ᠡᠩ᠎ᠤᠨ ᠲᠡᠵᠢᠭᠡᠯᠭᠡ ᠵᠢᠨ ᠨᠥᠬᠥᠴᠡᠯ ᠳᠣᠤᠷ᠎ᠠ᠂ ᠰᠠᠭ᠋ᠠᠯᠢ ᠵᠢᠨ ᠦᠨᠢᠶᠡᠨ᠎ᠤ ᠲᠡᠵᠢᠭᠡᠯ ᠪᠣᠷᠳᠣᠭ᠋ᠠᠨ᠎ᠤ ᠥᠪᠡᠷ᠎ᠤᠨ ᠥᠷᠲᠡᠭ᠎ᠨᠢ ᠰᠦ ᠦᠢ᠍ᠯᠡᠳᠪᠦᠷᠢᠯᠡᠬᠦ ᠥᠪᠡᠷ᠎ᠤᠨ ᠥᠷᠲᠡᠭ᠎ᠤᠨ 60 %᠎ᠠᠴᠠ ᠳᠡᠭᠡᠭᠰᠢᠬᠢ ᠵᠢ ᠡᠵᠡᠯᠡᠳᠡᠭ᠃ ᠡᠢ᠌ᠮᠦ᠎ᠠᠴᠠ ᠬᠤᠨᠤᠭ᠎ᠤᠨ ᠪᠤᠷᠳᠤᠭ᠋ᠠᠨ᠎ᠤ ᠲᠤᠬᠢᠷᠠᠭᠤᠯᠤᠯᠲᠠ ᠵᠢᠨ ᠵᠤᠬᠢᠰᠲᠠᠢ ᠡᠰᠡᠬᠦ᠎ᠨᠢ ᠰᠠᠭ᠋ᠠᠯᠢ ᠵᠢᠨ ᠦᠨᠢᠶᠡᠨ᠎ᠤ ᠡᠷᠡᠭᠦᠯ ᠮᠡᠨᠳᠦ᠂ ᠦᠢᠯᠡᠳᠪᠦᠷᠢᠯᠡᠯ᠎ᠤᠨ ᠴᠢᠳᠠᠪᠬᠢ ᠵᠢᠨ ᠢᠯᠡᠷᠡᠯ ᠪᠠ ᠪᠣᠷᠳᠣᠭ᠋ᠠᠨ᠎ᠤ ᠡᠬᠢ ᠪᠠᠶᠠᠯᠢᠭ᠎ᠢ ᠠᠰᠢᠭᠯᠠᠬᠤ᠎ᠲᠠᠢ ᠬᠣᠯᠪᠣᠭᠳᠠᠬᠤ᠎ᠪᠠᠷ ᠪᠠᠷᠠᠬᠤ ᠦᠭᠡᠢ᠂ ᠰᠠᠭ᠋ᠠᠯᠢ ᠵᠢᠨ ᠦᠨᠢᠶᠡᠨ᠎ᠤ ᠠᠵᠤ ᠠᠬᠤᠢ ᠵᠢᠨ ᠦᠷ᠎ᠡ ᠠᠰᠢᠭ᠎ᠢ ᠰᠢᠭᠤᠳ ᠨᠥᠯᠥᠭᠡᠯᠡᠳᠡᠭ᠃ ᠰᠠᠭ᠋ᠠᠯᠢ ᠵᠢᠨ ᠦᠨᠢᠶᠡᠨ᠎ᠤ ᠬᠤᠨᠤᠭ᠎ᠤᠨ ᠪᠤᠷᠳᠤᠭ᠋ᠠᠨ᠎ᠤ ᠲᠤᠬᠢᠷᠠᠭᠤᠯᠤᠯᠲᠠ ᠵᠢ ᠨᠥᠯᠥᠭᠡᠯᠡᠬᠦ ᠨᠦᠭᠦᠴᠡᠯ᠎ᠳᠤ᠄ ᠰᠠᠭ᠋ᠠᠯᠢ ᠵᠢᠨ ᠦᠨᠢᠶᠡᠨ᠎ᠤ ᠪᠡᠶ᠎ᠡ ᠵᠢᠨ ᠬᠦᠨᠳᠦ᠂ ᠰᠦᠨ ᠭᠠᠷᠴᠠ᠂ ᠰᠦ ᠵᠢᠨ ᠪᠦᠷᠢᠯᠳᠦᠯ (ᠰᠦᠨ ᠲᠤᠰᠤᠯᠢᠭ᠂ ᠰᠦᠨ ᠤᠭᠤᠷᠠᠭ᠎ᠤᠨ ᠡᠵᠡᠯᠡᠬᠦ ᠵᠠᠭᠤᠨ᠎ᠤ ᠬᠠᠷᠢᠴᠠᠯ)᠂ ᠰᠦ ᠱᠦᠭᠦᠷᠡᠭᠦᠯᠬᠦ ᠬᠤᠭᠤᠴᠠᠭ᠎ᠠ᠂ ᠰᠠᠭ᠋ᠠᠯᠢ ᠵᠢᠨ ᠦᠨᠢᠶᠡᠨ᠎ᠤ ᠲᠤᠭᠤᠯᠯᠠᠭᠰᠠᠨ ᠤᠳᠠᠭ᠎ᠠ ᠵᠡᠷᠭᠡ ᠪᠠᠭᠲᠠᠨ᠎ᠠ᠃ ᠳᠣᠤᠷᠠᠬᠢ ᠨᠦᠭᠦᠴᠡᠯ᠎ᠨᠢ ᠰᠠᠭ᠋ᠠᠯᠢ ᠵᠢᠨ ᠦᠨᠢᠶᠡᠨ᠎ᠤ ᠬᠤᠨᠤᠭ᠎ᠤᠨ ᠪᠤᠷᠳᠤᠭ᠋ᠠᠨ᠎ᠤ ᠠᠰᠢᠭᠯᠠᠯᠲᠠ ᠵᠢ ᠨᠥᠯᠥᠭᠡᠯᠡᠨ᠎ᠡ᠄ ⒈ ᠬᠤᠨᠤᠭ᠎ᠤᠨ ᠪᠤᠷᠳᠤᠭ᠋ᠠᠨ᠎ᠤ ᠢᠳᠡᠭᠦᠰᠢ ᠴᠢᠨᠠᠷ᠃⒉ ᠡᠳᠦᠷ ᠪᠦᠷᠢ ᠵᠢᠨ ᠲᠡᠵᠢᠭᠡᠬᠦ ᠤᠳᠠᠭ᠎ᠠ᠃⒊ ᠲᠡᠵᠢᠭᠡᠬᠦ ᠠᠷᠭ᠎ᠠ (ᠵᠢᠱ᠌ᠢᠶᠡᠯᠡᠪᠡᠯ ᠪᠦᠷᠢᠮᠦᠰᠦᠨ ᠬᠣᠯᠢᠮᠠᠭ ᠪᠣᠷᠳᠣᠭ᠎ᠠ᠎ᠪᠠᠷ ᠲᠡᠵᠢᠭᠡᠬᠦ ᠠᠷᠭ᠎ᠠ᠂ ᠺᠣᠮᠫᠢᠦ᠋ᠲ᠋ᠧᠷ ᠵᠶ᠋ᠡᠷ ᠡᠵᠡᠮᠳᠡᠭᠰᠡᠨ ᠨᠠᠷᠢᠯᠢᠭ ᠪᠣᠷᠳᠣᠭ᠎ᠠ᠎ᠪᠠᠷ ᠲᠡᠵᠢᠭᠡᠬᠦ ᠠᠷᠭ᠎ᠠ ᠪᠠ ᠤᠷᠢᠳᠠᠪᠡᠷ ᠪᠦᠳᠦᠭᠦᠯᠢᠭ ᠳᠠᠷᠠᠭ᠎ᠠ᠎ᠨᠢ ᠨᠠᠷᠢᠯᠢᠭ ᠪᠤᠷᠳᠤᠭ᠎ᠠ ᠲᠡᠵᠢᠭᠡᠬᠦ ᠠᠷᠭ᠎ᠠ ᠵᠡᠷᠭᠡ)᠃⒋ ᠲᠡᠵᠢᠭᠡᠬᠦ ᠠᠷᠭ᠎ᠠ (ᠲᠤᠰᠠᠭ᠋ᠠᠷ ᠲᠡᠵᠢᠭᠡᠬᠦ ᠪᠤᠶᠤ ᠰᠦᠷᠦᠭᠯᠡᠨ ᠲᠡᠵᠢᠭᠡᠬᠦ)᠃
ᠰᠠᠭ᠋ᠠᠯᠢ ᠵᠢᠨ ᠦᠨᠢᠶᠡᠨ᠎ᠤ ᠬᠤᠨᠤᠭ᠎ᠤᠨ ᠪᠤᠷᠳᠤᠭ᠎ᠠ ᠵᠢ ᠲᠤᠬᠢᠷᠠᠭᠤᠯᠬᠤ ᠦᠨᠳᠦᠰᠦᠨ ᠵᠠᠷᠴᠢᠮ᠄
⒈ ᠲᠡᠵᠢᠭᠡᠯᠭᠡ ᠵᠢᠨ ᠪᠠᠷᠢᠮᠵᠢᠶ᠎ᠠ᠎ᠪᠠᠷ ᠦᠨᠳᠦᠰᠦᠯᠡᠯ ᠪᠣᠯᠭ᠋ᠠᠬᠤ ᠵᠢᠨ ᠬᠠᠮᠲᠤ᠂ ᠪᠣᠳᠠᠲᠠᠶ ᠨᠥᠬᠥᠴᠡᠯ (ᠵᠢᠱ᠌ᠢᠶᠡᠯᠡᠪᠡᠯ ᠣᠷᠴᠢᠨ ᠲᠣᠭᠣᠷᠢᠨ᠎ᠤ ᠳᠤᠯᠠᠭ᠋ᠠᠨ᠎ᠤ ᠬᠡᠮᠵᠢᠶ᠎ᠡ᠂ ᠲᠡᠵᠢᠭᠡᠬᠦ ᠠᠷᠭ᠎ᠠ ᠮᠠᠶᠢᠭ᠂ ᠪᠣᠷᠳᠣᠭ᠋ᠠᠨ᠎ᠤ ᠴᠢᠨᠠᠷ ᠴᠢᠨᠰᠠᠭ᠎ᠠ᠂ ᠡᠳ᠋ᠰᠢᠭᠦᠯᠦᠨ ᠪᠣᠯᠪᠠᠰᠤᠷᠠᠭᠤᠯᠬᠤ ᠨᠥᠬᠥᠴᠡᠯ ᠵᠡᠷᠭᠡ)᠎ᠳᠤ ᠴᠢᠭᠯᠡᠭᠦᠯᠦᠨ ᠴᠢᠬᠤᠯᠠ ᠪᠦᠬᠦᠢ ᠲᠣᠬᠢᠷᠠᠭᠤᠯᠤᠯᠲᠠ ᠬᠢᠨ᠎ᠡ᠃⒉ ᠲᠤᠬᠠᠢ ᠵᠢᠨ ᠭᠠᠵᠠᠷ᠎ᠤᠨ ᠪᠤᠷᠳᠤᠭ᠋ᠠᠨ᠎ᠤ ᠡᠬᠢ ᠪᠠᠶᠠᠯᠢᠭ᠎ᠢ ᠭᠦᠢ᠍ᠴᠡᠳ ᠠᠰᠢᠭᠯᠠᠨ᠂ ᠪᠤᠷᠳᠤᠭ᠎ᠠ ᠵᠢ ᠵᠦᠢ ᠵᠣᠬᠢᠰᠲᠠᠢ ᠲᠣᠬᠢᠷᠠᠭᠤᠯᠬᠤ ᠬᠡᠷᠡᠭᠲᠡᠢ᠃ ᠵᠢᠱ᠌ᠢᠶᠡᠯᠡᠪᠡᠯ ᠪᠤᠭᠤᠳᠠᠢ ᠵᠢᠨ ᠨᠠᠬᠢᠶᠠᠨ ᠦᠨᠳᠦᠰᠦ᠂ ᠡᠷᠳᠡᠨᠢ ᠰᠢᠰᠢ ᠵᠢᠨ ᠬᠦᠪᠦᠷᠡᠯ᠎ᠤᠨ ᠰᠤᠶᠤᠭ᠋ᠠᠨ ᠪᠣᠣᠪᠣ ᠵᠡᠷᠭᠡ ᠵᠢ ᠠᠰᠢᠭᠯᠠᠵᠤ᠂ ᠲᠡᠵᠢᠭᠡᠯ ᠪᠣᠷᠳᠣᠭ᠋ᠠᠨ᠎ᠤ ᠥᠪᠡᠷ᠎ᠤᠨ ᠥᠷᠲᠡᠭ᠎ᠢ ᠪᠠᠭᠤᠷᠠᠭᠤᠯᠵᠤ᠂ ᠨᠠᠷᠢᠯᠢᠭ ᠪᠣᠷᠳᠣᠭ᠎ᠠ ᠵᠢ ᠠᠷᠪᠢᠯᠠᠬᠤ᠎ᠳᠤ ᠰᠠᠢ᠌ᠨ ᠦᠷ᠎ᠡ ᠪᠦᠲᠦᠮᠵᠢ ᠣᠯᠵᠣ ᠪᠣᠯᠣᠨ᠎ᠠ᠃⒊ ᠰᠢᠮ᠎ᠡ ᠲᠡᠵᠢᠭᠡᠯ᠎ᠤᠨ ᠪᠦᠬᠦ ᠲᠠᠯ᠎ᠠ ᠵᠢᠨ ᠲᠡᠩᠴᠡᠭᠦᠷᠢᠲᠡᠢ ᠪᠠᠢ᠌ᠬᠤ ᠵᠢ ᠠᠩᠬᠠᠷᠬᠤ ᠬᠡᠷᠡᠭᠲᠡᠢ᠂ ᠪᠣᠷᠳᠣᠭ᠋ᠠᠨ᠎ᠤ ᠶᠠᠰᠤ ᠴᠢᠨᠠᠷ ᠦᠨ᠎ᠡ ᠬᠠᠩᠰᠢ ᠪᠤᠶᠤ ᠤᠯᠠᠷᠢᠯ᠂ ᠲᠡᠵᠢᠭᠡᠬᠦ ᠠᠷᠭ᠎ᠠ ᠮᠠᠶᠢᠭ᠎ᠢ ᠦᠨᠳᠦᠰᠦᠯᠡᠵᠦ᠂ ᠲᠡᠵᠢᠭᠡᠯ ᠪᠣᠷᠳᠣᠭ᠋ᠠᠨ᠎ᠤ ᠨᠠᠢ᠌ᠷᠠᠯᠭ᠎ᠠ᠎ᠳᠠᠬᠢ ᠬᠠᠮᠢᠶ᠎ᠠ ᠪᠦᠢ᠍ᠬᠦᠢ ᠲᠦᠭᠦᠬᠡᠢ ᠮᠠᠲ᠋ᠧᠷᠢᠶᠠᠯ᠎ᠤᠨ ᠬᠠᠷᠢᠴᠠᠯ᠎ᠢ ᠵᠣᠬᠢᠰᠲᠠᠢ ᠲᠣᠬᠢᠷᠠᠭᠤᠯᠬᠤ ᠬᠡᠷᠡᠭᠲᠡᠢ᠃ ᠡᠭᠦᠨ᠎ᠠᠴᠠ ᠭᠠᠳᠠᠨ᠎ᠠ᠂ ᠡᠵᠡᠯᠡᠬᠦᠨ᠎ᠨᠢ ᠲᠣᠬᠢᠷᠠᠮᠵᠢᠲᠠᠢ᠂ ᠢᠳᠡᠭᠦᠰᠢ ᠴᠢᠨᠠᠷ ᠵᠶ᠋ᠠᠷ ᠰᠠᠢ᠌ᠨ ᠲᠦᠭᠦᠬᠡᠢ ᠮᠠᠲ᠋ᠧᠷᠢᠶᠠᠯ᠎ᠢ ᠰᠣᠩᠭᠣᠬᠤ ᠬᠡᠷᠡᠭᠲᠡᠢ᠃