ᠭᠠᠵᠠᠷ ᠤᠨ ᠨᠡᠷ᠎ᠡ ᠶᠢᠨ ᠨᠤᠳᠠᠯᠠᠯᠳᠠ᠄ ᠲᠡᠮᠡᠭᠡᠯᠢ
ᠨᠡᠶᠢᠲᠡᠯᠡᠭᠰᠡᠨ ᠴᠠᠭ᠄
2021/12/6
  ᠭᠠᠵᠠᠷ ᠤᠨ ᠨᠡᠷ᠎ᠡ ᠶᠢᠨ ᠨᠤᠳᠠᠯᠠᠯᠳᠠ᠄ ᠲᠡᠮᠡᠭᠡᠯᠢ                                               ᠯᠢ ᠬᠤᠸᠠ ᠵᠤᠬᠢᠶᠠᠪᠠ      ᠠᠯᠢ ᠨᠢᠭᠡᠨ ᠭᠠᠵᠠᠷ ᠤᠷᠤᠨ ᠤ ᠠᠭᠤᠯᠠ ᠨᠢᠷᠤᠭᠤ᠂ ᠭᠤᠤᠯ ᠮᠦᠷᠡᠨ᠂ ᠨᠠᠭᠤᠷ ᠲᠠᠩᠭᠢᠰ᠂ ᠲᠠᠯ᠎ᠠ ᠬᠦᠨᠳᠡᠢ᠂ ᠬᠤᠳᠠ ᠭᠤᠳᠤᠮᠵᠢ᠂ ᠭᠠᠴᠠᠭ᠎ᠠ ᠲᠤᠰᠬᠤᠨ ᠳᠤ ᠬᠦᠷᠳᠡᠯ᠎ᠡ ᠪᠦᠷ ᠲᠤᠰᠬᠠᠢ ᠤᠨᠤᠭᠠᠭᠰᠠᠨ ᠨᠡᠷ᠎ᠡ ᠪᠠᠶᠢᠳᠠᠭ᠃ ᠲᠡᠷᠡ ᠤᠨᠤᠭᠠᠭᠰᠠᠨ ᠭᠠᠵᠠᠷ ᠤᠨ ᠨᠡᠷ᠎ᠡ ᠨᠢ ᠲᠤᠬᠠᠢ ᠶᠢᠨ ᠭᠠᠵᠠᠷ ᠤᠷᠤᠨ ᠤ ᠪᠠᠨ ᠲᠡᠤᠭᠡ ᠰᠤᠶᠤᠯ  ᠂ ᠳᠤᠮᠤᠭ ᠦᠯᠢᠭᠡᠷ᠂ ᠵᠠᠩ ᠲᠠᠳᠬᠠᠯ᠂ ᠨᠤᠳᠤᠭ ᠤᠨ ᠬᠡᠯᠡᠯᠭᠡ᠂ ᠭᠠᠵᠠᠷ ᠵᠦᠢ ᠶᠢᠨ ᠪᠠᠶᠢᠷᠢᠰᠢᠯ ᠭᠡᠬᠦ ᠮᠡᠳᠤ ᠶᠢᠨ ᠶᠠᠮᠠᠷ ᠨᠢᠭᠡᠨ ᠲᠠᠯ᠎ᠠ ᠶᠢᠨ ᠢᠯᠡᠷᠭᠡᠢ ᠤᠨᠴᠠᠯᠢᠭ ᠢ ᠬᠠᠳᠠᠭᠠᠯᠠᠭᠰᠠᠨ ᠶᠤᠮ᠃ ᠡᠶᠢᠨ ᠬᠦ ᠭᠠᠵᠠᠷ ᠤᠨ ᠨᠡᠷ᠎ᠡ ᠶᠢ ᠰᠤᠳᠤᠯᠵᠤ᠂ ᠲᠡᠭᠦᠨ ᠳᠤ ᠠᠬᠤᠭᠤᠯᠤᠭᠳᠠᠵᠤ ᠪᠠᠶᠢᠭ᠎ᠠ ᠰᠤᠶᠤᠯ ᠤᠨ ᠠᠭᠤᠯᠬᠤᠨ ᠪᠤᠶᠤ ᠭᠠᠵᠠᠷ ᠤᠨ ᠨᠡᠷ᠎ᠡ ᠶᠢᠨ ᠮᠤᠩᠭᠤᠯ ᠬᠢᠳᠡᠳ ᠪᠢᠴᠢᠯᠭᠡ  ᠶᠢ ᠵᠦᠪ ᠢᠶᠠᠷ ᠪᠢᠴᠢᠬᠦ ᠶᠢ ᠡᠷᠢᠯᠬᠢᠯᠡᠬᠦ ᠨᠢ ᠬᠤᠵᠢᠮ ᠤᠨ ᠰᠤᠳᠤᠯᠭᠠᠳᠠᠨ ᠳᠤ ᠤᠯᠳᠠᠰᠢ ᠦᠭᠡᠢ ᠮᠠᠲ᠋ᠧᠷᠢᠶᠠᠯ ᠪᠤᠯᠬᠤ  ᠪᠠᠷ ᠪᠠᠷᠠᠬᠤ ᠦᠭᠡᠢ᠂ ᠭᠠᠵᠠᠷ ᠤᠨ ᠨᠡᠷ᠎ᠡ ᠶᠢᠨ ᠭᠤᠶᠢᠳᠠ ᠰᠠᠶᠢᠬᠠᠨ ᠤᠨᠴᠠᠯᠢᠭ ᠢ ᠲᠡᠷᠡ ᠶᠠᠩᠵᠤ ᠪᠠᠷ ᠨᠢ ᠮᠠᠰᠢ ᠪᠠᠳᠤᠳᠠᠢ ᠦᠨᠢ ᠤᠳᠠᠭᠠᠨ ᠤᠯᠠᠮᠵᠢᠯᠠᠬᠤ ᠳᠤ ᠲᠤᠩ ᠴᠢᠬᠤᠯᠠ ᠠᠴᠢ ᠬᠤᠯᠪᠤᠭᠳᠠᠯ ᠲᠠᠢ᠃ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ ᠤᠷᠳᠤᠰ ᠬᠤᠳᠠ ᠶᠢᠨ ᠬᠠᠩᠭᠢᠨ ᠬᠤᠰᠢᠭᠤᠨ ᠳᠤ ︽ᠲᠡᠮᠡᠭᠡᠯᠢ︾ ᠭᠡᠬᠦ ᠭᠠᠵᠠᠷ ᠤᠨ ᠨᠡᠷ᠎ᠡ ᠪᠠᠶᠢᠳᠠᠭ᠃ ᠶᠠᠭᠠᠬᠢᠭᠠᠳ ᠲᠡᠮᠡᠭᠡᠯᠢ ᠭᠡᠬᠦ ᠨᠡᠷ᠎ᠡ ᠲᠠᠢ ᠪᠤᠯᠤᠭᠰᠠᠨ ᠲᠤᠬᠠᠢ ᠰᠢᠨᠵᠢᠯᠡᠵᠤ ᠦᠵᠡᠶ᠎ᠡ᠃︽ᠲᠡᠮᠡᠭᠡᠯᠢ︾ ᠭᠡᠬᠦ ᠭᠠᠵᠠᠷ ᠪᠤᠯ ᠬᠠᠩᠭᠢᠨ ᠬᠤᠰᠢᠭᠤᠨ ᠤ ᠰᠢᠨ᠎ᠡ ᠪᠠᠯᠭᠠᠰᠤ ᠳᠤ ᠬᠢ ᠴᠠᠬᠠᠷᠡᠤᠰᠤ ᠲᠤᠰᠬᠤᠨ ᠤ ᠬᠠᠷᠢᠶᠠᠨ ᠳᠤ ᠪᠠᠶᠢᠭ᠎ᠠ ᠰᠠᠭᠤᠭᠠᠯᠢ ᠠᠷᠠᠳ ᠤᠨ ᠲᠤᠭᠤᠶᠢᠯᠠᠩ ᠤᠨ ᠨᠡᠷ᠎ᠡ ᠪᠤᠯᠤᠨ᠎ᠡ᠃ ᠤᠤᠯ ᠤᠨ ᠲᠦᠴᠢᠨ ᠭᠠᠵᠠᠷ  ᠤᠨ ᠰᠢᠯᠢ ᠰᠢᠶᠠᠩ ᠤᠨ ᠪᠠᠷᠠᠭᠤᠨ ᠭᠡᠰᠡᠭ ᠢᠶᠠᠷ ᠪᠠᠶᠢᠵᠤ᠂ ᠭᠠᠵᠠᠷ ᠤᠨ ᠪᠠᠶᠢᠷᠢᠰᠢᠯ            ︵ᠺᠤᠤᠷᠳᠢᠨᠠᠲ︶  ᠨᠢ ᠵᠡᠭᠦᠨ ᠤᠷᠳᠤᠷᠢᠭ ᠤᠨ108 ᠭᠷᠠᠳᠦ᠋ᠰ 43 ᠮᠢᠨᠦ᠋ᠲ 4 ᠰᠧᠺᠦ᠋ᠨ᠋ᠳ᠋᠂ ᠤᠮᠠᠷᠠᠳᠤ ᠦᠷᠭᠡᠷᠢᠭ ᠤᠨ 39 ᠭᠷᠠᠳᠦ᠋ᠰ 36 ᠮᠢᠨᠦ᠋ᠲ 34 ᠰᠧᠺᠦ᠋ᠨ᠋ᠳ᠋ ᠪᠤᠯᠤᠨ᠎ᠡ᠃ 1958 ᠤᠨ ᠳᠤ ᠲᠡᠮᠡᠭᠡᠯᠢ ᠶᠡᠭᠡ ᠪᠠᠷᠢᠭᠠᠳᠠ ᠪᠤᠯᠵᠤ ᠪᠠᠶᠢᠭᠤᠯᠤᠭᠳᠠᠨ᠂ 1983 ᠤᠨ ᠳᠤ ᠵᠠᠰᠠᠭ ᠵᠠᠬᠢᠷᠭᠠᠨ ᠤ ᠲᠤᠰᠬᠤᠨ ᠪᠤᠯᠵᠤ᠂  ᠲᠡᠮᠡᠭᠡᠯᠢ ᠨᠢᠭᠡᠳᠤᠭᠡᠷ ᠬᠤᠷᠰᠢᠶ᠎ᠠ  ᠠᠴᠠ ᠶᠢᠰᠦᠳᠤᠭᠡᠷ ᠬᠤᠷᠰᠢᠶ᠎ᠠ ᠬᠦᠷᠳᠡᠯ᠎ᠡ ᠶᠢᠰᠤᠨ ᠬᠤᠷᠰᠢᠶ᠎ᠠ ᠬᠤᠪᠢᠶᠠᠭᠳᠠᠨ ᠰᠠᠭᠤᠷᠢᠰᠢᠵᠤ᠂ ᠲᠦᠴᠢᠨ ᠭᠠᠵᠠᠷ ᠤᠨ ᠰᠢᠯᠢ ᠰᠢᠶᠠᠩ ᠤᠨ ᠬᠠᠷᠢᠶᠠᠨ ᠳᠤ ᠬᠠᠷᠢᠶᠠᠯᠠᠭᠳᠠᠵᠤ ᠪᠠᠶᠢᠵᠠᠢ᠃ 2006 ᠤᠨ ᠠᠴᠠ ᠨᠠᠭᠠᠰᠢ ᠤᠳᠤ ᠬᠦᠷᠳᠡᠯ᠎ᠡ ᠴᠠᠬᠠᠷᠡᠤᠰᠤ ᠲᠤᠰᠬᠤᠨ ᠤ ᠬᠠᠷᠢᠶᠠᠨ ᠳᠤ ᠬᠠᠷᠢᠶᠠᠯᠠᠭᠳᠠᠵᠤ᠂ ᠴᠠᠬᠠᠷᠡᠤᠰᠤ ᠲᠤᠰᠬᠤᠨ ᠤ ᠠᠷᠠᠳ ᠤᠨ ᠵᠦᠪᠯᠡᠯ ᠳᠤ ᠬᠠᠮᠢᠶᠠᠷᠤᠭᠳᠠᠵᠤ ᠪᠤᠢ᠃︽ᠲᠡᠮᠡᠭᠡᠯᠢ︾ ᠪᠤᠯ ᠮᠤᠩᠭᠤᠯ ᠭᠠᠵᠠᠷ ᠤᠨ ᠨᠡᠷ᠎ᠡ ᠮᠦᠨ᠃ ︽ᠲᠡᠮᠡᠭᠡᠯᠢ︾ ᠶᠢᠨ ᠦᠭᠡ ᠶᠢᠨ ᠢᠵᠠᠭᠤᠷ ᠨᠢ ︽ᠲᠡᠮᠡᠭᠡ︾᠂ ᠲᠠᠷᠤᠢ ᠲᠡᠮᠡᠭᠡ ᠶᠢ ᠵᠢᠭᠠᠭᠰᠠᠨ ᠨᠡᠷ᠎ᠡ ᠦᠭᠡ᠂ ᠳᠤᠤᠷ᠎ᠠ ᠨᠢ ︽ᠯᠢ︾ ᠲᠠᠭᠠᠪᠤᠷᠢ ᠵᠠᠯᠭᠠᠵᠤ᠂  ︽ᠲᠡᠮᠡᠭᠡᠯᠢ︾ ᠪᠤᠯᠭᠠᠵᠠᠢ᠃ ᠲᠤᠰ ᠭᠠᠵᠠᠷ ᠤᠨ ᠨᠡᠷ᠎ᠡ ᠶᠢᠨ ᠮᠤᠩᠭᠤᠯ ᠪᠢᠴᠢᠯᠭᠡ ᠨᠢ ︽ᠲᠡᠮᠡᠭᠡᠯᠢ︾᠂           ︽ᠲᠡᠮᠡᠭᠡᠯᠠᠢ︾ ᠭᠡᠬᠦ ᠬᠤᠶᠠᠷ ᠵᠦᠢᠯ ᠪᠠᠶᠢᠵᠤ᠂ ᠬᠢᠳᠡᠳ ᠪᠢᠴᠢᠯᠭᠡ ᠨᠢ ᠴᠤ ︽特莫里︾᠂ ︽特莫利︾ ᠭᠡᠬᠦ ᠬᠤᠶᠠᠷ ᠵᠦᠢᠯ ᠢᠶᠠᠷ ᠪᠢᠴᠢᠵᠤ ᠪᠤᠢ᠃ ᠨᠢᠭᠡ ᠯᠡ ᠭᠠᠵᠠᠷ ᠤᠨ ᠨᠡᠷ᠎ᠡ ᠨᠢ ᠬᠤᠶᠠᠷ ᠵᠦᠢᠯ ᠤᠨ ᠪᠢᠴᠢᠯᠭᠡ ᠪᠤᠶᠤ ᠬᠤᠶᠠᠷ ᠠᠴᠠ ᠲᠡᠭᠡᠭᠰᠢ ᠪᠢᠴᠢᠯᠭᠡ ᠲᠠᠢ ᠪᠠᠶᠢᠵᠤ ᠪᠤᠯᠬᠤ ᠦᠭᠡᠢ᠃ ᠲᠡᠷᠡ ᠨᠢ ᠲᠤᠬᠠᠢ ᠶᠢᠨ ᠦᠭᠡ ᠶᠢᠨ ᠠᠪᠢᠶᠠᠨ ᠤ ᠬᠤᠪᠢᠷᠠᠯ ᠠᠴᠠ ᠪᠤᠯᠵᠤ᠂ ᠤᠯᠠᠨ ᠪᠢᠴᠢᠯᠭᠡ ᠲᠠᠢ ᠪᠤᠯᠵᠠᠢ᠃ ᠡᠨᠡ ᠨᠢ ︽ᠮᠤᠩᠭᠤᠯ ᠭᠠᠵᠠᠷ ᠤᠨ ᠨᠡᠷ᠎ᠡ ᠶᠢ ᠠᠪᠢᠶᠠᠴᠢᠯᠠᠬᠤ ᠲᠦᠷᠢᠮ︾ ᠲᠠᠢ ᠨᠡᠶᠢᠴᠡᠬᠦ ᠦᠭᠡᠢ ᠶᠤᠮ᠃ ᠡᠶᠢᠮᠤ ᠠᠴᠠ ᠡᠭᠦᠨ ᠤ ᠲᠤᠬᠠᠢ ᠨᠤᠳᠠᠯᠠᠯᠳᠠ ᠬᠢᠬᠦ ᠬᠡᠷᠡᠭᠳᠡᠢ᠃ ᠦᠨᠳᠤᠰᠤᠯᠠᠯ ᠨᠢ ᠲᠤᠤᠷᠠᠬᠢ ᠮᠡᠳᠤ ᠬᠡᠳᠤᠨ ᠲᠠᠯ᠎ᠠ ᠪᠠᠷ ᠢᠯᠠᠷᠡᠵᠡᠢ᠃︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠠᠵᠠᠷ ᠤᠨ ᠵᠢᠷᠤᠭ ᠤᠨ ᠡᠮᠬᠢᠳᠭᠡᠯ︾     ﹇1﹈ ᠳᠤ ᠲᠤᠰ ᠭᠠᠵᠠᠷ ᠤᠨ ᠨᠡᠷ᠎ᠡ ᠶᠢ ︽ᠲᠡᠮᠡᠭᠡᠯᠢ︾ ᠭᠡᠵᠤ ᠲᠡᠮᠳᠡᠭᠯᠡᠵᠤ ᠪᠤᠢ᠃︽ᠮᠠᠶᠢᠳᠠᠷᠢ ᠵᠤᠤ ᠪᠠᠯᠭᠠᠰᠤ ᠭᠠᠵᠠᠷ ᠤᠨ ᠵᠢᠷᠤᠭ︾ ︵ᠡᠯᠧᠺᠲᠷᠤᠨ ᠪᠠᠷ︶ ﹇2﹈ ᠲᠤ ︽特莫里村︾ ᠭᠡᠵᠤ ᠲᠡᠮᠳᠡᠭᠯᠡᠵᠤ ᠪᠠᠶᠢᠨ᠎ᠠ᠃︽ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠠᠵᠠᠷ ᠤᠨ ᠨᠡᠷ᠎ᠡ ᠶᠢᠨ ᠤᠶᠢᠯᠠᠯᠭ᠎ᠠ · ᠶᠡᠭᠡ ᠵᠤᠤ ᠠᠶᠢᠮᠠᠭ ᠤᠨ ᠬᠤᠪᠢᠶᠠᠷᠢ ᠪᠤᠳᠢ︾ ﹇3﹈ ᠳᠤ᠄ ︽特莫利᠂ ᠮᠤᠩᠭᠤᠯ ᠨᠡᠷ᠎ᠡ᠂ ︿特莫﹀ ᠤᠳᠬ᠎ᠠ  ᠨᠢ ᠲᠡᠮᠡᠭᠡ᠂ ᠲᠤᠰ ᠨᠤᠳᠤᠭ ᠤᠨ ᠤᠶᠢᠷ᠎ᠠ ᠬᠤᠪᠢ ᠪᠠᠷ ᠨᠢᠭᠡᠨ ᠲᠡᠮᠡᠭᠡ ᠶᠢᠨ ᠬᠡᠯᠪᠡᠷᠢ ᠲᠠᠢ ᠠᠭᠤᠯᠠᠨ ᠰᠢᠯᠢ ᠪᠠᠶᠢᠬᠤ  ᠠᠴᠠ ᠲᠡᠭᠡᠵᠤ ᠨᠡᠷᠡᠯᠡᠵᠡᠢ︾ ᠭᠡᠵᠤ ᠪᠢᠴᠢᠵᠤ ᠪᠤᠢ᠃ ᠡᠭᠦᠨ ᠠᠴᠠ ᠲᠤᠬᠠᠢ ᠶᠢᠨ ᠭᠠᠵᠠᠷ ᠲᠤ ᠨᠢᠭᠡᠨ ᠲᠡᠮᠡᠭᠡ ᠬᠡᠯᠪᠡᠷᠢ ᠲᠠᠢ ᠠᠭᠤᠯᠠᠨ ᠰᠢᠯᠢ ᠪᠠᠶᠢᠬᠤ ᠠᠴᠠ ᠭᠠᠵᠠᠷ ᠤᠨ ᠬᠡᠯᠪᠡᠷᠢ ᠪᠠᠶᠢᠴᠡ ᠶᠢ ᠦᠨᠳᠤᠰᠤᠯᠠᠨ ᠨᠡᠷᠡᠯᠡᠭᠰᠡᠨ ᠨᠡᠷ᠎ᠡ ᠭᠡᠳᠡᠭ ᠢ ᠮᠡᠳᠡᠵᠤ ᠪᠤᠯᠤᠨ᠎ᠡ᠃︽ᠶᠡᠭᠡ ᠵᠤᠤ ᠠᠶᠢᠮᠠᠭ ᠤᠨ ᠭᠠᠵᠠᠷ ᠤᠨ ᠨᠡᠷ᠎ᠡ ᠶᠢᠨ ᠲᠡᠭᠦᠪᠤᠷᠢ︾ ﹇4﹈ ᠳᠤ ᠲᠤᠰ ᠭᠠᠵᠠᠷ ᠤᠨ ᠨᠡᠷ᠎ᠡ ᠶᠢ ᠮᠤᠩᠭᠤᠯ ᠢᠶᠠᠷ ︽ᠲᠡᠮᠡᠭᠡᠯᠢ ᠭᠠᠴᠠᠭ᠎ᠠ︾ ᠭᠡᠵᠤ᠂ ᠬᠢᠳᠡᠳ ᠢᠶᠠᠷ ︽特莫里村︾ ᠭᠡᠵᠤ ᠲᠡᠮᠳᠡᠭᠯᠡᠵᠡᠢ᠃︽ᠬᠢᠳᠡᠳ ᠮᠤᠩᠭᠤᠯ ᠬᠠᠪᠰᠤᠷᠭᠠᠭᠰᠠᠨ ᠦᠪᠤᠷ ᠮᠤᠩᠭᠤᠯ ᠤᠨ ᠭᠠᠵᠠᠷ ᠤᠨ ᠨᠡᠷ᠎ᠡ ᠶᠢᠨ ᠲᠤᠯᠢ︾       ﹇5﹈  ᠳᠤ ᠲᠤᠰ ᠭᠠᠵᠠᠷ ᠤᠨ ᠨᠡᠷ᠎ᠡ ᠶᠢ ᠮᠤᠩᠭᠤᠯ ᠢᠶᠠᠷ ︽ᠲᠡᠮᠡᠭᠡᠯᠢ︾ ᠭᠡᠵᠤ᠂ ᠬᠢᠳᠡᠳ ᠢᠶᠠᠷ ︽特莫里︾ ᠭᠡᠵᠤ ᠲᠡᠮᠳᠡᠭᠯᠡᠵᠤ ᠪᠤᠢ᠃︽ᠮᠤᠩᠭᠤᠯ ᠭᠠᠵᠠᠷ ᠤᠨ ᠨᠡᠷ᠎ᠡ ᠶᠢᠨ ᠬᠢᠳᠡᠳ  ᠠᠪᠢᠶᠠᠯᠠᠭ᠎ᠠ︾ ﹇6﹈ ᠳᠤ ᠲᠤᠰ ᠭᠠᠵᠠᠷ ᠤᠨ ᠨᠡᠷ᠎ᠡ ᠶᠢ ᠮᠤᠩᠭᠤᠯ  ᠢᠶᠠᠷ ︽ᠲᠡᠮᠡᠭᠡᠯᠢ ︵ᠲᠡᠮᠡᠭᠡ︶︾ ᠭᠡᠵᠤ᠂ ᠬᠢᠳᠡᠳ ᠢᠶᠠᠷ ︽特莫里 ︵蒙︶︾ ᠭᠡᠵᠤ ᠪᠢᠴᠢᠨ᠂ ᠲᠠᠶᠢᠯᠪᠤᠷᠢ ᠨᠢ ︽ᠲᠡᠮᠡᠭᠡ︾᠂ ᠬᠢᠳᠡᠳ ᠠᠪᠢᠶᠠᠨ ᠤ ᠭᠠᠯᠢᠭ ᠢᠶᠠᠷ ︽Temeeli︾ ᠭᠡᠵᠤ ᠲᠡᠮᠳᠡᠭᠯᠡᠵᠡᠢ᠃︽ᠬᠠᠩᠭᠢᠨ ᠬᠤᠰᠢᠭᠤᠨ ᠤ ᠨᠤᠳᠤᠭ ᠤᠰᠤᠨ ᠤ ᠭᠠᠵᠠᠷ ᠤᠨ ᠨᠡᠷ᠎ᠡ ᠶᠢᠨ ᠢᠷᠡᠯᠳᠡ ᠪᠠ ᠳᠤᠮᠤᠭ︾     ﹇7﹈ ᠭᠡᠬᠦ ᠨᠤᠮ ᠳᠤ ︽ᠲᠡᠮᠡᠭᠡᠯᠠᠢ ᠲᠤᠰᠬᠤᠨ︾ ᠭᠡᠵᠤ᠂ ᠲᠡᠭᠦᠨ ᠤ ᠨᠡᠷ᠎ᠡ ᠶᠢᠨ ᠢᠷᠡᠯᠳᠡ ᠶᠢᠨ ᠲᠤᠬᠠᠢ ᠬᠤᠶᠠᠷ ᠵᠦᠢᠯ  ᠤᠨ ᠬᠡᠯᠡᠯᠭᠡ ᠶᠢ ᠲᠡᠮᠳᠡᠭᠯᠡᠵᠡᠢ᠃ ᠨᠢᠭᠡ ᠵᠦᠢᠯ ᠤᠨ ᠬᠡᠯᠡᠯᠭᠡ ᠨᠢ ᠲᠤᠰ ᠲᠤᠰᠬᠤᠨ ᠳᠤ ᠨᠢᠭᠡᠨ ᠦᠨᠳᠤᠷ ᠰᠢᠭ ᠭᠦᠳᠦᠯ ᠤᠨ ᠬᠡᠯᠪᠡᠷᠢ ᠶᠠᠩᠵᠤ᠂ ᠲᠦᠷᠰᠤ ᠪᠠᠶᠢᠳᠠᠯ ᠨᠢ ᠡᠭᠡᠭᠡ ᠯᠡ ᠲᠡᠮᠡᠭᠡ ᠰᠢᠭ ᠪᠠᠶᠢᠳᠠᠭ ᠪᠤᠯᠬᠤᠷ ᠲᠡᠮᠡᠭᠡᠯᠠᠢ ᠭᠡᠵᠤ ᠨᠡᠷ᠎ᠡ ᠦᠭᠭᠦᠭᠰᠡᠨ ᠭᠡᠳᠡᠭ᠃ ᠪᠠᠰᠠ ᠨᠢᠭᠡ ᠵᠦᠢᠯ ᠤᠨ ᠬᠡᠯᠡᠯᠭᠡ ᠨᠢ ᠪᠤᠯ ᠤᠵᠠᠭᠤᠷ ᠲᠤ ᠡᠨᠡ ᠰᠢᠯᠢ ᠭᠡᠭᠴᠢ ᠲᠡᠮᠡᠭᠡᠨ ᠰᠦᠷᠦᠭ ᠲᠦᠭᠦᠷᠡᠩ ᠪᠡᠯᠴᠢᠳᠡᠭ ᠭᠡᠨ᠎ᠡ᠃ ᠢᠩᠭᠢᠭᠡᠳ ᠲᠡᠮᠡᠭᠡᠨ ᠪᠡᠯᠴᠢᠭᠡᠷ ᠤᠨ ᠰᠢᠯᠢ ᠶᠢ ᠲᠡᠮᠡᠭᠡᠯᠠᠢ ᠭᠡᠵᠤ ᠨᠡᠷᠡᠯᠡᠨ ᠲᠠᠭᠤᠳᠠᠭᠰᠠᠨ ᠭᠡᠳᠡᠭ᠃ᠲᠡᠭᠡᠷᠡᠬᠢ ᠬᠡᠳᠤᠨ ᠭᠠᠵᠠᠷ ᠤᠨ ᠵᠢᠷᠤᠭ᠂ ᠨᠤᠳᠤᠭ ᠤᠨ ᠤᠶᠢᠯᠠᠯᠭ᠎ᠠ ᠪᠤᠯᠤᠨ ᠨᠤᠳᠤᠭ ᠤᠨ ᠭᠠᠵᠠᠷ ᠤᠰᠤᠨ ᠤ ᠨᠡᠷ᠎ᠡ  ᠶᠢᠨ ᠢᠷᠡᠯᠳᠡ ᠶᠢᠨ ᠳᠤᠮᠤᠭ ᠲᠤ ᠲᠡᠮᠳᠡᠭᠯᠡᠭᠰᠡᠨ ᠢ ᠦᠨᠳᠤᠰᠤᠯᠠᠪᠠᠯ᠂ ᠲᠤᠰ ᠭᠠᠵᠠᠷ ᠤᠨ ᠨᠡᠷ᠎ᠡ ᠶᠢᠨ ᠮᠤᠩᠭᠤᠯ ᠬᠢᠳᠡᠳ ᠪᠢᠴᠢᠯᠭᠡ ᠨᠢ ᠪᠦᠷ ᠬᠤᠶᠠᠷ ᠵᠦᠢᠯ ᠪᠠᠶᠢᠵᠤ᠂ ᠨᠡᠷ᠎ᠡ ᠶᠢᠨ ᠢᠷᠡᠯᠳᠡ ᠨᠢ ᠴᠤ ᠬᠤᠶᠠᠷ ᠵᠦᠢᠯ ᠤᠨ ᠬᠡᠯᠡᠯᠭᠡ  ᠲᠠᠢ ᠪᠠᠶᠢᠳᠠᠭ᠃ ᠶᠠᠭᠤ ᠪᠤᠯᠤᠭᠰᠠᠨ ᠴᠤ ᠲᠤᠰ ᠭᠠᠵᠠᠷ ᠤᠨ ᠨᠡᠷ᠎ᠡ ᠨᠢ ᠲᠡᠮᠡᠭᠡ ᠲᠠᠢ ᠰᠢᠭᠤᠳ ᠬᠤᠯᠪᠤᠭ᠎ᠠ ᠲᠠᠢ  ᠪᠠᠶᠢᠵᠤ᠂ ᠮᠤᠩᠭᠤᠯ ᠭᠠᠵᠠᠷ ᠤᠨ ᠨᠡᠷ᠎ᠡ ᠪᠤᠯᠬᠤ ᠨᠢ ᠭᠠᠷᠴᠠᠭ᠎ᠠ ᠦᠭᠡᠢ᠂ ᠭᠡᠪᠡᠴᠤ     ︽ᠲᠡᠮᠡᠭᠡᠯᠢ︾ ᠪᠠ ︽ᠲᠡᠮᠡᠭᠡᠯᠡᠢ︾ ᠭᠡᠵᠤ ᠬᠤᠶᠠᠷ ᠶᠠᠩᠵᠤ ᠪᠠᠷ ᠪᠢᠴᠢᠳᠡᠭ ᠤᠨ ᠴᠤᠬᠤᠮ ᠠᠯᠢ ᠨᠢ ᠵᠦᠪ ᠪᠤᠢ ᠭᠡᠬᠦ ᠠᠰᠠᠭᠤᠯᠳᠠ ᠲᠤᠷᠠᠳᠤᠭᠳᠠᠨ᠎ᠠ᠃ᠮᠤᠩᠭᠤᠯ ᠬᠡᠯᠡ ᠪᠤᠯ ᠵᠠᠯᠭᠠᠮᠠᠯ ᠬᠡᠯᠡ ᠮᠦᠨ᠃ ᠦᠭᠡ ᠶᠢᠨ ᠢᠵᠠᠭᠤᠷ ᠦᠨᠳᠤᠰᠤᠨ ᠳᠤ ᠲᠠᠭᠠᠪᠤᠷᠢ ᠵᠠᠯᠭᠠᠬᠤ ᠠᠷᠭ᠎ᠠ  ᠪᠠᠷ ᠡᠭᠦᠰᠦᠮᠡᠯ ᠦᠭᠡ ᠪᠦᠳᠦᠭᠡᠳᠡᠭ᠃ ᠦᠭᠡ ᠶᠢᠨ ᠦᠨᠳᠤᠰᠤᠨ ᠳᠤ ᠲᠠᠭᠠᠪᠤᠷᠢ ᠵᠠᠯᠭᠠᠵᠤ ᠦᠭᠡ ᠪᠦᠳᠦᠭᠡᠬᠦ ᠨᠢ ᠦᠭᠡᠰ ᠤᠨ ᠰᠠᠩ ᠢ ᠪᠠᠶᠠᠯᠢᠭᠵᠢᠭᠤᠯᠳᠠᠭ᠃ ᠲᠤᠰ ᠭᠠᠵᠠᠷ ᠤᠨ ᠨᠡᠷ᠎ᠡ ᠶᠢ ︽ᠲᠡᠮᠡᠭᠡᠯᠢ︾ ᠭᠡᠵᠤ ᠪᠢᠴᠢᠪᠡᠯ᠂ ᠢᠵᠠᠭᠤᠷ ᠨᠢ ︽ᠲᠡᠮᠡᠭᠡ︾᠂ ᠨᠡᠷ᠎ᠡ ᠦᠭᠡ᠂ ᠲᠤᠤᠷ᠎ᠠ ᠨᠢ ᠰᠢᠭᠤᠳ ︽ᠯᠢ︾ ᠲᠠᠭᠠᠪᠤᠷᠢ ᠵᠠᠯᠭᠠᠵᠤ᠂ ︽ᠲᠡᠮᠡᠭᠡᠯᠢ︾ ᠪᠤᠯᠵᠠᠢ᠃ ᠮᠤᠩᠭᠤᠯ ᠬᠡᠯᠡᠨ ᠤ ᠵᠦᠢ ᠶᠢᠨ ᠦᠭᠡ ᠪᠦᠳᠦᠭᠡᠬᠦ ᠶᠤᠰᠤᠨ ᠳᠤ᠂ ᠨᠡᠷ᠎ᠡ ᠦᠭᠡ ᠶᠢᠨ ᠳᠤᠤᠷ᠎ᠠ ︽ᠯᠢ︾ ᠲᠠᠭᠠᠪᠤᠷᠢ ᠶᠢ ᠰᠢᠭᠤᠳ ᠵᠠᠯᠭᠠᠵᠤ᠂ ᠲᠦᠷᠦᠯ ᠰᠠᠳᠤᠨ ᠤ ᠬᠠᠷᠢᠴᠠᠭᠠᠨ ᠤ ᠤᠳᠬ᠎ᠠ ᠪᠦᠬᠦᠢ ᠨᠡᠷ᠎ᠡ ᠦᠭᠡ ᠡᠭᠦᠰᠭᠡᠨ᠎ᠡ ᠃ ᠵᠢᠱᠢᠶᠡᠯᠡᠪᠡᠯ᠂ ᠦᠶᠡᠯᠢ᠂ ᠬᠠᠶᠠᠯᠢ ᠭᠡᠬᠦ ᠮᠡᠳᠤ᠃ ᠬᠠᠷᠢᠨ ᠲᠤᠰ ᠦᠭᠡᠨ ᠳᠤ᠂ ︽ᠲᠡᠮᠡᠭᠡ︾ ᠭᠡᠬᠦ ᠨᠡᠷ᠎ᠡ ᠦᠭᠡ  ᠶᠢᠨ ᠳᠤᠤᠷ᠎ᠠ ︽ᠯᠢ︾ ᠲᠠᠭᠠᠪᠤᠷᠢ ᠵᠠᠯᠭᠠᠵᠤ᠂ ︽ᠲᠡᠮᠡᠭᠡᠯᠢ︾ ᠭᠡᠬᠦ ᠨᠡᠷ᠎ᠡ ᠦᠭᠡ ᠡᠭᠦᠰᠭᠡᠵᠡᠢ ᠭᠡᠵᠤ ᠦᠵᠡᠬᠦ ᠨᠢ ᠵᠤᠬᠢᠰ ᠦᠭᠡᠢ ᠰᠢᠭ᠃ ᠬᠠᠷᠢᠨ ᠨᠡᠷ᠎ᠡ ᠦᠭᠡ ᠠᠴᠠ ᠦᠢᠯᠡ ᠦᠭᠡ ᠡᠭᠦᠰᠴᠤ ᠪᠠᠶᠢᠨ᠎ᠠ᠃ ᠡᠶᠢᠨ ᠬᠦ ︽ᠲᠡᠮᠡᠭᠡᠯᠢ︾ ᠭᠡᠵᠤ ᠪᠢᠴᠢᠬᠦ ᠨᠢ ᠵᠤᠬᠢᠰ ᠦᠭᠡᠢ ᠪᠠᠶᠢᠬ᠎ᠠ᠃           ︽ᠲᠡᠮᠡᠭᠡᠯᠠᠢ︾ ᠭᠡᠵᠤ ᠪᠢᠴᠢᠪᠡᠯ᠂ ᠲᠡᠭᠦᠨ ᠤ ᠢᠵᠠᠭᠤᠷ  ᠨᠢ ︽ᠲᠡᠮᠡᠭᠡ︾᠂ ᠳᠤᠤᠷ᠎ᠠ ᠨᠢ ᠤᠷᠢᠳᠠᠪᠠᠷ ︽ᠯᠠ︾ ᠲᠠᠭᠠᠪᠤᠷᠢ ᠵᠠᠯᠭᠠᠵᠤ᠂ ︽ᠲᠡᠮᠡᠭᠡᠯᠡ︾ ᠭᠡᠬᠦ ᠦᠢᠯᠡ ᠦᠭᠡ ᠪᠤᠯᠭᠠᠨ᠎ᠠ᠃ ᠭᠠᠷᠤᠳᠢ ᠶᠢᠨ ᠡᠷᠬᠢᠯᠡᠨ ᠨᠠᠶᠢᠷᠠᠭᠤᠯᠤᠭᠰᠠᠨ᠄ ︽ᠤᠷᠴᠢᠨ ᠴᠠᠭ ᠤᠨ ᠮᠤᠩᠭᠤᠯ ᠬᠡᠯᠡ︾ ﹇8﹈  ᠂ ᠱ᠊ · ᠯᠤᠪᠰᠠᠩᠸᠠᠩᠳᠠᠨ ᠤ ᠪᠢᠴᠢᠭᠰᠡᠨ    ︽ᠤᠷᠴᠢᠨ ᠴᠠᠭ ᠤᠨ ᠮᠤᠩᠭᠤᠯ ᠬᠡᠯᠡ︾ ﹇9﹈ ᠳᠤ᠄ ︽ᠨᠡᠷ᠎ᠡ ᠦᠭᠡ ᠦᠨᠳᠤᠰᠤᠨ ᠠᠴᠠ ᠦᠢᠯᠡ ᠦᠭᠡ ᠡᠭᠦᠰᠭᠡᠭᠦ ᠲᠠᠭᠠᠪᠤᠷᠢ ᠨᠤᠭᠤᠳ︾ ᠭᠡᠬᠦ ᠭᠡᠰᠡᠭ ᠲᠤ ︽—  ᠯᠠ ~  ᠨᠠ  ︵—l~ — n︶᠄ ᠨᠡᠷ᠎ᠡ ᠦᠭᠡ ᠦᠨᠳᠤᠰᠤᠨ ᠳᠤ ᠵᠠᠯᠭᠠᠵᠤ ᠲᠤᠬᠠᠢ ᠶᠢᠨ ᠬᠡᠷᠡᠭ ᠶᠠᠭᠤᠮ᠎ᠠ ᠶᠢ ᠦᠢᠯᠡᠳᠬᠦ᠂ ᠬᠡᠷᠡᠭ ᠶᠠᠭᠤᠮ᠎ᠠ ᠪᠤᠢ ᠪᠤᠯᠬᠤ ᠦᠢᠯᠡ ᠬᠦᠳᠡᠯᠭᠡᠭᠡᠨ ᠢ ᠵᠢᠭᠠᠭᠰᠠᠨ ᠦᠢᠯᠡ ᠦᠭᠡ ᠡᠭᠦᠰᠭᠡᠨ᠎ᠡ︾ ᠭᠡᠬᠦ ᠬᠡᠯᠡᠨ ᠵᠦᠢ ᠶᠢᠨ ᠶᠤᠰᠤ ᠪᠠᠶᠢᠳᠠᠭ᠃ ᠲᠠᠷᠤᠢ ︽ᠲᠡᠮᠡᠭᠡ︾ ᠭᠡᠬᠦ ᠨᠡᠷ᠎ᠡ ᠦᠭᠡ ᠶᠢᠨ ᠳᠤᠤᠷ᠎ᠠ ︽ᠯᠠ︾ ᠲᠠᠭᠠᠪᠤᠷᠢ ᠵᠠᠯᠭᠠᠬᠤ ᠨᠢ ᠲᠤᠬᠠᠢ ᠶᠢᠨ ᠬᠡᠷᠡᠭ ᠶᠠᠭᠤᠮ᠎ᠠ ᠶᠢ ᠦᠢᠯᠡᠳᠬᠦ᠂ ᠦᠢᠯᠡ ᠬᠦᠳᠡᠯᠭᠡᠭᠡᠨ ᠢ ᠵᠢᠭᠠᠭᠰᠠᠨ ᠦᠢᠯᠡ ᠦᠭᠡ ᠡᠭᠦᠰᠴᠠᠢ ᠭᠡᠬᠦ  ᠨᠢ ᠮᠤᠩᠭᠤᠯ ᠬᠡᠯᠡᠨ ᠵᠦᠢ ᠶᠢᠨ ᠨᠡᠷ᠎ᠡ ᠦᠭᠡ ᠠᠴᠠ ᠦᠢᠯᠡ ᠦᠭᠡ ᠪᠦᠳᠦᠭᠡᠬᠦ ᠶᠤᠰᠤ ᠲᠠᠢ ᠨᠡᠶᠢᠴᠡᠵᠤ ᠪᠠᠶᠢᠨ᠎ᠠ᠃ ᠳᠤᠤᠷ᠎ᠠ ᠨᠢ ᠵᠠᠯᠭᠠᠭᠠᠳ ︽ ᠢ︾ ᠲᠠᠭᠠᠪᠤᠷᠢ ᠶᠢ ᠵᠠᠯᠭᠠᠪᠠᠯ᠂ ︽ᠲᠡᠮᠡᠭᠡᠯᠠᠢ︾ ᠪᠤᠯᠤᠨ᠎ᠡ᠃ ᠲᠠᠷᠤᠢ ︽ᠲᠡᠮᠡᠭᠡ + ᠯᠠ + ᠢ︾ ᠭᠡᠵᠤ ᠬᠤᠶᠠᠳᠠᠬᠢ ᠲᠠᠭᠠᠪᠤᠷᠢ ᠶᠢ ᠵᠠᠯᠭᠠᠵᠤ᠂ ᠲᠤᠬᠠᠢ ᠶᠢᠨ ᠦᠢᠯᠡ ᠶᠢ ᠦᠷᠭᠦᠯᠵᠢᠯᠡᠨ ᠦᠢᠯᠡᠳᠳᠡᠭ ᠭᠡᠬᠦ ᠰᠠᠨᠠᠭ᠎ᠠ ᠶᠢ ᠢᠯᠡᠳᠭᠡᠨ᠎ᠡ᠃ ᠭᠠᠷᠤᠳᠢ ᠶᠢᠨ ᠡᠷᠬᠢᠯᠡᠨ ᠨᠠᠶᠢᠷᠠᠭᠤᠯᠤᠭᠰᠠᠨ᠄ ︽ᠤᠷᠴᠢᠨ ᠴᠠᠭ ᠤᠨ ᠮᠤᠩᠭᠤᠯ ᠬᠡᠯᠡ︾ ﹇10﹈ ᠳᠤ᠄ ︽ᠦᠢᠯᠡ ᠦᠨᠳᠤᠰᠤᠨ ᠳᠤ ︿ ᠢ﹀ ᠲᠠᠭᠠᠪᠤᠷᠢ ᠶᠢ ᠵᠠᠯᠭᠠᠵᠤ᠂ ᠲᠤᠬᠠᠢ ᠶᠢᠨ ᠦᠢᠯᠡ ᠶᠢ ᠭᠦᠢᠴᠡᠳᠭᠡᠬᠦ ᠪᠤᠶᠤ ᠲᠡᠷᠡ ᠦᠢᠯᠡ ᠶᠢ ᠪᠠᠶᠢᠩᠭᠤ ᠤᠯᠠᠨᠳᠠ ᠦᠢᠯᠡᠳᠬᠦ᠂ ᠲᠦᠢᠯᠪᠤᠷᠢᠳᠠᠢ ᠪᠤᠯᠭᠠᠬᠤ ᠤᠳᠬ᠎ᠠ ᠪᠦᠬᠦᠢ ᠦᠭᠡ ᠡᠭᠦᠰᠭᠡᠨ᠎ᠡ︾ ᠭᠡᠬᠦ ᠦᠢᠯᠡ ᠦᠭᠡ ᠠᠴᠠ ᠦᠢᠯᠡ ᠦᠭᠡ ᠡᠭᠦᠰᠭᠡᠬᠦ ᠬᠡᠯᠡᠨ ᠵᠦᠢ ᠶᠢᠨ ᠶᠤᠰᠤ ᠪᠠᠶᠢᠳᠠᠭ᠃ ᠲᠠᠷᠤᠢ ︽ᠲᠡᠮᠡᠭᠡᠯᠡ︾ ᠭᠡᠬᠦ ᠦᠢᠯᠡ ᠦᠭᠡ ᠶᠢᠨ ᠲᠠᠷᠠᠭ᠎ᠠ ᠵᠠᠯᠭᠠᠭᠠᠳ ︽ ᠢ︾ ᠲᠠᠭᠠᠪᠤᠷᠢ ᠶᠢ ᠵᠠᠯᠭᠠᠭᠰᠠᠨ ᠤ ᠰᠡᠭᠦᠯᠡᠷ ︽ᠲᠡᠮᠡᠭᠡᠯᠠᠢ︾ ᠭᠡᠬᠦ ᠦᠢᠯᠡ ᠦᠭᠡ ᠡᠭᠦᠰᠴᠤ᠂ ᠲᠤᠬᠠᠢ ᠶᠢᠨ ᠲᠡᠮᠡᠭᠡ ᠬᠠᠷᠢᠭᠤᠯᠬᠤ ᠦᠢᠯᠡ ᠨᠢ ᠦᠷᠭᠦᠯᠵᠢᠯᠠᠨ ᠶᠠᠪᠤᠭᠳᠠᠳᠠᠭ ᠭᠡᠬᠦ ᠤᠳᠬ᠎ᠠ ᠲᠠᠢ ᠪᠤᠶᠤ ᠲᠡᠮᠡᠭᠡᠨ ᠤ ᠦᠷᠭᠦᠯᠵᠢ ᠤᠳᠤᠷᠯᠠᠳᠠᠭ ᠭᠠᠵᠠᠷ᠂ ᠪᠡᠯᠴᠢᠳᠡᠭ ᠭᠠᠵᠠᠷ ᠭᠡᠬᠦ ᠤᠳᠬ᠎ᠠ ᠲᠠᠢ ᠪᠤᠯᠤᠨ᠎ᠡ᠃ ᠲᠠᠷᠤᠢ ᠲᠤᠰ ᠭᠠᠵᠠᠷ ᠤᠨ ᠨᠡᠷ᠎ᠡ ᠪᠤᠯ ᠨᠡᠷ᠎ᠡ ᠦᠭᠡ ᠠᠴᠠ ᠦᠢᠯᠡ ᠦᠭᠡ᠂ ᠲᠠᠬᠢᠨ ᠦᠢᠯᠡ ᠦᠭᠡ ᠠᠴᠠ ᠦᠢᠯᠡ ᠦᠭᠡ ᠪᠦᠳᠦᠭᠰᠡᠨ ᠦᠢᠯᠡ ᠦᠭᠡ ᠪᠠᠷ ᠨᠡᠷᠡᠯᠡᠭᠰᠡᠨ ᠭᠠᠵᠠᠷ  ᠤᠨ ᠨᠡᠷ᠎ᠡ ᠮᠦᠨ᠃ ᠡᠭᠦᠨ ᠠᠴᠠ ᠮᠡᠳᠡᠬᠦ ᠨᠢ᠂ ᠲᠤᠰ ᠭᠠᠵᠠᠷ ᠤᠨ ᠨᠡᠷ᠎ᠡ ᠶᠢ ︽ᠲᠡᠮᠡᠭᠡᠯᠠᠢ︾ ᠭᠡᠵᠤ ᠪᠢᠴᠢᠬᠦ ᠨᠢ ᠵᠦᠪ ᠪᠤᠯᠤᠨ᠎ᠡ᠃ᠤᠷᠳᠤᠰ ᠨᠤᠳᠤᠭ ᠲᠤ᠂ ᠡᠶᠢᠮᠤᠷᠬᠦᠦ ᠭᠠᠵᠠᠷ ᠤᠨ ᠨᠡᠷ᠎ᠡ ᠪᠠᠰᠠ ᠪᠤᠢ᠃ ᠵᠢᠱᠢᠶᠡᠯᠡᠪᠡᠯ᠂ ᠡᠩᠬᠡᠯᠠᠢ᠂ ᠲᠠᠮᠠᠭᠠᠯᠠᠢ᠂ ᠢᠮᠠᠭᠠᠯᠠᠢ ᠭᠡᠬᠦ ᠮᠡᠳᠤ᠃ ᠡᠩᠭᠡᠯᠠᠢ ᠪᠤᠯ ︽ᠡᠩᠭᠡ︾ ᠭᠡᠬᠦ ᠦᠭᠡ ᠶᠢᠨ ᠢᠵᠠᠭᠤᠷ ᠲᠤ  ᠤᠷᠢᠳ ᠢᠶᠠᠷ  ︽ᠯᠠ︾  ᠶᠢ ᠵᠠᠯᠭᠠᠵᠤ᠂ ᠡᠩᠬᠡ ᠠᠮᠤᠷ ᠭᠡᠰᠡᠨ ᠤᠳᠬ᠎ᠠ ᠲᠠᠢ ᠦᠢᠯᠡ ᠦᠭᠡ ᠪᠦᠳᠦᠭᠡᠵᠡᠢ᠃ ᠲᠠᠬᠢᠨ ︽ ᠢ︾ ᠲᠠᠭᠠᠪᠤᠷᠢ ᠶᠢ ᠵᠠᠯᠭᠠᠵᠤ᠂ ᠲᠤᠬᠠᠢ ᠶᠢᠨ ᠡᠩᠬᠡ ᠠᠮᠤᠷ ᠪᠤᠯᠤᠭᠰᠠᠨ ᠪᠠᠶᠢᠳᠠᠯ ᠨᠢ ᠦᠷᠭᠦᠯᠵᠢᠯᠡᠨ ᠤᠤᠯ ᠭᠡᠪ ᠢᠶᠠᠷ ᠢᠶᠠᠨ ᠡᠩᠬᠡ ᠠᠮᠤᠭᠤᠯᠠᠩ ᠪᠠᠶᠢᠭᠠᠰᠠᠢ ᠭᠡᠰᠡᠨ ᠤᠳᠬ᠎ᠠ ᠲᠠᠢ ᠪᠡᠯᠭᠡᠰᠢᠶᠡᠭᠰᠡᠨ ᠦᠭᠡ ᠪᠤᠯᠵᠠᠢ᠃ ᠲᠠᠮᠠᠭᠠᠯᠠᠢ ᠪᠤᠯ ︽ᠲᠠᠮᠠᠭ᠎ᠠ︾ ᠭᠡᠬᠦ ᠦᠭᠡ ᠶᠢᠨ ᠢᠵᠠᠭᠤᠷ ᠲᠤ ︽ᠯᠠ + ᠢ︾ ᠲᠠᠭᠠᠪᠤᠷᠢ ᠶᠢ ᠵᠠᠯᠭᠠᠵᠤ᠂ ᠲᠠᠮᠠᠭᠠᠯᠠᠢ ᠪᠤᠯᠭᠠᠵᠠᠢ᠃ ᠲᠡᠷᠡ ᠨᠢ ᠲᠤᠬᠠᠢ ᠶᠢᠨ ᠲᠠᠮᠠᠭᠠᠯᠠᠬᠤ ᠦᠢᠯᠡ ᠠᠵᠢᠯᠯᠠᠭ᠎ᠠ ᠨᠢ ᠦᠷᠭᠦᠯᠵᠢᠯᠠᠨ ᠶᠠᠪᠤᠭᠳᠠᠵᠤ ᠪᠠᠶᠢᠭ᠎ᠠ ᠶᠢ ᠢᠯᠡᠳᠭᠡᠨ᠎ᠡ᠃ ᠢᠮᠠᠭᠠᠯᠠᠢ ᠪᠤᠯ ︽ᠢᠮᠠᠭ᠎ᠠ︾ ᠭᠡᠬᠦ ᠦᠭᠡ ᠶᠢᠨ ᠢᠵᠠᠭᠤᠷ ᠲᠤ ︽ᠯᠠ + ᠢ︾ ᠲᠠᠭᠠᠪᠤᠷᠢ ᠶᠢ ᠵᠠᠯᠭᠠᠵᠤ᠂ ᠤᠷᠢᠳᠠᠪᠠᠷ ᠢᠮᠠᠭᠠᠯᠠ ᠪᠤᠯᠤᠨ᠎ᠡ᠃ ᠲᠡᠷᠡ ᠨᠢ ᠢᠮᠠᠭ᠎ᠠ ᠪᠠᠨ ᠬᠠᠷᠢᠭᠤᠯᠠ ᠭᠡᠰᠡᠨ ᠤᠳᠬ᠎ᠠ ᠲᠠᠢ ᠦᠢᠯᠡ ᠦᠭᠡ ᠡᠭᠦᠰᠦᠨ᠎ᠡ᠃ ᠲᠠᠬᠢᠨ ︽ ᠢ︾ ᠲᠠᠭᠠᠪᠤᠷᠢ ᠶᠢ ᠵᠠᠯᠭᠠᠵᠤ᠂ ᠲᠤᠬᠠᠢ ᠶᠢᠨ ᠢᠮᠠᠭ᠎ᠠ ᠬᠠᠷᠢᠭᠤᠯᠬᠤ ᠦᠢᠯᠡ ᠪᠠᠨ ᠦᠷᠭᠦᠯᠵᠢᠯᠡᠨ ᠦᠢᠯᠡᠳᠳᠡᠭ ᠭᠡᠰᠡᠨ ᠤᠳᠬ᠎ᠠ ᠲᠠᠢ᠂ ᠪᠠᠰᠠ ᠦᠷᠭᠦᠯᠵᠢᠯᠡᠨ ᠢᠮᠠᠭ᠎ᠠ ᠬᠠᠷᠢᠭᠤᠯᠳᠠᠭ ᠭᠠᠵᠠᠷ ᠭᠡᠰᠡᠨ ᠤᠳᠬ᠎ᠠ ᠶᠢ ᠵᠢᠭᠠᠳᠠᠭ ᠭᠠᠵᠠᠷ ᠤᠨ ᠨᠡᠷ᠎ᠡ ᠪᠤᠯᠤᠭᠰᠠᠨ ᠪᠠᠶᠢᠨ᠎ᠠ᠃ᠲᠡᠭᠡᠷᠡᠬᠢ ᠨᠤᠳᠠᠯᠠᠯᠳᠠ ᠶᠢ ᠦᠨᠳᠤᠰᠤᠯᠠᠪᠠᠯ᠂ ᠲᠤᠰ ᠭᠠᠵᠠᠷ ᠤᠨ ᠨᠡᠷ᠎ᠡ ᠪᠤᠯ ᠲᠡᠮᠡᠭᠡ ᠶᠢᠨ ᠦᠷᠭᠦᠯᠵᠢ ᠪᠡᠯᠴᠢᠳᠡᠭ᠂ ᠤᠳᠤᠷᠯᠠᠳᠠᠭ ᠤᠨᠴᠠᠯᠢᠭ  ᠢᠶᠠᠷ ᠨᠢ ᠨᠡᠷᠡᠯᠡᠭᠰᠡᠨ ᠦᠢᠯᠡ ᠦᠭᠡ ᠶᠢᠨ ᠭᠠᠵᠠᠷ ᠤᠨ ᠨᠡᠷ᠎ᠡ ᠪᠤᠯᠤᠨ᠎ᠡ᠃ ᠮᠤᠩᠭᠤᠯ ᠢᠶᠠᠷ ︽ᠲᠡᠮᠡᠭᠡᠯᠠᠢ︾ ᠭᠡᠵᠤ ᠪᠢᠴᠢᠵᠤ᠂ ᠬᠢᠳᠡᠳ ᠪᠢᠴᠢᠯᠭᠡ ᠶᠢ ᠨᠢ ︽ᠮᠤᠩᠭᠤᠯ ᠭᠠᠵᠠᠷ ᠤᠨ ᠨᠡᠷ᠎ᠡ ᠶᠢ ᠠᠪᠢᠶᠠᠴᠢᠯᠠᠬᠤ ᠲᠦᠷᠢᠮ︾ ﹇11﹈ ᠢ ᠵᠢᠷᠤᠮᠯᠠᠨ᠂ ︽ᠲᠡᠮᠡᠭᠡᠯᠠᠢ︾ ︵Temeelei  ︶ ᠶᠢᠨ            ︽Temee︾ ᠶᠢ ︽特默︾ ᠦᠰᠦᠭ ᠢᠶᠠᠷ ᠲᠡᠮᠳᠡᠭᠯᠡᠨ᠂ ︽lei︾ ᠶᠢ ︽来︾ ᠦᠰᠦᠭ ᠢᠶᠠᠷ ᠲᠡᠮᠳᠡᠭᠯᠡᠵᠤ ᠪᠤᠢ᠃ ᠡᠶᠢᠮᠤ ᠠᠴᠠ ᠬᠢᠳᠡᠳ ᠨᠡᠷ᠎ᠡ ᠶᠢᠨ ᠪᠢᠴᠢᠯᠭᠡ ᠶᠢ ︽特默来︾ ᠭᠡᠵᠤ ᠨᠢᠭᠡᠳᠭᠡᠬᠦ ᠶᠢ ᠰᠠᠨᠠᠭᠤᠯᠤᠶ᠎ᠠ︕ ᠵᠡᠭᠦᠯᠳᠡ ﹇1﹈  ᠦ᠋ ᠴᠢ ᠸᠧᠨ ᠭᠤᠤᠯᠯᠠᠨ ᠨᠠᠶᠢᠷᠠᠭᠤᠯᠤᠭᠰᠠᠨ · ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠤᠯᠤᠰ ᠤᠨ ᠭᠠᠵᠠᠷ ᠰᠢᠷᠤᠢ ᠡᠬᠢ ᠪᠠᠶᠠᠯᠢᠭ ᠤᠨ ᠲᠢᠩᠭᠢᠮ᠂ ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ  ᠤ ᠬᠡᠮᠵᠢᠨ ᠵᠢᠷᠤᠭᠯᠠᠬᠤ ᠠᠵᠢᠯ ᠦᠢᠯᠡᠰ ᠤᠨ ᠲᠤᠪᠴᠢᠶ᠎ᠡ ᠬᠠᠮᠳᠤᠷᠠᠨ ᠨᠠᠶᠢᠷᠠᠭᠤᠯᠤᠨ ᠵᠤᠬᠢᠶᠠᠵᠤ · ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠠᠵᠠᠷ ᠤᠨ ᠵᠢᠷᠤᠭ ᠵᠤᠬᠢᠶᠠᠨ ᠬᠡᠪᠯᠡᠬᠦ ᠬᠦᠷᠢᠶᠡᠯᠡᠩ ᠦᠢᠯᠡᠳᠤᠨ  ᠵᠤᠬᠢᠶᠠᠪᠠ · ᠦᠪᠤᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠭᠠᠵᠠᠷ ᠤᠨ ᠵᠢᠷᠤᠭ ᠤᠨ ᠡᠮᠬᠢᠳᠭᠡᠯ ︵ᠮᠤᠩᠭᠤᠯ᠂ ᠲᠤᠳᠤᠭᠠᠳᠤ   ᠳᠤ ᠪᠠᠨ ᠬᠡᠷᠡᠭᠯᠡᠬᠦ ᠵᠢᠷᠤᠭ︶ · ᠳᠤᠮᠳᠠᠳᠤ ᠤᠯᠤᠰ ᠤᠨ ᠭᠠᠵᠠᠷ ᠤᠨ ᠵᠢᠷᠤᠭ ᠤᠨ ᠬᠡᠪᠯᠡᠯ ᠤᠨ ᠬᠤᠷᠢᠶ᠎ᠠ  ᠂ 2007 ᠤᠨ᠃ ﹇2﹈美岱召镇地图,网址为: https://map.bmcx.com/meidaizhaozhen__map/ ﹇3﹈ 内蒙古自治区地名委员会编:《内蒙古自治区地名志•伊克昭盟分册 》,内蒙古人民出版社,1986年,第430页。 ﹇4﹈ ᠦᠪᠤᠷ ᠮᠤᠩᠭᠤᠯ ᠤᠨ ᠶᠡᠭᠡ ᠵᠤᠤ ᠠᠶᠢᠮᠠᠭ ᠤᠨ ᠭᠠᠵᠠᠷ ᠤᠨ ᠨᠡᠷ᠎ᠡ ᠶᠢᠨ ᠵᠦᠪᠯᠡᠯ ᠨᠠᠶᠢᠷᠠᠭᠤᠯᠤᠭᠰᠠᠨ᠂ ︽ᠶᠡᠭᠡ ᠵᠤᠤ ᠠᠶᠢᠮᠠᠭ ᠤᠨ ᠭᠠᠵᠠᠷ ᠤᠨ ᠨᠡᠷ᠎ᠡ ᠶᠢᠨ ᠲᠡᠭᠦᠪᠤᠷᠢ︾᠂ ᠦᠪᠤᠷ ᠮᠤᠩᠭᠤᠯ ᠤᠨ ᠶᠡᠭᠡ ᠵᠤᠤ ᠠᠶᠢᠮᠠᠭ ᠤᠨ ᠭᠠᠵᠠᠷ ᠤᠨ ᠨᠡᠷ᠎ᠡ ᠶᠢᠨ ᠵᠦᠪᠯᠡᠯ᠂ 1986 ᠤᠨ  ᠂ 162 ᠨᠢᠭᠤᠷ᠃ ﹇5﹈ 《汉蒙对照内蒙古地名词典》编委会:《 汉蒙对照内蒙古地名词典》,内蒙古人民出版社,2000年,第426页。 ﹇6﹈ 达林太主编:乌兰察布市民族事务委员会、乌兰察布市档案馆、乌兰察布市民政局编辑整理:《 蒙古语地名的汉语译音》,内蒙古出版集团 内蒙古人民出版社,2015 年,第677 页。 ﹇7﹈ ᠲᠤᠳᠤ᠂ ᠪᠠᠶᠠᠭᠤᠳ · ᠡᠷᠳᠡᠨᠢ ᠶᠢᠨ ᠡᠮᠬᠢᠳᠭᠡᠨ ᠨᠠᠶᠢᠷᠠᠭᠤᠯᠤᠭᠰᠠᠨ᠄ ︽ᠬᠠᠩᠭᠢᠨ ᠬᠤᠰᠢᠭᠤᠨ ᠤ ᠨᠤᠳᠤᠭ ᠤᠰᠤᠨ ᠤ ᠭᠠᠵᠠᠷ ᠤᠨ ᠨᠡᠷ᠎ᠡ ᠶᠢᠨ ᠢᠷᠡᠯᠳᠡ ᠪᠠ ᠳᠤᠮᠤᠭ︾᠂ ᠦᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 2009 ᠤᠨ᠂ 376 ᠳ᠋ᠤᠭᠠᠷ ᠨᠢᠭᠤᠷ᠃ ﹇8﹈ ﹇10﹈  ᠭᠠᠷᠤᠳᠢ ᠶᠢᠨ ᠡᠷᠬᠢᠯᠡᠨ ᠨᠠᠶᠢᠷᠠᠭᠤᠯᠤᠭᠰᠠᠨ᠄ ︽ᠤᠷᠴᠢᠨ ᠴᠠᠭ ᠤᠨ ᠮᠤᠩᠭᠤᠯ ᠬᠡᠯᠡ︾᠂ ᠦᠪᠤᠷ ᠮᠤᠩᠭᠤᠯ ᠤᠨ ᠰᠤᠷᠭᠠᠨ ᠬᠦᠮᠦᠵᠢᠯ ᠤᠨ ᠬᠡᠪᠯᠡᠯ ᠤᠨ ᠬᠤᠷᠢᠶ᠎ᠠ᠂ 2001 ᠤᠨ᠂ 480᠂ 484 ᠳ᠋ᠤᠭᠠᠷ ᠨᠢᠭᠤᠷ᠃ ﹇9﹈ ﹇ᠮᠤᠩᠭᠤᠯ﹈  ᠱ᠊ · ᠯᠤᠪᠰᠠᠩᠸᠠᠩᠳᠠᠨ ᠤ ᠪᠢᠴᠢᠭᠰᠡᠨ᠄ ︽ᠤᠷᠴᠢᠨ ᠴᠠᠭ ᠤᠨ ᠮᠤᠩᠭᠤᠯ ᠬᠡᠯᠡ︾᠂ ᠦᠪᠤᠷ ᠮᠤᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂ 1982 ᠤᠨ᠂ 265 ᠳ᠋ᠤᠭᠠᠷ ᠨᠢᠭᠤᠷ᠃ ﹇11﹈ 国家测绘局,总参谋部测绘局制定:《 蒙古语地名译音规则》,测绘出版社,1986年,第3、35页。                               ᠵᠤᠬᠢᠶᠠᠭᠴᠢ ᠶᠢᠨ ᠬᠠᠶ᠋ᠢᠭ᠄ ᠦᠪᠤᠷ ᠮᠤᠩᠭᠤᠯ ᠤᠨ ᠪᠠᠭᠰᠢ ᠶᠢᠨ ᠶᠡᠭᠡ ᠰᠤᠷᠭᠠᠭᠤᠯᠢ ᠶᠢᠨ                                                       ᠮᠤᠩᠭᠤᠯ ᠰᠤᠳᠤᠯᠤᠯ ᠤᠨ ᠲᠡᠭᠡᠳᠤ ᠰᠤᠷᠭᠠᠭᠤᠯᠢ
 
ᠢᠷᠡᠯᠲᠡ᠄ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号