ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠮᠢᠬᠠᠨ ᠦᠬᠡᠷ᠎ᠢ ᠪᠤᠷᠳᠤᠵᠤ ᠲᠠᠷᠭᠤᠯᠠᠭᠤᠯᠬᠤ ᠶᠤᠰᠤ
ᠨᠡᠶ᠋ᠢᠲᠡᠯᠡᠭᠰᠡᠨ ᠴᠠᠭ᠄ 2020-05-15

      ᠦᠬᠡᠷ᠎ᠢ ᠠᠯᠢ ᠲᠦᠷᠭᠡᠨ ᠵᠶ᠋ᠡᠷ ᠲᠠᠷᠭᠤᠯᠠᠭᠤᠯᠬᠤ᠎ᠳᠤ ᠦᠬᠡᠷ᠎ᠲᠤ ᠦᠭᠬᠦ ᠰᠢᠮ᠎ᠡ ᠲᠡᠵᠢᠭᠡᠯᠲᠦ ᠪᠤᠳᠠᠰ᠎ᠨᠢ ᠡᠷᠬᠡᠪᠰᠢ ᠬᠡᠪ᠎ᠤᠨ ᠶᠤᠰᠤᠭ᠋ᠠᠷ ᠦᠰᠴᠦ ᠪᠤᠢ᠌ᠵᠢᠬᠤ ᠬᠡᠷᠡᠭᠴᠡᠭᠡ᠎ᠠᠴᠠ ᠳᠠᠪᠠᠬᠤ ᠬᠡᠷᠡᠭᠲᠡᠢ᠃ ᠦᠬᠡᠷ᠎ᠤᠨ ᠬᠡᠪ᠎ᠤᠨ ᠶᠤᠰᠤᠭ᠋ᠠᠷ ᠰᠢᠩᠭᠡᠬᠡᠨ ᠠᠪᠬᠤ ᠵᠢ ᠦᠯᠦ ᠨᠦᠯᠦᠭᠡᠯᠡᠬᠦ ᠤᠷᠢᠳᠠᠯ ᠳᠤᠤᠷ᠎ᠠ᠂ ᠵᠤᠬᠢᠬᠤ ᠬᠡᠪᠴᠢᠶᠡᠨ᠎ᠳᠤ ᠲᠡᠵᠢᠭᠡᠭᠰᠡᠨ ᠰᠢᠮ᠎ᠡ ᠲᠡᠵᠢᠭᠡᠯᠲᠦ ᠪᠤᠳᠠᠰ᠎ᠨᠢ ᠬᠡᠳᠦᠢ ᠠᠷᠪᠢᠨ ᠪᠤᠯ ᠡᠳᠦᠷ᠎ᠲᠤ ᠨᠡᠮᠡᠭᠳᠡᠬᠦ ᠬᠦᠨᠳᠦ ᠵᠢᠨ ᠬᠡᠮᠵᠢᠶ᠎ᠡ᠎ᠨᠢ ᠲᠡᠳᠦᠢ ᠶᠡᠬᠡ ᠪᠤᠯᠬᠤ ᠪᠦᠭᠡᠳ ᠨᠢᠭᠡᠴᠢ ᠪᠦᠷᠢ ᠵᠢᠨ ᠬᠦᠨᠳᠦ ᠵᠢᠨ ᠬᠡᠮᠵᠢᠶ᠎ᠡ ᠵᠢ ᠨᠡᠮᠡᠭᠳᠡᠭᠦᠯᠬᠦ᠎ᠳᠤ ᠬᠡᠷᠡᠭᠰᠡᠬᠦ ᠪᠤᠷᠳᠤᠭ᠎ᠠ᠎ᠨᠢ ᠳᠠᠷᠤᠢ ᠲᠡᠳᠦᠢ ᠪᠠᠭ᠎ᠠ ᠪᠤᠯᠵᠤ᠂ ᠲᠡᠵᠢᠭᠡᠯ᠎ᠤᠨ ᠲᠤᠭ᠋ᠠᠨ᠎ᠠᠴᠠ ᠭᠠᠷᠭ᠋ᠠᠬᠤ ᠡᠳᠦᠷ᠎ᠨᠢ ᠴᠤ᠌ ᠤᠷᠢᠳᠴᠢᠯᠠᠬᠤ ᠪᠤᠯᠤᠨ᠎ᠠ᠃
      ᠠᠳᠠᠯᠢ ᠪᠤᠰᠤ ᠡᠭᠦᠯᠳᠡᠷ᠎ᠤᠨ ᠦᠬᠡᠷ᠎ᠤᠨ ᠪᠤᠷᠳᠤᠵᠤ ᠲᠠᠷᠭᠤᠯᠠᠭᠤᠯᠬᠤ ᠬᠤᠭᠤᠴᠠᠭ᠋ᠠᠨ᠎ᠳᠠᠬᠢ ᠰᠢᠮ᠎ᠡ ᠲᠡᠵᠢᠭᠡᠯ᠎ᠤᠨ ᠬᠡᠷᠡᠭᠴᠡᠭᠡ᠎ᠨᠢ ᠴᠤ᠌ ᠠᠳᠠᠯᠢ ᠪᠤᠰᠤ ᠪᠠᠢ᠌ᠳᠠᠭ᠃ ᠡᠳᠦᠷ᠎ᠲᠤ ᠨᠡᠮᠡᠭᠳᠡᠬᠦ ᠬᠦᠨᠳᠦ ᠵᠢᠨ ᠬᠡᠮᠵᠢᠶ᠎ᠡ ᠵᠢ᠎ᠨᠢ ᠠᠳᠠᠯᠢ ᠪᠤᠯᠭ᠋ᠠᠬᠤ ᠭᠡᠪᠡᠯ ᠮᠢᠬᠠᠨ ᠪᠤᠰᠤ ᠦᠬᠡᠷ᠎ᠤᠨ ᠬᠡᠷᠡᠭᠰᠡᠬᠦ ᠰᠢᠮ᠎ᠡ ᠲᠡᠵᠢᠭᠡᠯᠲᠦ ᠪᠤᠳᠠᠰ᠎ᠨᠢ ᠮᠢᠬᠠᠨ ᠦᠬᠡᠷ ᠪᠤᠯᠤᠨ ᠮᠢᠬᠠᠨ᠎ᠤ ᠡᠷᠯᠢᠰᠡ ᠦᠬᠡᠷ᠎ᠤᠨ᠎ᠬᠢ᠎ᠠᠴᠠ ᠶᠡᠬᠡ ᠪᠠᠢ᠌ᠬᠤ ᠬᠡᠷᠡᠭᠲᠡᠢ᠃
      ᠦᠬᠡᠷ᠎ᠤᠨ ᠪᠤᠷᠳᠤᠵᠤ ᠲᠠᠷᠭᠤᠯᠠᠭᠤᠯᠬᠤ ᠠᠳᠠᠯᠢ ᠪᠤᠰᠤ ᠦᠰᠦᠯᠲᠡ ᠵᠢᠨ ᠬᠤᠭᠤᠴᠠᠭ᠋ᠠᠨ᠎ᠳᠤ ᠱᠠᠭ᠋ᠠᠷᠳᠠᠭᠳᠠᠬᠤ ᠰᠢᠮ᠎ᠡ ᠲᠡᠵᠢᠭᠡᠯᠲᠦ ᠪᠤᠳᠠᠰ᠎ᠤᠨ ᠬᠡᠮᠵᠢᠶ᠎ᠡ᠎ᠨᠢ ᠴᠤ᠌ ᠠᠳᠠᠯᠢ ᠪᠤᠰᠤ ᠪᠠᠢ᠌ᠳᠠᠭ᠃ ᠲᠤᠭᠤᠯ ᠪᠤᠯ ᠶᠠᠭ ᠦᠰᠴᠦ ᠪᠤᠢ᠌ᠵᠢᠬᠤ ᠦᠶ᠎ᠡ᠎ᠳᠡᠭᠡᠨ ᠪᠠᠢ᠌ᠳᠠᠭ ᠪᠤᠯᠬᠤᠷ ᠭᠤᠤᠯᠳᠠᠭᠤ ᠪᠤᠯᠴᠢᠩ ᠮᠢᠬ᠎ᠠ᠂ ᠶᠠᠰᠤ ᠪᠤᠯᠤᠨ ᠳᠤᠲᠤᠷ᠎ᠠ ᠡᠷᠬᠡᠲᠡᠨ᠎ᠤ ᠬᠦᠨᠳᠦ᠎ᠨᠢ ᠨᠡᠮᠡᠭᠳᠡᠳᠡᠭ᠂ ᠭᠡᠬᠦ᠎ᠳᠤ ᠨᠠᠰᠤ ᠭᠦᠢ᠍ᠴᠡᠭᠰᠡᠨ ᠦᠬᠡᠷ ᠪᠤᠯ ᠭᠤᠤᠯᠳᠠᠭᠤ ᠦᠬᠡᠭᠦᠯᠡᠵᠦ ᠲᠠᠷᠭᠤᠯᠠᠳᠠᠭ᠃ ᠰᠤᠳᠤᠯᠭ᠋ᠠᠨ᠎ᠢ ᠦᠨᠳᠦᠰᠦᠯᠡᠪᠡᠯ᠂ 14 ᠰᠠᠷ᠎ᠠ ᠤᠷᠴᠢᠮ ᠪᠤᠯᠵᠤ ᠪᠠᠢ᠌ᠬᠤ ᠦᠬᠡᠷ᠎ᠤᠨ ᠪᠤᠯᠴᠢᠩ ᠮᠢᠬ᠎ᠠ ᠵᠢᠨ ᠬᠠᠷᠢᠴᠠᠩᠭᠤᠢ ᠦᠰᠦᠯᠲᠡ ᠵᠢᠨ ᠬᠤᠷᠳᠤᠴᠠ᠎ᠨᠢ ᠬᠠᠮᠤᠭ᠎ᠤᠨ ᠲᠦᠷᠭᠡᠨ ᠪᠠᠢ᠌ᠳᠠᠭ᠂ ᠭᠡᠪᠡᠴᠦ 18 ᠰᠠᠷ᠎ᠠ ᠪᠤᠯᠪᠠᠯ ᠪᠤᠯᠴᠢᠩ ᠮᠢᠬ᠎ᠠ ᠵᠢᠨ ᠬᠠᠷᠢᠴᠠᠯᠠᠰᠢ ᠦᠭᠡᠢ ᠪᠠ ᠬᠠᠷᠢᠴᠠᠩᠭᠤᠢ ᠦᠰᠦᠯᠲᠡ ᠵᠢᠨ ᠬᠤᠷᠳᠤᠴᠠ᠎ᠨᠢ ᠪᠦᠷ ᠤᠳᠠᠭ᠋ᠠᠰᠢᠷᠠᠨ᠎ᠠ᠃ ᠡᠨᠡ᠎ᠨᠢ ᠨᠠᠰᠤ ᠨᠡᠮᠡᠭᠳᠡᠬᠦ ᠵᠢ ᠳᠠᠭ᠋ᠠᠯᠳᠤᠨ ᠪᠡᠶ᠎ᠡ᠎ᠳᠠᠬᠢ ᠬᠦᠴᠢᠯᠲᠦ᠋ᠷᠦᠭᠴᠢ ᠬᠤᠷᠠᠮᠳᠤᠬᠤ ᠴᠢᠳᠠᠪᠤᠷᠢ᠎ᠨᠢ ᠪᠠᠭᠤᠷᠠᠳᠠᠭ᠎ᠠᠴᠠ ᠪᠤᠯᠤᠭᠰᠠᠨ ᠶᠤᠮ᠃ ᠡᠢ᠌ᠮᠦ᠎ᠠᠴᠠ ᠲᠤᠭᠤᠯᠯᠠᠭᠰᠠᠨ᠎ᠠᠴᠠ ᠬᠤᠢ᠌ᠰᠢᠬᠢ ᠪᠤᠯᠴᠢᠩ ᠮᠢᠬ᠎ᠠ ᠵᠢᠨ ᠦᠰᠦᠯᠲᠡ᠎ᠨᠢ ᠲᠦᠷᠭᠡᠨ ᠨᠡᠮᠡᠭᠳᠡᠬᠦ ᠬᠤᠶᠠᠷ ᠱᠠᠲᠤ ᠦᠶ᠎ᠡ ᠭᠡᠳᠡᠭ᠎ᠨᠢ ᠳᠠᠷᠤᠢ ᠲᠤᠭᠤᠯᠯᠠᠭᠰᠠᠨ᠎ᠠᠴᠠ ᠡᠬᠢᠯᠡᠭᠡᠳ 7 ᠰᠠᠷ᠎ᠠ ᠪᠤᠯᠲᠠᠯ᠎ᠠ᠂ 14 ᠰᠠᠷ᠎ᠠ᠎ᠠᠴᠠ 18 ᠰᠠᠷ᠎ᠠ ᠪᠤᠯᠲᠠᠯᠠᠬᠢ ᠵᠢ ᠬᠡᠯᠡᠨ᠎ᠡ᠃ ᠮᠢᠬᠠᠨ ᠦᠬᠡᠷ᠎ᠢ ᠨᠢᠳᠤᠯᠬᠤ ᠬᠠᠮᠤᠭ᠎ᠤᠨ ᠲᠤᠬᠢᠷᠠᠮᠵᠢᠲᠠᠢ ᠴᠠᠭ᠎ᠨᠢ 18~24 ᠰᠠᠷ᠎ᠠ ᠪᠤᠯᠤᠨ᠎ᠠ᠂ ᠡᠨᠡ ᠦᠶ᠎ᠡ᠎ᠳᠤ ᠪᠡᠶ᠎ᠡ ᠵᠢᠨ ᠬᠦᠨᠳᠦ᠎ᠨᠢ 450~500kg᠎ᠳᠤ ᠬᠦᠷᠳᠡᠭ᠃
      ᠠᠳᠠᠯᠢ ᠪᠤᠰᠤ ᠤᠷᠴᠢᠨ ᠲᠤᠭᠤᠷᠢᠨ᠎ᠤ ᠳᠤᠯᠠᠭ᠋ᠠᠨ᠎ᠤ ᠬᠡᠮᠵᠢᠶ᠎ᠡ᠎ᠨᠢ ᠪᠤᠷᠳᠤᠵᠤ ᠲᠠᠷᠭᠤᠯᠠᠭᠤᠯᠬᠤ ᠦᠬᠡᠷ᠎ᠤᠨ ᠰᠢᠮ᠎ᠡ ᠲᠡᠵᠢᠭᠡᠯ᠎ᠤᠨ ᠬᠡᠷᠡᠭᠴᠡᠭᠡ ᠪᠤᠯᠤᠨ ᠪᠡᠶ᠎ᠡ ᠵᠢᠨ ᠬᠦᠨᠳᠦ ᠨᠡᠮᠡᠭᠳᠡᠬᠦ᠎ᠳᠤ ᠲᠤᠩ ᠶᠡᠬᠡ ᠨᠦᠯᠦᠭᠡ ᠦᠵᠡᠭᠦᠯᠳᠡᠭ᠃ ᠳᠤᠮᠳᠠᠴᠢ ᠳᠤᠯᠠᠭ᠋ᠠᠨ᠎ᠤ ᠬᠡᠮᠵᠢᠶ᠎ᠡ᠎ᠨᠢ 7℃᠎ᠠᠴᠠ ᠳᠤᠤᠷ᠎ᠠ ᠪᠠᠢ᠌ᠬᠤ ᠦᠶ᠎ᠡ᠎ᠳᠤ᠂ ᠬᠦᠢ᠍ᠲᠡᠨ᠎ᠢ ᠲᠡᠰᠪᠦᠷᠢᠯᠡᠬᠦ ᠵᠢᠨ ᠲᠦᠯᠦᠭᠡ ᠦᠬᠡᠷ᠎ᠤᠨ ᠪᠡᠶ᠎ᠡ ᠵᠢᠨ ᠢᠯᠴᠢ ᠢᠯᠭ᠋ᠠᠷᠠᠭᠤᠯᠬᠤ ᠬᠡᠮᠵᠢᠶ᠎ᠡ᠎ᠨᠢ ᠨᠡᠮᠡᠭᠳᠡᠵᠦ᠂ ᠪᠡᠶ᠎ᠡ ᠵᠢᠨ ᠳᠤᠯᠠᠭ᠋ᠠᠨ ᠵᠶ᠋ᠠᠨ ᠵᠤᠬᠢᠬᠤ ᠬᠡᠮᠵᠢᠶᠡᠨ᠎ᠳᠤ ᠬᠦᠷᠦᠭᠦᠯᠳᠡᠭ᠃ ᠪᠡᠶ᠎ᠡ ᠵᠢᠨ ᠳᠤᠯᠠᠭ᠋ᠠᠨ᠎ᠨᠢ ᠳᠤᠷᠤᠭᠰᠢᠯᠠᠪᠠᠯ ᠢᠯᠴᠢ ᠢᠯᠭ᠋ᠠᠷᠠᠭᠤᠯᠬᠤ᠎ᠨᠢ ᠶᠡᠬᠡ ᠪᠤᠯᠬᠤ ᠲᠤᠯᠠ ᠲᠡᠵᠢᠭᠡᠯ ᠪᠤᠷᠳᠤᠭ᠋ᠠᠨ᠎ᠤ ᠠᠰᠢᠭᠯᠠᠮᠵᠢ᠎ᠨᠢ ᠴᠤ᠌ ᠪᠠᠭ᠎ᠠ ᠪᠤᠯᠳᠠᠭ᠃ ᠡᠢ᠌ᠮᠦ᠎ᠠᠴᠠ ᠠᠭᠤᠷ ᠠᠮᠢᠰᠬᠤᠯ ᠬᠦᠢ᠍ᠲᠡᠨ ᠤᠷᠴᠢᠨ ᠲᠤᠭᠤᠷᠢᠨ᠎ᠳᠤ ᠪᠠᠢ᠌ᠬᠤ ᠦᠬᠡᠷ᠎ᠲᠤ ᠦᠭᠬᠦ ᠰᠢᠮ᠎ᠡ ᠲᠡᠵᠢᠭᠡᠯᠲᠦ ᠪᠤᠳᠠᠰ᠎ᠢ᠎ᠨᠢ ᠵᠤᠬᠢᠬᠤ ᠬᠡᠮᠵᠢᠶ᠎ᠡ᠎ᠪᠠᠷ ᠨᠡᠮᠡᠭᠳᠡᠭᠦᠯᠪᠡᠯ ᠡᠳᠦᠷ᠎ᠲᠤ ᠨᠡᠮᠡᠭᠳᠡᠬᠦ ᠬᠦᠨᠳᠦ ᠵᠢᠨ ᠬᠡᠮᠵᠢᠶ᠎ᠡ ᠵᠢ ᠨᠡᠯᠢᠶᠡᠳ ᠶᠡᠬᠡ ᠪᠠᠢ᠌ᠯᠭ᠋ᠠᠵᠤ ᠴᠢᠳᠠᠨ᠎ᠠ᠃ ᠳᠤᠮᠳᠠᠴᠢ ᠳᠤᠯᠠᠭ᠋ᠠᠨ᠎ᠤ ᠬᠡᠮᠵᠢᠶ᠎ᠡ᠎ᠨᠢ 27℃᠎ᠠᠴᠠ ᠳᠡᠭᠡᠭᠰᠢ ᠪᠠᠢ᠌ᠬᠤ ᠦᠶ᠎ᠡ᠎ᠳᠤ ᠦᠬᠡᠷ᠎ᠤᠨ ᠠᠮᠢᠰᠬᠤᠬᠤ ᠲᠤᠭ᠎ᠠ ᠪᠤᠯᠤᠨ ᠪᠡᠶ᠎ᠡ ᠵᠢᠨ ᠬᠢᠨᠢ ᠳᠤᠯᠠᠭ᠋ᠠᠨ᠎ᠤ ᠬᠡᠮᠵᠢᠶ᠎ᠡ᠎ᠨᠢ ᠠᠭᠤᠷ ᠠᠮᠢᠰᠬᠤᠯ᠎ᠤᠨ ᠳᠤᠯᠠᠭ᠋ᠠᠷᠠᠬᠤ ᠵᠢ ᠳᠠᠭ᠋ᠠᠯᠳᠤᠨ ᠨᠡᠮᠡᠭᠳᠡᠵᠦ᠂ ᠢᠳᠡᠬᠦ ᠬᠡᠮᠵᠢᠶ᠎ᠡ᠎ᠨᠢ ᠴᠦ᠍ ᠪᠠᠭ᠋ᠠᠰᠤᠨ᠎ᠠ᠃ ᠮᠠᠰᠢ ᠬᠠᠯᠠᠭᠤᠨ ᠪᠤᠯᠪᠠᠯ ᠦᠬᠡᠷ᠎ᠤᠨ ᠡᠪᠡᠰᠦ ᠪᠤᠷᠳᠤᠭ᠎ᠠ ᠢᠳᠡᠬᠦ ᠳᠤᠷᠠᠰᠢᠯ᠎ᠨᠢ ᠪᠠᠭ᠋ᠠᠰᠴᠤ᠂ ᠴᠢᠨᠠᠭᠰᠢᠯᠠᠪᠠᠯ ᠢᠳᠡᠬᠦ᠎ᠪᠠᠨ ᠪᠤᠯᠢᠵᠤ᠂ ᠰᠢᠯᠦᠰᠦ᠎ᠪᠠᠨ ᠭᠤᠭᠤᠵᠢᠭᠤᠯᠤᠨ᠎ᠠ᠂ ᠬᠦᠨᠳᠦ ᠨᠤᠴᠢᠲᠠᠢ᠎ᠨᠢ ᠨᠠᠷᠠᠰᠢᠭ᠋ᠠᠳ ᠦᠬᠦᠨ᠎ᠡ᠃ ᠮᠢᠬᠠᠨ ᠦᠬᠡᠷ᠎ᠲᠤ ᠲᠤᠬᠢᠷᠠᠬᠤ ᠳᠤᠯᠠᠭ᠋ᠠᠨ᠎ᠤ ᠬᠡᠮᠵᠢᠶ᠎ᠡ᠎ᠨᠢ 16~24℃ ᠪᠤᠯᠤᠨ᠎ᠠ᠃ ᠠᠭᠤᠷ ᠠᠮᠢᠰᠬᠤᠯ ᠶᠡᠬᠡ ᠴᠢᠭᠢᠭᠯᠢᠭ ᠪᠤᠯᠪᠠᠯ ᠠᠭ᠋ᠠᠭᠢᠮ᠎ᠠ ᠬᠠᠯᠠᠭᠤᠨ᠎ᠨᠢ ᠦᠬᠡᠷ᠎ᠲᠤ ᠮᠠᠰᠢ ᠶᠡᠬᠡ ᠬᠤᠤᠷ ᠬᠦᠨᠦᠭᠡᠯ ᠪᠤᠯᠳᠠᠭ᠂ ᠢᠯᠠᠩᠭᠤᠶ᠎ᠠ ᠪᠤᠷᠳᠤᠵᠤ ᠲᠠᠷᠭᠤᠯᠠᠭᠤᠯᠤᠭᠰᠠᠨ ᠰᠡᠭᠦᠯᠴᠢ ᠵᠢᠨ ᠬᠤᠭᠤᠴᠠᠭ᠋ᠠᠨ᠎ᠳᠤ ᠴᠢᠭᠢᠭᠯᠢᠭ ᠬᠠᠯᠠᠭᠤᠨ ᠠᠭᠤᠷ ᠠᠮᠢᠰᠬᠤᠯ᠎ᠨᠢ ᠦᠬᠡᠷ᠎ᠲᠤ ᠨᠡᠩ ᠶᠡᠬᠡ ᠬᠤᠤᠷ ᠬᠦᠨᠦᠭᠡᠯ ᠤᠴᠠᠷᠠᠭᠤᠯᠳᠠᠭ᠃
      ᠮᠢᠬᠠᠨ ᠦᠬᠡᠷ᠎ᠢ ᠮᠠᠯᠵᠢᠬᠤ ᠶᠠᠪᠤᠴᠠ᠎ᠳᠤ ᠨᠢᠳᠤᠯᠬᠤ ᠪᠡᠶ᠎ᠡ ᠵᠢᠨ ᠬᠦᠨᠳᠦ ᠵᠢᠨ ᠬᠡᠮᠵᠢᠶᠡᠨ᠎ᠳᠤ ᠬᠦᠷᠬᠦ ᠬᠤᠭᠤᠴᠠᠭ᠎ᠠ᠎ᠨᠢ ᠭᠡᠳᠦᠢ ᠤᠬᠤᠷ ᠪᠤᠯᠪᠠᠯ ᠠᠵᠤ ᠠᠬᠤᠢ ᠵᠢᠨ ᠦᠷ᠎ᠡ ᠠᠰᠢᠭ᠎ᠨᠢ ᠲᠡᠳᠦᠢ ᠶᠡᠬᠡ ᠪᠤᠯᠤᠨ᠎ᠠ᠃ ᠮᠠᠰᠢ ᠤᠯᠠᠨ ᠲᠤᠷᠰᠢᠯᠲᠠ ᠭᠡᠷᠡᠴᠢᠯᠡᠭᠰᠡᠨ᠎ᠨᠢ᠂ ᠦᠬᠡᠷ᠎ᠤᠨ ᠪᠡᠶ᠎ᠡ ᠵᠢᠨ ᠬᠦᠨᠳᠦ ᠠᠮᠢᠳᠤ᠎ᠪᠠᠷ ᠵᠶ᠋ᠠᠨ 2100kg᠎ᠳᠤ ᠬᠦᠷᠪᠡᠯ ᠡᠳᠦᠷ ᠪᠦᠷᠢ ᠪᠠᠷᠤᠭ 7 ᠮᠸᠭ᠋ᠠᠵᠦ᠋ᠯ ᠬᠦᠨᠳᠦ ᠨᠡᠮᠡᠭᠳᠡᠬᠦ ᠴᠡᠪᠡᠷ ᠡᠨ᠋ᠸᠷᠭᠢ ᠬᠡᠷᠡᠭᠰᠡᠨ᠎ᠡ᠂ ᠭᠡᠬᠦ᠎ᠳᠤ ᠬᠦᠨᠳᠦ ᠵᠢᠨ ᠬᠡᠮᠵᠢᠶ᠎ᠡ᠎ᠨᠢ 1kg ᠨᠡᠮᠡᠭᠳᠡᠬᠦ ᠪᠦᠷᠢ 18 ᠮᠸᠭ᠋ᠠᠵᠦ᠋ᠯ ᠴᠡᠪᠡᠷ ᠡᠨ᠋ᠸᠷᠭᠢ ᠬᠡᠷᠡᠭᠰᠡᠨ᠎ᠡ᠃ ᠶᠠᠮᠠᠷ ᠴᠤ᠌ ᠪᠠᠢ᠌ᠳᠠᠯ ᠳᠤᠤᠷ᠎ᠠ᠂ ᠶᠡᠬᠡ᠎ᠪᠠᠷ ᠪᠤᠷᠳᠤᠵᠤ ᠲᠠᠷᠭᠤᠯᠠᠭᠤᠯᠪᠠᠯ ᠮᠢᠬᠠᠯᠠᠭᠤᠯᠬᠤ᠎ᠳᠤ ᠰᠢᠭᠤᠳ ᠬᠡᠷᠡᠭᠯᠡᠬᠦ ᠲᠡᠵᠢᠭᠡᠯ ᠪᠤᠷᠳᠤᠭ᠎ᠠ ᠵᠢᠨ ᠬᠤᠷᠤᠭᠳᠠᠯ᠎ᠨᠢ ᠴᠤ᠌ ᠠᠳᠠᠯᠢᠬᠠᠨ ᠶᠤᠮ᠃ ᠭᠡᠪᠡᠴᠦ ᠪᠤᠷᠳᠤᠵᠤ ᠲᠠᠷᠭᠤᠯᠠᠭᠤᠯᠬᠤ ᠬᠤᠭᠤᠴᠠᠭ᠎ᠠ ᠵᠢᠨ ᠤᠷᠲᠤᠳᠬᠤ ᠵᠢ ᠳᠠᠭ᠋ᠠᠯᠳᠤᠨ᠂ ᠠᠮᠢ ᠵᠢᠭᠤᠬᠤ᠎ᠳᠤ ᠬᠡᠷᠡᠭᠰᠡᠬᠦ ᠪᠤᠷᠳᠤᠭ᠋ᠠᠨ᠎ᠤ ᠬᠤᠷᠤᠭᠳᠠᠯ᠎ᠨᠢ ᠪᠠᠰᠠ ᠶᠡᠬᠡ᠎ᠪᠠᠷ ᠨᠡᠮᠡᠭᠳᠡᠬᠦ ᠪᠤᠯᠤᠨ᠎ᠠ᠃ ᠲᠡᠵᠢᠭᠡᠵᠦ ᠲᠠᠷᠭᠤᠯᠠᠭᠤᠯᠬᠤ ᠬᠤᠭᠤᠴᠠᠭ᠎ᠠ᠎ᠨᠢ ᠭᠡᠳᠦᠢ ᠤᠷᠲᠤ ᠪᠤᠯᠪᠠᠯ ᠦᠢ᠍ᠯᠡᠳᠪᠦᠷᠢᠯᠡᠯ᠎ᠤᠨ ᠴᠢᠨᠠᠷᠲᠠᠢ ᠪᠤᠰᠤ ᠲᠡᠵᠢᠭᠡᠯ ᠪᠤᠷᠳᠤᠭ᠋ᠠᠨ᠎ᠤ ᠬᠤᠷᠤᠭᠳᠠᠯ᠎ᠨᠢ ᠲᠡᠳᠦᠢ ᠶᠡᠬᠡ ᠪᠤᠯᠤᠨ᠎ᠠ᠃ ᠡᠢ᠌ᠮᠦ᠎ᠠᠴᠠ ᠦᠬᠡᠷ᠎ᠤᠨ ᠰᠢᠩᠭᠡᠭᠡᠵᠦ ᠠᠪᠬᠤ ᠵᠢ ᠦᠯᠦ ᠨᠦᠯᠦᠭᠡᠯᠡᠬᠦ ᠤᠷᠢᠳᠠᠯ ᠳᠤᠤᠷ᠎ᠠ᠂ ᠰᠢᠮ᠎ᠡ ᠲᠡᠵᠢᠭᠡᠯᠲᠦ ᠪᠤᠳᠠᠰ᠎ᠢ ᠬᠡᠳᠦᠢ ᠶᠡᠬᠡ ᠦᠭᠪᠡᠯ ᠡᠳᠦᠷ ᠪᠦᠷᠢ ᠵᠢᠨ ᠨᠡᠮᠡᠭᠳᠡᠬᠦ ᠬᠦᠨᠳᠦ ᠵᠢᠨ ᠬᠡᠮᠵᠢᠶ᠎ᠡ᠎ᠨᠢ ᠲᠡᠳᠦᠢ ᠶᠡᠬᠡ ᠪᠤᠯᠤᠨ᠎ᠠ᠂ ᠨᠢᠭᠡᠴᠢ ᠪᠦᠷᠢ ᠵᠢᠨ ᠬᠦᠨᠳᠦ ᠵᠢᠨ ᠬᠡᠮᠵᠢᠶ᠎ᠡ ᠨᠡᠮᠡᠭᠳᠡᠬᠦ᠎ᠳᠤ ᠬᠡᠷᠡᠭᠰᠡᠬᠦ ᠲᠡᠵᠢᠭᠡᠯ ᠪᠤᠷᠳᠤᠭ᠋ᠠᠨ᠎ᠤ ᠬᠤᠷᠤᠭᠳᠠᠯ᠎ᠨᠢ ᠴᠤ᠌ ᠲᠡᠳᠦᠢ ᠪᠠᠭ᠎ᠠ ᠪᠤᠯᠤᠨ᠎ᠠ᠃
      ᠦᠬᠡᠷ᠎ᠤᠨ ᠦᠰᠴᠦ ᠪᠤᠢ᠌ᠵᠢᠬᠤ ᠵᠢᠮ᠎ᠡ ᠶᠤᠰᠤ ᠵᠢ ᠦᠨᠳᠦᠰᠦᠯᠡᠪᠡᠯ᠂ ᠲᠤᠭᠤᠯ᠎ᠢ ᠪᠤᠷᠳᠤᠵᠤ ᠲᠠᠷᠭᠤᠯᠠᠭᠤᠯᠬᠤ ᠠᠩᠬᠠᠨ᠎ᠤ ᠬᠤᠭᠤᠴᠠᠭ᠋ᠠᠨ᠎ᠳᠤ ᠤᠭᠤᠷᠠᠭᠲᠤ ᠡᠳ᠋᠎ᠢ ᠭᠦᠢ᠍ᠴᠡᠳ ᠬᠠᠩᠭ᠋ᠠᠵᠤ᠂ ᠵᠤᠬᠢᠬᠤ ᠬᠡᠮᠵᠢᠶᠡᠨ᠎ᠤ ᠢᠯᠴᠢ ᠤᠯᠭᠤᠪᠠᠯ ᠵᠤᠬᠢᠨ᠎ᠠ᠃ ᠰᠡᠭᠦᠯᠴᠢ ᠵᠢᠨ ᠦᠶ᠎ᠡ᠎ᠳᠤ ᠢᠯᠴᠢ ᠵᠢ ᠭᠦᠢ᠍ᠴᠡᠳ ᠬᠠᠩᠭ᠋ᠠᠬᠤ ᠬᠡᠷᠡᠭᠲᠡᠢ᠃ ᠶᠠᠮᠠᠷ ᠡᠭᠦᠯᠳᠡᠷ᠎ᠤᠨ ᠦᠬᠡᠷ᠂ ᠬᠡᠳᠦᠢ ᠨᠠᠰᠤᠨ᠎ᠤ ᠦᠬᠡᠷ ᠭᠡᠰᠡᠨ ᠴᠤ᠌ ᠦᠭᠡᠬᠦ᠎ᠨᠢ ᠬᠤᠷᠠᠮᠳᠤᠭ᠋ᠠᠳ ᠵᠤᠬᠢᠬᠤ ᠬᠡᠮᠵᠢᠶᠡᠨ᠎ᠳᠤ ᠬᠦᠷᠪᠡᠯ ᠠᠮᠢᠳᠤᠷᠠᠯ᠎ᠤᠨ ᠴᠢᠳᠠᠪᠤᠷᠢ᠎ᠨᠢ ᠪᠠᠭᠤᠷᠠᠵᠤ᠂ ᠢᠳᠡᠬᠦ ᠳᠤᠷᠠᠰᠢᠯ᠎ᠨᠢ ᠪᠠᠭ᠋ᠠᠰᠴᠤ᠂ ᠲᠡᠵᠢᠭᠡᠯ ᠪᠤᠷᠳᠤᠭ᠎ᠠ ᠵᠢ ᠬᠤᠪᠢᠷᠠᠭᠤᠯᠬᠤ ᠨᠤᠷᠮ᠎ᠠ᠎ᠨᠢ ᠳᠤᠷᠤᠭᠰᠢᠯᠠᠵᠤ᠂ ᠡᠳᠦᠷ᠎ᠲᠤ ᠨᠡᠮᠡᠭᠳᠡᠬᠦ ᠬᠦᠨᠳᠦ ᠵᠢᠨ ᠬᠡᠮᠵᠢᠶ᠎ᠡ᠎ᠨᠢ ᠴᠤ᠌ ᠬᠠᠰᠤᠭᠳᠠᠨ᠎ᠠ᠃ ᠡᠢ᠌ᠮᠦ ᠪᠠᠢ᠌ᠳᠠᠯ ᠳᠤᠤᠷ᠎ᠠ ᠦᠷᠭᠦᠯᠵᠢᠯᠡᠨ ᠪᠤᠷᠳᠤᠵᠤ ᠲᠠᠷᠭᠤᠯᠠᠭᠤᠯᠪᠠᠯ ᠠᠰᠢᠭ ᠤᠯᠵᠠᠪᠤᠷᠢ ᠦᠭᠡᠢ ᠶᠤᠮ᠃
      ᠶᠡᠷᠦᠩᠬᠡᠢ᠎ᠳᠤᠨᠢ ᠠᠪᠴᠤ ᠬᠡᠯᠡᠪᠡᠯ᠂ ᠬᠦᠭᠰᠢᠨ ᠪᠠᠭᠤᠷᠠᠢ ᠦᠬᠡᠷ᠎ᠢ ᠪᠤᠷᠳᠤᠵᠤ ᠲᠠᠷᠭᠤᠯᠠᠭᠤᠯᠬᠤ ᠬᠤᠭᠤᠴᠠᠭ᠎ᠠ᠎ᠨᠢ 3 ᠰᠠᠷ᠎ᠠ᠎ᠠᠴᠠ ᠬᠡᠲᠦᠷᠡᠵᠦ ᠪᠤᠯᠬᠤ ᠦᠭᠡᠢ᠂ ᠲᠠᠷᠭᠤ ᠰᠠᠢ᠌ᠲᠠᠢ ᠲᠤᠭᠤᠯ ᠪᠢᠷᠠᠭᠤ ᠵᠢ 3 ᠰᠠᠷ᠎ᠠ ᠪᠤᠷᠳᠤᠵᠤ ᠲᠠᠷᠭᠤᠯᠠᠭᠤᠯᠪᠠᠯ ᠪᠤᠯᠴᠢᠬᠠᠨ᠎ᠠ᠃ ᠳᠤᠮᠳᠠ ᠵᠡᠷᠭᠡ ᠪᠤᠶᠤ ᠳᠤᠮᠳᠠ᠎ᠠᠴᠠ ᠳᠡᠭᠡᠭᠰᠢ ᠵᠡᠷᠭᠡ ᠵᠢᠨ ᠲᠠᠷᠭᠤ᠎ᠲᠠᠢ ᠪᠢᠷᠠᠭᠤ ᠲᠤᠭᠤᠯ᠎ᠢ 3~5 ᠰᠠᠷ᠎ᠠ ᠪᠤᠷᠳᠤᠵᠤ ᠲᠠᠷᠭᠤᠯᠠᠭᠤᠯᠪᠠᠯ ᠵᠤᠬᠢᠨ᠎ᠠ᠂ ᠲᠠᠷᠭᠤ᠎ᠪᠠᠷ ᠪᠠᠷᠤᠭᠲᠠᠢ ᠲᠤᠭᠤᠯ ᠪᠢᠷᠠᠭᠤ ᠵᠢ ᠤᠷᠢᠳ ᠵᠶ᠋ᠠᠷ ᠨᠢᠭᠡ ᠬᠤᠭᠤᠴᠠᠭ᠎ᠠ ᠲᠡᠵᠢᠭᠡᠵᠦ ᠪᠠᠢ᠌ᠭ᠋ᠠᠳ ᠪᠤᠷᠳᠤᠬᠤ ᠬᠡᠷᠡᠭᠲᠡᠢ᠂ ᠲᠡᠭᠡᠬᠦ ᠦᠭᠡᠢ ᠪᠤᠯ ᠡᠴᠡᠩᠬᠡᠢ ᠦᠬᠡᠷ᠎ᠢ ᠪᠤᠷᠳᠤᠵᠤ ᠲᠠᠷᠭᠤᠯᠠᠭᠤᠯᠬᠤ ᠬᠤᠭᠤᠴᠠᠭ᠋ᠠᠨ᠎ᠳᠤ ᠳᠡᠩᠳᠡᠭᠦᠦ ᠶᠡᠬᠡ ᠪᠤᠷᠳᠤᠪᠠᠯ ᠬᠡᠲᠦᠷᠬᠡᠢ ᠲᠠᠷᠭᠤᠯᠠᠭ᠋ᠠᠳ ᠪᠤᠯᠴᠢᠩ ᠮᠢᠬ᠎ᠠ ᠵᠢᠨ ᠦᠰᠦᠯᠲᠡ᠎ᠨᠢ ᠤᠳᠠᠭ᠋ᠠᠰᠢᠷᠠᠵᠤ᠂ ᠪᠦᠬᠦ ᠪᠡᠶ᠎ᠡ᠎ᠨᠢ ᠳᠡᠩᠳᠡᠭᠦᠦ ᠦᠬᠡᠭᠦᠯᠡᠵᠦ᠂ ᠮᠢᠬᠠᠨ᠎ᠤ ᠴᠢᠨᠠᠷ᠎ᠢ ᠮᠠᠭᠤᠳᠠᠭᠤᠯᠤᠨ᠎ᠠ᠃
      ᠦᠬᠡᠷ᠎ᠤᠨ ᠬᠦᠢ᠍ᠰᠦ ᠵᠢᠨ ᠢᠯᠭ᠋ᠠᠯ᠎ᠨᠢ ᠪᠤᠷᠳᠤᠵᠤ ᠲᠠᠷᠭᠤᠯᠠᠭᠤᠯᠬᠤ ᠦᠷ᠎ᠡ ᠪᠦᠲᠦᠮᠵᠢ ᠵᠢ ᠨᠦᠯᠦᠭᠡᠯᠡᠨ᠎ᠡ᠃
      ᠤᠶᠠᠵᠤ ᠲᠡᠵᠢᠭᠡᠪᠡᠯ᠂ ᠡᠷ᠎ᠡ ᠲᠤᠭᠤᠯ᠎ᠤᠨ ᠪᠡᠶ᠎ᠡ ᠵᠢᠨ ᠬᠦᠨᠳᠦ ᠨᠡᠮᠡᠭᠳᠡᠬᠦ᠎ᠨᠢ ᠬᠠᠮᠤᠭ ᠲᠦᠷᠭᠡᠨ ᠪᠦᠭᠡᠳ ᠮᠢᠬᠠᠨ᠎ᠤ ᠴᠢᠨᠠᠷ᠎ᠨᠢ ᠴᠤ᠌ ᠬᠠᠮᠤᠭ ᠰᠠᠢ᠌ᠨ ᠪᠠᠢ᠌ᠳᠠᠭ᠃ ᠰᠤᠯᠠ ᠲᠠᠯᠪᠢᠭ᠋ᠠᠳ ᠲᠡᠵᠢᠭᠡᠪᠡᠯ ᠡᠷ᠎ᠡ ᠲᠤᠭᠤᠯ᠎ᠤᠨ ᠭᠦᠶᠦᠵᠦ ᠲᠤᠭᠯᠠᠬᠤ᠎ᠨᠢ ᠤᠯᠠᠨ ᠪᠤᠯᠬᠤᠷ ᠪᠡᠶ᠎ᠡ ᠵᠢᠨ ᠡᠨ᠋ᠸᠷᠭᠢ᠎ᠨᠢ ᠳᠡᠩᠳᠡᠭᠦᠦ ᠶᠡᠬᠡ ᠬᠤᠷᠤᠭᠳᠠᠵᠤ᠂ ᠪᠡᠶ᠎ᠡ ᠵᠢᠨ ᠬᠦᠨᠳᠦ ᠨᠡᠮᠡᠭᠳᠡᠬᠦ ᠬᠡᠮᠵᠢᠶ᠎ᠡ ᠪᠠ ᠲᠡᠵᠢᠭᠡᠯ ᠪᠤᠷᠳᠤᠭ᠎ᠠ ᠵᠢᠨ ᠤᠢ᠌ᠯᠡᠳᠦᠯ᠎ᠨᠢ ᠪᠠᠭ᠋ᠠᠰᠳᠠᠭ᠃ ᠪᠤᠷᠳᠤᠵᠤ ᠲᠠᠷᠭᠤᠯᠠᠭᠤᠯᠤᠭᠰᠠᠨ ᠦᠨᠢᠶ᠎ᠡ ᠪᠤᠯᠤᠨ ᠡᠷ᠎ᠡ ᠦᠬᠡᠷ᠎ᠤᠨ ᠦᠭᠡᠬᠦ᠎ᠨᠢ ᠠᠷᠪᠢᠨ᠂ ᠮᠢᠬ᠎ᠠ᠎ᠨᠢ ᠵᠦᠭᠡᠯᠡᠨ ᠪᠠᠢ᠌ᠳᠠᠭ ᠪᠤᠯᠪᠠᠴᠤ ᠵᠠᠷᠤᠴᠠᠭᠤᠯᠬᠤ ᠲᠡᠵᠢᠭᠡᠯ ᠪᠤᠷᠳᠤᠭ᠎ᠠ᠎ᠨᠢ ᠨᠡᠯᠢᠶᠡᠳ ᠶᠡᠬᠡ ᠪᠠᠢ᠌ᠳᠠᠭ᠃
      ᠮᠢᠬᠠᠨ ᠦᠬᠡᠷ᠎ᠢ ᠮᠠᠯᠵᠢᠬᠤ ᠤᠯᠠᠮᠵᠢᠯᠠᠯᠲᠤ ᠠᠷᠭ᠎ᠠ ᠵᠢ ᠦᠨᠳᠦᠰᠦᠯᠡᠪᠡᠯ᠂ ᠠᠷᠠᠴᠢᠯᠠᠵᠤ ᠬᠠᠮᠢᠶᠠᠷᠬᠤ᠎ᠳᠤ ᠳᠦᠭᠦᠮ ᠪᠤᠯᠭ᠋ᠠᠬᠤ ᠪᠠ ᠮᠢᠬ᠎ᠠ ᠵᠢ᠎ᠨᠢ ᠴᠢᠨᠠᠷ ᠰᠠᠢ᠌ᠲᠠᠢ ᠪᠤᠯᠭ᠋ᠠᠬᠤ ᠵᠢᠨ ᠲᠤᠯᠠᠳᠠ ᠶᠡᠷᠦᠩᠬᠡᠢ᠎ᠳᠡᠭᠡᠨ ᠪᠦᠷ ᠪᠤᠬᠠᠨ᠎ᠤ ᠰᠢᠨᠵᠢ ᠤᠷᠤᠭᠰᠠᠨ ᠬᠤᠢ᠌ᠨ᠎ᠠ ᠪᠤᠷᠳᠤᠵᠤ ᠲᠠᠷᠭᠤᠯᠠᠭᠤᠯᠳᠠᠭ᠃ ᠭᠡᠪᠡᠴᠦ ᠤᠢ᠌ᠷ᠎ᠠ ᠵᠢᠨ ᠵᠢᠯ᠎ᠤᠳ᠎ᠲᠤ ᠡᠸᠦ᠋ᠷᠤᠫᠠ ᠲᠢᠪ᠎ᠤᠨ ᠤᠯᠠᠩᠬᠢ ᠤᠯᠤᠰ ᠪᠦᠷ ᠪᠤᠬ᠎ᠠ ᠵᠢ ᠰᠢᠭᠤᠳ ᠪᠤᠷᠳᠤᠵᠤ ᠲᠠᠷᠭᠤᠯᠠᠭᠤᠯᠤᠭ᠋ᠠᠳ ᠶᠡᠬᠡ ᠬᠡᠮᠵᠢᠶᠡᠨ᠎ᠤ ᠴᠢᠨᠠᠷ ᠰᠠᠢ᠌ᠲᠠᠢ ᠮᠢᠬ᠎ᠠ ᠦᠢ᠍ᠯᠡᠳᠪᠦᠷᠢᠯᠡᠬᠦ ᠬᠠᠨᠳᠤᠰᠢ᠎ᠲᠠᠢ ᠪᠤᠯᠵᠤ ᠪᠠᠢ᠌ᠨ᠎ᠠ᠃ ᠪᠤᠬ᠎ᠠ ᠵᠢᠨ ᠦᠰᠬᠦ ᠬᠤᠷᠳᠤᠴᠠ ᠪᠠ ᠲᠡᠵᠢᠭᠡᠯ ᠪᠤᠷᠳᠤᠭ᠎ᠠ ᠠᠰᠢᠭᠯᠠᠬᠤ ᠨᠤᠷᠮ᠎ᠠ᠎ᠨᠢ ᠡᠷ᠎ᠡ ᠦᠬᠡᠷ᠎ᠤᠨ᠎ᠬᠢ᠎ᠠᠴᠠ ᠮᠡᠳᠡᠭᠳᠡᠮ᠎ᠡ ᠢᠯᠡᠭᠦᠦ ᠪᠠᠢ᠌ᠳᠠᠭ ᠪᠦᠭᠡᠳ ᠪᠦᠬᠦ ᠪᠡᠶ᠎ᠡ ᠵᠢᠨ ᠬᠠᠷ᠎ᠠ ᠮᠢᠬ᠎ᠠ᠎ᠨᠢ ᠠᠷᠪᠢᠨ᠂ ᠦᠭᠡᠬᠦ᠎ᠨᠢ ᠴᠤ᠌ ᠪᠠᠭ᠎ᠠ ᠪᠠᠢ᠌ᠳᠠᠭ᠃
      ᠳᠠᠬᠢᠪᠠᠯ ᠦᠬᠡᠷ᠎ᠤᠨ ᠡᠭᠦᠯᠳᠡᠷ᠂ ᠲᠡᠵᠢᠭᠡᠵᠦ ᠠᠷᠠᠴᠢᠯᠠᠬᠤ ᠠᠵᠢᠯ᠎ᠤᠨ ᠰᠢᠨᠵᠢᠯᠡᠬᠦ ᠤᠬᠠᠭ᠋ᠠᠨᠴᠢᠯᠠᠯᠲᠠ ᠵᠢᠨ ᠬᠡᠮᠵᠢᠶ᠎ᠡ ᠵᠡᠷᠭᠡ᠎ᠨᠢ ᠪᠠᠰᠠ ᠪᠤᠷᠳᠤᠵᠤ ᠲᠠᠷᠭᠤᠯᠠᠭᠤᠯᠬᠤ ᠦᠷ᠎ᠡ ᠪᠦᠲᠦᠮᠵᠢ ᠵᠢ ᠲᠤᠭᠲᠠᠭ᠋ᠠᠬᠤ ᠴᠢᠬᠤᠯᠠ ᠨᠦᠭᠦᠴᠡᠯ ᠪᠤᠯᠳᠠᠭ᠃
        (ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠨ ᠵᠤᠬᠢᠶᠠᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)

ᠢᠷᠡᠯᠲᠡ᠄ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》
          
ᠬᠠᠮᠢᠶ᠎ᠡ ᠪᠦᠬᠦᠢ ᠰᠣᠨᠢᠨ
ᠦᠨᠳᠡᠭᠡᠨ ᠬᠡᠷᠡᠭᠴᠡᠭᠡᠲᠦ ᠲᠠᠬᠢᠶᠠᠨ ᠴᠤᠷᠪᠠᠭ᠎ᠠ ᠵᠢ ᠪᠤᠢ᠌ᠵᠢᠭᠤᠯᠬᠤ (ᠭᠤᠷᠪᠠ)
ᠮᠢᠬᠠᠨ ᠢᠮᠠᠭ᠎ᠠ ᠵᠢ ᠲᠡᠵᠢᠭᠡᠨ ᠲᠠᠷᠭᠤᠯᠠᠭᠤᠯᠬᠤ ᠠᠷᠭ᠎ᠠ (ᠨᠢᠭᠡ)
ᠴᠤᠷᠪᠠᠭ᠎ᠠ ᠵᠢᠨ ᠬᠠᠮᠢᠶᠠᠷᠤᠯᠲᠠ (ᠨᠢᠭᠡ)
ᠴᠤᠷᠪᠠᠭ᠎ᠠ ᠵᠢᠨ ᠬᠠᠮᠢᠶᠠᠷᠤᠯᠲᠠ (ᠬᠤᠶᠠᠷ)
ᠮᠢᠬᠠᠨ ᠢᠮᠠᠭ᠎ᠠ ᠵᠢ ᠲᠡᠵᠢᠭᠡᠨ ᠲᠠᠷᠭᠤᠯᠠᠭᠤᠯᠬᠤ ᠠᠷᠭ᠎ᠠ (ᠬᠤᠶᠠᠷ)
 
            