1᠂ ᠰᠠᠯᠢᠰᠤᠲᠤ ᠪᠦᠷᠭᠦᠪᠴᠢ ᠵᠢ ᠴᠡᠪᠡᠷᠯᠡᠬᠦ᠄ ᠲᠤᠭᠤᠯᠯᠠᠭᠰᠠᠨᠤ ᠳᠠᠷᠠᠭᠠ᠂ ᠴᠠᠭ ᠲᠤᠬᠠᠶᠳᠤᠨᠢ ᠴᠠᠭ᠋ᠠᠰᠤ ᠪᠤᠶᠤ ᠠᠯᠴᠢᠭᠤᠷ ᠵᠶ᠋ᠠᠷ ᠲᠡᠭᠦᠨᠤ ᠠᠮᠠ ᠬᠠᠮᠠᠷ ᠪᠣᠯᠤᠨ ᠪᠡᠶᠡ ᠳᠡᠭᠡᠷᠡᠨᠢ ᠨᠠᠭ᠋ᠠᠯᠳᠤᠭᠰᠠᠨ ᠰᠢᠩᠭᠡᠨᠢ ᠵᠦᠯᠭᠦᠵᠦ᠂ ᠠᠮᠢᠰᠬᠤᠯ ᠪᠦᠲᠡᠩᠰᠡᠬᠦᠠᠴᠠ ᠰᠡᠷᠭᠡᠢ᠌ᠯᠡᠨᠡ᠃ ᠬᠡᠷᠪᠡ ᠲᠤᠭᠤᠯᠯᠠᠭᠰᠠᠨᠤ ᠳᠠᠷᠠᠭᠠ ᠲᠡᠷᠡ ᠲᠠᠷᠤᠢ᠌ᠬᠠᠨ ᠠᠮᠢᠰᠬᠤᠵᠤ ᠴᠢᠳᠠᠬᠤ ᠦᠭᠡᠢ ᠪᠣᠯ᠂ ᠲᠤᠭᠤᠯᠤᠨ ᠬᠣᠢ᠌ᠲᠤ ᠮᠥᠴᠢᠠᠴᠠᠨᠢ ᠡᠷᠭᠦᠵᠦ ᠲᠣᠩᠭᠤᠷᠠᠭᠤᠯᠤᠨ ᠴᠡᠭᠡᠵᠢ ᠵᠢᠨ ᠬᠡᠰᠡᠭᠢᠨᠢ ᠠᠯᠠᠭ᠋ᠠᠳᠠᠵᠤ᠂ ᠨᠢᠯᠴᠠᠭ᠋ᠠᠶ ᠰᠢᠩᠭᠡᠨᠢᠨᠢ ᠪᠦᠭᠡᠯᠵᠢᠭᠦᠯᠦᠨᠡ᠃
2᠂ ᠬᠦᠢᠰᠦ ᠲᠠᠰᠤᠯᠬᠤ᠄ ᠠᠷᠢᠭᠤᠳᠬᠠᠭᠰᠠᠨ ᠬᠠᠢ᠌ᠴᠢᠪᠠᠷ ᠬᠡᠪᠡᠯᠢ ᠵᠢᠨ ᠬᠡᠰᠡᠭᠠᠴᠠ 6-8cm ᠵᠠᠢ᠌ᠲᠠᠶ ᠭᠠᠵᠠᠷᠲᠤ ᠬᠠᠢ᠌ᠴᠢᠯᠠᠵᠤ᠂ ᠬᠦᠢ᠍ᠰᠦᠨᠤ ᠳᠣᠲᠣᠷᠠᠬᠢ ᠴᠢᠰᠤ ᠵᠢ ᠰᠢᠬᠠᠨ ᠴᠡᠪᠡᠷᠯᠡᠵᠦ᠂ 5%-10% ᠵᠢᠨ ᠢᠣᠳ᠋ᠤᠨ ᠬᠠᠨᠳᠠ (碘酊药液)ᠪᠠᠷ 2-3 ᠮᠢᠨᠦ᠋ᠲ ᠳᠡᠪᠲᠦᠭᠡᠨᠡ᠂ ᠡᠮᠤᠨ ᠰᠢᠩᠭᠡᠨᠢ ᠬᠦᠢ᠍ᠰᠦᠨ ᠳᠣᠲᠣᠷᠠ ᠣᠷᠤᠭᠤᠯᠵᠤ ᠪᠣᠯᠬᠤ ᠦᠭᠡᠢ᠃ ᠬᠦᠢᠰᠦ ᠵᠢ ᠲᠠᠰᠤᠯᠤᠭᠰᠠᠨᠤ ᠳᠠᠷᠠᠭᠠ ᠵᠠᠩᠭᠢᠳᠬᠤ ᠴᠢᠬᠤᠯᠠ ᠦᠭᠡᠢ᠃ ᠡᠭᠦᠨᠠᠴᠠ ᠭᠠᠳᠠᠨᠠ᠂ ᠲᠤᠭᠤᠯᠤᠨ ᠵᠥᠭᠡᠯᠡᠨ ᠲᠤᠭᠤᠷᠠᠢ ᠵᠢ ᠱᠠᠭ᠋ᠠᠯᠤᠨ ᠠᠪᠬᠤᠨᠢ᠂ ᠲᠤᠭᠤᠯᠤᠨ ᠪᠣᠰᠴᠤ ᠵᠤᠭᠰᠤᠬᠤᠳᠤ ᠠᠰᠢᠭᠲᠠᠢ᠃
3᠂ ᠡᠷᠲᠡᠬᠡᠨ ᠤᠭᠤᠷᠠᠭ ᠰᠦ ᠬᠦᠬᠦᠭᠦᠯᠬᠦ᠄ ᠦᠨᠢᠶᠡ ᠲᠤᠭᠤᠯᠯᠠᠭᠰᠠᠨᠤ ᠳᠠᠷᠠᠭ᠋ᠠᠬᠢ 7 ᠡᠳᠦᠷ ᠳᠣᠲᠤᠷᠠᠬᠢ ᠰᠦ ᠵᠢ ᠤᠭᠤᠷᠠᠭ ᠰᠦ ᠭᠡᠨᠡ᠃ ᠤᠭᠤᠷᠠᠭ ᠰᠦᠨᠢ ᠲᠤᠭᠤᠯᠤᠨ ᠡᠪᠡᠳᠴᠢᠨ ᠡᠰᠡᠷᠭᠦᠴᠡᠬᠦ ᠴᠢᠳᠠᠪᠤᠷᠢ ᠵᠢ ᠳᠡᠭᠡᠭᠰᠢᠯᠡᠭᠦᠯᠬᠦ ᠮᠦᠷᠲᠡᠭᠡᠨ ᠰᠢᠩᠭᠡᠭᠡᠬᠦᠳᠤ ᠠᠮᠠᠷ ᠰᠢᠮᠡ ᠲᠡᠵᠢᠭᠡᠯ ᠠᠭᠤᠯᠵᠤ᠂ ᠲᠤᠭᠤᠯᠤᠨ ᠬᠣᠳᠣᠭᠣᠳᠣᠨ ᠰᠢᠩᠭᠡᠨᠢ ᠬᠦᠴᠢᠯᠯᠢᠭ ᠴᠢᠨᠠᠷᠲᠠᠢ ᠪᠤᠯᠭ᠋ᠠᠵᠤ᠂ ᠬᠣᠤᠷᠲᠤ ᠪᠠᠺᠲ᠋ᠧᠷᠢ ᠵᠢᠨ ᠦᠷᠡᠵᠢᠯᠲᠡ ᠵᠢ ᠨᠦᠯᠦᠭᠡᠯᠡᠵᠦ᠂ ᠵᠢᠩᠬᠢᠨᠢ ᠬᠣᠳᠣᠭᠣᠳᠣᠨᠠᠴᠠ ᠶᠡᠬᠡ ᠬᠡᠮᠵᠢᠶᠡᠨᠤ ᠰᠢᠩᠭᠡᠭᠡᠬᠦ ᠢᠰᠬᠡᠭᠦᠷᠢ ᠱᠦᠭᠦᠷᠡᠭᠦᠯᠵᠦ᠂ ᠬᠣᠳᠣᠭᠣᠳᠣ ᠭᠡᠳᠡᠰᠦᠨᠤ ᠬᠡᠪᠤᠨ ᠠᠵᠢᠯᠯᠠᠭᠠ ᠵᠢ ᠡᠷᠲᠡ ᠭᠦᠢ᠍ᠴᠡᠳ ᠪᠣᠯᠭ᠋ᠠᠵᠤ᠂ ᠨᠡᠯᠢᠶᠡᠳ ᠠᠷᠪᠢᠨ ᠮᠠᠭᠨᠢ ᠵᠢᠨ ᠳᠠᠪᠤᠰᠤ (镁盐) ᠠᠭᠤᠯᠵᠤ᠂ ᠬᠦᠩᠭᠡᠨ ᠲᠤᠭᠤᠯᠭ᠋ᠠᠬᠤ ᠦᠢᠯᠡᠳᠦᠯᠲᠠᠢ᠂ ᠵᠤᠩᠭ᠋ᠠᠭᠤᠨ ᠭᠠᠳᠠᠭᠰᠢᠯᠠᠬᠤ ᠵᠢ ᠠᠬᠢᠭᠤᠯᠵᠤ᠂ ᠪᠠᠰᠠ ᠪᠠᠺᠲ᠋ᠧᠷᠢ ᠠᠭᠤᠰᠬᠠᠬᠤ ᠢᠰᠬᠡᠭᠦᠷ (溶菌酶) ᠪᠠ ᠡᠭᠡᠯᠢᠯᠡᠪᠦᠷᠢ ᠵᠢᠨ ᠪᠥᠮᠪᠥᠭᠡᠨ ᠤᠭᠤᠷᠠᠭ (免疫球蛋白) ᠠᠭᠤᠯᠵᠤ᠂ ᠣᠯᠠᠨ ᠵᠦᠢᠯᠤᠨ ᠡᠪᠡᠳᠴᠢᠨᠤ ᠪᠠᠺᠲ᠋ᠧᠷᠢ ᠵᠢ ᠬᠣᠷᠢᠭᠯᠠᠬᠤ ᠪᠤᠶᠤ ᠤᠰᠠᠳᠬᠠᠵᠤ ᠴᠢᠳᠠᠨᠠ᠃
4᠂ ᠸᠢᠲ᠋ᠠᠮᠢᠨ ᠨᠥᠬᠦᠬᠦ᠄ ᠲᠤᠭᠤᠯᠤᠨ ᠴᠢᠴᠠᠭᠠ ᠠᠯᠳᠠᠬᠤ ᠵᠢ ᠰᠡᠷᠭᠡᠢ᠌ᠯᠡᠬᠦ ᠵᠢᠨ ᠲᠥᠯᠥᠭᠡ᠂ ᠡᠳᠦᠷ ᠪᠦᠷᠢ 250mg ᠵᠢᠨ ᠮᠧᠢ ᠰᠦ (金霉素) ᠤᠯᠭᠤᠵᠤ᠂ ᠲᠤᠭᠤᠯᠯᠠᠭᠰᠠᠨᠤ ᠳᠠᠷᠠᠭ᠋ᠠᠬᠢ ᠭᠤᠷᠪᠠᠳᠤᠭ᠋ᠠᠷ ᠡᠳᠦᠷᠠᠴᠠ 30 ᠡᠳᠦᠷ ᠪᠣᠯᠲᠠᠯᠠ᠂ ᠵᠢᠨ ᠮᠧᠢ ᠰᠦ ᠵᠢ ᠰᠦᠨ ᠳᠣᠲᠤᠷᠠ ᠠᠭᠤᠰᠴᠤ ᠨᠦᠬᠦᠨ ᠣᠯᠭᠤᠵᠣ ᠪᠤᠯᠤᠨᠠ᠃