ᠨᠢᠭᠡ | ᠡᠵᠢ ᠮᠢᠨᠢ ᠨᠠᠷᠠᠨ ᠳᠤ ᠪᠠᠨᠮᠠᠨᠤᠰ ᠢᠶᠠᠨ ᠤᠷᠬᠢᠵᠤ ᠣᠳᠬᠤ ᠴᠠᠭ ᠨᠢ ᠪᠤᠯᠣᠭᠰᠠᠨ ᠶᠤᠮ ᠪᠠᠶᠢᠨ᠎ᠠ ᠃ | ᠨᠠᠮᠤᠷ ᠤᠨ ᠬᠢᠷᠠᠭᠤ ᠰᠠᠮᠨᠠᠭᠰᠠᠨ ᠪᠤᠭᠤᠷᠣᠯ ᠲᠡᠷᠢᠭᠦᠨ ᠢᠶᠠᠨ ᠡᠷᠭᠦᠯ ᠦᠭᠡᠢ ᠨᠠᠰᠣᠨ ᠤ ᠲᠤᠭ᠎ᠠ ᠪᠠᠨ ᠵᠢᠷᠭᠠᠭᠠᠵᠤ | ᠪᠠᠶᠢᠬᠤ ᠨᠢ ᠡᠨᠡ ᠪᠢᠯᠡ᠃ ᠦᠷ᠎ᠡ ᠲᠠᠢ ᠬᠦᠮᠦᠨ ᠢᠩᠬᠢᠵᠤ ᠶᠠᠪᠤᠭᠠᠳ ᠥᠭᠳᠡᠭ ᠭᠡᠵᠤ ᠬᠡᠯᠡᠵᠦ ᠪᠠᠶᠢᠮᠠᠷ ᠴᠠᠢ ᠪᠠᠨ | ᠣᠣᠭᠤᠭᠠᠳ ᠴᠢᠮᠡᠭᠡ ᠠᠯᠳᠠᠷᠠᠭᠰᠠᠨ ᠶᠤᠮ᠃ ᠬᠤᠷᠤᠭᠤᠳᠠᠵᠤ ᠬᠤᠴᠤᠷᠤᠭᠰᠠᠨ ᠬᠡᠥᠬᠡᠳ ᠨᠢ ᠴᠢᠩᠭᠠᠭᠠᠵᠤ ᠲᠠᠳᠠᠵᠤ | ᠪᠠᠶᠢᠳᠠᠯ᠎ᠠ ᠠᠯᠳᠠᠭᠤᠯᠬᠤ ᠳᠤ ᠠᠶᠠᠲᠠᠢ ᠳᠤᠯᠠᠭᠠᠨ ᠦᠷᠦᠭᠡ ᠬᠦᠢᠲᠡᠷᠡᠭᠡᠳ ᠶᠠᠪᠤᠬᠤ ᠨᠢ ᠲᠡᠷᠡ ᠡ︕ | ᠠᠢ ᠳ᠋ᠠ ᠁ ᠴᠠᠰᠤ ᠲᠠᠢ ᠡᠩᠭᠡᠷ ᠲᠤ ᠪᠠᠶᠢᠭ᠎ᠠ ᠮᠢᠨᠦ ᠨᠤᠲᠤᠭ ᠤᠨ ᠪᠠᠭᠤᠴᠠ ᠡᠵᠡᠭᠦᠶᠢᠷᠡᠭᠡᠳ ᠨᠠᠳᠠ ᠲᠠᠢ | ᠦᠯᠡᠳᠡᠵᠡᠢ︕ ᠲᠠᠰᠣᠷᠠᠵᠤ ᠵᠤᠭᠰᠣᠭᠰᠠᠨ ᠨᠠᠷᠠ ᠲᠡᠨᠳᠡ ᠪᠠᠨ ᠪᠠᠶᠢᠭᠠᠳ ᠪᠠᠶᠢᠯ᠎ᠠ᠃ ᠤᠷᠤᠶᠢᠲᠠᠭᠰᠠᠨ ᠤᠳᠣᠳ | ᠰᠠᠷ᠎ᠠ ᠰᠢᠩᠭᠡᠲᠡᠯ᠎ᠡ ᠡᠷᠢᠯ ᠳᠤ ᠶᠠᠪᠤᠭᠠᠳ ᠲᠠᠨ ᠳᠤ ᠪᠠᠨ ᠪᠤᠴᠠᠵᠣ ᠢᠷᠡᠭᠡ ᠦᠭᠡᠢ᠃ ᠡᠵᠢ ᠶᠢᠨ ᠪᠠᠷ᠎ᠠ | ᠲᠠᠰᠣᠷᠠᠬᠤ ᠳᠤ ᠦᠷ᠎ᠡ ᠶᠢᠨ ᠡᠯᠢᠬᠡ ᠦᠨᠦᠴᠢᠷᠠᠵᠤ ᠨᠢᠯᠪᠤᠰᠤ ᠴᠣᠭᠤᠷᠠᠳᠠᠭ ᠶᠤᠮ ᠪᠠᠶᠢᠨ᠎ᠠ᠃ ᠡᠵᠢ ᠨᠠᠮ᠎ᠠ | ᠶᠢ ᠬᠠᠷᠢᠵᠣ ᠢᠷᠡᠬᠦ ᠶᠢ ᠬᠦᠯᠢᠶᠡᠵᠦ ᠪᠠᠶᠢᠭᠰᠠᠨ ᠰᠢᠭ᠋ ᠪᠠᠭᠤᠴᠠᠨ ᠳᠤ ᠪᠠᠨ ᠁ ᠪᠢ ᠡᠵᠢ ᠲᠠᠢ ᠪᠠᠶᠢᠭᠰᠠᠨ ᠰᠢᠦ | ︕ | ᠡᠵᠢ ᠭᠡᠳ ᠳᠠᠪᠬᠢᠭᠠᠳ ᠤᠴᠢᠳᠠᠭ ᠪᠠᠶᠢᠯ᠎ᠠ᠂ ᠶᠠᠪᠠᠭᠠᠨ ᠬᠦᠷᠦᠭᠡᠳ ᠤᠴᠢᠬᠤ ᠳᠤ ᠭᠠᠳᠠᠨ᠎ᠠ ᠪᠠᠨ ᠪᠠᠷ᠎ᠠ ᠲᠠᠢ | ᠪᠠᠶᠢᠯ᠎ᠠ ᠃ ᠡᠵᠢ ᠭᠡᠳ | ᠭᠠᠯᠲᠦ ᠪᠠᠷ ᠤᠴᠢᠳᠠᠭ ᠪᠠᠶᠢᠯ᠎ᠠ᠂ ᠭᠡᠷ ᠤᠨ ᠡᠭᠦᠳᠡᠨ ᠲᠡᠭᠡᠷ᠎ᠡ ᠰᠠᠷᠠᠪᠴᠢᠯᠠᠵᠤ ᠵᠤᠭᠰᠣᠭᠠᠳ ᠬᠦᠯᠢᠶᠡᠳᠡᠭ | ᠪᠠᠶᠢᠯ᠎ᠠ᠃ ᠡᠵᠢ ᠭᠡᠳ ᠬᠦᠦ ᠲᠠᠢ ᠪᠠᠨ ᠤᠴᠢᠳᠠᠭ ᠪᠠᠶᠢᠯ᠎ᠠ᠂ ︽ᠮᠢᠨᠦ ᠬᠦᠦ ᠡ︾ ᠭᠡᠳ ᠠᠪᠤ ᠶᠢᠨ ᠠᠶᠠᠭᠠᠨ ᠳᠤ | ᠰᠥᠡᠭ ᠠᠮᠰᠠᠭᠤᠯᠳᠠᠭ ᠪᠠᠶᠢᠯ᠎ᠠ᠃ ᠡᠵᠢ ᠭᠡᠳ ᠲᠠᠶᠠᠭ ᠲᠠᠢ ᠤᠴᠢᠳᠠᠭ ᠪᠠᠶᠢᠯ᠎ᠠ᠂ ︽ᠮᠢᠨᠦ ᠬᠦᠦ ᠶᠢᠨ ᠰᠢᠳᠦ | ᠣᠩᠭᠤᠷᠬᠠᠢ ᠭᠠᠷᠴᠢᠬᠠᠯ᠎ᠠ︾ ᠭᠡᠳ ᠢᠨᠢᠶᠡᠮᠰᠦᠭᠯᠡᠵᠦ ᠪᠠᠶᠢᠯ᠎ᠠ᠃ ︽ᠡᠵᠢ ᠡ᠂ ᠪᠢ ᠪᠠᠶᠢᠨ᠎ᠠ︾ ᠭᠡᠳ ᠳᠠᠭᠤᠳᠠᠭᠠᠳ | ᠤᠴᠢᠳᠠᠭ ᠪᠠᠶᠢᠯ᠎ᠠ᠃ ︽ᠮᠢᠨᠦ ᠬᠦᠦ ᠢᠷᠡᠭᠰᠡᠨ ᠶᠤᠮ ᠦᠦ︾ ᠭᠡᠳ ᠰᠡᠳᠭᠢᠯ ᠬᠠᠨᠳᠠᠭ ᠪᠠᠶᠢᠯ᠎ᠠ ᠃ ︽ᠡᠵᠢ ᠡ᠂ | ᠲᠠ ᠰᠠᠶᠢᠨ ᠪᠠᠶᠢᠨ᠎ᠠ ᠤᠤ︾ ᠭᠡᠬᠦᠯᠡᠷ ᠳ᠋ᠠᠷ᠎ᠠ ᠡᠬᠡ ᠰᠢᠭ ᠮᠦᠰᠢᠶᠡᠩᠭᠦᠶᠢᠯᠡᠨ ᠡᠷᠡᠬᠡᠢ ᠬᠤᠷᠤᠭᠤ ᠪᠠᠨ ᠭᠠᠷᠭᠠᠳᠠᠭ | ᠪᠠᠶᠢᠯ᠎ᠠ᠃ ︽ᠡᠵᠢ ᠡ᠂ ᠪᠢᠳᠠ ᠳᠡᠷᠭᠡᠳᠡ ᠴᠢᠨᠢ ᠪᠠᠶᠢᠨ᠎ᠠ︾ ᠭᠡᠬᠦᠯᠡᠷ ᠬᠤᠷᠸ᠎ᠠ ᠶᠢ ᠵᠢᠷᠭᠠᠭᠠᠵᠤ ᠠᠮᠤᠭᠤᠯᠠᠩ | ᠳᠦᠷᠢ ᠦᠵᠡᠭᠦᠯᠵᠡᠢ᠃ ᠨᠠᠷᠠ ᠰᠠᠯᠬᠢᠨ ᠳᠤ ᠪᠠᠨ ᠶᠠᠪᠤᠵᠣ ᠢᠷᠡᠭᠰᠡᠨ ᠬᠠᠯᠠᠭᠤᠨ ᠬᠦᠢᠲᠡᠨ ᠢ ᠪᠢᠴᠢᠵᠦ ᠲᠠᠯᠪᠢᠭᠰᠠᠨ | ᠬᠠᠲᠠᠭᠤ ᠬᠠᠪᠢᠰᠦ ᠲᠠᠢ ᠨᠠᠮᠳᠠᠷ ᠢ ᠮᠦᠩᠬᠡ ᠦᠯᠡᠳᠡᠭᠡᠪᠡ᠃ | ᠡᠵᠢ ᠲᠠᠨ ᠳᠤ ᠪᠠᠨ ᠵᠤᠯᠠ ᠡᠷᠭᠦᠯ᠎ᠡ︕ | ᠬᠤᠶᠠᠷ | ᠪᠢ ᠪᠠᠯᠠᠷ ᠤᠨ ᠬᠡᠥᠬᠡᠳ᠃ ᠲᠠᠨ ᠤ ᠪᠠᠨ ᠶᠠᠪᠤᠭᠰᠠᠨ ᠮᠦᠷ ᠢ ᠬᠢᠰᠬᠢᠵᠦ ᠡᠯᠡᠰᠣᠨ ᠠᠴᠠ ᠭᠠᠷᠣᠭᠰᠠᠨ ᠶᠤᠮ᠃ | ᠮᠠᠨ ᠤ ᠬᠢᠨ ᠨᠣᠭᠳᠠᠭᠰᠠᠨ ᠨᠤᠳᠤᠭ ᠪᠡᠯᠴᠢᠭᠡᠷ ᠲᠣᠮᠣ ᠭᠡᠭᠴᠢ ᠶᠠᠭᠠᠬᠢᠬᠤ ᠠᠷᠭ᠎ᠠ ᠦᠭᠡᠢ᠃ ᠣᠬᠠᠭ᠎ᠠ | ᠤᠷᠣᠭᠰᠠᠨ ᠠᠴᠠ ᠮᠢᠨᠢ ᠬᠤᠶᠢᠰᠢ ᠠᠪᠤ ᠡᠵᠢ ᠭᠡᠳᠣᠨ ᠬᠤᠨᠢ ᠲᠠᠢ ᠪᠠᠨ ᠵᠣᠨ ᠪᠣᠯᠬᠤ ᠪᠠᠷ ᠪᠠᠯᠠᠷ ᠠᠴᠠ ᠭᠠᠷᠴᠦ | ᠭᠤᠪᠢ ᠳᠤ ᠤᠷᠤᠭᠠᠳ᠂ ᠲᠡᠭᠷᠢ ᠬᠦᠢᠲᠡᠷᠡᠬᠦ ᠠᠴᠠ ᠡᠮᠦᠨᠡᠬᠡᠨ ᠭᠤᠪᠢ ᠠᠴᠠ ᠭᠠᠷᠴᠦ ᠪᠠᠯᠠᠷ ᠲᠤ ᠪᠠᠨ ᠢᠷᠡᠵᠦ | ᠡᠪᠤᠯᠵᠢᠳᠡᠭ᠃ ᠮᠢᠨᠦ ᠠᠪᠤ ᠡᠵᠢ ᠬᠤᠶᠠᠭᠤᠯᠠ ᠪᠠᠯᠠᠷ᠂ ᠭᠤᠪᠢ ᠶᠢᠨ ᠬᠤᠭᠤᠷᠣᠨᠳᠦ ᠨᠡᠭᠦᠵᠦ ᠨᠢᠭᠡ ᠨᠠᠰᠤ ᠪᠠᠨ | ᠡᠯᠡᠭᠡᠭᠰᠡᠨ ᠪᠤᠭᠤᠷᠣᠯ ᠶᠤᠮ ᠰᠠᠨ᠃ ᠭᠤᠪᠢ ᠶᠢᠨ ᠬᠦᠳᠡᠭᠡ ᠪᠤᠷᠤᠭ᠎ᠠ ᠬᠤᠷ᠎ᠠ ᠬᠤᠮᠰᠠ ᠪᠣᠯᠬᠤᠷ ᠪᠡᠯᠴᠢᠭᠡᠷ ᠢ ᠶᠡᠭᠡ | ᠲᠠᠰᠣᠯᠵᠤ ᠦᠭᠭᠦᠭᠰᠡᠨ ᠪᠠᠶᠢᠭ᠎ᠠ ᠭᠡᠵᠣ ᠪᠤᠳᠣᠳᠠᠭ᠃ ᠡᠰᠡᠬᠦᠯ᠎ᠠ ᠠᠪᠤ ᠡᠵᠢ ᠲᠠᠶᠢᠳᠠᠢ ᠬᠦᠭᠰᠢᠳ ᠪᠤᠭᠤᠷᠣᠯ ᠤᠳ | ᠪᠠᠶᠢᠳᠠᠭ ᠢᠶᠠᠨ ᠬᠤᠮᠢᠵᠤ ᠬᠠᠷᠠᠮᠨᠠᠭᠰᠠᠭᠠᠷ ᠳᠦᠩᠭᠡᠵᠦ ᠦᠯᠡᠳᠡᠭᠡᠭᠰᠡᠨ ᠨᠤᠳᠤᠭ ᠤᠨ ᠲᠠᠰᠣᠷᠬᠠᠢ ᠶᠤᠮ ᠪᠠᠶᠢᠯ ᠦᠬᠡᠢ︕ | ᠬᠠᠪᠤᠷᠵᠢᠶ᠎ᠠ ᠡᠪᠦᠯᠵᠢᠶ᠎ᠡ ᠭᠡᠳ ᠵᠣᠨ ᠤ ᠲᠤᠮᠳᠠᠴᠢ ᠰᠠᠷ᠎ᠠ ᠪᠠᠷ ᠵᠠᠪᠠᠯ ᠵᠤᠰᠠᠯᠠᠩ ᠤᠨ ᠪᠡᠯᠴᠢᠭᠡᠷ ᠣᠯᠠᠨᠪᠤᠯᠠᠭ ᠲᠤ | ᠪᠠᠨ ᠤᠴᠢᠳᠠᠭ᠃ ᠬᠠᠭᠤᠷᠠᠢ ᠲᠠᠴᠢᠷ ᠨᠤᠳᠤᠭ ᠢ ᠪᠡᠯᠭᠡᠰᠢᠶᠡᠵᠦ ᠣᠯᠠᠨ ᠪᠤᠯᠠᠭ ᠭᠡᠵᠣ ᠠᠨᠳᠠᠭᠤᠷᠠᠮᠠᠷ ᠰᠠᠶᠢᠬᠠᠨ ᠨᠡᠷ᠎ᠡ | ᠰᠣᠶᠣᠷᠬᠠᠭᠰᠠᠨ ᠪᠢᠵᠡ᠃ ᠵᠠᠭ ᠢᠶᠠᠷ ᠱᠠᠲᠣᠯᠠᠭᠰᠠᠨ ᠭᠠᠭᠴᠠ ᠬᠤᠳᠳᠤᠭ ᠲᠠᠢ᠃ ᠵᠣᠨ ᠪᠤᠯᠬᠤᠷ ᠯᠠ ᠤᠰᠣ | ᠲᠠᠲᠠᠭᠤᠷᠠᠵᠤ ᠬᠠᠭᠰᠠᠷᠠᠳᠠᠭ ᠲᠤᠯᠠ ᠪᠠᠯᠠᠷ ᠲᠤ ᠪᠠᠨ ᠵᠠᠭ᠂ ᠰᠣᠯᠢ᠂ ᠬᠤᠯᠣᠰᠤ ᠤᠷᠭᠤᠳᠠᠭ ᠪᠤᠯᠪᠠᠴᠦ ᠭᠤᠪᠢ ᠪᠠᠷ | ᠶᠡᠬᠡᠩᠬᠢ ᠨᠢ ᠬᠠᠷ᠎ᠠ ᠪᠣᠳᠠ᠂ ᠵᠡᠭᠡᠷᠭᠡᠨ᠎ᠡ᠂ ᠪᠤᠳᠤᠷᠭᠠᠨ᠎ᠠ ᠵᠡᠷᠭᠡ ᠪᠤᠳᠠᠯᠢᠭ ᠲᠠᠢ ᠠᠲᠠᠷ ᠰᠢᠣᠬᠠᠨ ᠬᠦᠳᠡᠭᠡ ᠶᠤᠮ᠃ | ᠡᠨᠡ ᠨᠤᠳᠤᠭ ᠠᠪᠤ ᠡᠵᠢ ᠶᠢᠨ ᠬᠠᠶᠢᠷᠠᠯᠠᠵᠤ ᠬᠤᠷᠢᠶᠠᠭᠰᠠᠨ ᠲᠡᠪᠡᠯ ᠤᠨ ᠡᠩᠭᠡᠷ ᠤᠨ ᠲᠠᠰᠣᠷᠬᠠᠢ ᠰᠢᠭ᠋ ᠰᠠᠨᠠᠭᠳᠠᠨ᠎ᠠ᠃ | | ᠪᠤᠷᠤᠭ᠎ᠠ ᠬᠤᠷ᠎ᠠ ᠤᠷᠣᠬᠤ ᠭᠡᠵᠤ ᠠᠶᠣᠩᠭ᠎ᠠ ᠶᠢᠨ ᠰᠠᠬᠢᠭᠤᠰᠦ ᠠᠳᠡᠭᠦᠷᠡᠭᠡᠳ ᠭᠠᠩ ᠲᠠᠶᠢᠯᠤᠭᠳᠠᠳᠠᠭ ᠨᠤᠳᠤᠭ ᠶᠤᠮ | ᠃ ᠠᠪᠤ ᠡᠵᠢ ᠡᠶᠢᠮᠦᠷᠬᠦᠦ ᠨᠤᠲᠤᠭ ᠢᠶᠠᠨ ᠤᠷᠬᠢᠭ᠎ᠠ ᠦᠭᠡᠢ ︽ᠮᠢᠨᠦ ᠨᠤᠲᠤᠭ︾ ᠭᠡᠳ ᠨᠢᠭᠡ ᠨᠠᠰᠤ ᠪᠠᠨ ᠪᠠᠷᠠᠬᠤ | ᠭᠡᠵᠣ ᠤᠶᠢᠯᠭᠠᠭᠳᠠᠰᠢ ᠦᠭᠡᠢ ᠰᠠᠨᠠᠭᠳᠠᠵᠤ ᠶᠠᠪᠤᠭᠰᠠᠨ ᠶᠤᠮ᠃ ᠪᠢ ᠣᠨᠣᠭᠠᠨ ᠤ ᠨᠢᠷᠣᠭᠤᠨ ᠳᠤ ᠰᠠᠭᠤᠵᠣ ᠴᠢᠳᠠᠬᠤ | ᠪᠣᠯᠳᠠᠯ᠎ᠠ ᠬᠦᠳᠡᠭᠡ ᠳᠤ ᠦᠰᠦᠭᠰᠡᠨ ᠪᠣᠯᠬᠤᠷ ᠰᠠᠯᠬᠢ ᠰᠢᠭᠤᠷᠭᠠᠨ᠂ ᠭᠠᠩ ᠬᠠᠭᠤᠷᠠᠢ᠂ ᠵᠤᠳ ᠭᠠᠮᠰᠢᠭ ᠢ ᠦᠵᠡᠵᠦ | ᠶᠠᠪᠤᠭᠰᠠᠨ ᠠᠴᠠ ᠪᠢᠰᠢ᠂ ᠥᠩ ᠲᠠᠢ ᠦᠭᠡᠳᠡ ᠲᠠᠢ ᠣᠨ ᠵᠢᠯ ᠢ ᠬᠤᠪᠤᠷᠬᠠᠨ ᠬᠠᠷᠠᠭᠰᠠᠨ ᠶᠤᠮ᠃ ᠡᠪᠦᠭᠡ | ᠡᠮᠡᠭᠡ ᠶᠢᠨ ᠳᠡᠭᠡᠷ᠎ᠡ ᠦᠶ᠎ᠡ ᠳᠤ ᠶᠡᠭᠡ ᠰᠠᠶᠢᠬᠠᠨ ᠭᠠᠩᠭᠠᠩ ᠪᠠᠶᠢᠭᠠᠯᠢ ᠲᠠᠢ ᠪᠠᠶᠢᠯ᠎ᠠ ᠭᠡᠵᠣ ᠬᠡᠯᠡᠵᠦ ᠪᠠᠶᠢᠭᠰᠠᠨ ᠢ | ᠴᠡᠭᠡᠵᠢᠯᠡᠭᠰᠡᠨ ᠲᠡᠳᠦᠢ ᠪᠤᠷᠣᠭᠠᠨ ᠬᠤᠷ᠎ᠠ ᠶᠢ ᠶᠡᠭᠡ ᠥᠵᠡᠭᠡ ᠦᠭᠡᠢ ᠬᠠᠭᠤᠷᠠᠢ ᠦᠰᠴᠡᠢ᠃ ᠨᠢᠯᠬ᠎ᠠ ᠪᠠᠯᠴᠢᠷ | ᠨᠠᠰᠣᠨ ᠤ ᠲᠣᠷᠠᠳᠬᠠᠯ ᠳᠤ ᠠᠶᠣᠩᠭ᠎ᠠ ᠳᠣᠣᠭᠠᠷᠬᠤ ᠠᠴᠠ ᠰᠦᠨᠡᠰᠤ ᠪᠠᠨ ᠵᠠᠪᠬᠠᠷᠠᠲᠠᠯᠠ ᠰᠣᠴᠢᠵᠤ ᠶᠡᠭᠡ ᠣᠰᠤ ᠠᠴᠠ | ᠠᠶᠤᠳᠠᠭ ᠪᠠᠶᠢᠪᠠ ᠃ | ᠭᠤᠪᠢ ᠶᠢᠨ ᠬᠦᠮᠦᠰ ᠲᠤ ᠤᠰᠣ ᠡᠷᠳᠡᠨᠢ᠂ ᠭᠠᠳᠠᠨ᠎ᠠ ᠪᠠᠨ ᠢᠷᠡᠳᠡᠭ ᠰᠠᠭᠠᠬᠠᠯᠲᠠ ᠡᠷᠳᠡᠨᠢ᠃ ᠠᠪᠤ ᠭᠤᠪᠢ ᠳᠤ | ᠰᠣᠷᠣᠭᠰᠠᠨ ᠪᠣᠯᠬᠤᠷ ᠪᠠᠯᠭᠤ ᠤᠰᠣ ᠪᠠᠷ ᠠᠮᠠ ᠪᠠᠨ ᠵᠠᠶᠢᠯᠠᠵᠤ ᠨᠢᠭᠤᠷ ᠭᠠᠷ ᠢᠶᠠᠨ ᠤᠬᠢᠶᠠᠬᠤ ᠨᠢ ᠲᠡᠷᠡ᠃ | ᠬᠤᠷᠢᠶᠠᠵᠤ ᠨᠦᠭᠡᠴᠡᠯᠡᠭᠰᠡᠨ ᠤᠰᠤ ᠪᠠᠷ ᠢᠶᠠᠨ ᠬᠤᠷᠠᠭ᠎ᠠ ᠢᠰᠢᠭᠡ᠂ ᠬᠠᠰᠢᠶᠠᠨ ᠳᠤ ᠢᠷᠡᠳᠡᠭ ᠪᠤᠭᠱᠣᠷᠭᠠ᠂ ᠬᠠᠶᠠ | ᠬᠦᠳᠡᠭᠡ ᠭᠠᠳᠠᠨ᠎ᠠ ᠬᠠᠲᠠᠵᠤ ᠴᠠᠩᠭᠠᠭᠰᠠᠨ ᠦᠷ᠎ᠡ ᠵᠤᠯᠵᠠᠭ᠎ᠠ ᠲᠠᠷᠪᠠᠭ᠎ᠠ ᠢᠨᠵᠠᠭ᠎ᠠ ᠶᠢ ᠤᠰᠣᠯᠠᠳᠠᠭ ᠪᠠᠶᠢᠪᠠ᠃ ᠭᠡᠬᠦ | ᠳᠤ ᠪᠠᠨ ᠡᠵᠢ ᠳᠤ ᠤᠰᠣ ᠳᠣᠲᠠᠭᠠᠵᠤ ᠦᠵᠡᠭᠡ ᠦᠭᠡᠢ᠃ | ᠡᠵᠢ ᠵᠠᠯᠠᠭᠤ ᠳᠤ ᠪᠠᠨ ᠦᠢᠷ᠎ᠠ ᠵᠠᠭᠤᠷ᠎ᠠ ᠳᠤ ᠪᠠᠨ ︽ᠭᠠᠩᠭᠠᠩ ᠪᠦᠰᠡᠭᠦᠢ︾ ᠨᠡᠷ᠎ᠠ ᠲᠠᠢ᠂ ᠨᠢᠭᠤᠷ ᠭᠠᠷ ᠢᠶᠠᠨ | ᠤᠬᠢᠶᠠᠬᠤ ᠳᠤ ᠤᠰᠣ ᠶᠡᠭᠡ ᠬᠡᠷᠡᠭᠯᠡᠳᠡᠭ ᠭᠡᠨ᠎ᠡ ᠯᠠᠢ᠃ ᠪᠤᠳᠣᠪᠠᠯ ᠰᠠᠶᠢᠬᠠᠨ ᠨᠤᠲᠤᠭ ᠲᠤ ᠪᠠᠨ ᠦᠷ᠎ᠡ ᠪᠠᠨ ᠦᠰᠭᠡᠬᠦ | ᠭᠡᠵᠤ ᠶᠠᠳᠠᠷᠠᠵᠤ ᠶᠠᠪᠤᠭ᠎ᠠ ᠪᠦᠰᠡᠭᠦᠢ ᠬᠦᠮᠦᠨ ᠢ ᠭᠤᠶᠣᠬᠠᠨ ᠪᠠᠶᠢᠯᠭᠠᠬᠤ ᠭᠡᠳᠡᠭ ᠡᠷ᠎ᠡ ᠬᠦᠮᠦᠨ ᠤ ᠰᠠᠨᠠᠳᠠᠭ ᠰᠠᠨᠠᠭ᠎ᠠ | ᠪᠢᠵᠡ︕ ᠮᠠᠨ ᠤ ᠬᠢᠨ ᠳᠤ ᠵᠦᠩᠳᠡᠭᠡᠨ ᠬᠦᠮᠦᠰ ᠴᠣᠭᠯᠠᠷᠠᠨᠠ᠃ ᠠᠪᠤ ᠵᠤᠭ᠎ᠠ ᠲᠠᠢ ᠬᠦᠮᠦᠨ ᠪᠠᠶᠢᠯ᠎ᠠ᠃ ᠦᠵᠡᠭᠰᠡᠨ | ᠬᠠᠷᠠᠭᠰᠠᠨ ᠢᠶᠠᠨ ᠶᠠᠷᠢᠨ᠎ᠠ ᠦᠦ᠂ ᠦᠯᠢᠭᠡᠷ ᠬᠠᠭᠤᠴᠢ ᠲᠡᠯᠭᠡᠨ᠎ᠡ ᠦᠦ᠂ ︽ᠵᠠ ᠪᠠᠶᠢᠵᠡ︕ ᠠᠵᠠ ᠲᠠᠢ | ᠬᠡᠶᠢᠮᠣᠷᠢᠯᠢᠭ ᠨᠤᠲᠤᠭ ᠁︾ ᠭᠡᠳ ᠣᠩᠭᠤᠵᠤ ᠲᠦᠩᠰᠦᠶᠢᠭᠰᠡᠨ ᠪᠤᠷᠦ ᠬᠦᠳᠡᠭᠡ ᠪᠠᠨ ᠬᠠᠷᠠᠭᠠᠳ ᠬᠤᠳᠠᠯ | ᠶᠠᠷᠢᠬᠤ ᠨᠢ ᠢᠯᠡᠭᠦᠦ ᠭᠤᠶᠣ ᠪᠠᠶᠢᠪᠠ᠃ ᠲᠡᠷᠡ ᠪᠠᠷ ᠡᠵᠢ ᠶᠢᠨ ᠳᠡᠷᠭᠡᠳᠡ ᠰᠡᠳᠭᠢᠯ ᠰᠡᠷᠭᠦᠭᠡᠬᠦ ᠪᠠᠷ ᠬᠦᠮᠦᠨ | ᠳᠦᠭᠦᠷᠴᠦ ᠯᠠ ᠪᠠᠶᠢᠳᠠᠭ᠃ ᠪᠡᠶ᠎ᠡ ᠴᠣᠭᠴᠠᠰ ᠤᠨ ᠦᠵᠡᠰᠬᠦᠯᠡᠩ ᠭᠡᠭᠴᠢ ᠵᠣᠪᠠᠯᠠᠩ ᠳᠤ ᠣᠨᠠᠬᠤ ᠤᠷᠤᠭ᠎ᠠ | ᠬᠦᠰᠡᠯᠡᠩ ᠳᠤ ᠵᠢᠯᠣᠭᠤ ᠠᠯᠳᠠᠳᠠᠭ ᠠᠶᠢᠯ ᠤᠨ ᠲᠡᠬᠦᠤ ᠨᠡᠷ ᠢ ᠡᠵᠢ ᠢᠨᠢᠶᠡᠵᠦ ᠳᠠᠭᠤᠯᠠᠳᠠᠭ ᠪᠣᠯᠬᠤᠷ ᠮᠠᠭᠤᠬᠠᠢ | ᠬᠠᠷᠠᠵᠤ ᠪᠤᠯᠣᠮᠠᠷ ᠦᠭᠡᠢ ᠰᠠᠶᠢᠬᠠᠨ ᠬᠦᠮᠦᠨ ᠶᠤᠮ᠃ ᠠᠭᠤᠳᠠᠮ ᠬᠦᠨᠳᠡᠢ ᠶᠢᠨ ᠰᠠᠯᠬᠢ ᠪᠠᠷ ᠢᠨᠢᠶᠡᠳᠡᠭ ᠴᠡᠴᠡᠭᠡᠰ | ᠰᠢᠭ ᠴᠡᠭᠡᠵᠢᠨ ᠤ ᠵᠦᠭᠡᠯᠡᠨ ᠳᠠᠭᠤᠣ ᠪᠠᠷ ᠠᠯᠢᠪᠠ ᠠᠮᠢᠲᠠᠨ ᠤ ᠪᠣᠬᠢᠨᠢᠳᠦᠯ ᠭᠠᠰᠯᠠᠩ ᠢ ᠮᠠᠷᠲᠠᠭᠤᠯᠣᠨᠠ᠃ ᠠᠪᠤ | ᠪᠤᠰᠣᠳ ᠠᠴᠠ ᠬᠠᠷᠠᠮᠨᠠᠳᠠᠭ ᠶᠠᠩᠵᠣᠳᠠᠢ ᠵᠠᠷᠢᠮ ᠦᠶ᠎ᠡ ᠳᠤ ᠬᠦᠮᠦᠨ ᠢᠷᠡᠬᠦ ᠠᠴᠠ ᠲᠦᠪᠡᠭᠰᠢᠶᠡᠳᠡᠭ ᠶᠤᠮ᠃ | ᠲᠡᠷᠡ ᠠᠴᠠ ᠪᠤᠯᠵᠣ ᠠᠪᠤ ᠳᠡᠭᠳᠡᠭᠡᠬᠡᠢ ᠪᠠᠨ ᠬᠠᠷᠠᠮᠨᠠᠭᠰᠠᠨ ᠰᠢᠪᠠᠭᠤ ᠰᠢᠭ᠋ ᠤᠰᠣᠨ ᠳᠤ ᠶᠠᠪᠤᠬᠤ ᠪᠠᠨ ᠮᠠᠷᠲᠠᠭᠠᠳ | ᠬᠠᠶᠠᠭᠠᠨ ᠳᠤ ᠪᠠᠨ ᠳᠡᠮᠡᠢ ᠬᠤᠷᠭᠤᠳᠠᠨ᠎ᠠ᠃ ᠵᠠᠷᠢᠮ ᠳᠤ ᠪᠠᠨ ᠡᠵᠢ ᠬᠤᠭᠤᠰᠣᠨ ᠪᠤᠷᠪᠢ ᠬᠠᠷᠳᠠᠩᠨᠠᠭᠤᠯᠵᠤ᠄ | ︽ᠠᠪᠤ ᠨᠢ ᠲᠠ ᠤᠰᠣᠨ ᠳᠤ ᠪᠠᠨ ᠶᠠᠪᠤᠭᠠᠳ ᠢᠷᠡᠬᠦ ᠦᠭᠡᠢ ᠶᠤᠮ ᠦᠦ︖ ᠴᠢᠷᠠᠢ ᠨᠢᠭᠤᠷ ᠭᠡᠭᠴᠢ ᠶᠠᠩᠵᠤ ᠶᠢᠨ | ᠪᠣᠯᠵᠤ ᠲᠤᠭᠤᠷᠣᠯᠠ᠂ ᠢᠩᠬᠢᠭᠡᠳ ᠦᠨᠵᠢᠪᠡᠯ ᠭᠤᠯᠣᠭᠳᠠᠬᠤ ᠳᠤ ᠳᠦᠭᠦᠭᠰᠡᠨ︾ ᠭᠡᠵᠤ ᠬᠠᠶᠢᠯᠤᠭᠰᠠᠨ ᠲᠣᠭᠤᠯᠭ᠎ᠠ | ᠰᠢᠭ᠋ ᠨᠢᠳᠦ ᠲᠣᠷᠮᠣᠶᠢᠯᠭᠠᠨ ᠶᠠᠯᠠᠷᠬᠠᠳᠠᠭ ᠶᠤᠮ᠃ ᠭᠤᠯᠣᠬᠤ ᠭᠤᠯᠣᠭᠳᠠᠬᠤ ᠭᠡᠳᠡᠭ ᠢ ᠴᠡᠭᠡᠷᠲᠡᠢ ᠰᠢᠭ ᠠᠪᠤ ᠡᠵᠢ | ᠬᠤᠶᠠᠭᠤᠯᠠ ᠵᠠᠩ ᠢᠶᠠᠨ ᠤᠯᠣᠭᠰᠠᠨ ᠪᠠᠶᠢᠬᠤ ᠳ᠋ᠠ᠃ ᠤᠰᠣ ᠠᠪᠬᠤ ᠨᠢ ᠠᠪᠤ ᠶᠢᠨ ᠭᠤᠣᠯᠲᠠᠢ ᠠᠵᠢᠯ ᠪᠣᠯᠬᠤᠷ | ᠦᠷᠴᠡᠶᠢᠵᠦ ᠠᠪᠤᠭᠠᠳ ᠬᠤᠭᠤᠰᠣᠨ ᠪᠤᠷᠪᠢ ᠪᠠᠨ ᠲᠡᠭᠦᠵᠢᠯᠡᠭᠡᠳ ᠣᠨᠣᠭᠠᠨ ᠳᠤ ᠪᠠᠨ ᠬᠤᠯᠬᠢᠵᠤ ᠬᠦᠷᠬᠦ ᠳᠤ ᠡᠵᠢ | ᠠᠮᠠ ᠪᠠᠨ ᠪᠠᠷᠢᠭᠰᠠᠭᠠᠷ ᠨᠠᠳᠠ ᠤᠷᠣᠭᠤ ᠬᠠᠷᠠᠵᠣ ᠢᠨᠢᠶᠡᠮᠰᠦᠭᠯᠡᠨ᠎ᠡ᠃ ᠪᠢ ᠠᠪᠤ ᠶᠢᠨ ᠬᠤᠶᠢᠨ᠎ᠠ᠄ | ︽ᠠᠪᠤ ᠡ᠂ ᠪᠢ ᠲᠠᠨ ᠲᠠᠢ ᠤᠴᠢᠶ᠎ᠠ︾ ᠭᠡᠳ ᠲᠡᠮᠡᠢ ᠶᠠᠷᠢᠬᠤ ᠳᠤ ᠠᠪᠤ ᠭᠡᠳᠡᠷᠭᠦ ᠪᠠᠨ ᠬᠠᠷᠠᠭᠠᠳ᠄ | ︽ᠬᠡᠥᠬᠡᠳ ᠪᠠᠶᠢᠵᠤ ᠮᠢᠨᠦ ᠬᠦᠦ ᠴᠢᠳᠠᠬᠤ ᠪᠤᠯᠤᠭ᠎ᠠ ᠦᠭᠡᠢ ᠳ᠋ᠠ᠂ ᠡᠵᠢ ᠳᠤ ᠪᠠᠨ ᠬᠠᠨᠢ ᠪᠣᠯ︾ ᠭᠡᠳ ᠣᠯᠠᠨ | ᠪᠤᠯᠠᠭ ᠤᠨ ᠵᠠᠳᠠᠭᠠᠢ ᠳᠤ ᠶᠠᠪᠤᠳᠠᠭ ᠶᠤᠮ᠃ ᠬᠤᠶᠢᠨ᠎ᠠ ᠠᠴᠠ ᠨᠢ᠄ | ︽ᠠᠪᠤ ᠴᠢᠨᠢ ᠲᠡᠨᠡᠭ ᠪᠢᠵᠡ︖ ᠡᠵᠢ ᠶᠢ ᠨᠢ ᠰᠠᠬᠢᠵᠤ ᠪᠠᠢ ᠭᠡᠨ᠎ᠡ ᠰᠢᠦ︕︾ ᠭᠡᠳ ᠲᠠᠭᠠᠵᠠᠩᠨᠠᠨ ᠢᠨᠢᠶᠡᠨ᠎ᠡ᠃ | ᠠᠪᠤ ᠶᠢ ᠮᠠᠨᠠᠭᠰᠠᠭᠠᠷ ᠪᠠᠶᠢᠭᠠᠳ ᠤᠰᠣᠨ ᠠᠴᠠ ᠶᠠᠪᠤᠭᠠᠳ ᠢᠷᠡᠬᠦ ᠳᠤ ᠠᠪᠤ ᠡᠵᠢ ᠲᠡᠩᠨᠡᠭᠡ ᠲᠠᠢ ᠪᠤᠷᠪᠢ ᠶᠢ | ᠪᠠᠭᠤᠯᠭᠠᠬᠤ ᠵᠠᠭᠤᠷ᠎ᠠ ᠲᠡᠮᠡᠭᠡᠨ ᠤ ᠪᠦᠬᠦᠨ ᠳᠡᠭᠡᠭᠦᠷ ᠰᠢᠪᠡᠨᠡᠯᠳᠦᠳᠡᠭ ᠢ ᠬᠠᠷᠠᠵᠠᠢ᠃ ᠠᠪᠤ ᠬᠤᠳᠠᠯ ᠢᠶᠠᠷ ᠴᠢᠮᠠᠷᠬᠠᠵᠤ | ᠪᠠᠶᠢᠪᠠ᠃ ᠡᠵᠢ ᠶᠢᠨ ᠢᠶᠠᠨ ᠬᠠᠯᠠᠭᠤᠨ ᠬᠤᠩᠰᠢᠶᠠᠷ ᠢ ᠭᠠᠭᠴᠠᠬᠠᠨ ᠮᠢᠨᠦ ᠭᠡᠵᠣ ᠪᠤᠳᠣᠳᠠᠭ ᠪᠠᠶᠢᠪᠠ᠃ ᠡᠨᠡ | ᠬᠠᠶᠢᠷ᠎ᠠ ᠶᠢᠨ ᠬᠠᠯᠠᠭᠤᠨ ᠦᠨᠦᠰᠦᠯᠲᠠ ᠬᠦᠳᠡᠭᠡ ᠶᠢᠨ ᠰᠠᠯᠬᠢ ᠰᠢᠭ᠋ ᠡᠪᠡᠰᠣᠨ ᠤ ᠦᠵᠦᠭᠦᠷ ᠨᠠᠶᠢᠭᠤᠳᠠᠭ ᠰᠡᠨᠵᠡᠢ᠃ | ᠡᠵᠢ᠄ | ︽ ᠠᠰᠢᠭᠦᠢ ᠨᠢᠭᠡ ᠪᠤᠷᠤᠭ᠎ᠠ ᠤᠷᠣᠬᠤ ᠶᠤᠮ ᠪᠠᠶᠢᠨ᠎ᠠ︾ ᠭᠡᠳ ᠭᠠᠵᠠᠷ ᠠᠴᠠ ᠡᠯᠡᠰᠦ ᠠᠪᠴᠦ ᠰᠠᠴᠤᠬᠤᠯᠠᠷ ᠪᠢ | ᠪᠠᠰᠠ ᠳᠠᠭᠤᠷᠢᠶᠠᠵᠤ ᠨᠢᠭᠡ ᠠᠳᠬᠤ ᠰᠢᠷᠣᠢ ᠰᠠᠴᠣᠬᠤ ᠳᠤ ᠡᠵᠢ ᠬᠦᠬᠦᠷᠡᠵᠦ᠄ | ︽ᠴᠢ ᠶᠠᠭᠤ ᠮᠡᠳᠡᠯ᠎ᠡ ᠭᠡᠵᠣ ᠰᠢᠷᠦᠢ ᠪᠤᠲᠠᠷᠠᠭᠤᠯᠵᠤ ᠪᠠᠶᠢᠨ᠎ᠠ︖︾ ᠭᠡᠵᠤ ᠡᠯᠢᠭᠡ ᠬᠠᠲᠠᠬᠤ ᠵᠠᠭᠤᠷ᠎ᠠ ᠵᠡᠭᠦᠨ | ᠡᠮᠦᠨ᠎ᠡ ᠠᠴᠠ ᠵᠢᠪᠠᠷ ᠤᠷᠢᠪᠠᠯ ᠭᠤᠷᠪᠠᠨ ᠬᠤᠨᠤᠭ ᠲᠤ ᠪᠠᠨ ᠵᠠᠪᠠᠯ ᠪᠤᠷᠣᠭᠠᠯᠠᠳᠠᠭ︾ ᠭᠡᠵᠤ ᠬᠡᠯᠡᠵᠦ ᠪᠠᠶᠢᠭᠰᠠᠨ ᠢ | ᠦᠨᠡᠮᠰᠢᠵᠢ ᠪᠢᠯᠡ᠃ ᠪᠢ ᠡᠵᠢ ᠶᠢᠨ ᠬᠡᠯᠡᠭᠰᠡᠨ ᠦᠭᠡ ᠶᠢ ᠮᠠᠨᠠᠵᠤ᠂ ᠭᠡᠷ ᠤᠨ ᠬᠠᠶᠠᠭᠠᠨ ᠳᠤ ᠪᠤᠷᠪᠢ ᠲᠦᠰᠢᠭᠡᠳ | ᠪᠤᠷᠤᠭ᠎ᠠ ᠤᠷᠣᠬᠤ ᠶᠢ ᠬᠦᠯᠢᠶᠡᠵᠦ ᠰᠠᠭᠤᠪᠠ᠃ ᠠᠪᠤ᠄ | ︽ᠮᠠᠨ ᠤ ᠤᠰᠣᠨ ᠤ ᠰᠠᠪᠠ ᠬᠦᠯᠦᠷᠡᠭᠰᠡᠨ ᠪᠠᠶᠢᠬ᠎ᠠ ᠨᠢ ᠭᠡᠳ ᠥᠭᠡᠳᠡ ᠬᠠᠷᠠᠨ ᠪᠠᠶᠢᠭᠰᠠᠨ ᠢᠶᠠᠨ ᠮᠢᠨᠦ ᠬᠦᠦ | ᠬᠠᠯᠠᠭᠤᠨ ᠳᠤ ᠭᠠᠳᠠᠨ᠎ᠠ ᠰᠠᠭᠤᠭᠠᠳ ᠰᠢᠲᠠᠴᠢᠬᠠᠬᠤ ᠪᠤᠢ︾ ᠭᠡᠬᠦ ᠳᠤ ᠪᠢ᠄ | ︽ᠪᠤᠷᠤᠭ᠎ᠠ ᠭᠡᠳᠡᠭ ᠢ ᠴᠢᠨᠢ ᠬᠦᠯᠢᠶᠡᠵᠦ ᠯᠠ ᠪᠠᠶᠢᠨ᠎ᠠ︾ ᠭᠡᠵᠤ ᠢᠨᠢᠶᠡᠯᠭᠡᠵᠦ ᠪᠠᠶᠢᠭᠰᠠᠨ ᠶᠤᠮ᠃ | ︽ᠥ︕ ᠬᠤᠷ᠎ᠠ ᠪᠠᠭᠤᠬᠤ ᠶᠢ ᠬᠦᠯᠢᠶᠠᠵᠦ ᠪᠠᠶᠢᠨ᠎ᠠ ᠦᠦ ᠳ᠋ᠠ︖ ᠵᠢᠪᠠᠷ ᠰᠠᠯᠬᠢᠨ ᠤ ᠵᠦᠭ ᠢᠶᠠᠨ ᠤᠯᠳᠠᠭ | ᠰᠠᠶᠢᠬᠠᠨ ᠮᠠᠯᠴᠢᠨ ᠭᠠᠷᠬᠤ ᠨᠢ︾ ᠭᠡᠳ ᠪᠦᠰᠡ ᠪᠠᠨ ᠴᠢᠩᠭᠠᠯᠠᠵᠤ ᠬᠤᠨᠢᠨ ᠳᠤ ᠪᠠᠨ ᠶᠠᠪᠤᠪᠠ᠃ ᠬᠤᠷᠮᠣᠢ | ᠬᠡᠶᠢᠰᠭᠡᠵᠣ ᠶᠠᠪᠤᠬᠤ ᠭᠡᠵᠣ ᠡᠷ᠎ᠡ ᠬᠦᠮᠦᠨ ᠤ ᠪᠠᠭ᠋ᠠᠳᠣᠯ ᠲᠡᠷᠡ ᠪᠠᠶᠢᠭ᠎ᠠ ᠭᠡᠵᠣ ᠨᠠᠭᠠᠨ᠎ᠠ ᠨᠢ ᠪᠢ ᠤᠮᠣᠭᠰᠢᠵᠤ | ᠬᠠᠷᠠᠨ᠎ᠠ᠃ ᠲᠡᠷᠡ ᠵᠣᠨ ᠦᠩᠰᠢᠵᠦ ᠲᠠᠷᠭᠤᠨ ᠲᠡᠮᠡᠭᠡᠨ ᠤ ᠨᠢᠷᠦᠭᠤᠨ ᠳᠤ ᠬᠠᠮᠬᠤᠤᠯ ᠤᠷᠭᠤᠵᠤ᠂ ᠢᠮᠠᠭᠠᠨ ᠤ | ᠰᠡᠭᠦᠯ ᠢᠵᠠᠷᠠᠭᠰᠠᠨ ᠰᠠᠶᠢᠬᠠᠨ ᠵᠢᠯ ᠪᠤᠯᠣᠭᠰᠠᠨ ᠶᠤᠮ᠃ | ᠲᠡᠷᠡ ᠵᠤᠨ ᠭᠤᠣᠯ ᠢᠶᠠᠷ ᠬᠠᠭᠤᠷᠠᠢ ᠦᠶᠡᠷ ᠢᠷᠡᠭᠰᠡᠨ ᠢ ᠭᠠᠶᠢᠬᠠᠵᠢ ᠪᠢᠯᠡ᠃ ᠠᠭᠤᠯᠠᠨ ᠳᠤ ᠶᠡᠭᠡ ᠪᠤᠷᠤᠭ᠎ᠠ | ᠣᠷᠣᠪᠠᠯ ᠭᠤᠣᠯ ᠢᠶᠠᠷ ᠨᠠᠭᠠᠰᠢ ᠪᠠᠨ ᠦᠶᠡᠷ ᠢᠷᠡᠳᠡᠭ ᠭᠡᠵᠤ ᠡᠵᠢ ᠶᠠᠷᠢᠵᠣ ᠦᠭᠴᠡᠢ᠃ ᠡᠶᠢᠮᠦ ᠶᠡᠭᠡ ᠤᠰᠣ | ᠶᠠᠪᠤᠳᠠᠭ ᠢ ᠠᠩᠬ᠎ᠠ ᠬᠠᠷᠠᠪᠠ᠃ ᠨᠠᠷᠢᠨ ᠭᠤᠣᠯ ᠤᠨ ᠬᠦᠨᠳᠡᠢ ᠪᠠᠷ ᠦᠶᠡᠷ ᠤᠨ ᠦᠵᠦᠭᠦᠷ ᠰᠢᠷ᠎ᠠ ᠲᠤᠭᠤᠰᠣ | ᠲᠠᠲᠠᠭᠤᠯᠣᠨ ᠱᠣᠣᠭᠢᠭᠠᠳ ᠢᠷᠡᠬᠦ ᠨᠢ ᠤᠷᠣᠯᠳᠣᠭᠠᠨ ᠤ ᠮᠣᠷᠢᠳ ᠢᠷᠡᠬᠦ ᠮᠡᠳᠦ ᠰᠦᠷ ᠲᠠᠢ᠃ ᠠᠪᠤ ᠮᠣᠷᠢ ᠲᠠᠢ | ᠳᠠᠪᠬᠢᠵᠤ ᠢᠷᠡᠭᠡᠳ ︽ᠪᠤᠷᠣᠭᠠᠯᠠᠬᠤ ᠶᠤᠮ ᠪᠠᠶᠢᠨ᠎ᠠ︾ ᠭᠡᠳ ᠨᠠᠮ᠎ᠠ ᠶᠢ ᠮᠣᠷᠢ ᠣᠨᠣᠭᠤᠯᠵᠣ ᠡᠵᠢ ᠲᠠᠢ ᠶᠢᠰᠣᠨ | ᠰᠢᠳᠢ ᠶᠢᠨ ᠶᠠᠭᠤᠮ᠎ᠠ ᠶᠠᠷᠢᠵᠤ ᠶᠠᠪᠤᠬᠤ ᠳᠤ ᠮᠢᠨᠦ ᠨᠦᠢᠷ ᠬᠦᠷᠦᠨ᠎ᠡ᠃ ᠭᠡᠷ ᠲᠤ ᠪᠠᠨ ᠬᠠᠷᠢᠵᠤ ᠤᠴᠢᠬᠤ ᠳᠤ ᠠᠪᠤ | ᠨᠢᠭᠡ ᠲᠡᠪᠡᠷᠢ ᠲᠦᠯᠡᠭᠡ ᠲᠡᠭᠦᠵᠦ᠂ ᠡᠵᠢ ᠤᠷᠣᠢ ᠶᠢᠨ ᠬᠤᠭᠤᠯᠠᠨ ᠤ ᠰᠣᠷᠢᠰᠤ ᠲᠡᠭᠦᠵᠡᠢ᠃ | ︽ᠤᠷᠣᠬᠤ ᠲᠡᠭᠷᠢ ᠶᠢᠨ ᠤᠷᠣᠢ ᠨᠢ ᠴᠣᠭᠤᠷᠬᠠᠢ᠂ ᠤᠷᠣᠬᠤ ᠦᠭᠡᠢ ᠲᠡᠭᠷᠢ ᠶᠢᠨ ᠬᠠᠶᠠᠭ᠎ᠠ ᠴᠤᠭᠤᠷᠬᠠᠢ︾ | ᠭᠡᠳᠡᠭ ᠢᠶᠠᠷ ᠨᠢᠬᠡ ᠯᠨ ᠮᠡᠳᠡᠬᠦ ᠳᠤ ᠵᠢᠪᠠᠷ ᠰᠡᠩᠭᠢᠨᠡᠵᠤ ᠪᠦᠭᠭᠦᠭᠰᠢᠪᠡ᠃ ᠤᠷᠣᠢ ᠳᠡᠭᠡᠷ᠎ᠡ ᠬᠦᠴᠦᠲᠠᠢ ᠬᠦᠷᠴᠢᠭᠡᠨᠡᠨ | ᠳᠣᠷᠭᠢᠵᠤ᠂ ᠭᠡᠷ ᠤᠨ ᠡᠮᠦᠨᠡᠬᠢ ᠠᠭᠤᠯᠠᠨ ᠤᠷᠣᠢ ᠳᠡᠭᠡᠷ᠎ᠡ ᠴᠠᠭᠠᠨ ᠭᠡᠷᠡᠯ ᠲᠠᠰᠢᠭᠤᠷᠳᠠᠨ ᠭᠢᠯᠪᠠᠭᠠᠯᠠᠪᠠ᠃ ᠪᠢ | ᠠᠶᠣᠩᠭ᠎ᠠ ᠳᠣᠣᠭᠠᠷᠬᠤ ᠶᠢ ᠦᠵᠡᠭᠡ ᠦᠭᠡᠢ ᠪᠤᠯᠬᠤᠷ ︽ᠡᠵᠢ ᠡ︕︾ ᠭᠡᠳ ᠬᠠᠰᠬᠢᠷᠣᠭᠰᠠᠭᠠᠷ ᠪᠤᠷᠪᠢ ᠶᠢᠨ | ᠳᠡᠭᠡᠭᠦᠷ ᠳᠣᠩᠭᠤᠴᠠᠨ ᠬᠠᠷᠠᠶᠢᠯᠭᠠᠭᠠᠳ ᠭᠡᠷ ᠲᠤ ᠪᠠᠨ ᠳᠠᠪᠬᠢᠨ ᠤᠷᠣᠪᠠ᠃ ︽ᠠᠶᠤᠩᠭ᠎ᠠ ᠨᠢᠷᠭᠡᠬᠦ ᠨᠢ ᠭᠠᠯᠳᠦ | ᠯᠤᠤ ᠤᠭᠲᠠᠷᠭᠤᠢ ᠳᠤ ᠪᠠᠭᠲᠠᠯᠴᠠᠬᠤ ᠦᠬᠡᠢ ᠯᠤᠤᠰ ᠤᠨ ᠡᠵᠠᠨ ᠲᠠᠢ ᠨᠢᠭᠦᠯ ᠬᠢᠭᠰᠡᠨ ᠬᠤᠤᠷ ᠤᠨ ᠠᠭᠠᠯᠵᠢ ᠶᠢ | ᠠᠯᠠᠬᠤ ᠰᠢᠢᠳᠭᠡᠯ ᠦᠭᠴᠦ ᠵᠤᠳᠣᠭᠠᠨ ᠬᠢᠵᠦ ᠪᠠᠶᠢᠨ᠎ᠠ︾ ᠭᠡᠳᠡᠭ ᠠᠪᠤ ᠶᠢᠨ ᠶᠠᠷᠢᠳᠠᠭ ᠦᠯᠢᠭᠡᠷ ᠪᠤᠳᠣᠭᠳᠠᠨᠠ᠃ | ᠬᠤᠷ᠎ᠠ ᠪᠤᠷᠣᠭᠠᠨ ᠳᠤ ᠠᠯᠠᠭ ᠡᠷᠢᠶᠠᠨ ᠬᠤᠪᠴᠠᠰᠣ ᠡᠮᠤᠰᠬᠦ ᠶᠢ ᠴᠡᠭᠡᠷᠯᠠᠳᠡᠭ ᠵᠠᠩᠰᠢᠯ ᠨᠢ ᠭᠠᠯᠲᠦ ᠯᠤᠤ᠂ | ᠯᠤᠤᠰ ᠤᠨ ᠬᠠᠳ ᠬᠦᠮᠦᠨ ᠢ ᠠᠨᠳᠠᠭᠤ ᠨᠢᠷᠭᠡᠬᠦ ᠠᠴᠠ ᠬᠡᠴᠢᠶᠡᠭᠰᠡᠨ ᠴᠡᠭᠡᠷ ᠭᠡᠨ᠎ᠡ᠃ ︽ᠠᠶᠤᠩᠭ᠎ᠠ ᠳᠣᠣᠭᠠᠷᠪᠠᠯ | ᠭᠡᠷ ᠲᠤ ᠪᠠᠨ ᠤᠷᠣ︾ ᠭᠡᠳᠡᠭ ᠬᠡᠯᠡᠯᠭᠡ ᠪᠤᠢ᠃ ᠲᠡᠭᠷᠢ ᠲᠣᠣᠭᠠᠷᠪᠠᠯ ︽ᠬᠦᠶ᠋ᠢ᠂ ᠬᠦᠶ᠋ᠢ︾ ᠭᠡᠵᠤ ᠦᠨᠳᠦᠷ ᠳᠠᠭᠤ | ᠭᠠᠷᠭᠠᠵᠤ ︽ᠪᠢ ᠬᠦᠮᠦᠨ ᠪᠠᠶᠢᠨ᠎ᠠ︾ ᠭᠡᠳᠡᠭ ᠲᠤᠭᠢᠶ᠎ᠠ ᠥᠭᠴᠦ᠂ ᠵᠠᠷᠢᠮ ᠭᠠᠵᠠᠷ ᠡᠭᠦᠳᠡ ᠪᠠᠷ ᠢᠶᠠᠨ ᠱᠦᠭᠦᠷ | ᠰᠠᠪᠠ ᠭᠠᠳᠠᠭᠰᠢ ᠰᠢᠲᠡᠳᠡᠭ ᠵᠠᠩᠰᠢᠯ ᠢ ᠤᠳᠣ ᠬᠦᠷᠲᠡᠯ᠎ᠡ ᠬᠠᠳᠠᠭᠠᠯᠠᠵᠤ ᠪᠤᠢ᠃ ᠡᠵᠢ ᠠᠷᠤ ᠠᠴᠠ᠄ | ︽ᠢᠯᠢ ᠡ︕ ᠮᠢᠨᠦ ᠬᠦᠦ ᠠᠶᠣᠩᠭ᠎ᠠ ᠠᠴᠠ ᠰᠣᠴᠢᠭᠰᠠᠨ ᠨᠢ ᠲᠡᠷᠡ ᠦᠦ︾ ᠭᠡᠳ ᠲᠣᠯᠣᠭᠠᠢ ᠶᠢ ᠢᠯᠢᠵᠦ᠂ ︽ | ᠢᠷ᠎ᠡ ᠡ᠂ ᠢᠷ᠎ᠡ︾ ᠭᠡᠵᠤ ᠰᠦᠨᠠᠰᠣ ᠶᠢ ᠲᠠᠭᠤᠳᠠᠵᠤ ᠦᠭᠴᠢ ᠪᠢᠯᠡ᠃ ᠠᠶᠤᠭᠰᠠᠨ ᠪᠢ ᠴᠢᠬᠢ ᠪᠠᠨ ᠪᠦᠭᠯᠡᠨ | ᠵᠤᠭᠰᠣᠨ᠎ᠠ᠃ ᠡᠮᠦᠨ᠎ᠡ ᠬᠤᠭᠤᠯᠠᠢ᠂ ᠠᠭᠤᠯᠠᠨ ᠪᠡᠯ ᠲᠠᠭᠠᠭᠠᠳ ᠴᠠᠭᠠᠨ ᠬᠤᠢ ᠲᠠᠲᠠᠵᠤ ᠥᠨᠦᠬᠢ ᠪᠤᠷᠤᠭ᠎ᠠ ᠭᠡᠳᠡᠭ | ᠨᠢ ᠱᠠᠭᠢᠵᠦ ᠡᠬᠢᠯᠡᠪᠡ᠃ ᠡᠵᠢ ᠪᠦᠷ ᠬᠡᠥᠬᠡᠳ ᠰᠢᠭ ᠪᠠᠶᠠᠷᠯᠠᠵᠤ ᠭᠡᠷ ᠲᠤ ᠪᠠᠶᠢᠭᠰᠠᠨ ᠠᠶᠠᠭ᠎ᠠ ᠱᠠᠭᠠᠵᠠᠩ᠂ | ᠲᠤᠭᠤᠭ᠎ᠠ ᠬᠠᠶᠢᠰᠤ ᠁ ᠥᠭᠡᠳᠡ ᠠᠮᠠᠰᠠᠷ ᠲᠠᠢ ᠪᠦᠬᠦᠨ ᠢ ᠭᠠᠳᠠᠨ᠎ᠠ ᠭᠠᠷᠭᠠᠵᠤ ᠬᠥᠬᠡ ᠲᠡᠭᠷᠢ ᠶᠢᠨ ᠷᠠᠰᠢᠶᠠᠨ | ᠬᠤᠷᠢᠶᠠᠬᠤ ᠠᠴᠠ ᠨᠤᠷᠬᠤ ᠨᠢ ᠭᠤᠶᠤ ᠭᠡᠨ᠎ᠡ᠃ ᠡᠵᠢ᠄ | ︽ᠮᠢᠨᠦ ᠬᠦᠦ ᠬᠦᠷᠮ᠎ᠡ ᠪᠠᠨ ᠲᠠᠶᠢᠯᠤᠭᠠᠳ ᠪᠤᠷᠣᠭᠠᠨ ᠳᠤ ᠳᠠᠪᠬᠢ︾ ᠭᠡᠯᠡ᠃ ᠪᠢ ᠠᠩᠬ᠎ᠠ ᠪᠤᠷᠣᠭᠠᠨ ᠠᠴᠠ | ᠠᠶᠣᠵᠤ ᠪᠠᠶᠢᠭᠰᠠᠨ ᠢᠶᠠᠨ ᠵᠤᠤᠯᠠᠭᠰᠠᠨ ᠬᠤᠳᠠᠴᠢ ᠲᠠᠢ ᠪᠠᠨ ᠨᠦᠭᠦᠳ ᠪᠤᠯᠵᠣ ᠪᠤᠷᠣᠭᠠᠨ ᠤ ᠤᠰᠣᠨ ᠳᠤ | ᠦᠰᠦᠷᠭᠡᠪᠡ᠃ ᠮᠢᠨᠦ ᠮᠠᠭᠤ ᠬᠠᠯᠲᠠᠷ ᠴᠢᠷᠠᠢ ᠦᠩᠭᠡ ᠤᠷᠣᠴᠢᠬᠠᠯᠠ ᠭᠡᠵᠣ ᠡᠵᠢ ᠠᠪᠤ ᠲᠠᠢ ᠮᠦᠰᠢᠶᠡᠵᠦ ᠪᠠᠶᠢᠪᠠ ᠃ | ᠲᠡᠷᠡ ᠡᠳᠦᠷ ᠮᠠᠨ ᠤ ᠬᠢᠨ ᠬᠠᠮᠤᠭ ᠤᠨ ᠶᠡᠭᠡ ᠤᠰᠣ ᠬᠤᠷᠢᠶᠠᠭᠰᠠᠨ ᠤᠳᠠᠭ᠎ᠠ ᠲᠠᠢ᠃ | ᠰᠠᠷ᠎ᠠ ᠮᠠᠨᠳᠣᠬᠤ ᠶᠢᠨ ᠦᠶ᠎ᠡ ᠳᠤ ᠠᠪᠤ ᠭᠡᠷ ᠤᠨ ᠠᠷᠣ ᠳᠤ ᠱᠤᠩ ᠪᠤᠰᠬᠠᠵᠤ ᠶᠤᠯᠤᠭ ᠲᠠᠲᠠᠭᠠᠳ ᠡᠵᠢ ᠲᠠᠢ ᠴᠤᠭ | ᠪᠠᠶᠢᠯ᠎ᠠ᠃ | ︽ᠮᠢᠨᠦ ᠬᠦᠦ ᠲᠡᠨᠳᠡ ᠪᠠᠨ ᠪᠠᠢ︾ ᠭᠡᠨ᠎ᠡ᠃ ᠡᠵᠢ ᠶᠢᠨ ᠤᠷᠣᠢ ᠳᠡᠭᠡᠷ᠎ᠡ ᠠᠴᠠ ᠴᠣᠷᠭᠤ ᠲᠠᠢ ᠤᠰᠣ | ᠭᠤᠭᠤᠵᠢᠭᠤᠯᠬᠤ ᠳᠤ ᠵᠢᠪᠠᠷ ᠤᠨ ᠲᠡᠭᠡᠳᠦ ᠲᠠᠯ᠎ᠠ ᠠᠴᠠ ᠭᠤᠶᠣ ᠦᠨᠦᠷ ᠭᠠᠷᠴᠦ ᠰᠢᠪᠠᠭᠤ ᠮᠡᠳᠥ ᠳᠡᠭᠡᠯᠵᠡᠨᠡ᠃ | ᠴᠡᠩᠬᠡᠷ ᠠᠭᠠᠷ ᠲᠤ ᠡᠭᠦᠯᠡᠡ ᠰᠡᠮᠡᠷᠬᠡᠢ ᠪᠠᠷ ᠰᠠᠷᠠᠨ ᠤ ᠴᠠᠭᠠᠨ ᠲᠤᠶᠠᠭ᠎ᠠ ᠰᠠᠴᠣᠷᠠᠵᠣ ᠤᠳᠣ ᠠᠷᠴᠢᠭᠰᠠᠨ ᠰᠦ ᠲᠠᠢ | ᠰᠦᠨᠢ ᠨᠦᠮᠦᠷᠢᠯᠡᠭᠰᠡᠨ ᠭᠤᠪᠢ ᠶᠢᠨ ᠬᠦᠳᠡᠭᠡ ᠴᠠᠶᠢᠷᠠᠨ ᠲᠤᠨᠢᠷᠬᠠᠨᠠ᠃ ᠡᠵᠢ ᠶᠢᠨ ᠬᠥ᠋ ᠬᠠᠷ᠎ᠠ ᠭᠡᠵᠢᠭᠡ ᠠᠴᠠ | ᠮᠦᠩᠭᠦᠨ ᠬᠢᠷ᠎ᠠ ᠲᠠᠢ ᠭᠡᠷᠡᠯ ᠲᠤᠯᠢᠶᠠᠵᠤ᠂ ᠪᠡᠶ᠎ᠡ ᠪᠠᠨ ᠨᠢᠭᠤᠭᠰᠠᠨ ᠴᠠᠭᠠᠨ ᠶᠤᠷᠤᠭ ᠲᠤ ᠰᠡᠭᠦᠳᠡᠷ ᠲᠤᠰᠴᠦ᠂ | ᠦᠬᠢᠨ ᠲᠡᠭᠷᠢ ᠶᠢᠨ ᠵᠢᠷᠤᠭ ᠠᠮᠢᠯᠠᠭᠰᠠᠨ ᠭᠡᠮᠡᠷ ᠡᠬᠡ ᠪᠠᠶᠢᠭᠠᠯᠢ ᠶᠢᠨ ᠭᠤᠸ᠎ᠠ ᠦᠵᠡᠰᠭᠦᠯᠡᠩ ᠢ ᠲᠣᠯᠢᠨ ᠳᠤ | ᠣᠶᠢᠯᠠᠭᠰᠠᠨ ᠰᠠᠷ᠎ᠠ ᠮᠡᠳᠥ ᠰᠣᠮᠣᠨ ᠤ ᠨᠠᠭᠠᠳᠣᠮ ᠳᠤ ᠺᠢᠨᠣ᠋ ᠦᠵᠡᠵᠦ ᠤᠴᠢᠬᠤ ᠳᠤ ᠬᠦᠰᠢᠭᠡᠨ ᠲᠡᠭᠡᠷ᠎ᠡ ᠭᠠᠷᠳᠠᠭ | ᠵᠢᠷᠤᠭ ᠠᠴᠠ ᠠᠩᠭᠢᠷ ᠬᠠᠷᠠᠭᠳᠠᠨ᠎ᠠ᠃ ᠤᠳᠣ ᠪᠤᠳᠣᠬᠤ ᠳᠤ ᠬᠤᠲᠠ ᠶᠢᠨ ᠬᠦᠮᠦᠨ ᠰᠢᠭ ᠤᠰᠣᠨ ᠳᠤ ᠤᠷᠣᠵᠣ | ᠪᠠᠶᠢᠵᠠᠢ᠃ ᠴᠢᠬᠢᠭ ᠤᠨ ᠦᠨᠦᠷ ᠰᠡᠩᠭᠢᠨᠡᠭᠰᠡᠨ ᠡᠯᠡᠰᠤ ᠬᠠᠶᠠᠭᠠᠷᠠᠭᠰᠠᠨ ᠭᠤᠪᠢ ᠶᠢᠨ ᠬᠤᠪᠤᠷᠬᠠᠨ ᠦᠳᠡᠰᠢ ᠤᠰᠣ | ᠰᠠᠳᠠᠷᠠᠬᠤ ᠴᠢᠮᠡᠭᠡ ᠪᠠᠷ ᠪᠢ ᠨᠤᠬᠠᠢ ᠲᠠᠢ ᠪᠠᠨ ᠰᠠᠷ᠎ᠠ ᠡᠭᠦᠯᠡ ᠬᠤᠶᠠᠷ ᠤᠨ ᠬᠡᠨ ᠨᠢ ᠲᠦᠷᠦᠭᠦᠯᠡᠵᠦ ᠳᠠᠪᠬᠢᠳᠠᠭ ᠢ | ᠰᠢᠷᠲᠡᠨ ᠰᠠᠭᠤᠨ᠎ᠠ᠃ ᠠᠪᠤ ᠤᠰᠣ ᠵᠦᠭᠡᠭᠡᠵᠦ ᠯᠠ ᠪᠠᠶᠢᠪᠠ ᠁ | ᠨᠠᠷᠠ ᠭᠠᠷᠴᠦ ᠶᠡᠭᠡ ᠭᠤᠪᠢ ᠰᠡᠷᠢᠭᠦᠨ ᠢᠶᠠᠷ ᠠᠮᠢᠰᠬᠤᠯᠯᠠᠨ᠎ᠠ᠃ ᠭᠠᠩ ᠲᠠᠶᠢᠯᠣᠭᠰᠠᠨ ᠲᠡᠷᠡ ᠪᠤᠷᠣᠭᠠᠨ ᠳᠤ ᠣᠯᠠᠨ | ᠵᠢᠯ ᠰᠣᠬᠤᠷᠠᠭᠰᠠᠨ ᠣᠯᠠᠨ ᠪᠣᠯᠠᠭ ᠲᠠᠬᠢᠵᠤ ᠣᠷᠭᠢᠯᠣᠭᠰᠠᠨ ᠢ ᠦᠷᠯᠦᠭᠡ ᠬᠠᠷᠠᠵᠠᠢ᠃ ᠣᠯᠠᠨ ᠪᠣᠯᠠᠭ ᠣᠨᠳᠣᠷᠴᠦ᠂ | ᠬᠦᠳᠡᠭᠡ ᠰᠠᠷᠢᠳᠠᠭ ᠣᠬᠢᠶᠠᠭᠳᠠᠨ ᠦᠨᠳᠡᠭᠡᠨ ᠴᠢᠯᠠᠭᠤ ᠵᠠᠶᠢᠳᠠᠯᠠᠨ ᠵᠢᠯᠠᠭ᠎ᠠ ᠤᠷᠣᠭᠤᠳᠠᠵᠤ ᠬᠤᠯᠠ ᠶᠢᠨ ᠬᠤᠯᠠ | ᠨᠠᠷᠢᠨ ᠤᠷᠣᠰᠬᠠᠯ ᠭᠠᠵᠠᠷ ᠡᠮᠵᠢᠶᠠᠷᠢᠯᠠᠨ ᠦᠷᠯᠦᠭᠡ ᠦᠳᠡᠰᠢ ᠶᠢᠨ ᠨᠠᠷᠠᠨ ᠤ ᠲᠤᠶᠠᠭᠠᠨ ᠳᠤ ᠴᠢᠮᠡᠭᠡ ᠦᠭᠡᠢ | ᠭᠢᠯᠪᠠᠯᠵᠠᠨ ᠭᠢᠯᠠᠷᠠᠨᠠ᠃ | ᠡᠵᠢ ᠶᠢ ᠪᠤᠳᠣᠭᠳᠠᠭᠤᠯᠣᠮᠠᠷ ᠰᠣᠳᠠᠰᠣᠨ ᠤ ᠬᠦᠨᠳᠡᠢ ᠳᠤ ᠴᠢᠰᠤ ᠤᠷᠤᠰᠣᠨ ᠰᠢᠷᠪᠤᠰᠣᠨ ᠳᠤ ᠬᠠᠩᠭᠢᠷᠠ ᠠᠴᠠ | ᠬᠦᠴᠦ ᠲᠡᠩᠬᠡᠭᠡ ᠨᠦᠭᠡᠴᠡᠯᠡᠳᠡᠭ ᠠᠮᠢ ᠨᠠᠰᠣᠨ ᠤ ᠴᠢᠳᠬᠤᠯ ᠰᠡᠯᠭᠦᠭᠰᠡᠨ ᠬᠡᠥᠬᠡᠳ ᠨᠠᠰᠣᠨ ᠤ ᠲᠣᠷᠠᠳᠬᠠᠯ ᠢ | ᠦᠯᠡᠳᠡᠭᠡᠭᠰᠡᠨ ᠶᠤᠮ᠃ ᠵᠠᠯᠠᠭᠤ ᠶᠠᠪᠤᠭᠰᠠᠨ ᠡᠵᠢ ᠶᠢᠨ ᠲᠡᠷᠡ ᠵᠣᠨ ᠢ ᠳᠠᠭᠤᠯᠠᠮᠠᠷ ᠰᠠᠨᠠᠭᠳᠠᠨ᠎ᠠ᠃ ᠮᠠᠨ ᠤ | ᠬᠦᠳᠡᠭᠡ ᠪᠠᠷ ᠲᠤᠵᠢᠨ ᠦᠩᠭᠡ ᠭᠠᠷᠴᠣ ᠬᠤᠪᠢᠷᠠᠵᠤ ᠪᠠᠶᠢᠯ᠎ᠠ᠃ ᠬᠠᠷ᠎ᠠ ᠪᠤᠳ᠋ᠨ ᠶᠠᠭᠠᠨ ᠢᠶᠠᠷ ᠴᠡᠴᠡᠭᠯᠡᠵᠦ ᠭᠤᠣᠯ ᠳᠤ | ᠤᠷᠭᠤᠭᠰᠠᠨ ᠬᠠᠶᠢᠯᠠᠰᠣᠨ ᠮᠤᠳᠣ ᠬᠦᠷᠡᠩ ᠬᠠᠷ᠎ᠠ ᠪᠠᠷ ᠱᠣᠣᠭᠢᠨᠡ᠃ ᠤᠰᠣᠨ ᠤ ᠰᠢᠪᠠᠭᠤ ᠮᠠᠨ ᠤ ᠬᠢᠨ ᠤ ᠭᠡᠷ ᠤᠨ | ᠳᠡᠭᠡᠭᠦᠷ ᠭᠠᠷᠳᠠᠭ ᠪᠣᠯᠪᠠ᠃ ᠵᠠᠳᠠᠭᠠᠢ ᠶᠢᠨ ᠡᠩᠭᠡᠷ ᠲᠤ ᠲᠡᠮᠡᠭᠡ ᠮᠠᠯ ᠬᠤᠷᠠᠵᠤ᠂ ᠴᠡᠴᠡᠭ ᠳᠡᠯᠭᠡᠷᠡᠭᠰᠡᠨ ᠲᠠᠨᠵᠢᠨ | ᠲᠡᠭᠡᠷ᠎ᠡ ᠠᠯᠠᠭ ᠡᠷᠪᠡᠬᠡᠢ ᠪᠦᠵᠢᠨ᠂ ᠣᠰᠤᠨ ᠳᠤ ᠵᠡᠭᠡᠷ᠎ᠡ ᠬᠠᠷᠠᠭᠳᠠᠪᠠ᠃ ᠠᠪᠤ ᠶᠢᠨ ᠰᠢᠷ᠎ᠠ ᠠᠳᠠ ᠨᠢᠷᠣᠭᠤ ᠠᠮᠠᠷᠠᠵᠤ | ᠂ ᠤᠰᠣᠨ ᠤ ᠵᠡᠰ ᠪᠤᠷᠪᠢ ᠭᠡᠷ ᠤᠨ ᠬᠠᠶᠠᠭᠠᠨ ᠳᠤ ᠭᠡᠷᠡᠯ ᠠᠰᠬᠠᠨ᠎ᠠ ᠃ | ᠠᠪᠤ ᠡᠵᠢ ᠭᠠᠳᠠᠭᠤᠷ ᠶᠠᠪᠤᠵᠣ ᠢᠷᠡᠭᠡᠳ ᠬᠦᠷᠡᠩ ᠢᠩᠭᠡ ᠶᠢ ᠪᠤᠳᠣᠭᠤ ᠶᠢ ᠨᠢ ᠠᠪᠤᠭᠤᠯᠬᠤ ᠭᠡᠵᠣ ᠭᠡᠷ ᠠᠴᠠ | ᠶᠠᠭᠤᠮ᠎ᠠ ᠵᠥᠭᠡᠭᠡᠭᠡᠳ ᠭᠠᠷᠪᠠ᠃ ᠠᠪᠤ ᠬᠤᠭᠤᠷ ᠲᠠᠲᠠᠵᠤ᠂ ᠡᠵᠢ ᠬᠦᠦᠰᠯᠡᠬᠦ ᠳᠤ ᠢᠩᠭᠡ ᠪᠠᠨ ᠳᠠᠭᠠᠵᠤ | ᠨᠢᠯᠪᠤᠰᠣᠷᠠᠭᠰᠠᠨ ᠶᠤᠮ᠃ ᠬᠤᠭᠤᠷ ᠤᠨ ᠠᠶᠠᠯᠭᠤ ᠲᠠᠢ ᠨᠠᠷᠢᠨ ᠭᠤᠣᠯ ᠤᠨ ᠤᠰᠣ ᠲᠤᠷᠭᠠᠰᠢᠨ ᠮᠡᠯᠮᠡᠯᠵᠡᠬᠦ ᠮᠡᠳᠥ | ᠭᠤᠪᠢ ᠶᠢᠨ ᠡᠯᠢᠭᠡᠨ ᠠᠴᠠ ᠠᠷᠭᠠᠯ ᠤᠨ ᠤᠲᠤᠭ᠎ᠠ ᠲᠠᠢ ᠤᠶᠠᠩᠭᠠᠷᠠᠨ ᠬᠤᠯᠠᠳᠠᠨ᠎ᠠ᠃ ᠲᠡᠷᠭᠡᠳᠡ ᠨᠢ ᠪᠢ ᠡᠯᠡᠰᠣᠨ | ᠳᠡᠭᠡᠷ᠎ᠡ ᠤᠷᠭᠤᠭᠰᠠᠨ ᠨᠢᠯᠬ᠎ᠠ ᠴᠣᠯᠢᠬᠢᠷ ᠤᠨ ᠨᠡᠷᠢᠨ ᠤᠷᠲᠦ ᠦᠨᠳᠦᠰᠦ ᠭᠤᠷᠢᠶᠠᠯᠠᠨ ᠴᠠᠭᠠᠷᠢᠭ ᠲᠠᠲᠠᠭᠰᠠᠨ ᠢ | ᠭᠠᠶᠢᠬᠠᠨ ᠬᠠᠷᠠᠵᠤ ︽ᠡᠵᠢ ᠨᠠᠮ᠎ᠠ ᠶᠢ ᠭᠤᠯᠣᠬᠤ ᠦᠭᠡᠢ ᠪᠢᠵᠡ︾ ᠭᠡᠵᠣ ᠪᠢᠳᠡᠭᠦᠬᠡᠨ ᠰᠠᠨᠠᠪᠠ᠃ | ᠬᠦᠮᠦᠨᠰᠢᠨᠡ ᠭᠡᠭᠴᠢ ᠮᠢᠨᠦ ᠬᠡᠥᠬᠡᠳ ᠨᠠᠰᠤ ᠨᠠᠷᠢᠨ ᠭᠤᠣᠯ ᠰᠢᠭ᠋ ᠤᠷᠣᠰᠣᠨ ᠣᠳᠪᠠ᠃ ᠪᠢ ᠭᠤᠪᠢ ᠠᠴᠠ | ᠨᠢᠯᠪᠤᠰᠣ ᠲᠠᠢ ᠠᠶᠠᠷᠯᠠᠪᠠ᠃ ᠦᠨᠡᠨ ᠳᠤ ᠪᠠᠨ ᠡᠵᠢ ᠳᠤ ᠪᠠᠨ ᠬᠤᠷᠭᠤᠳᠠᠭᠰᠠᠨ ᠶᠤᠮ᠃ ᠭᠤᠪᠢ ᠠᠴᠠ ᠪᠠᠨ | ᠰᠠᠯᠵᠤ ᠶᠠᠪᠤᠳᠠᠭ ᠡᠳᠦᠷ ᠠᠪᠤ ᠶᠢᠨ ᠢᠶᠠᠨ ᠠᠲᠣᠷᠢᠶᠠ ᠰᠠᠭᠤᠭᠰᠠᠨ ᠴᠢᠷᠠᠢ ᠶᠢ ᠡᠭᠴᠡ ᠬᠠᠷᠠᠵᠤ ᠴᠢᠳᠠᠭᠰᠠᠨ ᠦᠭᠡᠢ᠃ | ᠡᠵᠢ ᠡᠯᠢᠭᠡᠨ ᠳᠤ ᠪᠠᠨ ᠨᠠᠮ᠎ᠠ ᠶᠢ ᠬᠡᠥᠬᠡᠳ ᠪᠠᠶᠢᠬᠤ ᠳᠤ ᠲᠡᠪᠡᠷᠢᠳᠡᠭ ᠰᠢᠭ ᠨᠠᠭᠠᠭᠠᠳ ᠨᠢᠯᠪᠤᠰᠣ ᠨᠢ ᠮᠢᠨᠦ ᠬᠠᠴᠠᠷ | ᠳᠡᠭᠡᠷ᠎ᠡ ᠲᠡᠷᠡ ᠵᠢᠯ ᠤᠨ ᠪᠤᠷᠤᠭ᠎ᠠ ᠤᠷᠣᠳᠠᠭ ᠰᠢᠭ᠋ ᠫᠦᠷᠲᠡᠬᠢᠨ ᠣᠨᠠᠪᠠ᠃ ᠮᠢᠨᠦ ᠰᠠᠯᠵᠤ ᠶᠠᠳᠠᠭᠰᠠᠨ ᠰᠡᠳᠬᠢᠯ ᠢ | ᠰᠠᠮᠨᠠᠭᠰᠠᠨ ᠨᠢᠯᠪᠤᠰᠤ ᠨᠠᠷᠢᠨ ᠭᠤᠣᠯ ᠤᠨ ᠤᠷᠣᠰᠬᠠᠯ ᠰᠢᠭ᠋ ᠡᠩᠭᠡᠷ ᠲᠤ ᠰᠢᠩᠭᠡᠵᠤ ᠪᠠᠶᠢᠪᠠ᠃ ᠬᠦᠳᠡᠭᠡ ᠭᠤᠪᠢ ᠳᠤ | ᠮᠢᠨᠦ ᠤᠨᠠᠭᠠᠨ ᠨᠠᠰᠦ ᠨᠠᠷᠢᠨ ᠭᠤᠣᠯ ᠤᠨ ᠲᠠᠰᠤᠷᠬᠠᠢ ᠤᠷᠣᠰᠬᠠᠯ ᠰᠢᠭ᠋ ᠭᠭᠢᠷ ᠦᠭᠡᠢ ᠦᠰᠴᠦ ᠰᠡᠳᠭᠢᠯ ᠢᠶᠠᠷ | ᠲᠣᠷᠨᠢᠭᠰᠠᠨ᠃ | ᠪᠢ ᠰᠣᠷᠭᠠᠭᠤᠯᠢ ᠳᠤ ᠣᠷᠣᠭᠰᠠᠨ ᠵᠢᠯ ᠬᠠᠲᠤᠨ ᠭᠤᠣᠯ ᠤᠨ ᠬᠦᠪᠡᠭᠡᠨ ᠳᠤ ᠬᠦᠷᠪᠡ᠃ ᠬᠠᠲᠤᠨ ᠭᠤᠣᠯ ᠠᠵᠢᠨᠠᠢ | ᠬᠦᠯᠦᠭ ᠴᠣᠷᠣᠶᠢᠨ ᠪᠤᠰᠬᠤ ᠮᠡᠳᠥ ᠬᠦᠷᠬᠢᠷᠡᠨ ᠳᠠᠪᠠᠯᠭᠠᠯᠠᠨ᠎ᠠ᠃ ᠲᠡᠷᠡ ᠮᠢᠨᠦ ᠵᠠᠯᠠᠭᠤ ᠨᠠᠰᠣᠨ ᠤ ᠬᠦᠴᠦ ᠵᠣᠷᠢᠭ ᠢ | ᠠᠷᠭᠠᠮᠵᠢᠪᠠ᠃ ᠠᠪᠤ ᠡᠵᠢ ᠬᠠᠮᠢᠭ᠎ᠠ ᠴᠦ ᠶᠠᠪᠤᠭᠰᠠᠨ ᠦᠭᠡᠢ᠃ ᠨᠠᠰᠣᠨ ᠲᠤᠷᠰᠢᠲᠠ ᠭᠤᠪᠢ ᠶᠢᠨ ᠬᠦᠳᠡᠭᠡ ᠨᠠᠷᠢᠨ | ᠭᠤᠣᠯ ᠳᠤ ᠪᠠᠨ ᠡᠯᠡᠭᠡᠭᠰᠡᠨ, ᠶᠤᠮ ᠰᠠᠨ᠃ ᠠᠪᠤ ᠪᠤᠷᠬᠠᠯᠠᠭᠰᠠᠨ ᠠᠴᠠ ᠬᠤᠶᠢᠰᠢ ᠡᠵᠢ ᠭᠤᠪᠢ ᠳᠤ ᠪᠠᠨ | ᠰᠠᠭᠠᠯᠢ ᠶᠢᠨ ᠬᠤᠶᠠᠷ ᠢᠩᠭᠡ ᠲᠠᠢ ᠪᠠᠨ ᠨᠠᠮ᠎ᠠ ᠶᠢ ᠬᠦᠯᠢᠶᠡᠳᠡᠭ ᠪᠠᠶᠢᠪᠠ᠃ | ᠡᠵᠢ ᠡ︕ ᠰᠦᠨᠢ ᠨᠢ ᠪᠢ ᠶᠢᠰᠦᠨ ᠡᠷᠳᠡᠨᠢ ᠶᠢᠨ ᠰᠢᠭᠢᠳᠭᠡᠭᠡ ᠲᠠᠢ ᠳᠠᠯᠯᠠᠭᠠ ᠶᠢᠨ ᠤᠭᠤᠲᠠ ᠠᠴᠠ ᠷᠠᠰᠢᠶᠠᠨ | ᠬᠤᠷᠢᠶᠠᠵᠤ ᠪᠠᠶᠢᠨ᠎ᠠ ᠭᠡᠵᠣ ᠵᠡᠭᠦᠳᠦᠯᠡᠭᠡᠳ ᠰᠡᠷᠢᠪᠠ᠃ ᠡᠵᠢ ᠡ︕ ᠲᠠ ᠶᠠᠭᠠᠬᠢᠭᠰᠠᠨ ᠶᠠᠭᠠᠷᠠᠣ ᠠᠶᠠᠷᠯᠠᠪᠠ︖ | ᠪᠢ ᠨᠠᠷᠢᠨ ᠭᠤᠣᠯ ᠳᠤ ᠪᠠᠨ ᠪᠤᠴᠠᠵᠤ ᠢᠷᠡᠭᠰᠡᠨ ᠰᠢᠦ︕ ᠨᠠᠮ᠎ᠠ ᠶᠢ ᠲᠡᠷᠭᠡᠳᠡ ᠴᠢᠨᠢ ᠪᠠᠶᠢᠭ᠎ᠠ ᠬᠤᠭᠤᠷᠣᠨᠳᠦ | ᠬᠤᠷᠸ᠎ᠠ ᠶᠢᠨ ᠬᠠᠮᠤᠭ ᠨᠠᠮ ᠵᠢᠮ ᠦᠦᠷ ᠢᠶᠠᠷ ᠪᠤᠷᠬᠠᠨ ᠲᠠᠨ ᠢ ᠵᠠᠯᠠᠭᠠᠳ ᠶᠠᠪᠤᠭᠰᠠᠨ ᠦᠦ︕ ᠲᠠᠨ ᠤ ᠬᠠᠶᠢᠷ᠎ᠠ ᠳᠤ | ᠳᠡᠪᠲᠦᠭᠰᠡᠨ ᠠᠮᠢᠨ ᠤ ᠴᠢᠨᠢ ᠲᠠᠰᠣᠷᠬᠠᠢ ᠪᠢᠳᠠ ᠬᠡᠳᠤ ᠢᠩᠭᠡᠭᠡᠳ ᠬᠠᠭᠠᠴᠠᠬᠤ ᠭᠡᠵᠤ ᠦᠶᠡᠯᠡᠨ ᠤᠷᠣᠰᠬᠤ | ᠨᠢᠯᠪᠤᠰᠤ ᠡᠵᠢ ᠶᠢᠨ ᠠᠷᠤ ᠠᠴᠠ ᠡᠩᠭᠡᠷ ᠤᠨ ᠵᠠᠩᠭᠢᠶ᠎ᠠ ᠲᠠᠢ ᠮᠦᠩᠭᠦᠨ ᠲᠤᠪᠴᠢ ᠭᠠᠩᠰᠠᠷᠠᠨ ᠬᠠᠶᠢᠯᠣᠭᠰᠠᠨ ᠶᠤᠮ᠃ | ᠲᠠᠨ ᠤ ᠠᠷᠢᠭᠤᠨ ᠴᠣᠭᠴᠠᠰ ᠬᠦᠳᠡᠭᠡ ᠬᠤᠨᠣᠭᠰᠠᠨ ᠰᠠᠷ᠎ᠠ ᠶᠢ ᠠᠷᠭᠠᠮᠵᠢᠶᠠᠯᠠᠵᠤ᠂ ᠴᠣᠬᠢᠶ᠎ᠠ ᠶᠢᠨ ᠤᠷᠣᠢ ᠳᠠᠷᠣᠭᠰᠠᠨ | ᠬᠠᠨ ᠬᠠᠶᠢᠷᠬᠠᠨ ᠪᠦᠬᠦᠶᠢᠨ ᠨᠠᠮᠠᠨᠴᠢᠯᠠᠵᠤ᠂ ᠤᠢ ᠲᠠᠶᠢᠭ᠎ᠠ᠂ ᠬᠦᠳᠡᠭᠡ ᠲᠠᠯ᠎ᠠ᠂ ᠬᠠᠭᠤᠴᠢ ᠪᠠᠭᠤᠷᠠᠢ᠂ | ᠬᠤᠳᠳᠤᠭ ᠤᠨ ᠡᠩᠭᠡᠷ ᠁ ᠲᠡᠨ ᠤ ᠬᠢᠰᠬᠢᠵᠤ ᠶᠠᠪᠤᠭᠰᠠᠨ ᠰᠦᠨ ᠴᠠᠭᠠᠨ ᠮᠦᠷ ᠢᠶᠠᠷ ᠴᠠᠰᠤ ᠬᠠᠶᠠᠯᠠᠨ ᠭᠠᠵᠠᠷ | ᠲᠡᠯᠡᠬᠡᠢ ᠭᠠᠰᠢᠭᠤᠳᠠᠯ ᠨᠦᠮᠦᠷᠯᠡᠵᠡᠢ᠃ | ᠭᠤᠷᠪᠠ | ︽ᠡᠵᠢ ᠡ︕︾ ᠭᠡᠵᠣ ᠲᠡᠨ ᠢ ᠪᠠᠨ ᠳᠠᠭᠤᠳᠠᠬᠤ ᠳᠤ ᠨᠠᠷᠠ ᠰᠢᠭ᠋ ᠬᠠᠷᠠᠭᠳᠠᠳᠠᠭ᠂ ᠰᠠᠷ᠎ᠠ ᠰᠢᠭ᠋ ᠢᠨᠢᠶᠡᠳᠡᠭ | ᠪᠠᠶᠢᠯ᠎ᠠ᠃ ᠡᠵᠢ ᠪᠠᠨ ᠦᠭᠡᠶᠢᠯᠡᠳᠡᠭ ᠴᠠᠭ ᠲᠠᠩᠴᠦ ᠡᠷᠲᠡ ᠢᠷᠡᠭᠰᠡᠨ ᠪᠠᠶᠢᠵᠠᠢ᠃ ᠠᠯᠠᠭ ᠳᠡᠯᠡᠭᠡᠢ ᠶᠢᠨ | ᠬᠦᠢᠲᠡᠨ ᠬᠦᠷᠦᠰᠣᠨ ᠳᠤ ᠠᠩᠬ᠎ᠠ ᠬᠥᠯ ᠲᠡᠯᠪᠢᠬᠤ ᠳᠤ ᠠᠩᠭᠢᠷ ᠤᠭᠤᠷᠠᠭ ᠢᠶᠠᠷ ᠢᠶᠠᠨ ᠲᠡᠵᠢᠭᠡᠯ ᠤᠨ ᠲᠡᠭᠡᠵᠢ | ᠰᠠᠬᠠᠷᠠᠭᠤᠯᠣᠨ ᠨᠠᠮ᠎ᠠ ᠶᠢ ᠲᠤᠷᠨᠢᠭᠤᠯᠣᠭᠰᠠᠨ᠃ ᠬᠤᠨ ᠰᠢᠪᠠᠭᠤᠨ ᠤ ᠰᠡᠭᠦᠳᠡᠷ ᠲᠤ ᠬᠥᠯ ᠢᠶᠠᠨ ᠬᠦᠷᠦᠭᠡᠴᠢᠭᠡᠭᠡᠳ | ᠲᠠᠨ ᠤ ᠡᠪᠦᠷ ᠲᠤ ᠲᠤᠯᠠᠭᠠᠴᠠᠵᠤ ᠦᠨᠳᠡᠶᠢᠭᠰᠡᠨ᠃ ᠠᠪᠤ ᠶᠢᠨ ᠰᠦᠷᠦᠭ ᠠᠴᠠ ᠪᠤᠴᠠᠵᠤ ᠳᠠᠪᠬᠢᠭᠠᠳ ᠲᠠᠨ ᠤ | ᠴᠢᠨᠠᠭᠰᠠᠨ ᠴᠠᠢ ᠪᠠᠷ ᠭᠤᠣᠯ ᠢᠶᠠᠨ ᠨᠤᠷᠭᠠᠳᠠᠭ ᠪᠠᠶᠢᠪᠠ᠃ ᠠᠷᠪᠠᠨ ᠵᠢᠯ ᠤᠨ ᠰᠣᠷᠭᠠᠭᠤᠯᠢ ᠳᠤ ᠤᠷᠣᠭᠠᠳ | ᠠᠩᠬᠠᠨ ᠤ ᠵᠢᠯ ᠡᠵᠢ ᠪᠠᠨ ᠰᠠᠨᠠᠭᠠᠳ ᠶᠠᠭᠤ ᠶᠢ ᠴᠦ ᠬᠦᠰᠡᠬᠦ ᠦᠭᠡᠢ ᠬᠠᠷᠢᠶ᠎ᠠ ᠯᠠ ᠭᠡᠵᠤ ᠪᠤᠳᠣᠳᠠᠭ ᠪᠠᠶᠢᠪᠠ᠃ | ᠡᠵᠢ ᠪᠠᠨ ᠰᠠᠨᠠᠳᠠᠭ ᠬᠦᠦ ᠰᠢᠯᠭᠠᠯᠲᠠ ᠳᠤ ᠪᠠᠨ ᠮᠠᠭᠤ ᠳ᠋ᠦᠩ ᠠᠪᠴᠢᠭᠠᠳ ᠪᠠᠭᠰᠢ ᠲᠠᠨ ᠢ ᠲᠠᠭᠤᠳᠠᠵᠢ ᠪᠢᠯᠡ︕ | ᠲᠠᠨ ᠢ ᠪᠠᠨ ᠬᠠᠷᠠᠭᠠᠳ ᠪᠠᠶᠠᠷᠯᠠᠳᠠᠭ ᠮᠡᠭᠡ ᠶᠢ ᠪᠠᠭᠰᠢ ᠮᠡᠳᠡᠭᠡᠳ ᠡᠵᠢ ᠪᠠᠨ ᠰᠠᠨᠠᠭᠰᠠᠨ ᠬᠦᠦ ᠢ ᠪᠤᠷᠣᠭᠤᠰᠢᠶᠠᠭᠰᠠᠨ | ᠦᠭᠡᠢ ᠰᠠᠨ᠃ | ᠠᠯᠠᠭ ᠦᠷ᠎ᠡ ᠴᠢᠨᠢ ᠪᠢᠳᠡ ᠣᠯᠠᠭᠤᠯᠠ ᠪᠠᠨ ᠬᠤᠩᠰᠢᠶᠠᠷ ᠥᠭᠬᠦ ᠭᠡᠵᠣ ᠡᠵᠢ ᠶᠢᠨ ᠬᠤᠷᠮᠣᠢ ᠠᠴᠠ ᠵᠡᠭᠦᠭᠳᠡᠵᠦ᠂ | ᠠᠯᠳᠠᠨ ᠲᠡᠯᠡᠬᠡᠢ ᠳᠤ ᠪᠠᠭᠲᠠᠵᠣ ᠶᠠᠳᠠᠨ ᠬᠠᠶᠢᠷ᠎ᠠ ᠪᠣᠯᠢᠶᠡᠯᠴᠠᠳᠠᠭ ᠬᠤᠶᠢᠨ᠎ᠠ ᠠᠪᠤ ᠶᠢᠨ ᠠᠯᠠᠭ ᠨᠢᠳᠦ ᠨᠢ | ᠬᠠᠶᠢᠯᠣᠭᠰᠠᠨ ᠲᠤᠭᠤᠯᠭ᠎ᠠ ᠰᠢᠭ᠋ ᠡᠷᠭᠢᠯᠳᠦᠭᠡᠳ ᠬᠤᠭᠤᠯᠠᠢ ᠵᠠᠰᠠᠳᠠᠭ ᠪᠠᠶᠢᠪᠠ᠃ ᠠᠯᠠᠭᠠᠨ ᠳᠡᠭᠡᠷᠡᠬᠢ ᠰᠢᠬᠢᠷ ᠢᠶᠠᠨ | ᠲᠤᠭᠠᠯᠠᠭᠠᠳ ᠠᠷᠠᠭ ᠡᠭᠦᠷᠴᠦ ᠠᠷᠭᠠᠯ ᠲᠡᠭᠦᠳᠡᠭ ᠡᠵᠢ ᠶᠢ ᠪᠠᠨ ᠶᠠᠳᠠᠷᠠᠵᠣ ᠶᠠᠪᠤᠭ᠎ᠠ ᠶᠢ ᠲᠤᠭᠠᠯᠠᠳᠠᠭ ᠦᠭᠡᠢ ᠪᠠᠶᠢᠵᠤ | ᠯᠠ ᠳ᠋ᠠ᠃ ᠠᠪᠤ ᠦᠷᠦᠪᠴᠢᠯᠡᠳᠡᠭ ᠪᠠᠶᠢᠭᠰᠠᠨ ᠪᠠᠶᠢᠬ᠎ᠠ ᠳ᠋ᠠ᠃ ᠠᠭᠠᠷᠤᠤᠯ ᠡᠭᠡᠵᠡᠭᠡᠢ ᠠᠮᠠᠨ ᠳᠤ ᠪᠠᠨ ᠬᠦᠯᠬᠦᠬᠦ ᠳᠤ | ᠪᠠᠨ ᠡᠵᠢ ᠶᠢ ᠪᠠᠨ ᠵᠠᠯᠠᠭᠤ ᠪᠠᠶᠢᠨ᠎ᠠ ᠭᠡᠵᠣ ᠬᠦᠯᠦᠰᠦᠨ ᠳᠤ ᠪᠠᠨ ᠳᠡᠪᠲᠦᠵᠦ ᠶᠠᠪᠤᠬᠤ ᠳᠤ ᠨᠢ ᠠᠩᠵᠠᠭᠠᠷᠠᠳᠠᠭ | ᠦᠭᠡᠢ ᠤᠰᠣᠨ ᠲᠡᠨᠡᠭ ᠮᠢᠨᠦ ᠲᠤᠷᠠᠳᠬᠠᠯ ᠳᠤ ᠠᠪᠤ ᠨᠠᠰᠣᠨ ᠤ ᠬᠠᠨᠢ ᠪᠤᠯᠵᠣ ᠡᠵᠢ ᠶᠢᠨ ᠰᠡᠳᠭᠢᠯ ᠢ ᠵᠠᠰᠠᠳᠠᠭ | ᠪᠠᠶᠢᠪᠠ ︕ | ᠢᠰᠡᠭᠡᠢ ᠰᠣᠨᠵᠤ ᠡᠷ᠎ᠡ ᠦᠰᠴᠡᠢ᠃ ᠠᠯᠣᠰ ᠤᠨ ᠠᠯᠣᠰ ᠲᠤ ᠪᠠᠨ ᠬᠦᠦ ᠴᠢᠨᠢ ᠪᠢᠳᠠ ᠡᠬᠡ ᠤᠷᠣᠨ ᠢᠶᠠᠨ ᠭᠡᠳ | ᠡᠵᠢ ᠠᠴᠠ ᠪᠠᠨ ᠲᠠᠩᠲᠠ ᠬᠤᠯᠠᠳᠠᠭᠠᠳ ᠶᠠᠪᠤᠭᠰᠠᠨ ᠡ︕ ᠦᠷᠥ ᠵᠢᠷᠦᠬᠡ ᠤᠷᠤᠭᠤ ᠪᠠᠨ ᠬᠡᠬᠦᠯᠡᠷ ᠠᠵᠢᠨ ᠲᠤᠵᠢᠨ | ᠰᠦᠨᠢ ᠶᠢᠨ ᠤᠷᠲᠤ ᠳᠤ ᠰᠠᠬᠢᠯᠭ᠎ᠠ ᠦᠭᠡᠢ ᠬᠤᠭᠤᠰᠤᠨ ᠲᠡᠷᠪᠡᠳᠡᠭ ᠦᠷ᠎ᠡ ᠪᠠᠨ ᠢᠷᠡᠭᠦᠯᠡᠷ ︽ᠶᠠᠳᠠᠷᠠᠭᠰᠠᠨ ᠪᠠᠶᠢᠯ | ᠦᠬᠡᠢ᠂ ᠤᠨᠳᠠᠭ︾ ᠭᠡᠳ ᠲᠡᠪᠥᠷᠡ ᠲᠠᠢ ᠴᠠᠢ ᠪᠠᠨ ᠴᠣᠭᠰᠢᠭᠤᠯᠵᠤ ᠨᠠᠷᠠ ᠦᠳᠡᠯᠡᠳᠡᠭ ᠪᠠᠶᠢᠪᠠ᠃ ᠮᠠᠭᠤ ᠵᠡᠭᠦᠳᠦ | ᠵᠡᠭᠦᠳᠦᠯᠡᠭᠡᠳ ᠰᠠᠨᠠᠭ᠎ᠠ ᠠᠯᠳᠠᠬᠤ ᠳᠤ ᠲᠠᠶᠢᠪᠤᠩ ᠪᠠᠢ ᠭᠡᠵᠣ ᠲᠡᠷᠭᠡᠳᠡ ᠰᠠᠬᠢᠵᠣ ᠯᠠ ᠪᠠᠶᠢᠳᠠᠭ᠃ ᠬᠦᠢᠲᠡᠨ ᠴᠡᠪᠳᠡᠭ | ᠂ ᠬᠤᠷᠣᠨ ᠦᠭᠡ ᠠᠭᠰᠠᠳᠠᠭ ᠬᠠᠬᠢᠷ ᠬᠥᠯᠲᠡᠨ ᠤ ᠲᠤᠮᠳᠡ ᠦᠷᠦᠪᠴᠢᠯᠡᠮᠡᠷ ᠭᠤᠨᠭ᠍ᠰᠤᠶᠢᠬᠤ ᠳᠤ ︽ᠵᠠ︕ | ᠶᠠᠭᠠᠬᠢᠳᠠᠭ ᠶᠤᠮ᠂ ᠡᠷ᠎ᠡ ᠬᠦᠮᠦᠨ ᠤ ᠭᠤᠷᠪᠠᠨ ᠲᠠᠪᠠᠭ᠎ᠠ ᠶᠢ ᠲᠤᠭᠤᠯᠵᠣ ᠦᠵᠡ︾ ᠭᠡᠳᠡᠭ᠃ ᠦᠷ᠎ᠡ ᠴᠢᠨᠢ ᠪᠢᠳᠠ | ᠬᠠᠲᠠᠭᠤᠵᠢᠵᠤ ᠦᠨᠳᠡᠶᠢᠬᠦ ᠳᠤ ᠨᠢᠯᠪᠤᠰᠣ ᠪᠠᠷ ᠴᠢᠯᠠᠭᠤᠵᠢᠵᠤ᠂ ᠴᠢᠠᠳᠠᠭᠠ ᠳᠠᠪᠲᠠᠭᠰᠠᠨ ᠬᠠᠲᠠᠭᠤ ᠠᠮᠢᠳᠣᠷᠠᠯ ᠢ | ᠠᠵᠢᠭ ᠦᠭᠡᠢ ᠲᠤᠭᠤᠯᠣᠭᠰᠠᠨ ᠶᠤᠮ ᠳ᠋ᠠᠭ᠃ | ᠬᠦᠮᠦᠨ ᠠᠮᠢᠲᠠᠨ ᠳᠤ ᠦᠷ᠎ᠡ ᠶᠢᠨ ᠵᠠᠶᠠᠭ᠎ᠠ ᠣᠯᠠᠨ ᠵᠠᠭᠤ ᠶᠢᠨ ᠪᠣᠯᠣᠮᠵᠢ ᠪᠠᠶᠢᠬᠤ ᠳᠤ ᠮᠢᠩᠭᠠᠨ ᠤ ᠲᠠᠪᠢᠯᠠᠩ ᠳᠤ | ᠡᠵᠢ ᠶᠢᠨ ᠢᠷᠦᠭᠡᠯ ᠭᠠᠭᠴᠠ ᠪᠠᠶᠢᠳᠠᠭ ᠢ ᠰᠠᠨᠠᠬᠤ ᠦᠭᠡᠢ ᠲᠡᠷᠪᠡᠵᠡᠢ᠃ ᠨᠦᠮᠵᠦᠭᠬᠡᠨ ᠬᠠᠶᠢᠷᠠᠨ ᠳᠤ ᠪᠠᠨ ᠬᠠᠲᠠᠭᠤ | ᠵᠦᠭᠡᠯᠡᠨ ᠭᠤᠣᠯ ᠬᠠᠷᠠᠯᠠᠮᠠᠷ ᠥᠬᠦᠭᠡᠷᠳᠡᠵᠦ ᠴᠠᠴᠠᠮᠠᠷ ᠭᠠᠰᠢᠭᠤᠨ ᠤᠰᠤ ᠶᠢ ᠲᠠ ᠭᠠᠭᠴᠠᠭᠠᠷ ᠡᠭᠦᠷᠴᠦ ᠶᠠᠪᠤᠭᠰᠠᠨ᠃ | ᠲᠨ ᠬᠠᠨᠢ ᠢᠵᠢᠯᠢ ᠠᠴᠠ ᠪᠠᠨ ᠣᠭᠤᠰᠣᠷ ᠲᠠᠰᠣᠷᠠᠭᠰᠠᠨ ᠬᠤᠷᠸ᠎ᠠ ᠶᠢᠨ ᠬᠠᠯᠠᠭᠤᠨ ᠪᠦᠯᠢᠶᠡᠨ ᠳᠤ ᠣᠶᠢᠭ᠎ᠠ ᠦᠭᠡᠢ | ᠵᠢᠳᠬᠦᠵᠦ ︽ᠮᠢᠨᠦ ᠬᠦᠦ ᠰᠠᠨᠠᠭ᠎ᠠ ᠠᠮᠤᠷ︕ ᠡᠵᠢ ᠨᠢ ᠰᠠᠶᠢᠨ ᠪᠠᠶᠢᠨ᠎ᠠ︾ ᠭᠡᠳᠡᠭ ᠪᠠᠶᠢᠯ᠎ᠠ᠃ ᠭᠠᠪᠢᠶ᠎ᠠ | ᠲᠡᠮᠳᠡᠭᠯᠡᠵᠦ᠂ ᠠᠵᠠ ᠵᠢᠷᠭᠠᠯ ᠲᠤᠬᠢᠶᠠᠬᠤ ᠬᠤᠪᠤᠷᠬᠠᠨ ᠮᠦᠴᠡ ᠳᠤ ᠲᠠ ᠠᠷᠣ ᠳᠤᠨᠢ ᠵᠤᠭᠰᠣᠭᠠᠳ ᠮᠦᠰᠢᠶᠡᠵᠦ | ᠪᠠᠶᠢᠪᠠ ᠃ ᠡᠵᠢ ᠡ︕ ᠬᠡᠥᠬᠡᠰ ᠴᠢᠨᠢ ᠶᠠᠮᠠᠷᠬᠠᠨ ᠠᠮᠢᠨᠴᠢᠷ ᠬᠤᠬᠢᠷ ᠪᠠᠶᠢᠪᠠ ᠡ︖ | ᠡᠬᠡ ᠶᠢᠨ ᠰᠦ ᠶᠢᠨ ᠬᠠᠷᠢᠭᠤ ᠳᠤ ᠣᠬᠠᠭᠠᠨ ᠴᠣᠭᠤᠷᠠᠵᠠᠢ︕ | | ᠲᠦᠷᠪᠠ | ᠨᠠᠷᠠ ᠪᠠᠨ ᠬᠠᠷᠠᠭᠠᠳ ᠡᠵᠢ ᠪᠠᠨ ᠳᠣᠷᠠᠰᠳᠠᠭ᠂ ᠰᠠᠷ᠎ᠠ ᠪᠠᠨ ᠮᠠᠨᠠᠭᠠᠳ ᠡᠵᠢ ᠪᠠᠨ ᠵᠡᠭᠦᠳᠦᠯᠡᠳᠡᠭ ᠴᠠᠭ ᠠᠷᠠᠢ ᠡᠷᠲᠡ | ᠢᠷᠡᠭᠰᠡᠨ ᠶᠤᠮ᠃ ᠡᠵᠢ ᠮᠢᠨᠢ ᠬᠤᠶᠠᠷ ᠦᠵᠦᠭᠦᠷ ᠤᠨ ᠨᠡᠷᠡᠨ ᠢᠶᠠᠷ ᠡᠷᠲᠡᠯᠡᠵᠤ ᠤᠷᠣᠶᠢᠯᠠᠵᠤ ᠬᠦᠯᠦᠰᠦ ᠪᠠᠨ | ᠬᠠᠲᠠᠭᠠᠵᠤ ᠶᠠᠪᠤᠭᠰᠠᠨ ᠨᠢᠭᠡ ᠨᠠᠰᠤ ᠶᠤᠮ᠃ ᠲᠠᠨ ᠤ ᠨᠠᠰᠣᠨ ᠲᠣᠷᠰᠢᠬᠢ ᠵᠤᠪᠠᠵᠣ ᠵᠦᠳᠡᠷᠡᠭᠰᠡᠨ ᠢ ᠰᠠᠨᠠᠬᠤ ᠪᠦᠷᠢ | ᠡᠯᠢᠭᠡ ᠬᠠᠭᠠᠰᠷᠠᠵᠤ᠂ ᠰᠢᠷᠪᠣᠰᠤ ᠴᠢᠩᠭᠠᠷᠠᠳᠠᠭ ᠶᠤᠮ᠃ ᠡᠬᠡ ᠤᠷᠣᠨ ᠲᠠᠢ ᠪᠠᠨ ᠲᠠᠨ ᠤ ᠲᠡᠯᠭᠡᠷ ᠦᠷᠦᠰᠢᠶᠡᠩᠭᠦᠢ | ᠬᠠᠶᠢᠷ᠎ᠠ ᠶᠢ ᠨᠡᠬᠡᠨ ᠰᠠᠨᠠᠬᠤ ᠳᠤ ᠲᠤᠭ᠎ᠠ ᠪᠦᠷᠢᠨ ᠲᠤᠯᠣᠭᠠᠢ ᠮᠡᠨᠳᠦ ᠦᠷ᠎ᠡ ᠴᠢᠨᠢ ᠪᠢᠳᠡ ᠡᠵᠢ ᠶᠢ ᠪᠠᠨ | ᠭᠤᠮᠣᠳᠠᠭᠠᠭᠰᠠᠨ ᠶᠤᠮ ᠦᠦ ᠭᠡᠵᠣ ᠪᠤᠳᠣᠳᠠᠭ ᠪᠣᠯᠵᠠᠢ ᠁ ᠣᠰᠤᠨ ᠲᠡᠨᠡᠭ ᠨᠠᠰᠣᠨ ᠤ ᠬᠤᠷᠣᠮ ᠲᠡᠷᠡ ᠬᠦ ᠦᠷᠥ | ᠵᠢᠷᠦᠬᠡ ᠮᠢᠨᠢ ᠲᠠᠰᠣᠷᠠᠮᠠᠷ ᠣᠨ ᠵᠢᠯ ᠤᠳ ᠲᠤ ᠪᠢᠳᠠ ᠵᠦᠩᠳᠡᠭᠡᠨ ᠡᠬᠡ ᠤᠷᠣᠨ ᠲᠠᠢ ᠪᠠᠨ ᠵᠤᠪᠠᠵᠤ ᠶᠠᠪᠤᠬᠤ ᠳᠤ | ᠡᠵᠢ ᠳᠤ ᠪᠠᠨ ᠭᠤᠮᠣᠳᠠᠵᠣ ᠬᠠᠷᠠᠮᠰᠠᠯ ᠦᠯᠡᠳᠡᠭᠡᠭᠰᠡᠨ ᠴᠢᠭ ᠦᠭᠡᠢ ᠰᠠᠨ᠃ ᠠᠳᠠᠯᠢᠬᠠᠨ ᠦᠷ᠎ᠡ ᠪᠠᠨ ᠭᠡᠳ ᠮᠢᠨᠦ | ᠡᠵᠢ ᠳᠠᠪᠬᠤᠷ ᠵᠤᠪᠠᠵᠤ ᠶᠠᠪᠤᠭᠰᠠᠨ᠃ ᠠᠶᠠᠨ ᠤ ᠠᠷᠭᠠᠮᠵᠢᠶ᠎ᠠ ᠶᠢᠨ ᠬᠤᠶᠠᠷ ᠦᠵᠦᠭᠦᠷ ᠢ ᠬᠤᠯᠪᠤᠭᠰᠠᠨ ᠵᠢᠷᠦᠬᠡᠨ ᠤ | ᠤᠭᠤᠰᠣᠷ ᠲᠤ ᠪᠠᠨ ᠡᠵᠢ ᠬᠦᠮᠦᠨ ᠶᠡᠭᠡ ᠵᠤᠪᠠᠵᠤ᠂ ᠵᠦᠪ ᠬᠠᠷᠠᠵᠤ ᠢᠨᠢᠶᠡᠭᠡᠳ ᠪᠤᠷᠣᠭᠤ ᠬᠠᠷᠠᠵᠤ ᠣᠬᠢᠯᠠᠳᠠᠭ | ᠭᠡᠯᠴᠡᠨ᠎ᠡ᠃ ᠤᠶᠠᠭ᠎ᠠ ᠪᠠᠨ ᠲᠠᠰᠣᠯᠠᠬᠤ ᠵᠠᠶᠠᠭ᠎ᠠ ᠶᠢ ᠬᠦᠯᠢᠶᠡᠵᠦ ᠴᠢᠳᠠᠬᠤ ᠦᠭᠡᠢ ᠭᠡᠵᠤ ᠠᠪᠤ ᠶᠢᠨ ᠬᠦᠦ | ᠮᠡᠬᠦᠰᠳᠡᠵᠦ ᠠᠮᠢ ᠬᠠᠭᠠᠴᠬᠠᠣ ᠵᠣᠪᠠᠯᠠᠩ ᠳᠤ ᠣᠨᠠᠬᠤ ᠦᠶ᠎ᠡ ᠳᠤ ᠲᠡᠷᠭᠡᠳᠡ ᠠᠴᠠ ᠡᠵᠢ ᠮᠢᠨᠢ ᠮᠠᠨᠠᠨ ᠳᠤ | ᠰᠠᠭᠤᠭᠰᠠᠨ ᠬᠠᠠ ᠬᠠᠶᠢᠷᠬᠠᠨ ᠰᠢᠭ᠋ ᠲᠠᠶᠢᠪᠤᠩ ᠬᠠᠷᠠᠭᠳᠠᠵᠤ ᠴᠠᠰᠣᠨ ᠮᠦᠰᠣᠨ ᠢᠰᠭᠡᠷᠬᠦ ᠬᠦᠢᠲᠡᠨ ᠵᠢᠪᠠᠷ ᠲᠤ | ᠴᠠᠷᠴᠠᠵᠤ ᠵᠤᠭᠰᠣᠭᠰᠠᠨ ᠶᠤᠮ᠃ ᠶᠠᠷᠢᠶᠠᠨ ᠦᠭᠡᠢ ᠬᠡᠨ ᠠᠯᠢᠨ ᠳᠤ ᠨᠢ ᠬᠡᠴᠡᠭᠦᠦ ᠪᠠᠶᠢᠵᠢ ᠯᠠ ᠳ᠋ᠠ᠃ ᠭᠠᠭᠴᠠ ᠴᠦ | ᠭᠡᠰᠡᠨ ᠲᠠᠨ ᠤ ᠰᠡᠳᠭᠢᠯ ᠢ ᠵᠠᠰᠬᠠᠣ ᠶᠤᠮ ᠰᠠᠨ ᠭᠡᠵᠤ ᠰᠠᠨᠠᠬᠤ ᠨᠢ ᠤᠷᠣᠶᠢᠲᠠᠪᠠ︕ ᠡᠵᠢ ᠲᠠᠨ ᠢ ᠪᠠᠶᠢᠬᠤ ᠳᠤ ᠭᠡᠷ | ᠳᠦᠭᠦᠷᠡᠩ ᠪᠠᠶᠢᠯ᠎ᠠ᠃ ︽ᠡᠬᠡ ᠶᠢᠨ ᠰᠠᠨᠠᠭ᠎ᠠ ᠦᠷ᠎ᠡ ᠳᠤ ᠂ ᠦᠷ᠎ᠡ ᠶᠢᠨ ᠰᠠᠨᠠᠭ᠎ᠠ ᠠᠭᠤᠯᠠᠨ ᠳᠤ︾ ᠭᠡᠭᠴᠢ ᠰᠠᠶᠢᠨ | ᠵᠦᠭ ᠲᠤ ᠮᠢᠩᠭᠠᠨ ᠪᠤᠷᠬᠠᠨ᠂ ᠮᠢᠩᠭ᠎ᠠ ᠮᠢᠩᠭᠠᠨ ᠠᠴᠠ ᠡᠬᠡ ᠶᠢᠨ ᠠᠭᠤᠳᠠᠮ ᠦᠷᠦᠰᠢᠶᠡᠯ ᠳᠡᠭᠷᠢ ᠰᠠᠴᠠᠭᠤ | ᠪᠠᠭᠲᠠᠭᠠᠳᠠᠭ ᠢ ᠣᠨᠣᠭᠠᠵᠤ ᠬᠡᠯᠡᠭᠰᠡᠨ ᠬᠠᠶᠢᠷ᠎ᠠ ᠰᠢᠷᠬᠠᠯᠠᠭ᠎ᠠ ᠪᠠᠶᠢᠵᠤ ᠲᠠᠭᠠᠷᠠᠨ᠎ᠠ᠃ ᠲᠡᠷᠡ ᠰᠡᠳᠭᠢᠯ ᠤᠨ | ᠰᠢᠷᠬᠠᠯᠠᠭ᠎ᠠ ᠶᠢ ᠠᠨᠠᠭᠠᠬᠤ ᠭᠡᠵᠣ ᠮᠢᠩᠭ᠎ᠠ ᠮᠢᠩᠭᠠᠨ ᠠᠴᠠ ᠦᠶ᠎ᠡ ᠬᠤᠯᠪᠣᠨ ᠠᠪᠤ ᠶᠢᠨ ᠬᠦᠪᠡᠭᠦᠳ ᠤᠬᠠᠭᠠᠷᠠᠵᠤ | ᠶᠠᠪᠤᠭᠰᠠᠨ ᠬᠦᠴᠦ ᠶᠤᠮ︕ | ᠪᠢᠳᠠ ᠡᠵᠢ ᠶᠢ ᠪᠠᠨ ᠰᠠᠨᠠᠬᠤ ᠭᠡᠵᠤ ᠬᠤᠵᠢᠭᠤ ᠣᠬᠠᠭᠠᠷᠠᠭᠰᠠᠨ ᠬᠠᠶᠢᠷ᠎ᠠ ᠶᠤᠮ᠃ ᠡᠵᠢ ᠶᠢ ᠪᠠᠨ ᠰᠠᠨᠠᠬᠤ ᠪᠦᠷᠢ | ᠲᠠᠨ ᠤ ᠪᠠᠷ᠎ᠠ ᠴᠢᠨᠳᠠᠷᠸᠠ ᠰᠡᠳᠭᠢᠯ ᠳᠤ ᠪᠠᠭᠤᠨ᠎ᠠ᠃ ᠠᠪᠤ ᠶᠢᠨ ᠦᠭᠡᠢ ᠳᠤ ᠲᠠ ᠨᠢᠯᠪᠤᠰᠣ ᠪᠠᠨ ᠨᠢᠭᠤᠵᠤ | ᠦᠮᠦᠷᠡᠵᠦ ᠶᠠᠪᠤᠬᠤ ᠳᠤ ᠪᠢᠳᠠ ᠲᠡᠨᠡᠭᠯᠡᠵᠦ ᠪᠠᠶᠢᠪᠠ᠃ ᠲᠠ ᠣᠯᠠᠭᠠᠨ ᠠᠮᠢᠨ ᠤ ᠲᠠᠰᠣᠷᠬᠠᠢ ᠪᠠᠨ ᠲᠡᠵᠢᠭᠡᠬᠦ ᠭᠡᠵᠣ | ᠵᠢᠷ ᠤᠨ ᠠᠮᠢᠳᠣᠷᠠᠯ ᠳᠤ ᠵᠢᠷ ᠤᠨ ᠪᠤᠰᠣ ᠬᠠᠲᠠᠭᠤ ᠲᠡᠷᠡ ᠵᠣᠪᠠᠯᠠᠩ ᠢ ᠣᠭᠤᠷᠴᠦ ᠦᠵᠡᠭᠡ ᠦᠭᠡᠢ ᠬᠤᠷᠮᠣᠢ | ᠨᠦᠢᠲᠠᠨ ᠨᠢᠷᠣᠭᠤ ᠬᠠᠲᠠᠭᠤ ᠵᠢᠳᠬᠦᠪᠡ᠃ ᠲᠣᠯᠭᠠᠨ ᠤ ᠪᠠᠨ ᠳᠡᠷᠭᠡᠳᠡ ᠣᠯᠣᠭᠰᠠᠨ ᠬᠡᠳᠦᠨ ᠰᠠᠯᠪᠠᠷᠬᠠᠢ ᠮᠦᠩᠭᠦ ᠪᠠᠨ | ᠲᠤᠭᠠᠯᠠᠵᠤ ᠴᠡᠨᠡᠭ ᠨᠢ ᠮᠠᠭᠤᠳᠠᠭᠰᠠᠨ ᠷᠠᠳᠢᠣ᠋ ᠪᠠᠨ ᠱᠠᠵᠢᠬᠢᠨᠠᠭᠤᠯᠣᠨ ᠨᠢᠷᠦᠭᠤ ᠠᠮᠠᠷᠠᠵᠤ ᠬᠡᠪᠲᠡᠬᠦ ᠨᠢ ᠦᠵᠡᠭᠳᠡᠨ᠎ᠡ᠃ | ᠠᠬ᠎ᠠ ᠳᠡᠭᠦᠦ ᠬᠡᠳᠦᠭᠦᠯᠡ ᠬᠦᠮᠦᠨ ᠤ ᠮᠠᠩᠯᠠᠢ ᠳᠤ ᠦᠵᠦᠭᠦᠷᠯᠡᠬᠦ ᠭᠡᠵᠦ ᠲᠠᠨ ᠤ ᠬᠦᠳᠡᠯᠮᠦᠷᠢ ᠂ ᠲᠠᠨ ᠤ | ᠦᠢᠳᠬᠠᠷ ᠲᠤ ᠲᠠᠶᠢᠴᠢᠯᠠᠭᠳᠠᠭᠰᠠᠨ ᠶᠤᠮ ᠃ | ᠡᠵᠢ ᠮᠢᠨᠢ ᠭᠡᠷ ᠤᠨ ᠭᠠᠳᠠᠨ᠎ᠠ ᠪᠠᠨ ᠦᠷ᠎ᠡ ᠪᠠᠨ ᠬᠦᠯᠢᠶᠡᠵᠦ ᠮᠠᠶᠢᠵᠢᠬᠢᠨᠠᠨ ᠬᠠᠷᠠᠭᠳᠠᠬᠤ ᠳᠤ ᠰᠠᠯᠬᠢ ᠬᠦᠷᠲᠡᠯ᠎ᠡ | ᠡᠷᠴᠢ ᠬᠠᠷᠢᠳᠠᠭ ᠠᠵᠢ᠃ ᠦᠷ᠎ᠡ ᠬᠡᠥᠬᠡᠳ ᠴᠢᠨᠢ ᠣᠯᠠᠨ ᠵᠢᠯ ᠤᠨ ᠲᠣᠷᠰᠢ ᠣᠨᠠᠭᠠᠨ ᠨᠠᠰᠤ ᠪᠠᠨ ᠡᠯᠡᠭᠡᠵᠦ᠂ | ᠬᠢᠵᠢᠶᠠᠯ ᠨᠠᠰᠤ ᠪᠠᠨ ᠭᠠᠳᠠᠷᠯᠠᠬᠤ ᠪᠤᠯᠲᠠᠯ᠎ᠠ ᠡᠵᠢ ᠶᠢ ᠪᠠᠨ ᠵᠠᠯᠠᠭᠤ ᠡᠵᠢ ᠭᠡᠵᠣ ᠪᠤᠳᠣᠵᠣ ᠶᠠᠪᠤᠯ᠎ᠠ᠃ ᠡᠵᠢ ᠮᠢᠨᠢ | ᠪᠢᠲᠠᠨ ᠢ ᠪᠠᠨ ᠰᠣᠷ ᠰᠢᠭ᠋ ᠪᠥᠭᠡᠴᠡᠶᠢᠯᠡᠵᠦ ᠰᠣᠶᠢᠭᠰᠠᠨ ᠳ᠋ᠠᠭ᠃ ᠬᠡᠥᠬᠡᠳ ᠢᠶᠠᠨ ᠰᠠᠶᠢᠬᠠᠨ ᠠᠵᠢᠯᠯᠠᠵᠤ ᠪᠠᠶᠢᠭ᠎ᠠ | ᠰᠣᠷᠠᠭ ᠢᠶᠠᠷ ᠨᠠᠰᠤ ᠪᠠᠨ ᠨᠡᠮᠡᠵᠦ ᠶᠠᠪᠤᠯ᠎ᠠ ᠭᠡᠵᠣ ᠬᠡᠥᠬᠡᠳ ᠰᠢᠭ ᠪᠠᠶᠠᠷᠯᠠᠳᠠᠭ ᠪᠠᠶᠢᠪᠠ᠃ ᠬᠠᠶᠠ ᠨᠢᠭᠡ ᠬᠠᠵᠠᠭᠠᠢ | ᠪᠤᠷᠣᠭᠤ ᠭᠢᠰᠬᠢᠬᠦ ᠳᠤ ᠠᠩᠵᠠᠭᠠᠷᠠᠭ᠎ᠠ ᠦᠭᠡᠢ ᠶᠤᠮ ᠰᠢᠭ ︽ᠵᠠ ᠶᠠᠭᠠᠬᠢᠬᠤ ᠪᠤᠢ᠂ ᠠᠮᠢᠳᠣᠷᠠᠯ ᠤᠨ ᠣᠯᠵᠤ | ᠠᠯᠳᠠᠬᠤ ᠭᠡᠭᠴᠢ ᠡᠶᠢᠮᠦ ᠪᠠᠶᠢᠳᠠᠭ︾ ᠭᠡᠳ ᠵᠦᠪ ᠲᠠᠯ᠎ᠠ ᠶᠢᠨ ᠲᠦᠷᠦᠭᠡᠨ ᠳᠤ ᠰᠦ ᠳᠤᠰᠤᠭᠠᠵᠤ᠂ ᠣᠶᠢᠴᠢᠭᠤᠯᠬᠤ | ᠦᠭᠡᠢ ᠭᠡᠵᠣ ᠪᠣᠯᠭᠤᠮᠵᠢᠯᠠᠨ ᠪᠤᠷᠣᠭᠤ ᠲᠠᠯ᠎ᠠ ᠶᠢᠨ ᠳᠦᠷᠥᠭᠡᠨ ᠠᠴᠠ ᠲᠦᠰᠢᠵᠦ ᠬᠠᠷ᠎ᠠ ᠴᠠᠢ ᠳᠤ ᠪᠠᠨ ᠵᠠᠩᠭᠢᠷᠠᠴᠦ | ᠰᠠᠭᠤᠳᠠᠭ ᠶᠤᠮ᠃ ᠠᠶᠠᠨ ᠤ ᠲᠣᠭᠤᠷᠢᠮ ᠳᠤ ᠠᠩᠭᠤᠬᠠᠨ ᠪᠤᠷᠦ ᠨᠢ ᠶᠠᠳᠠᠷᠠᠵᠤ ᠶᠠᠪᠤᠬᠤ ᠳᠤ ᠠᠶᠠᠭ᠎ᠠ ᠲᠠᠢ ᠴᠠᠢ ᠳᠤ | ᠡᠵᠢ ᠶᠢᠨ ᠪᠤᠷᠦ ᠨᠢᠳᠦ ᠬᠠᠶᠢᠷ᠎ᠠ ᠳᠦᠭᠦᠷᠡᠩ ᠬᠦᠪᠦᠯᠵᠡᠵᠤ᠂ ︽ᠡᠵᠢ ᠨᠢ ᠬᠦᠦ ᠳᠤ ᠪᠠᠨ ᠬᠠᠨᠢ ᠪᠣᠯᠵᠤ ᠢᠯᠡᠭᠦᠦ | ᠬᠡᠳᠣᠨ ᠣᠨ ᠠᠮᠢᠳᠣᠷᠠᠬᠤ ᠶᠤᠮ ᠰᠠᠨ︾ ᠭᠡᠵᠣ ᠢᠷᠡᠵᠦ ᠤᠴᠢᠬᠤ ᠪᠦᠷᠢ ᠳᠠᠩᠲᠠ ᠢᠩᠬᠢᠵᠤ ᠦᠭᠡ ᠦᠯᠡᠳᠡᠭᠡᠬᠦ | ᠪᠠᠶᠢᠯ᠎ᠠ᠃ ︽ᠬᠠᠨ ᠬᠠᠶᠢᠷᠬᠠᠨ ᠢ ᠴᠠᠰᠤ ᠳᠠᠷᠣᠵᠣ ᠬᠠᠶᠢᠷᠠᠨ ᠪᠡᠶ᠎ᠡ ᠶᠢ ᠨᠠᠰᠤ ᠳᠠᠷᠣᠬᠤ︾ ᠭᠡᠭᠴᠢ ᠵᠠᠶᠠᠭ᠎ᠠ ᠶᠢ ᠨᠢ | ᠲᠡᠭᠰᠢᠯᠡᠵᠤ ᠬᠤᠷᠸ᠎ᠠ ᠶᠢᠨ ᠡᠨᠡᠬᠡᠨ ᠵᠠᠢ ᠪᠠᠷ ᠡᠵᠢ ᠶᠢ ᠪᠠᠨ ᠨᠠᠰᠣᠵᠢᠵᠤ ᠪᠠᠶᠢᠨ᠎ᠠ ᠭᠡᠵᠣ ᠶᠡᠷᠦ ᠠᠴᠠ ᠰᠠᠨᠠᠳᠠᠭ ᠦᠭᠡᠢ | ᠪᠠᠶᠢᠪᠠ᠃ ᠬᠠᠨ ᠪᠤᠭᠤᠷᠣᠯ ᠡᠵᠢ ᠶᠢᠨ ᠢᠨᠢᠶᠡᠮᠰᠦᠭᠯᠡᠯ ᠳᠤ ᠭᠤᠣᠯ ᠤᠨ ᠤᠰᠣᠨ ᠳᠤ ᠴᠢᠯᠠᠭᠤ ᠲᠤᠯᠢᠶᠠᠯᠭᠠᠭᠰᠠᠨ | ᠰᠢᠭ᠋ ᠮᠠᠩᠨᠠᠢ ᠳᠤ ᠨᠢ ᠠᠳᠣᠷᠢᠶ᠎ᠠ ᠰᠠᠭᠤᠵᠠᠢ᠃ | ᠮᠠᠨᠣᠰ ᠢ ᠬᠡᠢ ᠮᠠᠨᠠᠨ ᠪᠠᠶᠢᠬᠤ ᠳᠤ ᠲᠠ ᠰᠣᠩᠭᠤᠵᠤ ᠠᠮᠢ ᠣᠯᠭᠤᠯᠵᠤ ᠦᠭᠭᠦᠭᠰᠡᠨ ᠶᠤᠮ ᠡᠵᠢ ᠡ︕ | ᠡᠵᠢ ᠶᠢ ᠪᠠᠨ ᠳᠡᠷᠡ ᠳᠡᠭᠡᠷ᠎ᠡ ᠮᠡᠳᠡᠭᠡ ᠰᠡᠬᠡᠭᠡ ᠦᠭᠡᠢ ᠪᠤᠯᠬᠤ ᠳᠤ ᠪᠢᠳᠡ ᠬᠡᠳᠦ ᠳᠠᠬᠢᠵᠤ ᠰᠡᠷᠡᠭᠡᠬᠦ ᠭᠡᠳ | ᠪᠤᠰᠬᠠᠵᠤ ᠴᠢᠳᠠᠭᠰᠠᠨ ᠦᠭᠡᠢ᠃ ᠪᠤᠷᠬᠠᠨ ᠡᠵᠢ ᠲᠠ ᠦᠷᠦᠰᠢᠶᠡᠵᠦ ᠬᠠᠶᠢᠷᠠᠯᠠ︕ ᠡᠵᠢ ᠡ︕ ᠵᠠᠭᠤᠨ ᠳᠤ | ᠶᠡᠷᠡᠨ ᠶᠢᠰᠦᠨ ᠪᠠᠶᠠᠷᠲᠠᠢ ᠭᠡᠳ ᠰᠠᠯᠬᠤ ᠶᠢᠨ ᠲᠦᠭᠡᠷᠭᠡ ᠪᠠᠷ ᠵᠣᠯᠭᠠᠬᠤ ᠲᠠᠪᠢᠯᠠᠩ ᠪᠠᠶᠢᠬᠤ ᠳᠤ ᠭᠠᠭᠴᠠ ᠪᠤᠯᠳᠠᠭ | ᠦᠭᠡᠢ ᠬᠠᠭᠠᠴᠠᠯ ᠤᠨ ᠨᠢᠭᠡ ᠲᠤᠭᠠᠯᠠᠩ ᠢ ᠪᠤᠷᠬᠠᠨ ᠪᠢᠲᠠᠨ ᠠᠴᠠ ᠬᠠᠷᠠᠮᠨᠠᠵᠠᠢ᠃ ᠬᠦᠮᠦᠨ ᠤ ᠠᠮᠢᠳᠣᠷᠠᠯ ᠤᠨ ᠠᠯᠢ | ᠨᠢᠭᠡ ᠡᠳᠦᠷ ᠢ ᠡᠭᠦᠷᠢᠳᠡ ᠶᠢᠨ ᠬᠠᠭᠠᠴᠠᠯ ᠪᠤᠯᠬᠤ ᠶᠢ ᠲᠥᠰᠦᠭᠡᠯᠡᠬᠦ ᠪᠢᠰᠢ︕ ᠲᠡᠷᠡ ᠦᠶ᠎ᠡ ᠳᠤ ᠡᠵᠢ ᠪᠠᠨ | ᠰᠠᠨᠠᠬᠤ ᠳᠤ ᠪᠢᠳᠠ ᠲᠠᠯᠪᠢᠭᠠᠳ ᠬᠦᠷᠳᠡᠭ ᠪᠠᠶᠢᠪᠠ᠃ ᠤᠳᠣ ᠪᠢᠳᠡ ᠬᠡᠳᠦᠭᠦᠯᠡ ᠰᠠᠳᠣᠨ ᠲᠦᠷᠦᠯ ᠤᠨ ᠳᠤ ᠪᠠᠨ | ᠠᠶᠢᠯᠴᠢᠯᠠᠨ᠎ᠠ ᠦᠦ ᠭᠡᠬᠦ ᠠᠴᠠ ᠪᠢᠰᠢ ᠡᠵᠢ ᠪᠠᠨ ᠰᠠᠨᠠᠬᠤ ᠳᠤ ᠤᠴᠢᠬᠤ ᠭᠠᠵᠠᠷ ᠦᠭᠡᠢ ᠦᠨᠦᠴᠢᠷᠡᠯᠠ᠃ ᠭᠡᠷ ᠤᠷᠣᠨ | ᠬᠠᠩᠬᠠᠶᠢᠷᠠᠵᠤ ᠢᠯᠴᠢ ᠬᠠᠷᠢᠭᠰᠠᠨ ᠮᠢᠨᠦ ᠰᠡᠳᠬᠢᠯ ᠳᠤᠨᠳᠠᠷᠠᠨᠠ᠃ ᠡᠵᠢ ᠶᠢᠨ ᠪᠦᠪᠠᠢ ᠲᠠᠢ ᠬᠤᠷᠸ᠎ᠠ ᠳᠤ ᠡᠵᠢ ᠪᠠᠨ | ᠬᠠᠷᠠᠮᠨᠠᠭᠰᠠᠨ ᠪᠢᠳᠡᠨ ᠤ ᠤᠷᠣᠰᠬᠤ ᠨᠢᠯᠪᠤᠰᠣ ᠠᠷᠭ᠎ᠠ ᠦᠭᠡᠢ ᠡᠭᠦᠨ ᠢ ᠦᠨᠡᠮᠰᠢᠯᠡᠭᠦᠯᠪᠡ᠃ | ︽ᠮᠢᠨᠦ ᠬᠦᠦ ᠬᠠᠷᠢᠭᠠᠳ ᠢᠷ᠎ᠡ︾ ᠭᠡᠵᠦ ᠪᠠᠭ᠎ᠠ ᠶᠢᠨ ᠨᠡᠭᠡᠯ ᠰᠣᠨᠣᠰᠳᠠᠨ᠎ᠠ ᠪᠢᠯᠡ᠃ ᠡᠵᠢ ᠡ︕ ᠬᠡᠷᠪᠡ | ᠴᠠᠭ ᠮᠦᠴᠡ ᠢ ᠪᠤᠴᠠᠭᠠᠵᠤ ᠴᠢᠳᠠᠳᠠᠭ ᠶᠤᠮ ᠪᠣᠯ ᠁ ᠪᠢ ᠨᠢᠯᠪᠤᠰᠣ ᠪᠠᠨ ᠵᠠᠯᠬᠢᠮᠠᠷ ᠪᠠᠶᠢᠨ᠎ᠠ᠃ | ᠲᠠᠨ ᠳᠤ ᠪᠠᠨ ᠨᠠᠮᠠᠨᠴᠢᠯᠠᠶ᠎ᠠ︕ | | |