠᠨ ᠢ ᠦᠨᠳᠦᠰᠦᠯᠡᠪᠡᠯ᠂ ᠪᠠᠷᠤᠭ ᠴᠢᠩ | ᠤᠯᠤᠰ ᠤᠨ ᠲᠩᠷᠢ ᠲᠡᠳᠬᠦᠭᠴᠢ ᠶᠢᠨ ᠦᠶ᠎ᠡ ᠳᠤ᠂ ᠲᠣᠰ ᠭᠠᠵᠠᠷ ᠨᠢ ᠮᠠᠯᠵᠢᠬᠤ ᠣᠷᠣᠨ ᠪᠠᠶᠢᠵᠤ᠂ ᠤᠰᠤ ᠪᠡᠯᠴᠢᠭᠡᠷ | ᠨᠡᠯᠢᠶᠡᠳ ᠰᠠᠶᠢᠨ ᠪᠠᠶᠢᠵᠠᠢ᠃ ᠠᠳᠡ ᠭᠤᠷᠪᠠᠨ ᠪᠤᠯᠠᠭ ᠤᠨ ᠤᠰᠤ ᠪᠣᠶ᠂ ᠮᠣᠩᠭᠤᠯ ᠢᠶᠠᠷ ︿ᠭᠤᠷᠪᠠᠨ ᠪᠤᠯᠠᠭ ᠤᠨ | ᠤᠰᠤ﹀ ᠭᠡᠳᠡᠭ᠃ ᠬᠤᠵᠢᠮ ᠨᠢ ᠣᠳᠣ ᠶᠢᠨ ᠨᠡᠷ᠎ᠡ ᠪᠣᠯᠪᠠ︾ ﹇7﹈ ᠭᠡᠵᠦ ᠲᠡᠮᠲᠡᠭᠯᠡᠵᠡᠢ᠃ | 6. 1985 ᠣᠨ ᠳᠤ ᠬᠡᠪᠯᠡᠭᠦᠯᠦᠭᠰᠡᠨ ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠭᠠᠵᠠᠷ ᠤᠨ | ᠨᠡᠷᠡᠰ ᠤᠨ ᠲᠡᠮᠲᠡᠭᠯᠡᠯ · ᠬᠥᠬᠡᠬᠤᠲᠠ ᠶᠢᠨ ᠬᠤᠪᠢᠶᠠᠷᠢ ᠳᠡᠪᠲᠡᠷ︾ ᠲᠤ ︽古力半᠂ ᠮᠣᠩᠭᠤᠯ ᠬᠡᠯᠡ᠂ | ᠭᠤᠷᠪᠠᠨ ᠤᠰᠤ︾ ﹇8﹈ ᠭᠡᠰᠡᠨ ᠲᠡᠮᠲᠡᠭᠯᠡᠭᠡᠰᠦᠲᠡᠢ᠃ | 7. 2018 ᠣᠨ ᠳᠤ ᠬᠡᠪᠯᠡᠭᠦᠯᠦᠭᠰᠡᠨ ︽ᠬᠥᠬᠡᠬᠤᠲᠠ ᠶᠢᠨ ᠮᠣᠩᠭᠤᠯ ᠭᠠᠵᠠᠷ ᠤᠨ ᠨᠡᠷ᠎ᠡ ᠶᠢᠨ ᠲᠠᠶᠢᠯᠪᠤᠷᠢ︾ ᠶᠢ | ᠦᠨᠳᠦᠰᠦᠯᠡᠪᠡᠯ ᠂ ᠲᠤᠰ ᠭᠠᠵᠠᠷ ᠤᠨ ᠨᠡᠷ᠎ᠡ ᠶᠢ ᠲᠡᠦᠬᠡᠨ ᠮᠠᠲ᠋ᠧᠷᠢᠶᠠᠯ ᠳᠤ ︽ᠭᠤᠷᠪᠠᠨ ᠤᠰᠤ︾ ᠬᠡᠮᠡᠨ | ᠲᠡᠮᠲᠡᠭᠯᠡᠵᠦ ᠪᠠᠶᠢᠵᠠᠢ᠂ ᠬᠢᠲᠠᠳ ᠬᠡᠯᠡ ᠪᠠᠷ ︽古力半︾ ︵ᠭᠤᠷᠪᠠᠨ︶᠂ ︽古力板︾ ︵ | ᠭᠤᠷᠪᠠᠨ︶᠂ ︽古力半乌素︾ ︵ᠭᠤᠷᠪᠠᠨ ᠤᠰᠤ︶ ᠭᠡᠵᠦ ᠣᠷᠴᠢᠭᠤᠯᠵᠤ ᠪᠠᠶᠢᠪᠠ ﹇9﹈᠃ | 8. ︽ᠳᠤᠮᠳᠠᠳᠤ ᠤᠯᠤᠰ · ᠤᠯᠤᠰ ᠤᠨ ᠭᠠᠵᠠᠷ ᠤᠨ ᠨᠡᠷ᠎ᠡ ᠶᠢᠨ ᠮᠡᠳᠡᠭᠡ ᠵᠠᠩᠭᠢ ᠶᠢᠨ ᠬᠦᠮᠦᠷᠭᠡ︾ ᠳᠤ ︽古力 | 半︾ ︵ᠭᠤᠷᠪᠠᠨ︶ ﹇10﹈ ᠬᠡᠮᠡᠨ ᠲᠡᠮᠲᠡᠭᠯᠡᠵᠦ ᠪᠣᠢ᠃ ᠲᠤᠰ ᠬᠦᠮᠦᠷᠭᠡ ᠶᠢᠨ ᠲᠤᠭ᠎ᠠ ᠪᠠᠷᠢᠮᠲᠠ ᠶᠢᠨ | ᠪᠦᠷᠢᠳᠬᠡᠯ ᠢ 2018 ᠣᠨ ᠤ 12 ᠰᠠᠷ᠎ᠠ ᠶᠢᠨ 31 ᠤ ᠡᠳᠦᠷ ᠢᠶᠠᠷ ᠬᠢᠵᠠᠭᠠᠷᠯᠠᠭᠰᠠᠨ ᠪᠠᠶᠢᠨ᠎ᠠ᠃ ᠳᠠᠷᠤᠢ ᠲᠤᠰ | ᠡᠳᠦᠷ ᠠᠴᠠ ᠡᠮᠦᠨ᠎ᠡ ᠭᠤᠷᠪᠠᠨ ᠤᠰᠤ ᠲᠤᠰᠬᠤᠨ ᠤ ᠬᠢᠲᠠᠳ ᠨᠡᠷ᠎ᠡ ᠶᠢ ︽古力半︾ ︵ᠭᠤᠷᠪᠠᠨ︶ ᠬᠡᠮᠡᠨ | ᠬᠡᠷᠡᠭᠯᠡᠵᠦ ᠪᠠᠶᠢᠵᠠᠢ᠃ | 9. ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠵᠠᠰᠠᠭ ᠵᠠᠬᠢᠷᠭᠠᠨ ᠤ ᠬᠤᠪᠢᠶᠠᠷᠢᠯᠠᠯ ᠤᠨ ᠳᠡᠪᠲᠡᠷ | 2019︾ ᠳᠡᠭᠡᠷ᠎ᠡ ︽古力板︾ ︵ᠭᠤᠷᠪᠠᠨ︶ ﹇11﹈ ᠬᠡᠮᠡᠨ ᠪᠢᠴᠢᠵᠦ ᠪᠣᠢ᠃ ᠡᠭᠦᠨ ᠠᠴᠠ ᠮᠡᠳᠡᠬᠦ | ᠨᠢ 2019 ᠣᠨ ᠳᠤ ︽古力半︾ ︵ᠭᠤᠷᠪᠠᠨ︶ ᠢ ︽古力板︾ ︵ᠭᠤᠷᠪᠠᠨ︶ ᠭᠡᠵᠦ | ᠬᠠᠯᠠᠵᠤ ᠪᠢᠴᠢᠵᠡᠢ᠃ | ︽古力板︾ ᠭᠡᠳᠡᠭ ᠬᠢᠲᠠᠳ ᠨᠡᠷ᠎ᠡ ︽ᠭᠤᠷᠪᠠᠨ ᠤᠰᠤ︾ ᠶᠢᠨ ᠵᠥᠪ ᠳᠠᠭᠤᠳᠠᠯᠭ᠎ᠠ ᠬᠢᠭᠡᠳ | ᠣᠨᠣᠪᠴᠢᠲᠠᠢ ᠤᠳᠬ᠎ᠠ ᠶᠢ ᠢᠯᠡᠳᠭᠡᠵᠦ ᠦᠯᠦ ᠳᠡᠶᠢᠯᠦᠨ᠎ᠡ᠃ ᠡᠶᠢᠮᠦ ᠠᠴᠠ ᠭᠠᠵᠠᠷ ᠤᠨ ᠨᠡᠷ᠎ᠡ ᠶᠢᠨ ᠤᠭ | ᠰᠠᠨᠠᠭ᠎ᠠ ᠶᠢ ᠣᠨᠣᠪᠴᠢᠲᠠᠶ ᠢᠯᠡᠳᠭᠡᠵᠦ᠂ ᠲᠤᠬᠠᠶ ᠶᠢᠨ ᠭᠠᠵᠠᠷ ᠤᠨ ᠲᠡᠦᠬᠡ ᠰᠣᠶᠣᠯ ᠤᠨ ᠠᠭᠤᠯᠤᠭᠳᠠᠬᠤᠨ ᠢ | ᠢᠯᠡᠷᠡᠭᠦᠯᠬᠦ ᠶᠢᠨ ᠬᠠᠮᠲᠤ ᠭᠠᠵᠠᠷ ᠤᠨ ᠨᠡᠷ᠎ᠡ ᠶᠢᠨ ᠲᠣᠭᠲᠠᠪᠤᠷᠢᠲᠤ ᠴᠢᠨᠠᠷ ᠢ ᠪᠠᠲᠤᠯᠠᠬᠤ ᠶᠢᠨ ᠲᠦᠯᠦᠭᠡ᠂ ︽古力 | 板︾ ︵ᠭᠤᠷᠪᠠᠨ︶ ᠢ ︽古尔半乌素︾ ︵ᠭᠤᠷᠪᠠᠨ ᠤᠰᠤ︶ ᠭᠡᠵᠦ ᠳᠦᠷᠢᠮᠵᠢᠭᠦᠯᠵᠦ᠂ ᠲᠤᠰ | ᠲᠤᠰᠬᠤᠨ ᠤ ᠮᠣᠩᠭᠤᠯ ᠨᠡᠷ᠎ᠡ ︽ᠭᠤᠷᠪᠠᠨ ᠤᠰᠤ︾ ᠶᠢ ᠰᠡᠷᠭᠦᠭᠡᠨ ᠬᠡᠷᠡᠭᠯᠡᠪᠡᠯ ᠵᠣᠬᠢᠨ᠎ᠠ᠃ | ᠵᠡᠭᠦᠯᠲᠡ᠄ | ﹇1﹈内蒙古图书馆编:《归绥道志》,远方出版社, | 2007年,第261页。 | ﹇2﹈ 内蒙古师范大学图书馆编:《归化城厅志》,远方 | 出版社,2011年,第69页。 | ﹇3﹈《归绥县志》,民国二十三年北平文岚簃印,第 | 107页。 | ﹇4﹈《归绥县志》,民国二十三年北平文岚簃印,第 | 105-107页。 | ﹇5﹈ 《中华人民共和国内蒙古自治区地名录》,1976 年 | ,第217页。 | ﹇6﹈ 《呼和浩特市郊区地名志》(内部资料),呼和浩 | 特市郊区人民政府,1984年,第207页。 | ﹇7﹈ 《呼和浩特市郊区地名志》(内部资料),呼和浩 | 特市郊区人民政府,1984年,第29页。 | ﹇8﹈ 内蒙古自治区地名委员会:《内蒙古自治区地名 | 志·呼和浩特分册》,呼和浩特市人民政府,1985年,第 | 79页。 | ﹇9﹈ 乌力吉陶格陶编著:《呼和浩特蒙古语地名释读 | 》,内蒙古人民出版社,2018年,第39页。 | ﹇10﹈ https://dmfw.mca.gov.cn/online/map.html. | ﹇11﹈ 内蒙古自治区民政厅编:《内蒙古自治区行政区 | 划简册2019》,第12页。 | ᠵᠣᠬᠢᠶᠠᠭᠴᠢ ᠶᠢᠨ ᠬᠠᠶ᠋ᠢᠭ᠄ ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ ᠮᠣᠩᠭᠤᠯ ᠰᠤᠳᠤᠯᠤᠯ ᠤᠨ | ᠳᠡᠭᠡᠳᠦ ᠰᠤᠷᠭᠠᠭᠤᠯᠢ |