ᠴᠤᠷᠪᠠᠭ᠎ᠠ ᠪᠤᠢ᠌ᠵᠢᠭᠤᠯᠬᠤ ᠱᠠᠲᠤᠨ᠎ᠤ ᠬᠤᠪᠢᠶᠠᠷᠢᠯᠠᠯᠲᠠ ᠪᠠ ᠪᠤᠢ᠌ᠵᠢᠭᠤᠯᠬᠤ ᠬᠠᠷᠠᠯᠲᠠ
ᠴᠤᠷᠪᠠᠭ᠎ᠠ ᠨᠡᠪᠴᠢᠭᠰᠡᠨ᠎ᠠᠴᠠ ᠡᠬᠢᠯᠡᠨ ᠦᠨᠳᠡᠭᠡᠯᠡᠬᠦ ᠪᠤᠯᠲᠠᠯᠠᠬᠢ ᠬᠤᠭᠤᠴᠠᠭ᠋ᠠᠨ᠎ᠳᠠᠬᠢ ᠲᠠᠬᠢᠶ᠎ᠠ ᠵᠢ ᠪᠡᠯᠡᠳᠭᠡᠯ ᠲᠠᠬᠢᠶ᠎ᠠ (ᠪᠠᠰᠠ ᠦᠰᠦᠯᠲᠡ ᠵᠢᠨ ᠬᠤᠭᠤᠴᠠᠭ᠎ᠠ) ᠭᠡᠳᠡᠭ᠃ ᠪᠡᠯᠡᠳᠭᠡᠯ ᠲᠠᠬᠢᠶ᠎ᠠ ᠵᠢ ᠪᠤᠢ᠌ᠵᠢᠭᠤᠯᠬᠤ ᠤᠷᠴᠢᠨ ᠲᠤᠭᠤᠷᠢᠨ᠎ᠤ ᠨᠦᠭᠦᠴᠡᠯ ᠪᠠ ᠰᠢᠮ᠎ᠡ ᠲᠡᠵᠢᠭᠡᠯ᠎ᠤᠨ ᠱᠠᠭ᠋ᠠᠷᠳᠠᠯᠭ᠎ᠠ ᠵᠢᠨ ᠠᠳᠠᠯᠢ ᠪᠤᠰᠣ ᠵᠢ ᠦᠨᠳᠦᠰᠦᠯᠡᠵᠦ ᠶᠡᠬᠡ ᠲᠦᠯᠦᠪ ᠬᠤᠶᠠᠷ ᠪᠤᠶᠤ ᠭᠣᠷᠪᠠᠨ ᠱᠠᠲᠤ ᠬᠤᠪᠢᠶᠠᠳᠠᠭ᠃ ᠬᠤᠶᠠᠷ ᠱᠠᠲᠤ ᠬᠤᠪᠢᠶᠠᠪᠠᠯ ᠴᠤᠷᠪᠠᠭ᠎ᠠ 0~6 ᠭᠠᠷᠠᠭ᠂ ᠪᠤᠢ᠌ᠵᠢᠯᠲᠠ ᠵᠢᠨ ᠬᠤᠭᠤᠴᠠᠭ᠋ᠠᠨ᠎ᠳᠠᠬᠢ ᠲᠠᠬᠢᠶ᠎ᠠ 7~20 ᠭᠠᠷᠠᠭ᠃ ᠭᠤᠷᠪᠠᠨ ᠱᠠᠲᠤ ᠬᠤᠪᠢᠶᠠᠪᠠᠯ ᠨᠢᠯᠬ᠎ᠠ ᠴᠤᠷᠪᠠᠭ᠎ᠠ 0~6 ᠭᠠᠷᠠᠭ᠂ ᠳᠤᠮᠳᠠ ᠴᠤᠷᠪᠠᠭ᠎ᠠ 7~24 ᠭᠠᠷᠠᠭ᠂ ᠲᠤᠮᠤ ᠴᠤᠷᠪᠠᠭ᠎ᠠ 15~20 ᠭᠠᠷᠠᠭ᠃ 0~6 ᠭᠠᠷᠠᠭ᠎ᠤᠨ ᠬᠤᠭᠤᠷᠤᠨᠳᠤᠬᠢ ᠴᠤᠷᠪᠠᠭ᠎ᠠ ᠵᠢᠨ ᠤᠷᠴᠢᠨ ᠲᠤᠭᠤᠷᠢᠨ᠎ᠤ ᠱᠠᠭ᠋ᠠᠷᠳᠠᠯᠭ᠎ᠠ ᠦᠨᠳᠦᠷ ᠪᠠᠢ᠌ᠵᠤ᠂ ᠬᠤᠨᠤᠭ᠎ᠤᠨ ᠪᠤᠷᠳᠤᠭ᠋ᠠᠨᠳᠠᠬᠢ ᠡᠨᠧᠷᠭᠢ ᠪᠠ ᠤᠭᠤᠷᠠᠭ ᠡᠯᠪᠡᠭ ᠪᠠᠢ᠌ᠬᠤ ᠬᠡᠷᠡᠭᠲᠡᠢ᠃
ᠴᠤᠷᠪᠠᠭ᠎ᠠ ᠪᠤᠢ᠌ᠵᠢᠭᠤᠯᠬᠤ ᠬᠤᠭᠤᠴᠠᠭ᠋ᠠᠨ᠎ᠳᠠᠬᠢ ᠭᠣᠣᠯ ᠪᠣᠯᠬᠣ ᠮᠡᠷᠭᠡᠵᠢᠯ᠎ᠤᠨ ᠬᠠᠷᠠᠯᠲᠠ ᠪᠣᠯ ᠢᠳᠡᠰᠢᠨ᠎ᠤ ᠬᠡᠮᠵᠢᠶ᠎ᠡ ᠬᠡᠪ᠎ᠤᠨ ᠪᠠᠢ᠌ᠵᠤ᠂ ᠡᠷᠡᠭᠦᠯ ᠴᠢᠬᠢᠷᠠᠭ ᠴᠤᠷᠪᠠᠭ᠎ᠠ ᠵᠢ ᠲᠤᠭᠲᠠᠭᠰᠠᠨ ᠬᠤᠭᠤᠴᠠᠭ᠋ᠠᠨ ᠳᠤᠲᠤᠷ᠎ᠠ ᠦᠰᠦᠯᠲᠡ ᠪᠤᠢ᠌ᠵᠢᠯᠲᠠ ᠵᠢᠨ ᠪᠠᠷᠢᠮᠵᠢᠶ᠎ᠠ᠎ᠳᠤ ᠬᠦᠷᠭᠡᠬᠦ ᠵᠢ ᠪᠠᠲᠤᠯᠠᠬᠤ ᠵᠢᠨ ᠬᠠᠮᠲᠤ ᠬᠤᠰᠢᠭᠤ ᠳᠠᠭ᠋ᠠᠷᠢᠬᠤ᠂ ᠬᠢᠵᠢᠭ᠎ᠢ ᠰᠡᠷᠭᠡᠢ᠌ᠯᠡᠬᠦ ᠲᠦᠯᠦᠪᠯᠡᠭᠡ ᠵᠢ ᠬᠡᠷᠡᠭᠵᠢᠭᠦᠯᠵᠦ᠂ ᠤᠷᠴᠢᠨ ᠲᠤᠭᠤᠷᠢᠨ᠎ᠤ ᠡᠷᠡᠭᠦᠯ ᠬᠠᠮᠠᠭ᠋ᠠᠯᠠᠯ ᠪᠠ ᠬᠢᠵᠢᠭ᠎ᠤᠨ ᠰᠡᠷᠭᠡᠢ᠌ᠯᠡᠯᠲᠡ ᠵᠢ ᠰᠠᠢ᠌ᠲᠤᠷ ᠬᠢᠬᠦ ᠶᠠᠪᠤᠳᠠᠯ ᠪᠤᠯᠤᠨ᠎ᠠ᠃
(ᠨᠢᠭᠡ) ᠡᠷᠡᠭᠦᠯ ᠴᠢᠬᠢᠷᠠᠭ ᠴᠤᠷᠪᠠᠭ᠎ᠠ᠎ᠨᠢ ᠬᠢᠵᠢᠭ ᠡᠪᠡᠳᠴᠢᠨ ᠦᠭᠡᠢ᠂ ᠤᠨᠴᠠᠭ᠋ᠠᠢ᠌ᠯᠠᠨ ᠬᠠᠯᠳᠠᠪᠤᠷᠢᠲᠤ ᠬᠢᠵᠢᠭ ᠦᠬᠡᠢ ᠪᠠᠢ᠌ᠵᠤ᠂ ᠢᠳᠡᠰᠢᠨ᠎ᠤ ᠳᠤᠷᠠᠰᠢᠯ᠎ᠨᠢ ᠬᠡᠪ᠎ᠤᠨ᠂ ᠬᠦᠳᠡᠯᠵᠦ ᠪᠠᠷᠢᠬᠤ᠎ᠨᠢ ᠴᠤᠪᠤᠭᠤ᠂ ᠳᠤᠰᠬᠠᠯ᠎ᠨᠢ ᠰᠤᠷᠭᠤᠭ᠂ ᠦᠳᠦ ᠰᠦᠳᠦ᠎ᠨᠢ ᠨᠠᠷᠢᠯᠢᠭ ᠪᠦᠭᠡᠳ ᠪᠤᠳᠠᠷᠠᠮᠠ ᠪᠠᠢ᠌ᠬᠤ ᠬᠡᠷᠡᠭᠲᠡᠢ᠃
(ᠬᠤᠶᠠᠷ) ᠲᠠᠪᠰᠢᠭᠰᠠᠨ ᠮᠡᠷᠭᠡᠵᠢᠯ᠎ᠤᠨ ᠬᠢᠷᠢ ᠲᠦᠪᠰᠢᠨ ᠵᠶ᠋ᠡᠷ ᠪᠣᠯ ᠴᠤᠷᠪᠠᠭ᠎ᠠ ᠪᠤᠢ᠌ᠵᠢᠭᠤᠯᠬᠤ ᠡᠬᠢᠨ᠎ᠤ ᠭᠠᠷᠠᠭᠲᠠᠬᠢ ᠬᠤᠬᠢᠷᠠᠯ᠎ᠤᠨ ᠨᠤᠷᠮ᠎ᠠ 0.5%᠎ᠠᠴᠠ ᠬᠡᠲᠦᠷᠡᠬᠦ ᠦᠭᠡᠢ ᠪᠠᠢ᠌ᠵᠤ᠂ ᠭᠤᠷᠪᠠᠨ ᠭᠠᠷᠠᠭ ᠪᠤᠯᠤᠭᠰᠠᠨ ᠴᠤᠷᠪᠠᠭ᠎ᠠ ᠵᠢᠨ ᠬᠤᠬᠢᠷᠠᠯ᠎ᠤᠨ ᠨᠤᠷᠮ᠎ᠠ᠎ᠨᠢ 1 %᠎ᠠᠴᠠ ᠬᠡᠲᠦᠷᠡᠬᠦ ᠦᠭᠡᠢ ᠪᠠᠢ᠌ᠬᠤ ᠬᠡᠷᠡᠭᠲᠡᠢ᠃ ᠨᠡᠩ ᠦᠨᠳᠦᠷ ᠬᠢᠷᠢ ᠲᠦᠪᠰᠢᠨ ᠵᠶ᠋ᠡᠷ ᠪᠠᠷᠢᠮᠵᠢᠶᠠᠯᠠᠪᠠᠯ 0~6 ᠭᠠᠷᠠᠭ ᠳᠤᠲᠤᠷᠠᠬᠢ ᠬᠤᠬᠢᠷᠠᠯ᠎ᠤᠨ ᠨᠤᠷᠮ᠎ᠠ᠎ᠨᠢ 2 %᠎ᠠᠴᠠ ᠬᠡᠲᠦᠷᠡᠬᠦ ᠦᠭᠡᠢ ᠪᠠᠢ᠌ᠬᠤ ᠬᠡᠷᠡᠭᠲᠡᠢ᠃
(ᠭᠤᠷᠪᠠ) ᠴᠤᠷᠪᠠᠭ᠎ᠠ ᠵᠢᠨ ᠦᠰᠦᠯᠲᠡ ᠪᠤᠢ᠌ᠵᠢᠯᠲᠠ ᠬᠡᠪ᠎ᠤᠨ ᠪᠠᠢ᠌ᠬᠤ ᠬᠡᠷᠡᠭᠲᠡᠢ᠃ ᠦᠰᠦᠯᠲᠡ᠎ᠪᠠᠷ ᠬᠡᠪ᠎ᠤᠨ ᠪᠠᠢ᠌ᠳᠠᠯ᠎ᠲᠠᠢ ᠴᠤᠷᠪᠠᠭ᠎ᠠ ᠵᠢᠨ ᠪᠡᠶ᠎ᠡ ᠵᠢᠨ ᠬᠦᠨᠳᠦ᠎ᠨᠢ ᠪᠠᠷᠢᠮᠵᠢᠶᠠᠨ᠎ᠳᠤ ᠬᠦᠷᠴᠦ᠂ ᠠᠷᠤᠭ ᠶᠠᠰᠤ᠎ᠨᠢ ᠬᠠᠲᠠᠭᠤ᠂ ᠴᠡᠭᠡᠵᠢᠨ ᠶᠠᠰᠤ᠎ᠨᠢ ᠠᠰᠬᠠᠨ ᠪᠦᠭᠡᠳ ᠪᠡᠬᠢᠯᠢᠭ᠂ ᠰᠢᠯᠪᠢ ᠵᠢᠨ ᠶᠠᠰᠤ᠎ᠨᠢ ᠪᠤᠢ᠌ᠵᠢᠯᠲᠠᠪᠠᠷ ᠰᠠᠢ᠌ᠨ ᠪᠠᠢ᠌ᠳᠠᠭ᠃ 8 ᠭᠠᠷᠠᠭ ᠪᠣᠯᠣᠭᠰᠠᠨ ᠴᠤᠷᠪᠠᠭ᠎ᠠ ᠵᠢᠨ ᠰᠢᠯᠪᠢ ᠵᠢᠨ ᠶᠠᠰᠤᠨ᠎ᠤ ᠦᠷᠲᠤᠨᠢ 70~80 ᠮᠢᠯᠢᠮᠧᠲᠷ᠎ᠲᠤ ᠬᠦᠷᠴᠦ᠂ ᠦᠳᠦ ᠰᠦᠳᠦ᠎ᠨᠢ ᠨᠢᠭᠲᠠ ᠪᠦᠭᠡᠳ ᠪᠤᠲᠠᠷᠠᠮᠠ ᠪᠠᠢ᠌ᠵᠤ᠂ ᠪᠤᠯᠴᠢᠩ᠎ᠤᠨ ᠪᠤᠢ᠌ᠵᠢᠯᠲᠠ᠎ᠨᠢ ᠴᠢᠩᠭ᠎ᠠ᠂ ᠦᠰᠦᠯᠲᠠ ᠵᠢᠨ ᠬᠤᠷᠳᠤᠴᠠ᠎ᠨᠢ ᠬᠡᠪ᠎ᠤᠨ ᠪᠠᠢ᠌ᠬᠤ ᠬᠡᠷᠡᠭᠲᠡᠢ᠃
(ᠢᠷᠡᠯᠲᠡ᠄ ᠵᠢᠷᠭ᠋ᠠᠯ ᠡᠷᠬᠢᠯᠡᠨ ᠨᠠᠢ᠌ᠷᠠᠭᠤᠯᠤᠭᠰᠠᠨ 《ᠭᠠᠬᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)