ᠭᠠᠵᠠᠷ ᠤᠨ ᠨᠡᠷ᠎ᠡ ᠶᠢᠨ ᠨᠣᠲᠠᠯᠠᠯᠲᠠ᠄    ᠵᠢᠭᠠᠰᠤᠲᠠᠢ ᠨᠠᠭᠤᠷ
ᠨᠡᠶᠢᠲᠡᠯᠡᠭᠰᠡᠨ ᠴᠠᠭ᠄
2021/9/23
  ᠭᠠᠵᠠᠷ ᠤᠨ ᠨᠡᠷ᠎ᠡ ᠶᠢᠨ ᠨᠣᠲᠠᠯᠠᠯᠲᠠ᠄    ᠵᠢᠭᠠᠰᠤᠲᠠᠢ ᠨᠠᠭᠤᠷ            ᠮᠢᠨᠨ᠎ᠠ     ᠨᠤᠳᠤᠭᠤᠴᠢᠨ ᠲᠡᠭᠦᠰᠪᠠᠶᠠᠷ    ᠵᠣᠬᠢᠶᠠᠪᠠᠰᠢᠯᠢ ᠶᠢᠨ ᠭᠤᠣᠯ ᠠᠶᠢᠮᠠᠭ ᠤᠨ ᠰᠢᠯᠤᠭᠤᠨ ᠬᠦᠬᠡ ᠬᠤᠰᠢᠭᠤᠨ ᠳᠤ ᠠᠳᠠᠯᠢ ᠨᠡᠷᠡᠲᠠᠢ  ︽ᠵᠢᠭᠠᠰᠤᠲᠠᠢ︾  ᠭᠡᠭᠴᠢ ᠬᠤᠶᠠᠷ ᠨᠠᠭᠤᠷ ᠪᠠᠶᠢᠳᠠᠭ᠃ ᠮᠠᠨᠵᠤ ᠴᠢᠩ ᠤᠯᠤᠰ ᠤᠨ ᠦᠶ᠎ᠡ  ᠡᠴᠠ‌ᠡᠨᠡ ᠬᠤᠶᠠᠷ ᠨᠠᠭᠤᠷ ᠢ ᠢᠯᠭᠠᠬᠤ ᠶᠢᠨ ᠲᠤᠯᠠᠲᠠ ᠭᠠᠵᠠᠷ ᠵᠦᠢ ᠶᠢᠨ ᠪᠠᠶᠢᠷᠢᠰᠢᠯ ᠢᠶᠠᠷ ᠨᠢ ᠲᠡᠭᠡᠳᠦ ᠲᠤᠤᠷᠠᠳᠤ ᠵᠢᠭᠠᠰᠤᠲᠠᠢ ᠬᠡᠮᠡᠨ ᠢᠯᠭᠠᠪᠤᠷᠢᠯᠠᠨ ᠳᠠᠭᠤᠳᠠᠬᠰᠠᠭᠠᠷ ᠢᠷᠡᠵᠡᠢ᠃  ᠲᠡᠷᠡ ᠨᠢ ᠮᠣᠩᠭᠤᠯᠴᠤᠳ ᠤᠨ ᠭᠠᠵᠠᠷ ᠵᠦᠢ ᠶᠢᠨ ᠪᠠᠶᠢᠷᠢᠰᠢᠯ ᠢᠶᠠᠷ ᠬᠤᠶᠢᠳᠤ ᠵᠦᠭ  ᠲᠤ ᠤᠷᠤᠰᠢᠬᠤ ᠭᠠᠵᠠᠷ ᠢ ᠳᠡᠭᠡᠳᠦ ᠬᠡᠮᠡᠵᠦ᠂ ᠡᠮᠦᠨ᠎ᠡ ᠵᠦᠭ ᠲᠤ ᠤᠷᠤᠰᠢᠬᠤ ᠭᠠᠵᠠᠷ ᠢ ᠲᠤᠤᠷᠠᠳᠤ ᠬᠡᠮᠡᠳᠡᠭ  ᠵᠠᠩ ᠳᠠᠳᠬᠠᠯ ᠠᠴᠠ ᠢᠷᠡᠯᠳᠡᠢ  ᠶᠤᠮ᠃ ᠲᠡᠭᠡᠳᠦ ᠵᠢᠭᠠᠰᠤᠲᠠᠢ ᠨᠢ ᠦᠨᠦ ᠵᠢᠨ‌‍ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠦᠬᠡ ᠬᠤᠰᠢᠭᠤᠨ ᠤ ᠵᠢᠭᠠᠰᠤᠲᠠᠢ ᠰᠤᠮᠤᠨ ᠤ ᠰᠤᠮᠤᠨ ᠲᠦᠪ ᠪᠠᠶᠢᠷᠢᠯᠠᠬᠤ ᠭᠠᠵᠠᠷ ᠲᠠᠷᠤᠢ ᠵᠡᠭᠦᠨ ᠤᠷᠲᠤᠷᠢᠭ ᠤᠨ 42 ° 56 ′᠂ ᠤᠮᠠᠷᠠᠳᠤ ᠦᠷᠭᠡᠷᠢᠭ ᠤᠨ115° 26′ ᠳᠤ ᠪᠤᠢ᠃ ᠲᠤᠤᠷᠠᠳᠤ ᠵᠢᠭᠠᠰᠤᠲᠠᠢ ᠨᠢ ᠦᠨᠦ ᠶᠢᠨ ᠰᠢᠯᠤᠭᠤᠨ ᠬᠦᠬᠡ ᠬᠤᠰᠢᠭᠤᠨ ᠤ ᠰᠠᠩ ᠤᠨ ᠳᠠᠯᠠᠢ ᠪᠠᠯᠭᠠᠰᠤᠨ‌‍ᠤ  ᠲᠠᠪᠤᠨ  ᠣᠳᠣ ᠭᠠᠴᠠᠭᠠᠨ ᠤ ᠵᠤᠰᠠᠯᠠᠩ ᠤᠨ ᠭᠠᠵᠠᠷ ᠲᠠᠷᠤᠢ ᠵᠡᠭᠦᠨ ᠤᠷᠲᠤᠷᠢᠭ ᠤᠨ 42 ° 61′᠂ ᠤᠮᠠᠷᠠᠳᠤ ᠦᠷᠭᠡᠷᠢᠭ ᠤᠨ116° 25′ ᠳᠤ  ᠪᠠᠶᠢᠷᠢᠰᠢᠵᠦ   ᠪᠠᠶᠢᠳᠠᠭ᠃ ᠲᠤᠰ ᠬᠤᠶᠠᠷ ᠠᠳᠠᠯᠢᠬᠠᠨ ᠨᠡᠷᠡᠲᠡᠢ ᠨᠠᠭᠤᠷ ᠨᠢ ᠠᠯᠢ ᠡᠷᠲᠡᠨ ᠠᠴᠠ ᠨᠤᠲᠤᠭ ᠤᠨ ᠬᠦᠮᠦᠨ ᠮᠠᠯ ᠢ ᠤᠮᠳᠠᠯᠠᠨ ᠴᠡᠩᠬᠡᠷᠯᠡᠵᠦ᠂ ᠲᠤᠮᠤᠭ ᠲᠡᠦᠬᠡ ᠶᠢ ᠬᠠᠳᠠᠭᠠᠯᠠᠬᠰᠠᠭᠠᠷ ᠢᠷᠡᠭᠰᠡᠨ ᠪᠢᠯᠡ ᠃ᠨᠢᠭᠡ᠂  ᠲᠡᠭᠡᠳᠦ ᠵᠢᠭᠠᠰᠤᠳᠠᠢ ᠨᠠᠭᠤᠷ ᠭᠡᠳᠡᠭ ᠤᠨ ᠲᠤᠬᠠᠢᠲᠡᠭᠡᠳᠦ ᠵᠢᠭᠠᠰᠤᠲᠠᠢ ᠨᠠᠭᠤᠷ ᠢ ᠶᠡᠷᠦᠳᠡᠭᠡᠨ ᠵᠢᠭᠠᠰᠤᠲᠠᠢ ᠨᠠᠭᠤᠷ ᠬᠡᠮᠡᠨ ᠪᠢᠴᠢᠵᠦ ᠲᠡᠮᠳᠡᠭᠯᠡᠭᠰᠡᠭᠡᠷ ᠢᠷᠡᠵᠡᠢ᠃ ᠬᠠᠷᠢᠨ ᠲᠤᠤᠷᠠᠳᠤ ᠵᠢᠭᠠᠰᠤᠲᠠᠢ ᠠᠴᠠ ᠢᠯᠭᠠᠬᠤ ᠶᠢᠨ ᠲᠤᠯᠠᠳᠠ ᠵᠠᠷᠢᠮ ᠳᠠᠭᠠᠨ ᠲᠡᠭᠡᠳᠦ ᠵᠢᠭᠠᠰᠤᠲᠠᠢ ᠭᠡᠵᠦ ᠲᠡᠮᠳᠡᠭᠯᠡᠳᠡᠭ᠃ ᠲᠡᠭᠡᠳᠦ ᠵᠢᠭᠠᠰᠤᠲᠠᠢ ᠨᠠᠭᠤᠷ ᠨᠢ ᠰᠢᠯᠤᠭᠤᠨ ᠬᠦᠬᠡ ᠬᠤᠰᠢᠭᠤ ᠲᠥᠪᠯᠡᠨ ᠨᠤᠲᠤᠬᠯᠠᠵᠤ ᠪᠠᠶᠢᠬᠰᠠᠨ ᠭᠠᠵᠠᠷ ᠪᠠᠶᠢᠵᠠᠢ᠃ ︽ᠲᠠᠶᠢᠴᠢᠩ ᠤᠯᠤᠰ ᠤᠨ ᠨᠢᠭᠡᠨ ᠢᠶᠠᠷ ᠨᠡᠶᠢᠰᠯᠡᠭᠰᠡᠨ ᠤᠶᠢᠯᠠᠯᠭ᠎ᠠ︾ ᠳᠤ᠄ ︽ᠰᠢᠯᠤᠭᠤᠨ ᠬᠦᠬᠡ ᠶᠢᠨ ᠴᠠᠬᠠᠷ ᠤᠨ ᠨᠤᠲᠤᠬᠯᠠᠬᠤ ᠵᠢᠭᠠᠰᠤᠲᠠᠢ ᠨᠠᠭᠤᠷ(扎哈蘇台泊) ᠠᠨᠤ ᠥᠷᠦᠭᠡᠰᠦᠨ ᠴᠢᠯᠠᠭᠤᠳᠤ ᠬᠠᠭᠠᠯᠭ᠎ᠠ ᠠᠴᠠ ᠵᠡᠭᠦᠨ ᠬᠤᠶᠢᠰᠢ ᠭᠤᠷᠪᠠᠨ ᠵᠠᠭᠤ ᠵᠢᠷᠠᠨ ᠭᠠᠵᠠᠷ ᠤᠨ ᠦᠵᠦᠭᠦᠷ ᠲᠤᠷ ᠠᠮᠤᠢ᠃ ᠵᠡᠭᠦᠨᠰᠢ ᠪᠠᠷᠠᠭᠤᠨᠰᠢ ᠬᠤᠶᠠᠷ ᠵᠠᠭᠤᠨ ᠵᠢᠷᠠᠨ ᠲᠠᠪᠤᠨ ᠭᠠᠵᠠᠷ᠂ ᠡᠮᠦᠨᠡᠰᠢ ᠤᠮᠠᠷᠠᠰᠢ ᠶᠡᠷᠡᠨ ᠲᠠᠪᠤᠨ ᠭᠠᠵᠠᠷ᠂ ᠵᠡᠭᠦᠨᠰᠢ ᠬᠡᠰᠢᠭᠳᠡᠨ ᠤ ᠵᠠᠭᠠᠭ ᠵᠠᠭᠤ ᠶᠡᠷᠡᠨ ᠭᠠᠵᠠᠷ᠂ ᠪᠠᠷᠠᠭᠤᠨᠰᠢ ᠬᠦᠪᠡᠭᠡᠳᠦ ᠴᠠᠭᠠᠨ ᠤ ᠴᠠᠬᠠᠷ ᠤᠨ ᠵᠠᠭᠠᠭ ᠲᠠᠯᠠᠨ ᠲᠠᠪᠤᠨ ᠭᠠᠵᠠᠷ᠂ ᠡᠮᠦᠨᠡᠰᠢ ᠬᠠᠭᠠᠨ ᠤ ᠠᠳᠤᠭᠤᠨ ᠰᠦᠷᠦᠭ ᠠᠯᠪᠠᠨ ᠤ ᠬᠤᠨᠢᠨ ᠰᠦᠷᠦᠭ ᠤᠨ ᠵᠠᠭᠠᠭ ᠲᠤᠯᠲᠠᠯ᠎ᠠ ᠭᠤᠴᠢᠨ ᠲᠠᠪᠤᠨ ᠭᠠᠵᠠᠷ᠂ ᠤᠮᠠᠷᠠᠰᠢ ᠠᠪᠠᠭ᠎ᠠ ᠵᠡᠭᠦᠨ ᠭᠠᠷ ᠤᠨ ᠵᠠᠭᠠᠭ ᠬᠦᠷᠲᠡᠯ᠎ᠡ ᠵᠢᠷᠠᠨ ᠭᠠᠵᠠᠷ᠂ ᠵᠡᠭᠦᠨ ᠡᠮᠦᠨᠡᠰᠢ ᠬᠠᠭᠠᠨ ᠤ ᠠᠳᠤᠭᠤᠨ ᠰᠦᠷᠦᠭ ᠤᠨ ᠵᠠᠭᠠᠭ ᠲᠦᠴᠢᠨ ᠭᠠᠵᠠᠷ᠂ ᠪᠠᠷᠠᠭᠤᠨ ᠡᠮᠦᠨᠡᠰᠢ ᠬᠦᠪᠡᠭᠡᠳᠦ ᠴᠠᠭᠠᠨ ᠤ ᠴᠠᠬᠠᠷ ᠤᠨ ᠵᠠᠭᠠᠭ ᠲᠠᠪᠢᠨ ᠭᠠᠵᠠᠷ᠂ ᠵᠡᠭᠦᠨ ᠬᠤᠶᠢᠰᠢ ᠠᠪᠠᠭ᠎ᠠ ᠵᠡᠭᠦᠨ ᠭᠠᠷ ᠤᠨ ᠵᠠᠭᠠᠭ ᠵᠠᠭᠤ ᠪᠦᠭᠡᠳ ᠬᠤᠶᠠᠷ ᠭᠠᠵᠠᠷ᠂ ᠪᠠᠷᠠᠭᠤᠨ ᠬᠤᠶᠢᠰᠢ ᠠᠪᠠᠭ᠎ᠠ ᠪᠠᠷᠠᠭᠤᠨ ᠭᠠᠷ ᠤᠨ ᠵᠠᠭᠠᠭ ᠲᠠᠪᠢᠨ ᠲᠠᠪᠤᠨ ᠭᠠᠵᠠᠷ᠂ ᠥᠷᠦᠭᠡᠰᠦᠨ ᠴᠢᠯᠠᠭᠤᠲᠤ ᠬᠠᠭᠠᠯᠭ᠎ᠠ ᠶᠢ ᠲᠠᠮᠵᠢᠵᠦ ᠨᠡᠶᠢᠰᠯᠡᠯ ᠬᠦᠷᠬᠦ ᠵᠠᠢ ᠨᠢ ᠨᠠᠢᠮᠠᠨ ᠵᠠᠭᠤ ᠶᠡᠷᠡᠨ ᠭᠠᠵᠠᠷ︾[1] ᠬᠡᠮᠡᠨ ᠲᠡᠮᠳᠡᠭᠯᠡᠵᠦ᠂ ︽ᠪᠤᠭᠤᠮᠲᠠ ᠶᠢᠨ ᠭᠠᠳᠠᠨᠠᠬᠢ ᠭᠤᠷᠪᠠᠨ ᠲᠠᠩᠬᠢᠮ ᠤᠨ ᠤᠶᠢᠯᠠᠯᠭ᠎ᠠ︾ ᠳᠤ᠄ ︽ᠰᠢᠯᠤᠭᠤᠨ ᠬᠦᠬᠡ ᠬᠤᠰᠢᠭᠤ ᠨᠢ ᠦᠷᠦᠭᠡᠰᠦᠨ ᠴᠢᠯᠠᠭᠤᠳᠤ ᠬᠠᠭᠠᠯᠭ᠎ᠠ ᠠᠴᠠ ᠵᠡᠭᠦᠨ ᠬᠤᠶᠢᠰᠢ ᠭᠤᠷᠪᠠᠨ ᠵᠠᠭᠤ ᠵᠢᠷᠠᠨ ᠭᠠᠵᠠᠷ ᠲᠤ ᠠᠮᠤᠢ᠂ ᠨᠡᠶᠢᠲᠡ ᠶᠢᠨ ᠳᠠᠷᠤᠭ᠎ᠠ ᠨᠢ ᠵᠢᠭᠠᠰᠤᠲᠠᠢ ᠨᠠᠭᠤᠷ ᠲᠤ ᠰᠠᠭᠤᠮᠤᠢ᠃ ︵ᠬᠠᠮᠳᠤ ᠮᠠᠳᠡᠭᠴᠢ ᠶᠢᠨ ᠤᠭ ᠡᠷᠭᠦᠳᠡᠯ︶ ᠳᠤ ᠭᠦᠨ ᠪᠦᠷᠢᠳᠦ(昆布力圖) ᠳᠤ ᠰᠠᠭᠤᠮᠤᠢ᠂ ᠵᠡᠭᠦᠨᠰᠢ ᠬᠡᠰᠢᠭᠳᠡᠨ ᠤ ᠵᠠᠭᠠᠭ ᠪᠣᠯᠬᠤ ᠵᠠᠯᠠᠭ᠎ᠠ ᠨᠠᠷᠠᠰᠤᠲᠤ ᠬᠦᠷᠬᠦ ᠵᠠᠭᠤ ᠶᠡᠷᠡᠨ ᠭᠠᠵᠠᠷ᠂ ᠪᠠᠷᠠᠭᠤᠨᠰᠢ ᠬᠦᠪᠡᠭᠡᠳᠦ ᠴᠠᠭᠠᠨ ᠤ ᠴᠠᠬᠠᠷ ᠤᠨ ᠵᠠᠭᠠᠭ ᠪᠣᠯᠬᠤ ᠮᠤᠤ ᠬᠤᠵᠢᠷ ᠬᠦᠷᠬᠦ ᠳᠠᠯᠠᠨ ᠲᠠᠪᠤᠨ ᠭᠠᠵᠠᠷ᠂ ᠡᠮᠦᠨᠡᠰᠢ ᠰᠡᠨᠵᠢᠲᠦ ᠲᠠᠪᠠᠭ᠎ᠠ ᠪᠠᠷ ᠰᠡᠨᠵᠢᠳᠦ ︵土城子︶ ᠬᠦᠷᠬᠦ ᠳᠠᠯᠠᠨ ᠭᠠᠵᠠᠷ᠂ ᠤᠮᠠᠷᠠᠰᠢ ᠠᠪᠠᠭ᠎ᠠ ᠵᠡᠭᠦᠨ ᠭᠠᠷ ᠤᠨ ᠬᠤᠰᠢᠭᠤᠨ ᠤ ᠵᠠᠭᠠᠭ ᠪᠤᠷᠤ ᠦᠨᠳᠦᠷ ᠬᠦᠷᠬᠦ ᠵᠢᠷᠠᠨ ᠭᠠᠵᠠᠷ᠂ ᠵᠡᠭᠦᠨ ᠡᠮᠦᠨᠡᠰᠢ ᠠᠪᠠ ᠶᠢᠨ ᠠᠭᠤᠯᠠ ᠶᠢᠨ ᠵᠠᠭᠠᠭ ᠤᠯᠠᠭᠠᠨ ᠬᠠᠭᠠᠯᠭ᠎ᠠ ᠬᠦᠷᠬᠦ ᠭᠠᠵᠠᠷ ᠨᠢ ᠲᠤᠳᠤ ᠦᠭᠡᠢ  ᠁︾ ᠬᠡᠮᠡᠨ ᠲᠡᠮᠳᠡᠭᠯᠡᠵᠦ ᠵᠠᠯᠭᠠᠭᠠᠳ  ᠳᠣᠯᠣᠨᠨᠠᠭᠤᠷ ᠤᠨ ᠬᠠᠮᠳᠦ ᠮᠡᠳᠡᠭᠴᠢ ᠹᠦ᠋ ᠳ᠋ᠧ ᠶᠢᠨ ᠲᠤᠳᠤᠷᠬᠠᠶᠢᠯᠠᠨ ᠪᠠᠶᠢᠴᠠᠭᠠᠬᠰᠠᠨ ᠠᠶᠢᠯᠠᠳᠬᠠᠯ ᠢ ᠳᠠᠭᠠᠯᠳᠤᠭᠤᠯᠵᠠᠢ᠃ ᠡᠭᠦᠨ ᠳᠤ ︽ᠲᠤᠰ ᠬᠤᠰᠢᠭᠤᠨ ᠤ ᠬᠢᠵᠠᠭᠠᠷ ᠤᠨ ᠵᠢᠭᠠᠰᠤᠲᠠᠢ ᠨᠠᠭᠤᠷ ᠠᠴᠠ ᠪᠠᠷᠠᠭᠤᠨᠰᠢ ᠠᠷᠪᠠᠨ ᠭᠠᠵᠠᠷ ᠲᠤ ᠬᠤᠶᠠᠷ ᠨᠠᠭᠤᠷ ᠪᠤᠢ ᠬᠤᠰᠢᠮᠠᠭ ᠨᠠᠭᠤᠷ ᠬᠡᠮᠡᠮᠦᠢ᠂ ᠬᠤᠰᠢᠮᠠᠭ ᠨᠠᠭᠤᠷ  ᠠᠴᠠ ᠪᠠᠷᠠᠭᠤᠨᠰᠢ ᠠᠷᠪᠠᠨ ᠲᠠᠪᠤᠨ ᠭᠠᠵᠠᠷ ᠲᠤ ᠪᠠᠶᠢᠳᠤ ᠨᠠᠭᠤᠷ ᠠᠮᠤᠢ᠃ ᠪᠠᠶᠢᠳᠤ ᠨᠠᠭᠤᠷ ᠠᠴᠠ ᠪᠠᠷᠠᠭᠤᠨᠰᠢ ᠬᠤᠷᠢᠨ ᠭᠠᠵᠠᠷ ᠲᠤ ᠰᠠᠶᠢᠬᠠᠨ ᠨᠠᠭᠤᠷ ᠪᠠᠶᠢᠮᠤᠢ᠃ ᠰᠠᠶᠢᠬᠠᠨ ᠭᠡᠭᠴᠢ ᠨᠢ ᠭᠤᠶᠤ ᠭᠡᠰᠡᠨ ᠤᠳᠬ᠎ᠠ ᠲᠠᠢ᠃ ᠰᠠᠶᠢᠬᠠᠨ ᠨᠠᠭᠤᠷ ᠠᠴᠠ ᠭᠤᠴᠢᠨ ᠭᠠᠵᠠᠷ ᠤᠨ ᠦᠵᠦᠭᠦᠷ ᠲᠤ ᠭᠤᠷᠪᠠᠨ ᠨᠠᠭᠤᠷ ᠪᠠᠶᠢᠮᠤᠢ᠂ ᠨᠡᠷ᠎ᠡ ᠶᠢ ᠠᠨᠤ ᠪᠠᠶᠠᠨ ᠨᠠᠭᠤᠷ ᠬᠡᠮᠡᠮᠤᠢ᠃ ᠪᠠᠶᠠᠨ ᠨᠠᠭᠤᠷ ᠠᠴᠠ ᠪᠠᠷᠠᠭᠤᠨᠰᠢ ᠬᠤᠷᠢᠨ ᠭᠠᠵᠠᠷ ᠤᠨ ᠦᠵᠦᠭᠦᠷ ᠲᠤ ᠱᠦᠦᠲᠦ ᠨᠠᠭᠤᠷ ᠠᠮᠤᠢ᠃ ᠱᠦᠦᠲᠦ ᠨᠠᠭᠤᠷ ᠠᠴᠠ ᠵᠡᠭᠦᠨᠰᠢ ᠬᠤᠶᠠᠷ ᠨᠠᠭᠤᠷ ᠠᠮᠤᠢ ᠁︾ ᠭᠡᠵᠦ ᠲᠡᠮᠳᠡᠭᠯᠡᠵᠡᠢ[2]᠃ᠡᠳᠡᠭᠡᠷ ᠲᠡᠮᠳᠡᠭᠯᠡᠯ ᠢ ᠪᠤᠳᠠᠲᠠᠢ ᠭᠠᠵᠠᠷ ᠵᠦᠢ ᠶᠢᠨ ᠪᠠᠶᠢᠷᠢᠰᠢᠯ ᠲᠠᠢ ᠬᠠᠷᠭᠤᠭᠤᠯᠵᠤ ᠦᠵᠡᠪᠡᠯ ᠡᠨᠡ ᠬᠦ ᠬᠤᠰᠢᠭᠤ ᠶᠠᠮᠤᠨ ᠪᠠᠶᠢᠬᠰᠠᠨ ᠵᠢᠭᠠᠰᠤᠲᠠᠢ ᠨᠠᠭᠤᠷ ᠪᠣᠯ ᠲᠡᠭᠡᠳᠦ ᠵᠢᠭᠠᠰᠤᠲᠠᠢ ᠨᠠᠭᠤᠷ ᠪᠣᠯᠬᠤ ᠨᠢ ᠲᠤᠳᠤᠷᠬᠠᠢ  ᠪᠢᠯᠡ᠃ᠲᠡᠭᠡᠳᠦ ᠵᠢᠭᠠᠰᠤᠲᠠᠢ ᠨᠠᠭᠤᠷ ᠲᠤ ᠬᠤᠰᠢᠭᠤ ᠶᠠᠮᠤᠨ ᠪᠠᠶᠢᠬᠰᠠᠨ ᠠᠴᠠ ᠭᠠᠳᠠᠨ᠎ᠠ  ᠪᠠᠰᠠ ᠵᠢᠭᠠᠰᠤᠲᠠᠢ ᠶᠢᠨ ᠰᠦᠮ᠎ᠡ ᠪᠠᠶᠢᠬᠰᠠᠨ ᠶᠤᠮ᠃ ᠡᠨᠡ ᠲᠤᠬᠠᠢ ᠦᠵᠢᠶᠡᠳ᠂ ᠭᠧᠩᠳᠦᠨ ︽ᠰᠢᠯᠤᠭᠤᠨ ᠬᠦᠬᠡ ᠬᠤᠰᠢᠭᠤᠨ ᠤ ᠰᠦᠮ᠎ᠡ ᠬᠡᠶᠢᠳ ᠤᠨ ᠲᠤᠶᠢᠮᠦ︾  ᠭᠡᠬᠦ ᠨᠤᠮ ᠳᠤ᠄  ︽ᠭᠤᠷᠪᠠᠨ ᠲᠠᠯ᠎ᠠ ᠶᠢᠨ ᠰᠦᠮ᠎ᠡ ᠪᠣᠯ ᠤᠤᠯ ᠤᠨ ᠰᠢᠯᠤᠭᠤᠨ ᠬᠦᠬᠡ ᠬᠤᠰᠢᠭᠤᠨ ᠤ ᠲᠡᠷᠢᠭᠦᠨ᠂ ᠬᠤᠶᠠᠳᠤᠭᠠᠷ ᠬᠤᠶᠠᠷ ᠰᠤᠮᠤᠨ ᠤ ᠰᠦᠮ᠎ᠡ ᠪᠤᠯᠤᠨ᠎ᠠ᠃ ᠡᠨᠡ ᠰᠦᠮ᠎ᠡ ᠶᠢ ᠬᠤᠶᠠᠳᠤᠭᠠᠷ ᠰᠣᠮᠤᠨ ᠤ ᠵᠡᠭᠦᠨ ᠲᠠᠯ᠎ᠠ ᠶᠢᠨ ᠬᠦᠯ ︵ᠣᠳᠤ ᠶᠢᠨ ᠵᠢᠭᠠᠰᠤᠲᠠᠢ ᠨᠠᠭᠤᠷ ᠰᠤᠮᠤᠨ ᠤ ᠪᠠᠶᠠᠠᠬᠠᠩᠭᠠᠢ ᠭᠠᠴᠠᠭᠠᠨ ᠤ ᠨᠢᠴᠠᠩ︶ ᠳᠤ ᠪᠠᠷᠢᠬᠰᠠᠨ ᠲᠤᠯᠠ ᠭᠠᠵᠠᠷ ᠣᠷᠤᠨ ᠤ ᠨᠡᠷ᠎ᠡ ᠪᠠᠷ ︿ᠭᠤᠷᠪᠠᠨ ᠲᠠᠯ᠎ᠠ ᠶᠢᠨ ᠰᠦᠮ᠎ᠡ﹀ ᠭᠡᠵᠦ ᠳᠠᠭᠤᠳᠠᠳᠠᠭ ᠪᠠ ︿ᠨᠠᠢᠮᠠᠨ ᠬᠦᠷᠢᠶ᠎ᠡ ᠰᠦᠮ᠎ᠡ﹀ ᠶᠢᠨ ᠳᠠᠩᠰᠠ᠂ ᠰᠤᠮᠤ᠂ ᠬᠤᠰᠢᠭᠤᠨ ᠤ ᠳᠠᠩᠰᠠᠨ ᠳᠤ ᠴᠦᠮ ︿ᠭᠤᠷᠪᠠᠨ ᠲᠠᠯ᠎ᠠ ᠶᠢᠨ ᠰᠦᠮ᠎ᠡ﹀ ᠭᠡᠵᠦ ᠲᠡᠮᠳᠡᠭᠯᠡᠭᠰᠡᠭᠡᠷ ᠢᠷᠡᠵᠡᠢ᠃ ᠰᠡᠭᠦᠯᠳᠡᠵᠦ ᠢᠷᠡᠭᠡᠳ ᠲᠤᠰ ᠬᠤᠶᠠᠷ ᠰᠣᠮᠤᠨ ᠤ ᠬᠦᠮᠦᠨ ᠠᠮᠠ ᠨᠢ ᠦᠰᠴᠦ᠂ ᠠᠶᠢᠯ ᠡᠷᠦᠬᠡ ᠨᠢ ᠤᠯᠠᠰᠢᠷᠠᠬᠰᠠᠨ ᠠᠴᠠ ᠲᠡᠷᠢᠭᠦᠨ ᠰᠣᠮᠤᠨ ᠠᠴᠠ ᠲᠠᠪᠤᠳᠤᠭᠠᠷ ᠰᠤᠮᠤ᠂ ᠬᠤᠶᠠᠳᠤᠭᠠᠷ ᠰᠣᠮᠤᠨ ᠠᠴᠠ ᠵᠢᠷᠭᠤᠳᠤᠭᠠᠷ ᠰᠤᠮᠤ ᠰᠠᠯᠵᠤ ᠭᠠᠷᠤᠬᠰᠠᠨ ᠲᠤᠯᠠ ᠲᠤᠰ ᠰᠦᠮ᠎ᠡ  ᠨᠢ ᠠᠶᠠᠨᠳᠠᠭᠠᠨ ᠲᠡᠷᠢᠭᠦᠨ᠂ ᠬᠤᠶᠠᠷ᠂ ᠲᠠᠪᠤ᠂ ᠵᠢᠷᠭᠤᠭ᠎ᠠ ᠲᠦᠷᠪᠡᠨ ᠰᠤᠮᠤᠨ ᠤ ᠰᠦᠮ᠎ᠡ ᠪᠣᠯᠵᠠᠢ᠃ ᠭᠤᠷᠪᠠᠨ ᠲᠠᠯ᠎ᠠ ᠠᠴᠠ ᠰᠦᠮ᠎ᠡ ᠪᠠᠨ ᠨᠡᠭᠦᠯᠭᠡᠵᠦ ᠵᠢᠭᠠᠰᠤᠲᠠᠢ ᠨᠠᠭᠤᠷ ᠤᠨ ᠵᠡᠭᠦᠨ ᠬᠤᠶᠢᠲᠦ ᠡᠬᠢᠨ ᠳᠤ ᠠᠪᠴᠢᠷᠠᠵᠤ ᠪᠠᠷᠢᠬᠰᠠᠨ  ᠠᠴᠠ ᠬᠤᠶᠢᠰᠢ ᠰᠠᠶ᠋ᠢ ︿ᠵᠢᠭᠠᠰᠤᠲᠠᠢ ᠨᠠᠭᠤᠷ ᠤᠨ ᠰᠦᠮ᠎ᠡ﹀ ᠭᠡᠵᠦ ᠳᠠᠭᠤᠳᠠᠵᠤ᠂ ᠲᠦᠭᠦᠮᠴᠢᠯᠡᠨ ︿ᠵᠢᠭᠠᠰᠤᠲᠠᠢ ᠶᠢᠨ ᠰᠦᠮ᠎ᠡ﹀ ᠭᠡᠵᠦ ᠨᠡᠷᠡᠰᠢᠭᠰᠡᠨ ᠪᠠᠶᠢᠨ᠎ᠠ︾᠂ ︽᠁ ᠡᠭᠦᠪᠡᠷ ᠲᠦᠯᠬᠢᠨ ᠪᠤᠳᠤᠪᠠᠯ ᠭᠤᠷᠪᠠᠨ ᠲᠠᠯ᠎ᠠ ᠶᠢᠨ ᠰᠦᠮ᠎ᠡ ᠶᠢ ᠳᠠᠶᠢᠴᠢᠩ ᠤᠯᠤᠰ ᠤᠨ ᠡᠩᠬᠡ ᠠᠮᠤᠭᠤᠯᠠᠩ ᠤᠨ ᠭᠤᠴᠢᠨ ᠭᠤᠷᠪᠠᠳᠤᠭᠠᠷ ᠣᠨ ᠪᠤᠶᠤ ᠨᠡᠶᠢᠲᠡ ᠶᠢᠨ ᠣᠨ ᠲᠤᠭᠠᠯᠠᠯ ᠤᠨ1694 ᠣᠨ ᠳᠤ ᠪᠠᠶᠢᠭᠤᠯᠤᠬᠰᠠᠨ ᠪᠠᠶᠢᠵᠤ ᠲᠠᠭᠠᠷᠠᠨ᠎ᠠ᠃ ᠡᠨᠡ ᠨᠢ ᠡᠩᠬᠡ ᠠᠮᠤᠭᠤᠯᠠᠩ ᠤᠨ ᠦᠶ᠎ᠡ ᠳᠤ ᠪᠠᠶᠢᠭᠤᠯᠤᠬᠰᠠᠨ ᠭᠡᠳᠡᠭ ᠤᠯᠠᠮᠵᠢᠯᠠᠯ ᠶᠠᠷᠢᠶ᠎ᠠ ᠲᠠᠢ ᠨᠡᠶᠢᠴᠡᠵᠦ ᠪᠠᠶᠢᠨ᠎ᠠ᠃ ᠭᠤᠷᠪᠠᠨ ᠲᠠᠯ᠎ᠠ ᠶᠢᠨ ᠰᠦᠮ᠎ᠡ ᠶᠢᠨ ᠰᠦᠮ᠎ᠡ ᠳᠤ ᠱᠧᠩᠽᠦ ᠬᠤᠸᠠᠩᠳᠢ ᠶᠢᠨ ᠰᠤᠶᠤᠷᠬᠠᠬᠰᠠᠨ ᠰᠦᠮ᠎ᠡ ᠶᠢᠨ ᠡᠭᠦᠳᠡᠨ ᠤ ᠢᠯᠡᠷᠬᠡᠶᠢᠯᠡᠯ ︿ᠪᠢᠨᠲᠤ﹀ ᠨᠢ ︿ᠳ᠋ᠧᠴᠢᠩᠴᠤᠶᠢᠩᠬᠤᠷᠯᠢᠨ﹀ ᠭᠡᠳᠡᠭ᠂ ᠡᠨᠡᠬᠦ ᠪᠢᠨᠳᠤ ᠶᠢ ᠮᠠᠨᠵᠤ᠂ ᠮᠤᠩᠭᠤᠯ᠂ ᠲᠦᠪᠡᠳ᠂ ᠬᠢᠲᠠᠳ ᠲᠦᠷᠪᠡᠨ ᠵᠦᠢᠯ ᠤᠨ ᠦᠰᠦᠭ ᠢᠶᠠᠷ ᠰᠡᠶᠢᠯᠪᠦᠷᠢᠯᠡᠨ᠂ ᠠᠯᠲᠠᠨ ᠨᠤᠨᠳᠠᠭ ᠢᠶᠠᠷ ᠪᠤᠳᠤᠵᠤ ᠶᠢᠰᠤᠨ ᠯᠤᠤ ᠤᠷᠢᠶᠠᠬᠰᠠᠨ ᠬᠦᠷᠢᠶ᠎ᠠ ᠰᠠᠷᠠᠪᠴᠢ ᠲᠠᠢ ᠪᠤᠰᠤᠭ᠎ᠠ ᠲᠦᠷᠪᠡᠯᠵᠢᠨ ᠵᠢᠶᠠᠵᠠᠨ ᠳᠤ ᠬᠢᠵᠦ ᠰᠤᠬᠴᠢᠨ ᠲᠤᠭᠠᠩ ᠤᠨ ᠡᠭᠦᠳᠡᠨ ᠳᠤ ᠡᠯᠭᠦᠭᠰᠡᠨ ᠪᠠᠶᠢᠳᠠᠭ᠃ ᠮᠤᠩᠭᠤᠯ ᠢᠶᠠᠷ ︿ᠶᠡᠭᠡ ᠠᠮᠤᠭᠤᠯᠠᠩᠳᠤ ᠨᠤᠮ ᠤᠨ ᠬᠦᠷᠢᠶ᠎ᠠ ᠬᠡᠶᠢᠳ﹀ ᠭᠡᠨ᠎ᠡ᠃ ᠮᠠᠨᠵᠤ ᠬᠢᠲᠠᠳ ᠬᠤᠶᠠᠷ ᠨᠡᠷᠡᠶᠢᠳᠦᠯ ᠢ ᠨᠢ ᠮᠡᠳᠡᠬᠦ ᠬᠦᠮᠦᠨ ᠦᠭᠡᠢ ᠪᠣᠯᠵᠠᠢ ᠁︾ [3] ᠭᠡᠵᠦ ᠲᠡᠮᠳᠡᠭᠯᠡᠵᠡᠢ᠃ ᠵᠢᠭᠠᠰᠤᠲᠠᠢ ᠶᠢᠨ ᠰᠦᠮ᠎ᠡ ᠨᠢ 1966 ᠤᠨ ᠳᠤ ᠲᠠᠮᠲᠤᠬᠯᠠᠬᠳᠠᠨ ᠰᠦᠢᠳᠴᠦ᠂ ᠭᠠᠭᠴᠠ ᠰᠣᠬᠴᠢᠨ ᠲᠤᠭᠠᠩ ᠦᠯᠡᠳᠡᠭᠡᠳ ᠪᠠᠶᠢᠬᠰᠠᠨ ᠢ 2014 ᠤᠨ ᠠᠴᠠ ᠡᠬᠢᠯᠡᠨ ᠵᠠᠰᠠᠵᠤ  ᠰᠢᠨᠡᠳᠭᠡᠵᠦ᠂ 2015 ᠤᠨ ᠠᠴᠠ ᠬᠤᠷᠠᠯ ᠨᠤᠮ ᠢᠶᠠᠨ ᠡᠬᠢᠯᠡᠭᠦᠯᠵᠡᠢ᠃ᠲᠡᠭᠡᠳᠦ ᠵᠢᠭᠠᠰᠤᠲᠠᠢ ᠨᠠᠭᠤᠷ ᠨᠢ ᠡᠶᠢᠮᠦᠷᠬᠦᠦ ᠵᠠᠰᠠᠭ ᠵᠠᠬᠢᠷᠭᠠᠨ ᠱᠠᠰᠢᠨ ᠨᠣᠮ ᠤᠨ ᠲᠦᠪ ᠤᠷᠤᠨ ᠪᠠᠶᠢᠬᠰᠠᠨ ᠪᠤᠯᠬᠤᠷ 1949 ᠤᠨ ᠳᠤ  ᠰᠢᠯᠤᠭᠤᠨ ᠬᠦᠬᠡ ᠬᠤᠰᠢᠭᠤᠨ ᠤ ᠠᠷᠠᠳᠴᠢᠯᠠᠬᠰᠠᠨ ᠵᠠᠰᠠᠭ ᠤᠨ ᠣᠷᠳᠣᠨ ᠨᠢ ᠪᠦᠬᠦ ᠬᠤᠰᠢᠭᠤ ᠪᠠᠨ ᠭᠤᠷᠪᠠᠨ ᠬᠤᠯᠪᠤᠭᠠᠳᠤ ᠰᠤᠮᠤ ᠪᠤᠯᠭᠠᠨ ᠬᠤᠪᠢᠶᠠᠷᠢᠯᠠᠬᠤ ᠳᠤ ᠵᠢᠭᠠᠰᠤᠲᠠᠢ ᠨᠠᠭᠤᠷ ᠨᠢ ᠨᠢᠭᠡᠳᠦᠭᠡᠷ ᠬᠤᠯᠪᠤᠭᠠᠳᠤ ᠰᠤᠮᠤ ︵ᠲᠡᠷᠢᠭᠦᠨ᠂ ᠬᠤᠶᠠᠷ ᠬᠤᠯᠪᠤᠭᠠᠳᠤ ᠰᠤᠮᠤ︶ ᠪᠣᠯᠵᠤ᠂1950 ᠤᠨ ᠳᠤ ᠲᠡᠷᠢᠭᠦᠨ ᠰᠤᠮᠤ ᠪᠤᠯᠪᠠ᠃ 1954 ᠤᠨ ᠳᠤ ᠰᠤᠮᠤᠨ ᠤ ᠨᠡᠷ᠎ᠡ ᠶᠢ ᠵᠢᠭᠠᠰᠤᠲᠠᠢ ᠨᠠᠭᠤᠷ ᠰᠤᠮᠤ ᠭᠡᠵᠦ ᠨᠡᠷᠡᠯᠡᠪᠡ᠃ 1961 ᠣᠨ ᠳᠤ ᠨᠠᠷᠠᠳᠤ᠂ ᠵᠢᠭᠠᠰᠤᠲᠠᠢ ᠬᠤᠶᠠᠷ ᠨᠢᠭᠡᠳᠦᠯ ᠰᠠᠯᠵᠤ᠂ ᠵᠢᠭᠠᠰᠤᠲᠠᠢ ᠨᠢᠭᠡᠳᠦᠯ ᠤᠨ ᠲᠦᠪ ᠢ ᠵᠢᠭᠠᠰᠤᠲᠠᠢ ᠰᠦᠮ᠎ᠡ ᠳᠡᠭᠡᠷ᠎ᠡ ᠪᠠᠶᠢᠭᠤᠯᠵᠠᠢ᠃ 2006 ᠤᠨ ᠳᠤ ᠰᠣᠮᠤ ᠪᠠᠯᠭᠠᠰᠤ ᠶᠢ ᠴᠤᠮᠬᠠᠳᠬᠠᠬᠤ ᠳᠤ ᠵᠢᠭᠠᠰᠤᠲᠠᠢ ᠰᠤᠮᠤ ᠶᠢ ᠨᠠᠷᠠᠳᠤ ᠰᠤᠮᠤᠨ ᠳᠤ ᠨᠡᠶᠢᠯᠡᠭᠦᠯᠵᠦ᠂ 2012 ᠣᠨ ᠳᠤ ᠲᠠᠬᠢᠨ ᠨᠠᠷᠠᠳᠤ ᠰᠤᠮᠤ ᠠᠴᠠ ᠰᠠᠯᠵᠤ ᠵᠠᠰᠠᠭ ᠵᠠᠬᠢᠷᠭ᠎ᠠ ᠪᠠᠨ ᠰᠡᠷᠭᠦᠭᠡᠵᠡᠢ᠃ᠲᠡᠭᠡᠳᠦ ᠵᠢᠭᠠᠰᠤᠲᠠᠢ ᠨᠠᠭᠤᠷ ᠨᠢ  ᠮᠦᠨᠴᠤ ᠠᠯᠳᠠᠷᠳᠦ ᠰᠢᠯᠦᠭᠴᠢ ᠨᠠ᠊᠂ ᠰᠠᠶᠢᠨᠴᠤᠬᠳᠤ ᠶᠢᠨ ᠲᠦᠷᠦᠭᠰᠡᠨ ᠨᠤᠲᠤᠭ ᠪᠠᠶᠢᠵᠤ᠂ ᠶᠡᠭᠡ ᠰᠢᠯᠦᠭᠴᠢ ᠴᠦ ᠡᠨᠡ ᠬᠦ ᠡᠯᠡᠰᠦ ᠮᠠᠩᠬᠠᠨ ᠤ ᠡᠬᠡ ᠨᠤᠲᠤᠭ ᠤᠨ ᠢᠶᠠᠨ ᠦᠵᠡᠮᠵᠢ ᠪᠦᠷᠢᠳᠦᠭᠰᠡᠨ ᠨᠠᠭᠤᠷ ᠢᠶᠠᠨ ᠴᠦ ᠰᠢᠯᠦᠭᠯᠡᠨ ᠮᠠᠬᠳᠠᠵᠤ ᠠᠯᠳᠠᠷᠰᠢᠭᠤᠯᠤᠬᠰᠠᠨ ᠪᠢᠯᠡ᠃ ᠲᠡᠭᠦᠨ ᠤ ︽ᠰᠢᠯᠤᠭᠤᠨ ᠬᠦᠬᠡ ᠶᠢᠨ ᠲᠡᠮᠳᠡᠭᠯᠡᠯ ᠰᠢᠯᠦᠭ︾ ᠬᠡᠮᠡᠬᠦ ᠮᠦᠴᠡᠯᠭᠡ ᠰᠢᠯᠦᠭ ᠤᠨ ︽ᠵᠢᠭᠠᠰᠤᠲᠠᠢ ᠨᠠᠭᠤᠷ︾ ᠬᠡᠬᠦ ᠰᠢᠯᠦᠭᠯᠡᠯ ᠤᠨ ︽ᠵᠢᠭᠠᠰᠤ︾ ᠬᠡᠮᠡᠬᠦ ᠬᠡᠰᠡᠭ ᠲᠤ᠄ ︽ ᠮᠠᠨᠠᠨ  ᠰᠤᠭᠤᠨᠠᠭᠯᠠᠭᠰᠠᠨ ᠬᠦᠪᠡᠭᠡ ᠶᠢ ᠨᠢ ᠬᠠᠷᠠᠪᠠᠯ ᠮᠠᠩᠬᠠᠨ ᠭᠠᠵᠠᠷ ᠤᠨ ᠳᠠᠯᠠᠢ ᠬᠡᠮᠡᠷ᠃ᠮᠡᠯᠡᠯᠵᠡᠨ ᠨᠡᠯᠦᠶᠢᠭᠰᠡᠨ ᠵᠢᠭᠠᠰᠤᠲᠠᠢ ᠨᠠᠭᠤᠷ ᠪᠤᠯᠮᠡᠳᠡᠭᠡᠵᠢ ᠨᠡᠷᠡᠲᠡᠢ ᠰᠠᠶᠢᠬᠠᠨ ᠭᠠᠵᠠᠷ᠃ᠮᠦᠷᠡᠨ ᠳᠠᠯᠠᠢ ᠶᠢᠨ ᠪᠠᠶᠠᠯᠢᠭ ᠵᠢᠭᠠᠰᠤ ᠶᠢᠮᠦᠯᠢᠭᠡᠷ ᠴᠡᠭᠡᠯ ᠳᠡᠭᠡᠨ ᠬᠠᠳᠠᠭᠠᠯᠠᠬᠰᠠᠨ ᠨᠠᠭᠤᠷ᠃ᠮᠦᠩᠭᠡ ᠤᠨᠳᠤᠷᠤᠯᠳᠤ ᠬᠠᠯᠢᠮᠠᠭ ᠤᠰᠤ ᠶᠢ ᠨᠢᠮᠦᠩᠭᠦᠨ ᠲᠡᠮᠡᠭᠡ ᠪᠠᠷ ᠬᠠᠰᠢᠬᠰᠠᠨ ᠭᠠᠵᠠᠷ︾ ︽ᠦᠵᠡᠮᠵᠢ︾ ᠭᠡᠬᠦ ᠬᠡᠰᠡᠭ ᠲᠤ᠄︽ᠵᠢᠭᠠᠰᠤᠲᠠᠢ ᠨᠠᠭᠤᠷ ᠤᠨ ᠤᠰᠤᠨ ᠳᠡᠭᠡᠭᠦᠷᠵᠠᠪᠢᠨ ᠳᠤ ᠰᠠᠭᠤᠭᠠᠳ ᠵᠤᠭᠠᠯᠠᠵᠤ ᠦᠵᠡᠵᠢᠶᠠᠩᠨᠠᠨ ᠭᠠᠵᠠᠷ ᠤᠨ ᠵᠢᠷᠤᠬᠰᠠᠨ ᠦᠵᠡᠮᠵᠢᠵᠠᠪᠠᠯ ᠨᠢᠳᠤᠨ ᠳᠤ ᠴᠢᠨᠢ ᠲᠤᠰᠬᠠᠬᠳᠠᠨ ᠤᠷᠤᠨ᠎ᠠᠪᠤᠬ᠎ᠠ ᠰᠢᠪᠠᠭᠤ ᠮᠦᠭᠡᠷᠡᠨ ᠲᠤᠩᠭᠤᠳᠤᠬᠰᠠᠨᠲᠦᠭᠦᠷᠢᠭ ᠪᠤᠯᠠᠭ ᠤᠨ ᠤᠰᠤ ᠨᠢ ᠴᠡᠯᠡᠭᠡᠷᠪᠤᠳᠠᠭᠠᠨ ᠰᠢᠷ᠎ᠠ ᠶᠢᠨ ᠡᠩᠭᠡᠷ ᠲᠤᠯᠤᠬᠰᠠᠨᠪᠠᠷᠠᠭᠤᠨ ᠨᠠᠭᠤᠷ ᠤᠨ ᠵᠠᠮᠠᠭ ᠨᠢ ᠨᠤᠭᠤᠭᠠᠨ︾[4] ᠬᠡᠮᠡᠨ ᠲᠡᠦᠬᠡ ᠳᠤᠮᠤᠭ ᠲᠠᠢ ᠨᠢ ᠬᠦᠦᠷᠨᠢᠨ ᠮᠠᠬᠲᠠᠵᠠᠢ᠃ ᠲᠡᠭᠡᠬᠦᠯᠡᠷ ᠲᠡᠭᠡᠳᠦ ᠵᠢᠭᠠᠰᠤᠲᠠᠢ ᠨᠢ  ᠡᠶᠢᠮᠦᠷᠬᠦᠦ ᠰᠤᠶᠤᠯ ᠲᠡᠦᠬᠡ ᠶᠢᠨ ᠤᠯᠪᠠᠭ᠎ᠠ ᠲᠠᠢ ᠪᠦᠭᠡᠳ ᠤᠳᠤ ᠴᠤ ᠵᠢᠭᠠᠰᠤᠲᠠᠢ ᠰᠤᠮᠤᠨ ᠤ ᠰᠤᠮᠤᠨ ᠲᠦᠪ ᠪᠤᠯᠵᠤ ᠪᠠᠶᠢᠭ᠎ᠠ ᠴᠢᠬᠤᠯᠠ ᠭᠠᠵᠠᠷ ᠪᠢᠯᠡ᠃ᠬᠤᠶᠠᠷ ᠲᠤᠤᠷᠠᠳᠤ ᠵᠢᠭᠠᠰᠤᠳᠠᠢ ᠨᠠᠭᠤᠷ ᠭᠡᠳᠡᠭ ᠤᠨ ᠲᠤᠬᠠᠢᠲᠤᠤᠷᠠᠳᠤ ᠵᠢᠭᠠᠰᠤᠲᠠᠢ ᠨᠠᠭᠤᠷ ᠢ ᠴᠦ ᠶᠡᠷᠦ ᠶᠢᠨ ᠪᠠᠶᠢᠳᠠᠯ ᠳᠤ ᠵᠢᠭᠠᠰᠤᠲᠠᠢ ᠨᠠᠭᠤᠷ ᠬᠡᠮᠡᠨ ᠳᠠᠭᠤᠳᠠᠵᠤ᠂ ᠲᠡᠭᠡᠳᠦ ᠵᠢᠭᠠᠰᠤᠲᠠᠢ ᠠᠴᠠ ᠢᠯᠭᠠᠪᠤᠷᠢᠯᠠᠬᠤ ᠶᠢᠨ ᠲᠦᠯᠦᠭᠡ ᠲᠤᠤᠷᠠᠳᠦ ᠵᠢᠭᠠᠰᠤᠲᠠᠢ ᠬᠡᠮᠡᠨ ᠲᠡᠮᠳᠡᠭᠯᠡᠨ ᠨᠡᠷᠡᠯᠡᠳᠡᠭ᠃ ᠲᠤᠤᠷᠠᠳᠤ ᠵᠢᠭᠠᠰᠤᠲᠠᠢ ᠨᠠᠭᠤᠷ ᠨᠢ ᠴᠦ ᠤᠮᠠᠷᠠᠳᠤ ᠶᠤᠸᠠᠨ ᠤᠯᠤᠰ ᠤᠨ ᠰᠡᠭᠦᠯᠴᠢ ᠶᠢᠨ ᠦᠶ᠎ᠡ ᠶᠢᠨ ᠬᠠᠷᠠᠴᠢᠨ ᠲᠦᠮᠡᠨ ᠤ ᠭᠤᠤᠯ ᠨᠤᠲᠤᠭ ᠤᠨ ᠨᠢᠭᠡ ᠪᠠᠶᠢᠵᠤ᠂ ᠠᠳᠡ ᠬᠠᠷᠠᠴᠢᠨ ᠢ ᠨᠤᠶᠠᠯᠠᠬᠴᠢ ᠪᠠᠶᠠᠰᠬᠠᠯ ᠬᠦᠨᠳᠡᠯᠡᠨ ᠬᠠᠭᠠᠨ ᠵᠢᠴᠢ ᠲᠡᠭᠦᠨ ᠤ ᠠᠬᠠᠮᠠᠳ ᠬᠦᠪᠡᠭᠦᠨ ᠪᠠᠶᠢᠰᠠᠩᠬᠤᠷ ᠦᠢᠵᠠᠩ ︿黄把都儿﹀᠂ ᠤᠳᠠᠭᠠᠬᠢ ᠬᠦᠪᠡᠭᠦᠨ ᠠᠶᠢᠰᠠᠩᠬᠤᠷ ᠴᠢᠩ ᠪᠠᠭᠠᠳᠤᠷ ︵青把都儿︶᠂ ᠪᠠᠶᠢᠰᠠᠩᠬᠤᠷ ᠤᠨ ᠬᠦᠪᠡᠭᠦᠨ ᠪᠠᠶᠢᠬᠤᠨᠳᠠᠢ ︵白洪大︶᠂ ᠪᠠᠶᠢᠬᠤᠨᠳᠠᠢ ᠶᠢᠨ ᠬᠦᠪᠡᠭᠦᠨ ᠯᠠᠰᠬᠢᠪ ︵打利︶ ᠲᠠᠶᠢᠵᠢ ᠨᠠᠷ ᠨᠤᠲᠤᠬᠯᠠᠵᠤ ᠪᠠᠶᠢᠪᠠ᠃ ᠲᠡᠭᠡᠷ᠎ᠡ ᠵᠠᠭᠤᠨ ᠤ ᠶᠡᠷᠡᠭᠡᠳ ᠣᠨ ᠠᠴᠠ ᠬᠦᠮᠦᠰ ᠠᠵᠢᠯ ᠤᠨ ᠴᠢᠯᠦᠭᠡ ᠪᠠᠷ ᠰᠠᠯᠬᠢ ᠦᠵᠡᠬᠦ ᠶᠢᠨ ᠲᠦᠯᠦᠭᠡ ᠵᠤᠨ ᠤ ᠳᠡᠯᠭᠡᠷ ᠴᠠᠭ ᠲᠤ ᠲᠤᠤᠷᠠᠳᠤ ᠵᠢᠭᠠᠰᠤᠲᠠᠢ ᠨᠠᠭᠤᠷ ᠪᠡ ᠬᠡᠶᠢᠪᠤᠩ ᠭᠤᠤᠯ ᠤᠨ ᠵᠤᠰᠠᠯᠠᠩ ᠵᠡᠷᠭᠡ ᠭᠠᠵᠠᠷ ᠢᠶᠠᠷ ᠪᠠᠶᠢᠩᠭᠤ ᠵᠤᠭᠠᠯᠠᠳᠠᠭ ᠪᠣᠯᠪᠠ᠃ ᠡᠨᠡ ᠦᠶᠡᠰ ᠲᠤ ᠬᠦᠮᠦᠰ ᠵᠢᠭᠠᠰᠤᠲᠠᠢ ᠰᠣᠮᠤᠨ ᠤ ᠵᠢᠭᠠᠰᠤᠲᠠᠢ ᠪᠡ ᠲᠠᠪᠤᠨ ᠤᠳᠤ  ᠭᠠᠴᠠᠭ᠎ᠠ ᠶᠢᠨ ᠵᠤᠰᠠᠯᠠᠩ ᠵᠢᠭᠠᠰᠤᠲᠠᠢ ᠶᠢ ᠢᠯᠭᠠᠬᠤ ᠶᠢᠨ ᠲᠤᠯᠠᠲᠠ ︽ᠶᠡᠭᠡ᠂ ᠪᠠᠭ᠎ᠠ︾ ᠵᠢᠭᠠᠰᠤᠲᠠᠢ ᠬᠡᠮᠡᠨ ᠢᠯᠭᠠᠪᠤᠷᠢᠯᠠᠨ ᠬᠡᠯᠡᠳᠡᠭ ᠪᠣᠯᠵᠠᠢ᠃ ᠢᠩᠭᠢᠭᠡᠳ ᠲᠤᠤᠷᠠᠳᠤ ᠵᠢᠭᠠᠰᠤᠲᠠᠢ ᠶᠢᠨ ᠨᠡᠷ᠎ᠡ ᠨᠢ ︽ᠪᠠᠭ᠎ᠠ ᠵᠢᠭᠠᠰᠤᠲᠠᠢ︾ ᠬᠡᠮᠡᠨ ᠨᠡᠷᠡᠯᠡᠭᠳᠡᠬᠦ ᠪᠣᠯᠵᠤ᠂ ᠤᠯᠠᠮ ᠢᠶᠠᠷ ᠬᠢᠲᠠᠳ ᠮᠤᠩᠭᠤᠯ ᠬᠤᠯᠢᠬᠰᠠᠨ ᠨᠡᠷ᠎ᠡ ︽ᠰᠢᠶᠤᠤ ᠵᠢᠭᠠᠰᠤᠲᠠᠢ︾ ᠬᠡᠮᠡᠭᠳᠡᠬᠦ ᠪᠣᠯᠪᠠ᠃ ᠲᠡᠷᠡᠴᠢᠯᠡᠨ 2009 ᠣᠨ ᠳᠤ  ᠭᠠᠳᠠᠨ᠎ᠠ ᠶᠢᠨ ᠺᠣᠮᠫᠠᠨᠢ ᠲᠤᠰ ᠭᠠᠵᠠᠷ ᠲᠤ  ︽ᠱᠠᠩᠳᠤ ᠨᠠᠭᠤᠷ ᠵᠢᠭᠤᠯᠴᠢᠯᠠᠯ ᠤᠨ ᠮᠠᠯᠵᠢᠯ ᠤᠨ ᠲᠠᠯᠠᠪᠠᠢ ︵上都湖旅游牧场︶︾ ᠬᠡᠮᠡᠭᠴᠢ ᠶᠢ ᠪᠠᠶᠢᠭᠤᠯᠵᠤ  ᠠᠶᠠᠯᠠᠯ ᠵᠢᠭᠤᠯᠴᠢᠯᠠᠯ ᠤᠨ  ᠦᠢᠯᠡᠰ ᠡᠵᠡᠩᠨᠡᠭᠰᠡᠨ ᠡᠴᠡ‌‍ᠲ᠋ᠤᠤᠷᠠᠳᠤ ᠵᠢᠭᠠᠰᠤᠲᠠᠢ ᠨᠠᠭᠤᠷ ᠢ ︽上都湖  ︾  ᠪᠠᠷ  ᠥᠬᠡᠷᠡᠴᠢᠯᠡᠨ‌ᠨᠡᠷᠡᠯᠡᠵᠦ᠂  ᠴᠢᠨᠠᠬᠰᠢᠯᠠᠭᠠᠳ ᠪᠠᠢ ᠳ᠋ᠦ᠋ ᠰᠦᠯᠵᠢᠶᠡᠨ ︵百度网︶ ᠲᠡᠭᠡᠷ᠎ᠡ ᠴᠤ ᠱᠠᠩᠳᠤ ᠨᠠᠭᠤᠷ ︵上都湖︶ ᠬᠡᠮᠡᠨ ᠲᠠᠰᠢᠶᠠᠷᠠᠬᠤ ᠪᠣᠯᠪᠠ᠃ᠭᠤᠷᠪᠠ᠂  ᠳᠦᠷᠢᠮᠵᠢᠭᠦᠯᠦᠨ  ᠪᠢᠴᠢᠬᠦ ᠰᠠᠨᠠᠭᠤᠯᠭ᠎ᠠ ︽ᠭᠠᠵᠠᠷ ᠤᠨ ᠨᠡᠷ᠎ᠡ ᠶᠢᠨ ᠪᠢᠴᠢᠯᠭᠡ᠂ ᠭᠠᠯᠢᠭ ᠨᠢ ᠴᠢᠩᠭ᠎ᠠ ᠨᠢᠮᠪᠠᠢ ᠤᠯᠤᠰ ᠲᠦᠷᠦᠴᠢ ᠴᠢᠨᠠᠷ ᠲᠠᠢ᠃ ᠲᠡᠷᠡ ᠨᠢ ᠲᠥᠷᠥ ᠶᠢᠨ ᠡᠷᠬᠡ ᠮᠡᠳᠡᠯ ᠪᠠ ᠨᠡᠷ᠎ᠡ ᠬᠦᠨᠳᠦ᠂ ᠦᠨᠳᠦᠰᠦᠲᠡᠨ ᠤ ᠲᠥᠷᠥ ᠶᠢᠨ  ᠪᠣᠳᠣᠯᠭ᠎ᠠ ᠲᠠᠢ ᠬᠤᠯᠪᠤᠭᠳᠠᠵᠤ᠂ ᠬᠠᠤᠯᠢ ᠶᠣᠰᠤᠭᠠᠷ ᠳᠥᠷᠢᠮᠵᠢᠬᠦᠯᠬᠦ ᠬᠡᠷᠡᠭᠳᠡᠢ︾ [6]᠃ ᠰᠢᠯᠢ ᠶᠢᠨ ᠭᠤᠣᠯ ᠠᠶᠢᠮᠠᠭ ᠤᠨ ᠰᠢᠯᠤᠭᠤᠨ ᠬᠦᠬᠡ ᠬᠤᠰᠢᠭᠤᠨ ᠳᠤ ᠠᠳᠠᠯᠢ ᠨᠡᠷᠡᠲᠠᠢ  ︽ᠵᠢᠭᠠᠰᠤᠲᠠᠢ︾   ᠨᠠᠭᠤᠷ ᠢ ᠮᠠᠨᠵᠤ ᠴᠢᠩ ᠤᠯᠤᠰ ᠤᠨ ᠦᠶ᠎ᠡ  ᠠᠴᠠ    ︽ᠲᠡᠭᠡᠳᠦ  ᠂ ᠲᠤᠤᠷᠠᠳᠤ  ︾ ᠵᠢᠭᠠᠰᠤᠲᠠᠢ ᠬᠡᠮᠡᠨ ᠢᠯᠭᠠᠪᠤᠷᠢᠯᠠᠨ ᠳᠠᠭᠤᠳᠠᠬᠰᠠᠭᠠᠷ  ᠢᠷᠡᠭᠰᠡᠨ ᠢᠶᠠᠨ ᠲᠡᠭᠡᠷ᠎ᠡ ᠵᠠᠭᠤᠨ ᠤ ᠶᠡᠷᠡᠭᠡᠳ ᠣᠨ ᠠᠴᠠ  ︽ᠶᠡᠭᠡ᠂ ᠪᠠᠭ᠎ᠠ︾ ᠵᠢᠭᠠᠰᠤᠲᠠᠢ ᠬᠡᠮᠡᠨ ᠢᠯᠭᠠᠪᠤᠷᠢᠯᠠᠨ ᠬᠡᠯᠡᠳᠡᠭ ᠪᠣᠯᠵᠤ᠂ ᠡᠭᠦᠨ ᠤ ᠤᠯᠠᠮ ᠢᠶᠠᠷ ᠬᠢᠲᠠᠳ ᠮᠤᠩᠭᠤᠯ ᠬᠤᠯᠢᠬᠰᠠᠨ ᠨᠡᠷ᠎ᠡ ︽ᠳ᠋ᠠ  ᠂ ᠰᠢᠶᠤᠤ︾ ᠵᠢᠭᠠᠰᠤᠲᠠᠢ ᠬᠡᠮᠡᠭᠳᠡᠬᠦ ᠪᠣᠯᠪᠠ᠃ ᠲᠤᠰ  ᠬᠤᠶᠠᠷ ᠠᠳᠠᠯᠢ ᠨᠡᠷᠡᠲᠦ ᠵᠢᠭᠠᠰᠤᠲᠠᠢ  ᠨᠠᠭᠤᠷ ᠢ ᠠᠵᠢᠪᠠᠯ ᠭᠠᠵᠠᠷ ᠤᠨ ᠨᠡᠷ᠎ᠡ ᠶᠢᠨ ᠳᠦᠷᠢᠮᠵᠢᠯ ᠪᠠᠷᠢᠮᠵᠢᠶᠠᠵᠢᠯ ᠤᠨ ᠬᠤᠪᠢ ᠳᠤ᠂   ᠨᠢᠭᠡ ᠨᠡᠷ᠎ᠡ ᠣᠯᠠᠨ ᠬᠤᠪᠢᠯᠪᠤᠷᠢ ᠲᠠᠢ ᠪᠣᠯᠤᠬᠰᠠᠨ᠂  ᠣᠯᠠᠨ ᠬᠤᠪᠢᠯᠪᠤᠷᠢ ᠨᠡᠷ᠎ᠡ ᠶᠢ ᠨᠢᠭᠡ ᠨᠡᠷ᠎ᠡ ᠳᠤ ᠳᠦᠷᠢᠮᠵᠢᠭᠦᠯᠦᠨ‌‍ᠲ᠋ᠡᠮᠳᠡᠭᠯᠡᠬᠦ  ᠪᠠ ᠮᠣᠩᠭᠤᠯ ᠬᠢᠲᠠᠳ ᠦᠰᠦᠭ ᠢᠶᠠᠷ ᠠᠯᠪᠠᠨ ᠶᠣᠰᠤᠭᠠᠷ ᠬᠡᠷᠬᠢᠨ ᠲᠡᠮᠳᠡᠭᠯᠡᠪᠡᠯ ᠵᠣᠬᠢᠬᠤ  ᠵᠡᠷᠬᠡ ᠠᠰᠠᠭᠤᠳᠠᠯ ᠬᠤᠯᠪᠤᠬᠳᠠᠨ᠎ᠠ᠃  ᠡᠨᠡ ᠲᠣᠬᠠᠢ  ᠬᠠᠮᠢᠶ᠎ᠠ ᠪᠦᠬᠦᠢ ᠬᠠᠤᠯᠢ ᠳᠦᠷᠢᠮ ᠠᠴᠠ ᠬᠠᠶᠢᠪᠠᠯ  ᠄  1986 ᠣᠨ ᠤ  ︽ᠪᠥᠬᠦᠲᠡ ᠨᠠᠶᠢᠷᠠᠮᠳᠠᠬᠤ ᠳᠤᠮᠳᠠᠳᠤ ᠠᠷᠠᠳ ᠤᠯᠤᠰ ᠤᠨ ᠭᠠᠵᠠᠷ ᠤᠨ ᠨᠡᠷ᠎ᠡ ᠶᠢᠨ ᠬᠠᠮᠢᠶᠠᠷᠤᠯᠲᠠ ᠶᠢᠨ ᠳᠦᠷᠢᠮ︾ ᠤᠨ ᠲᠠᠪᠤᠳᠤᠭᠠᠷ ᠵᠤᠷᠪᠤᠰ ᠤᠨ ᠭᠤᠷᠪᠠᠳᠤᠭᠠᠷ  ᠵᠦᠢᠯ  ᠳᠤ ︽ᠨᠢᠭᠡ ᠭᠠᠵᠠᠷ ᠣᠯᠠᠨ ᠨᠡᠷ᠎ᠡ ᠲᠠᠢ ᠪᠤᠶᠤ ᠨᠢᠭᠡᠡ ᠨᠡᠷ᠎ᠡ ᠶᠢ ᠣᠯᠠᠨ ᠶᠠᠩᠵᠤ ᠪᠠᠷ ᠪᠢᠴᠢᠪᠡᠯ᠂ ᠨᠢᠭᠡᠳᠦᠯᠲᠡᠢ ᠨᠡᠷ᠎ᠡ ᠪᠠ ᠦᠰᠦᠭ ᠢ ᠬᠡᠷᠡᠭᠯᠡᠨ᠎ᠡ︾ [7] ᠭᠡᠵᠦ ᠲᠣᠭᠲᠠᠭᠠᠪᠠ᠃1996 ᠣᠨ ᠤ ︽ᠪᠦᠭᠦᠲᠡ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠭᠠᠵᠠᠷ ᠤᠨ ᠨᠡᠷ᠎ᠡ ᠶᠢᠨ ᠬᠠᠮᠢᠶᠠᠷᠤᠯᠲᠠ  ᠶᠢᠨ ᠳᠥᠷᠢᠮ ᠤᠨ ᠨᠠᠷᠢᠨ ᠬᠡᠷᠡᠭᠵᠢᠭᠦᠯᠬᠦ ᠳᠦᠷᠢᠮ︾ ᠤᠨ ᠭᠤᠷᠪᠠᠳᠤᠭᠠᠷ ᠪᠦᠯᠦᠭ ︽ᠭᠠᠵᠠᠷ ᠤᠨ ᠨᠡᠷ᠎ᠡ ᠶᠢᠨ ᠪᠠᠷᠢᠮᠵᠢᠶᠠᠳᠤ ᠰᠢᠢᠳᠪᠦᠷᠢᠯᠡᠯᠲᠡ︾ ᠶᠢᠨ ᠠᠷᠪᠠᠨ ᠲᠣᠯᠤᠳᠤᠭᠠᠷ ᠵᠤᠷᠪᠤᠰ ᠤᠨ ᠨᠢᠭᠡᠳᠦᠬᠡᠷ ᠵᠦᠢᠯ ᠳᠤ  ︽ᠴᠦᠬᠡᠨ ᠲᠣᠭᠠᠲᠤ ᠦᠨᠳᠦᠰᠦᠲᠡᠨ ᠤ ᠭᠠᠵᠠᠷ ᠤᠨ ᠨᠡᠷ᠎ᠡ ᠶᠢ ᠡᠯ᠎ᠡ ᠦᠨᠳᠦᠰᠦᠲᠡᠨ ᠤ ᠦᠭᠡ ᠬᠡᠯᠡ᠂ ᠦᠰᠦᠭ ᠪᠢᠴᠢᠭ ᠤᠨ ᠰᠠᠭᠤᠷᠢᠨ ᠳᠡᠭᠡᠷ᠎ᠡ ᠪᠠᠷᠢᠮᠵᠢᠶ᠎ᠠ ︵ᠨᠡᠶᠢᠲᠡ ᠶᠢᠨ︶ ᠠᠪᠢᠶᠠᠯᠠᠭ᠎ᠠ ᠶᠢ ᠦᠨᠳᠦᠰᠦᠯᠡᠵᠦ᠂ ᠬᠢᠲᠠᠳ ᠬᠡᠯᠡᠨ ᠤ ᠨᠡᠶᠢᠲᠡ ᠶᠢᠨ ᠠᠪᠢᠶ᠎ᠠ ᠪᠠᠷ ᠬᠦᠷᠪᠡᠭᠦᠯᠦᠨ ᠪᠠᠭᠤᠯᠭᠠᠨ᠎ᠠ᠃ ᠨᠢᠭᠡᠨᠲᠡ ᠵᠠᠩᠰᠢᠬᠰᠠᠨ ᠬᠢᠲᠠᠳ ᠦᠰᠦᠭ ᠤᠨ ᠠᠪᠢᠶᠠᠯᠠᠭ᠎ᠠ ᠶᠢᠨ ᠨᠡᠷ᠎ᠡ ᠶᠢ ᠬᠤᠪᠢᠷᠠᠭᠤᠯᠬᠤ ᠦᠭᠡᠢ︾ [8]ᠭᠡᠵᠦ ᠲᠣᠭᠳᠠᠭᠠᠪᠠ᠃ 2014 ᠣᠨ ᠤ  ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠭᠠᠵᠠᠷ ᠤᠨ ᠨᠡᠷ᠎ᠡ ᠶᠢᠨ ᠬᠠᠮᠢᠶᠠᠷᠤᠯᠲᠠ ᠶᠢᠨ ᠳᠦᠷᠢᠮ︾ ᠳᠠᠬᠢ ᠬᠤᠶᠠᠳᠤᠭᠠᠷ ᠪᠦᠯᠦᠭ ︽ᠭᠠᠵᠠᠷ ᠤᠨ ᠨᠡᠷ᠎ᠡ ᠶᠢ ᠨᠡᠷᠡᠶᠢᠳᠬᠦ᠂  ᠰᠣᠯᠢᠬᠤ ᠪᠠ ᠬᠠᠰᠤᠬᠤ︾ ᠶᠢᠨ ᠨᠠᠢᠮᠠᠳᠤᠭᠠᠷ ᠵᠤᠷᠪᠤᠰ ᠲᠤ ᠭᠠᠵᠠᠷ ᠤᠨ ᠨᠡᠷ᠎ᠡ ᠶᠢ ᠨᠡᠷᠡᠶᠢᠳᠬᠦ᠂ ᠰᠣᠯᠢᠬᠤ ᠪᠠ ᠬᠠᠰᠤᠬᠤ ᠳᠤ ᠲᠣᠣᠷᠠᠬᠢ ᠮᠡᠲᠦ ᠵᠠᠷᠴᠢᠮ ᠢ ᠦᠨᠳᠦᠰᠦᠯᠡᠨ᠎ᠠ᠂ ᠲᠤᠬᠠᠶᠢᠯᠠᠪᠠᠯ ︽ᠨᠢᠭᠡ ᠳᠤ᠂ ᠤᠯᠤᠰ ᠤᠨ ᠨᠢᠬᠡᠳᠦᠯ ᠪᠠ ᠨᠤᠲᠤᠭ ᠲᠡᠪᠢᠰᠬᠡᠷ ᠤᠨ ᠪᠦᠷᠢᠨ ᠪᠦᠳᠦᠨ ᠪᠠᠶᠢᠬᠤ ᠳᠤ ᠠᠰᠢᠬᠳᠠᠢ ᠪᠠᠶᠢᠬᠤ᠃ ᠬᠤᠶᠠᠷ ᠲᠤ᠂ ᠦᠨᠳᠦᠰᠦᠲᠡᠨ ᠤ ᠪᠦᠯᠬᠦᠮᠳᠡᠯ ᠪᠠ ᠨᠡᠶᠢᠭᠡᠮ ᠤᠨ ᠡᠶ᠎ᠡ ᠵᠣᠬᠢᠴᠠᠯ ᠢ ᠬᠠᠮᠠᠭᠠᠯᠠᠬᠤ ᠳᠤ ᠠᠰᠢᠬᠳᠠᠢ ᠪᠠᠶᠢᠬᠤ᠃ ᠭᠤᠷᠪᠠ ᠳᠤ᠂ ᠲᠤᠬᠠᠢ ᠶᠢᠨ ᠭᠠᠵᠠᠷ ᠤᠨ ᠲᠡᠦᠬᠡ᠂ ᠰᠣᠶᠤᠯ ᠪᠠ ᠭᠠᠵᠠᠷ ᠵᠦᠢ ᠶᠢᠨ ᠣᠨᠴᠠᠯᠢᠭ ᠢ ᠬᠠᠷᠠᠭᠤᠯᠤᠬᠰᠠᠨ ᠪᠠᠶᠢᠬᠤ᠃  ᠳᠥᠷᠪᠡ ᠳᠤ᠂ ᠴᠦᠭᠡᠨ ᠲᠣᠭᠠᠲᠤ ᠦᠨᠳᠦᠰᠦᠲᠡᠨ ᠤ ᠵᠠᠩ ᠳᠠᠳᠬᠠᠯ ᠪᠠ ᠠᠷᠠᠳ ᠲᠦᠮᠡᠨ ᠤ ᠬᠦᠰᠡᠯ ᠱᠠᠭᠠᠷᠳᠠᠯᠭ᠎ᠠ ᠶᠢ ᠬᠦᠨᠳᠦᠳᠭᠡᠭᠰᠡᠨ ᠪᠠᠶᠢᠬᠤ᠃ ᠲᠠᠪᠤ ᠳᠤ᠂  ᠭᠠᠵᠠᠷ ᠤᠨ ᠨᠡᠷ᠎ᠡ ᠶᠢᠨ ᠬᠠᠷᠢᠴᠠᠩᠭᠤᠢ ᠲᠣᠭᠳᠠᠪᠤᠷᠢᠳᠠᠢ ᠪᠠᠶᠢᠬᠤ ᠶᠢ ᠪᠠᠳᠤᠯᠠᠬᠰᠠᠨ ᠪᠠᠶᠢᠬᠤ︾[9]  ᠭᠡᠵᠦ ᠲᠣᠭᠳᠠᠭᠠᠪᠠ᠃  ᠲᠡᠭᠡᠬᠦᠯᠡᠷ  ᠰᠢᠯᠤᠭᠤᠨ ᠬᠦᠬᠡ ᠶᠢᠨ ᠨᠤᠲᠤᠭ ᠲᠠᠬᠢ ᠢᠬᠢᠷ᠎ᠠ ᠬᠤᠶᠠᠷ ᠵᠢᠭᠠᠰᠤᠲᠠᠢ ᠨᠠᠭᠤᠷ  ᠢ 2014 ᠣᠨ ᠤ  ︽ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠤᠨ ᠤ ᠭᠠᠵᠠᠷ ᠤᠨ ᠨᠡᠷ᠎ᠡ ᠶᠢᠨ ᠬᠠᠮᠢᠶᠠᠷᠤᠯᠲᠠ ᠶᠢᠨ ᠳᠦᠷᠢᠮ︾  ᠳᠠᠬᠢ ᠬᠤᠶᠠᠳᠤᠭᠠᠷ ᠪᠦᠯᠦᠭ ︽ᠭᠠᠵᠠᠷ ᠤᠨ ᠨᠡᠷ᠎ᠡ ᠶᠢ ᠨᠡᠷᠡᠶᠢᠳᠬᠦ᠂ ᠰᠣᠯᠢᠬᠤ ᠪᠠ ᠬᠠᠰᠤᠬᠤ︾ ᠶᠢᠨ ᠨᠠᠢᠮᠠᠳᠤᠭᠠᠷ ᠵᠤᠷᠪᠤᠰ  ᠤᠨ ᠭᠤᠷᠪᠠᠳᠤᠭᠠᠷ  ᠵᠦᠢᠯ ᠤᠨ ᠲᠡᠦᠬᠡᠨ ᠤᠯᠠᠮᠵᠢᠯᠠᠯᠲᠤ ᠵᠠᠷᠴᠢᠮ ᠢ ᠦᠨᠳᠦᠰᠦᠯᠡᠵᠦ ᠬᠠᠭᠤᠴᠢᠨ ᠤᠯᠠᠮᠵᠢᠯᠠᠯ ᠢ ᠮᠦᠷᠳᠡᠨ  ︽ᠲᠡᠭᠡᠳᠦ  ᠂ ᠲᠤᠤᠷᠠᠳᠤ︾ ᠵᠢᠭᠠᠰᠤᠲᠠᠢ   ᠬᠡᠮᠡᠨ  ᠨᠡᠷᠡᠯᠡᠵᠦ᠂ ︽ᠶᠡᠭᠡ᠂ ᠪᠠᠭ᠎ᠠ᠂ ᠳ᠋ᠠ ᠂ ᠰᠢᠶᠤᠤ︾ ᠵᠢᠭᠠᠰᠤᠲᠠᠢ  ᠂ ︽ᠱᠠᠩᠳᠤ ᠨᠠᠭᠤᠷ︾ ᠵᠡᠷᠭᠡ  ᠰᠡᠬᠦᠯ ᠤᠨ ᠦᠶ᠎ᠡ ᠶᠢᠨ ᠲᠠᠰᠢᠶᠠᠷᠠᠬᠰᠠᠨ‌ᠨᠡᠷᠡᠶᠢᠳᠦᠯ ᠢ ᠲᠠᠶᠠᠭᠳᠠᠪᠠᠯ ᠵᠤᠬᠢᠨ᠎ᠠ᠃  ᠳᠠᠬᠢᠪᠠᠯ ︽ᠮᠣᠩᠭᠤᠯ ᠭᠠᠵᠠᠷ ᠤᠨ ᠨᠡᠷ᠎ᠡ ᠶᠢ ᠬᠦᠷᠪᠡᠭᠦᠯᠦᠨ ᠪᠠᠭᠤᠯᠭᠠᠬᠤ ᠲᠦᠷᠢᠮᠵᠢᠯ︾ ︵1986︶ [10] ᠢ ᠦᠨᠳᠦᠰᠦᠯᠤᠨ᠂ ︽ᠳᠡᠭᠡᠳᠦ ᠵᠢᠭᠠᠰᠤᠲᠠᠢ︾ ᠢ ︽德都扎格斯台︾  ᠭᠡᠵᠦ᠂ ︽ᠳᠣᠣᠷᠠᠳᠤ   ᠵᠢᠭᠠᠰᠤᠲᠠᠢ︾ ᠢ ︽道都扎格斯台︾  ᠭᠡᠵᠦ  ᠲᠡᠮᠳᠡᠭᠯᠡᠪᠡᠯ ᠵᠣᠬᠢᠨ᠎ᠠ᠃ ᠵᠡᠭᠦᠯᠲᠡ᠄[1]《钦定四库全书》钦定大清一统志 卷四百十[2](清)金志節  黄可潤纂《口北三厅志》卷之七 番衛 八和九[3] ᠦᠵᠢᠶᠡᠳ᠂ ᠭᠧᠩᠳᠦᠨ ︽ᠰᠢᠯᠤᠭᠤᠨ ᠬᠦᠬᠡ ᠬᠤᠰᠢᠭᠤᠨ ᠤ ᠰᠦᠮ᠎ᠡ ᠬᠡᠶᠢᠳ ᠤᠨ ᠲᠤᠶᠢᠮᠦ︾  ᠰᠢᠯᠤᠭᠤᠨ ᠬᠦᠬᠡ ᠬᠤᠰᠢᠭᠤᠨ ᠤ ᠤᠯᠤᠰ ᠲᠦᠷᠦ ᠶᠢᠨ ᠵᠦᠪᠯᠡᠯᠭᠡᠨ ᠤ ᠲᠤᠳᠤᠭᠠᠳᠤ ᠮᠠᠲ᠋ᠧᠷᠢᠶᠠᠯ᠂ 4—6 ᠳ᠋ᠤᠭᠠᠷ ᠬᠠᠭᠤᠳᠠᠰᠤ  ᠃ [4]︽ᠨᠠ᠊᠂ ᠰᠠᠶᠢᠨᠴᠤᠬᠳᠤ ᠶᠢᠨ ᠪᠦᠷᠢᠨ ᠵᠤᠬᠢᠶᠠᠯ︾᠂ ᠦᠪᠦᠷ ᠮᠣᠩᠭᠤᠯ ᠤᠨ ᠠᠷᠠᠳ ᠤᠨ ᠬᠡᠪᠯᠡᠯ ᠤᠨ ᠬᠤᠷᠢᠶ᠎ᠠ᠂1999 ᠤᠨ᠂107.111.112 ᠳ᠋ᠤᠭᠠᠷ ᠬᠠᠭᠤᠳᠠᠰᠤ᠃[5]  ᠰᠠᠷᠠᠨᠴᠢᠮᠡᠭ ᠨᠠᠶᠢᠷᠠᠭᠤᠯᠪᠠ  ᠂ ︽ ᠭᠡᠭᠡᠨ  ᠱᠦᠭᠦᠮᠡᠭ  ︾ ︵ ᠶᠤᠸᠠᠨ ᠤ ᠳᠡᠭᠡᠳᠦ ᠨᠡᠶᠢᠰᠯᠡᠯ ᠤᠨ ᠪᠠᠭᠤᠷᠢ ᠬᠢᠭᠡᠳ ᠮᠣᠩᠭᠤᠯ ᠲᠡᠦᠬᠡ ᠰᠣᠶᠣᠯ︶  ᠰᠢᠯᠤᠭᠤᠨ ᠬᠥᠬᠡ  ᠂ ᠵᠢᠭᠠᠰᠤᠳᠠᠢ ᠰᠤᠷᠭᠠᠭᠤᠯᠢ ᠨᠣᠮ ᠢ ᠰᠤᠳᠤᠯᠤᠨ ᠶᠠᠷᠢᠯᠴᠠᠬᠤ ᠬᠤᠷᠠᠯ ᠤᠨ ᠢᠯᠡᠳᠬᠡᠯ ᠦᠭᠦᠯᠡᠯ  ᠂ ᠥᠪᠥᠷ ᠮᠣᠩᠭᠤᠯ ᠤᠨ ᠬᠡᠪᠯᠡᠯ ᠤᠨ ᠪᠦᠯᠦᠭᠯᠡᠯ  ᠂  ᠥᠪᠥᠷ ᠮᠣᠩᠭᠤᠯ ᠤᠨ ᠰᠤᠶᠤᠯ ᠤᠨ ᠬᠡᠪᠯᠡᠯ ᠤᠨ ᠬᠤᠷᠢᠶ᠎ᠠ  ᠂ 2014 ᠣᠨ  ᠂11—19 ᠳ᠋ᠤᠭᠡᠷ ᠬᠠᠭᠤᠳᠠᠰᠤ᠃ [6]张弓长,内蒙古地名拼写要符合国家规定,《内蒙古地名文化研究》(汉文版),2015年4月。[7]《中华人民共和国地名管理条例》,1986年1月23日,中华人民共和国国务院发布。[8] ︽地名管理条例实施细则︾,1996年6月18日,中华人民共和国民政部发布。[9] 《内蒙古自治区地名管理规定》,2014年11月13日,内蒙古自治区人民政府第207号政府令公布。 [10]国家测绘局、总参谋部测绘局制:《蒙古语地名译音规则》,测绘出版社,1986年。 ᠵᠣᠬᠢᠶᠠᠬᠴᠢ ᠶᠢᠨ  ᠬᠠᠶ᠋ᠢᠭ  ᠄ᠥᠪᠥᠷ ᠮᠣᠩᠭᠤᠯ ᠤᠨ ᠪᠠᠭᠰᠢ ᠶᠢᠨ ᠶᠡᠭᠡ ᠰᠤᠷᠭᠠᠭᠤᠯᠢ ᠰᠢᠯᠤᠭᠤᠨ ᠬᠥᠬᠡ ᠬᠤᠰᠢᠭᠤᠨ ᠤ  ᠠᠷᠠᠳ ᠤᠨ ᠤᠷᠠᠯᠢᠭᠴᠢᠳ ᠤᠨ ᠨᠡᠶᠢᠭᠡᠮᠯᠢᠭ 
 
ᠢᠷᠡᠯᠲᠡ᠄ ︽ᠨᠡᠶᠢᠬᠡᠮ︾ ᠰᠡᠳᠬᠦᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号