ᠰᠠᠢ᠌ᠨ ᠡᠭᠦᠯᠳᠡᠷ᠎ᠤᠨ ᠬᠤᠨᠢ ᠰᠤᠩᠭᠤᠬᠤ
ᠶᠠᠮᠠᠷ ᠡᠭᠦᠯᠳᠡᠷ᠎ᠤᠨ ᠬᠤᠨᠢ ᠵᠢ ᠴᠤ᠌ ᠭᠡᠳ ᠬᠤᠷᠠᠭ᠋ᠠᠨ᠎ᠤ ᠬᠤᠭᠤᠴᠠᠭ᠋ᠠᠨ᠎ᠳᠤ᠎ᠨᠢ ᠪᠦᠷ ᠪᠤᠷᠳᠤᠵᠤ ᠪᠤᠯᠬᠤ ᠪᠤᠯᠪᠠᠴᠤ ᠡᠭᠦᠯᠳᠡᠷ ᠤᠭᠰᠠᠭ᠎ᠠ ᠵᠢᠨ ᠱᠠᠭ᠋ᠠᠷᠳᠠᠯᠭ᠎ᠠ᠎ᠠᠴᠠ ᠦᠵᠡᠪᠡᠯ ᠡᠷᠬᠡᠪᠰᠢ ᠳᠤᠤᠷᠠᠬᠢ ᠨᠦᠭᠦᠴᠡᠯ᠎ᠢ ᠪᠦᠷᠢᠯᠳᠦᠭᠦᠯᠬᠦ ᠬᠡᠷᠡᠭᠲᠡᠢ᠃ ᠡᠭᠦᠨ᠎ᠳᠤ ᠶᠠᠭᠤᠨ᠎ᠤ ᠡᠮᠦᠨ᠎ᠡ ᠡᠬᠡ ᠬᠤᠨᠢᠨ᠎ᠤ ᠦᠷᠡᠵᠢᠯᠲᠡ ᠵᠢᠨ ᠨᠤᠷᠮ᠎ᠠ᠎ᠨᠢ ᠦᠨᠳᠦᠷ᠂ ᠰᠦ ᠱᠦᠭᠦᠷᠡᠭᠦᠯᠬᠦ᠎ᠨᠢ ᠰᠠᠢ᠌ᠨ᠂ ᠪᠡᠯᠭᠡ ᠵᠢᠨ ᠪᠤᠯᠪᠠᠰᠤᠷᠠᠯᠲᠠ᠎ᠨᠢ ᠡᠷᠲᠡ᠂ ᠤᠷᠤᠭ᠎ᠠ ᠤᠷᠤᠬᠤ ᠤᠯᠠᠷᠢᠯ᠎ᠨᠢ ᠤᠷᠲᠤ ᠪᠠᠢ᠌ᠬᠤ ᠬᠡᠷᠡᠭᠲᠡᠢ᠃ ᠳᠠᠷᠠᠭ᠋ᠠᠯᠠᠪᠠᠯ ᠬᠤᠷᠠᠭ᠋ᠠᠨ᠎ᠤ ᠦᠰᠴᠦ ᠪᠤᠢ᠌ᠵᠢᠬᠤ᠎ᠨᠢ ᠲᠦᠷᠭᠡᠨ᠂ ᠮᠢᠬᠠᠨ᠎ᠤ ᠴᠢᠨᠠᠷ ᠴᠢᠨᠰᠠᠭ᠎ᠠ᠎ᠨᠢ ᠰᠠᠢ᠌ᠨ᠂ ᠪᠤᠷᠳᠤᠭ᠋ᠠᠨ᠎ᠤ ᠬᠠᠷᠠᠮᠵᠢ᠎ᠨᠢ ᠦᠨᠳᠦᠷ ᠵᠡᠷᠭᠡ ᠨᠦᠬᠦᠴᠡᠯ᠎ᠢ ᠪᠦᠷᠢᠯᠳᠦᠭᠦᠯᠬᠦ ᠬᠡᠷᠡᠭᠲᠡᠢ᠃ ᠮᠠᠨ᠎ᠤ ᠤᠯᠤᠰ᠎ᠤᠨ ᠬᠤᠨᠢᠨ᠎ᠤ ᠡᠭᠦᠯᠳᠡᠷ᠎ᠲᠤ ᠠᠯᠲᠠᠢ ᠬᠤᠨᠢ᠂ ᠪᠠᠶᠠᠨᠪᠤᠯᠠᠭ ᠬᠤᠨᠢ᠂ ᠦᠵᠦᠮᠦᠴᠢᠨ ᠬᠤᠨᠢ᠂ ᠭᠤᠪᠢ ᠵᠢᠨ ᠬᠤᠨᠢ᠂ ᠰᠦᠨᠢᠳ ᠬᠤᠨᠢ᠂ ᠤᠬᠤᠷ ᠰᠡᠭᠦᠯᠲᠦ ᠦᠯᠴᠢᠷ ᠬᠤᠨᠢ᠂ ᠪᠦᠳᠦᠭᠦᠨ ᠰᠡᠭᠦᠯᠲᠦ ᠦᠯᠴᠢᠷ ᠬᠤᠨᠢ᠂ ᠬᠤᠪᠸᠢ ᠬᠤᠨᠢ᠂ ᠲᠦᠩᠶᠠᠩ ᠬᠤᠨᠢ ᠵᠡᠷᠭᠡ ᠪᠤᠢ᠃ ᠡᠭᠦᠨ᠎ᠠᠴᠠ ᠭᠠᠳᠠᠨ᠎ᠠ ᠪᠠᠰᠠ ᠨᠤᠤᠰᠤ ᠮᠢᠬᠠᠨ᠎ᠤ ᠬᠤᠤᠰ ᠬᠡᠷᠡᠭᠴᠡᠭᠡᠲᠦ ᠨᠠᠷᠢᠨ ᠨᠤᠤᠰᠤᠲᠤ ᠬᠤᠨᠢ ᠪᠤᠢ᠃ ᠵᠢᠱ᠌ᠢᠶᠡᠯᠡᠪᠡᠯ ᠦᠪᠦᠷ ᠮᠤᠩᠭᠤᠯ᠎ᠤᠨ ᠨᠠᠷᠢᠨ ᠨᠤᠤᠰᠤᠲᠤ ᠬᠤᠨᠢ᠂ ᠵᠡᠭᠦᠨ ᠬᠤᠢ᠌ᠲᠤ ᠤᠷᠤᠨ᠎ᠤ ᠨᠠᠷᠢᠨ ᠨᠤᠤᠰᠤᠲᠤ ᠬᠤᠨᠢ᠂ ᠰᠢᠨᠵᠢᠶᠠᠩ᠎ᠤᠨ ᠨᠠᠷᠢᠨ ᠨᠤᠤᠰᠤᠲᠤ ᠬᠤᠨᠢ᠂ ᠠᠤᠬᠠᠨ᠎ᠤ ᠨᠠᠷᠢᠨ ᠨᠤᠤᠰᠤᠲᠤ ᠬᠤᠨᠢ᠂ ᠦᠪᠦᠷ ᠮᠤᠩᠭᠤᠯ᠎ᠤᠨ ᠬᠠᠭ᠋ᠠᠰ ᠨᠠᠷᠢᠨ ᠨᠤᠤᠰᠤᠲᠤ ᠬᠤᠨᠢ᠂ ᠬᠦᠬᠡᠨᠠᠭᠤᠷ᠎ᠤᠨ ᠬᠠᠭ᠋ᠠᠰ ᠨᠠᠷᠢᠨ ᠨᠤᠤᠰᠤᠲᠤ ᠬᠤᠨᠢ ᠵᠡᠷᠭᠡ ᠪᠠᠢ᠌ᠨ᠎ᠠ᠃ ᠡᠳᠡᠭᠡᠷ ᠬᠤᠨᠢᠨ᠎ᠤ ᠨᠤᠤᠰᠤᠨ᠎ᠤ ᠭᠠᠷᠤᠯᠲᠠ᠎ᠨᠢ ᠮᠠᠰᠢ ᠦᠨᠳᠦᠷ ᠪᠦᠭᠡᠳ ᠮᠢᠬᠠᠨ᠎ᠤ ᠴᠢᠨᠠᠷ ᠴᠢᠨᠰᠠᠭ᠎ᠠ᠎ᠨᠢ ᠴᠤ᠌ ᠮᠠᠰᠢ ᠰᠠᠢ᠌ᠨ ᠪᠠᠢ᠌ᠳᠠᠭ᠃
(ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠨ ᠵᠤᠬᠢᠶᠠᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)