ᠬᠤᠷᠠᠭ᠎ᠠ ᠪᠤᠷᠳᠤᠬᠤ ᠳᠠᠪᠠᠭᠤᠯᠢᠭ ᠲᠠᠯ᠎ᠠ
ᠨᠢᠭᠡ ᠨᠠᠰᠤ ᠬᠦᠷᠦᠭᠡᠳᠦᠢ ᠬᠤᠷᠠᠭ᠎ᠠ ᠵᠢ ᠪᠤᠷᠳᠤᠨ ᠲᠠᠷᠭᠤᠯᠠᠭᠤᠯᠤᠭ᠋ᠠᠳ ᠨᠢᠳᠤᠯᠬᠤ ᠵᠢ ᠬᠤᠷᠠᠭ᠎ᠠ ᠪᠤᠷᠳᠤᠬᠤ ᠭᠡᠳᠡᠭ᠃ ᠤᠳᠤᠬᠠᠨ᠎ᠳᠤ ᠳᠡᠯᠡᠬᠡᠢ ᠵᠢᠨ ᠵᠠᠬ᠎ᠠ ᠳᠡᠯᠭᠡᠭᠦᠷ᠎ᠲᠤ ᠬᠤᠷᠠᠭ᠋ᠠᠨ ᠮᠢᠬ᠎ᠠ ᠪᠤᠷᠤᠯᠠᠭᠤᠯᠭ᠎ᠠ ᠰᠠᠢ᠌ᠲᠠᠢ ᠪᠠᠢ᠌ᠭ᠎ᠠ ᠪᠦᠭᠡᠳ ᠦᠨ᠎ᠡ ᠬᠠᠩᠰᠢ᠎ᠨᠢ ᠴᠤ᠌ ᠪᠦᠳᠦᠭᠦᠨ ᠬᠤᠨᠢᠨᠤᠬᠢᠠᠴᠠ ᠪᠠᠷᠤᠭ ᠨᠢᠭᠡ ᠳᠠᠬᠢᠨ ᠢᠯᠡᠭᠦᠦ ᠦᠨ᠎ᠡ ᠬᠦᠷᠴᠦ ᠪᠤᠢ᠃ ᠮᠢᠬᠠᠨ ᠬᠤᠷᠠᠭ᠎ᠠ᠎ᠨᠢ ᠳᠤᠤᠷᠠᠬᠢ ᠮᠡᠲᠦ ᠳᠠᠪᠠᠭᠤᠯᠢᠭ ᠲᠠᠯ᠎ᠠ᠎ᠲᠠᠢ ᠪᠠᠢ᠌ᠳᠠᠭ᠃
1. ᠮᠢᠬ᠎ᠠ᠎ᠨᠢ ᠨᠢᠷᠠᠢ ᠵᠦᠭᠡᠯᠡᠨ᠂ ᠰᠢᠭᠦᠰᠦᠯᠢᠭ ᠪᠦᠭᠡᠳ ᠠᠮᠲᠠᠲᠠᠢ᠂ ᠬᠠᠷ᠎ᠠ ᠮᠢᠬᠠᠨ᠎ᠤ ᠭᠠᠷᠴᠠ᠎ᠨᠢ ᠶᠡᠬᠡ᠂ ᠰᠢᠩᠭᠡᠭᠡᠬᠦ᠎ᠳᠤ ᠠᠮᠠᠷᠬᠠᠨ ᠪᠦᠭᠡᠳ ᠰᠢᠩᠬᠡᠭ ᠦᠨᠦᠷ ᠪᠠᠭ᠎ᠠ ᠵᠡᠷᠭᠡ ᠳᠠᠪᠠᠭᠤᠯᠢᠭ ᠲᠠᠯ᠎ᠠ᠎ᠲᠠᠢ ᠪᠤᠯᠬᠤᠷ ᠬᠤᠷᠠᠭ᠋ᠠᠨ ᠮᠢᠬ᠎ᠠ᠎ᠨᠢ ᠬᠠᠮᠤᠭ᠎ᠤᠨ ᠰᠠᠢ᠌ᠨ ᠢᠳᠡᠭᠡᠨ᠎ᠤ ᠵᠦᠢ᠍ᠯ᠎ᠳᠤ ᠲᠤᠭ᠋ᠠᠴᠠᠭᠳᠠᠨ᠎ᠠ᠃
2. ᠬᠤᠷᠠᠭ᠋ᠠᠨ᠎ᠤ ᠦᠰᠦᠯᠲᠡ ᠪᠦᠢ᠍ᠵᠢᠯᠲᠡᠨᠢ ᠬᠠᠮᠤᠭ ᠲᠦᠷᠭᠡᠨ ᠪᠠᠢ᠌ᠳᠠᠭ᠃ ᠦᠭᠡᠷ᠎ᠡ᠎ᠪᠠᠷ ᠬᠡᠯᠡᠪᠡᠯ᠂ ᠬᠤᠷᠠᠭ᠎ᠠ ᠪᠤᠷᠳᠤᠬᠤ᠎ᠳᠤ ᠲᠡᠵᠢᠭᠡᠯ ᠪᠤᠷᠳᠤᠭ᠋ᠠᠨ᠎ᠤ ᠠᠰᠢᠭᠯᠠᠯᠲᠠ᠎ᠨᠢ ᠦᠨᠳᠦᠷ᠂ ᠦᠪᠡᠷ᠎ᠤᠨ ᠦᠷᠲᠡᠭ᠎ᠨᠢ ᠳᠤᠤᠷ᠎ᠠ᠂ ᠦᠷ᠎ᠡ ᠠᠰᠢᠭ᠎ᠨᠢ ᠢᠯᠡᠷᠬᠡᠢ ᠪᠠᠢ᠌ᠳᠠᠭ᠃ ᠶᠡᠷᠦ᠎ᠳᠡᠭᠡᠨ 3 ᠰᠠᠷ᠎ᠠ ᠪᠤᠯᠵᠤ ᠪᠠᠢ᠌ᠭ᠎ᠠ ᠪᠤᠷᠳᠤᠮᠠᠯ ᠬᠤᠷᠠᠭ᠋ᠠᠨ᠎ᠤ ᠪᠡᠶ᠎ᠡ ᠵᠢᠨ ᠵᠢᠩ᠎ᠨᠢ 1 ᠨᠠᠰᠤᠲᠠᠢ ᠬᠤᠷᠠᠭ᠋ᠠᠨ᠎ᠤ ᠪᠡᠶ᠎ᠡ ᠵᠢᠨ ᠵᠢᠩ᠎ᠤᠨ 50%᠎ᠳᠤ ᠬᠦᠷᠴᠦ᠂ 6 ᠰᠠᠷ᠎ᠠ ᠪᠤᠯᠵᠤ ᠪᠠᠢ᠌ᠭ᠎ᠠ ᠬᠤᠷᠠᠭ᠋ᠠᠨ᠎ᠤ ᠪᠡᠶ᠎ᠡ ᠵᠢᠨ ᠵᠢᠩ᠎ᠨᠢ ᠳᠠᠷᠤᠢ 1 ᠨᠠᠰᠤᠲᠠᠢ ᠬᠤᠷᠠᠭ᠋ᠠᠨ᠎ᠤ ᠪᠡᠶ᠎ᠡ ᠵᠢᠨ ᠵᠢᠩ᠎ᠤᠨ 75%᠎ᠳᠤ ᠬᠦᠷᠳᠡᠭ᠃ ᠨᠢᠭᠡ᠂ ᠬᠤᠶᠠᠷ᠂ ᠭᠤᠷᠪᠠᠨ ᠰᠠᠷᠠ᠎ᠲᠠᠢ ᠬᠤᠷᠠᠭ᠋ᠠᠨ᠎ᠤ ᠪᠡᠶ᠎ᠡ ᠵᠢᠨ ᠵᠢᠩ᠎ᠨᠢ 1kg ᠨᠡᠮᠡᠭᠳᠡᠬᠦ ᠪᠦᠷᠢ ᠲᠤᠰ ᠲᠤᠰ 1.8᠂ 4.0᠂ 5.0 ᠪᠤᠷᠳᠤᠭ᠋ᠠᠨ᠎ᠤ ᠨᠢᠭᠡᠴᠢ ᠵᠢᠨ ᠲᠡᠵᠢᠭᠡᠯ ᠪᠤᠷᠳᠤᠭ᠎ᠠ ᠬᠡᠷᠡᠭᠰᠡᠬᠦ ᠪᠦᠭᠡᠳ ᠰᠢᠩᠭᠦᠷᠢᠲᠡᠢ ᠤᠭᠤᠷᠠᠭ 225g᠂ 450g᠂ 600g ᠵᠠᠷᠤᠴᠠᠭᠤᠯᠤᠨ᠎ᠠ᠃ ᠬᠤᠷᠠᠭ᠋ᠠᠨ᠎ᠤ ᠪᠡᠶ᠎ᠡ ᠵᠢᠨ ᠵᠢᠩ ᠨᠡᠮᠡᠭᠳᠡᠬᠦ ᠪᠤᠷᠳᠤᠭ᠋ᠠᠨ᠎ᠤ ᠬᠠᠷᠠᠮᠵᠢ᠎ᠨᠢ
3᠄ 4᠄ 1 ᠪᠠᠢ᠌ᠬᠤ᠎ᠳᠤ ᠪᠦᠳᠦᠭᠦᠨ ᠬᠤᠨᠢ ᠵᠢᠨ᠎ᠬᠢ ᠪᠤᠯ 8~8᠄ 1 ᠪᠠᠢ᠌ᠳᠠᠭ᠃ ᠪᠡᠯᠴᠢᠭᠡᠷᠯᠡᠭᠦᠯᠦᠨ ᠲᠠᠷᠭᠤᠯᠠᠭᠤᠯᠤᠭᠰᠠᠨ 6 ᠰᠠᠷ᠎ᠠ ᠵᠢᠨ ᠨᠠᠰᠤᠨ᠎ᠤ ᠦᠵᠦᠮᠦᠴᠢᠨ ᠬᠤᠨᠢᠨ᠎ᠤ ᠬᠤᠷᠠᠭ᠎ᠠ ᠵᠢᠨ ᠪᠡᠶ᠎ᠡ ᠵᠢᠨ ᠵᠢᠩ᠎ᠨᠢ ᠡᠳᠦᠷ ᠪᠦᠷᠢ ᠳᠤᠮᠳᠠᠴᠢ᠎ᠪᠠᠷ 200kg ᠨᠡᠮᠡᠭᠳᠡᠳᠡᠭ᠃ ᠭᠡᠲᠡᠯ᠎ᠡ 6 ᠰᠠᠷ᠎ᠠ᠎ᠠᠴᠠ ᠨᠢᠭᠡ ᠨᠠᠰᠤ ᠬᠦᠷᠬᠦ᠎ᠠᠴᠠ ᠡᠮᠦᠨᠡᠬᠢ ᠪᠡᠶ᠎ᠡ ᠵᠢᠨ ᠵᠢᠩ᠎ᠨᠢ ᠡᠳᠦᠷ ᠪᠦᠷᠢ ᠳᠤᠮᠳᠠᠴᠢ᠎ᠪᠠᠷ ᠰᠠᠶᠢ 15~30g ᠯᠠ ᠨᠡᠮᠡᠭᠳᠡᠳᠡᠭ᠃
3. ᠬᠤᠷᠠᠭ᠎ᠠ ᠪᠤᠷᠳᠤᠨ ᠨᠢᠳᠤᠯᠬᠤ ᠪᠤᠯ ᠤᠯᠠᠷᠢᠯ᠎ᠤᠨ ᠴᠢᠨᠠᠷᠲᠠᠢ ᠦᠢ᠍ᠯᠡᠳᠪᠦᠷᠢᠯᠡᠯ ᠪᠤᠯᠬᠤ ᠶᠤᠮ᠃ ᠲᠡᠷᠡ᠎ᠨᠢ ᠵᠤᠨ ᠨᠠᠮᠤᠷ᠎ᠤᠨ ᠡᠪᠡᠰᠦ ᠪᠤᠷᠳᠤᠭ᠋ᠠᠨ᠎ᠤ ᠤᠷᠭᠤᠯᠲᠠ ᠵᠢᠨ ᠳᠠᠪᠠᠭᠤᠯᠢᠭ᠎ᠢ ᠭᠦᠢ᠍ᠴᠡᠳ ᠠᠰᠢᠭᠯᠠᠵᠤ᠂ ᠬᠦᠬᠡ ᠡᠪᠡᠰᠦᠨ᠎ᠤ ᠬᠤᠭᠤᠴᠠᠭ᠋ᠠᠨ᠎ᠳᠤ ᠲᠠᠷᠭᠤᠯᠠᠭᠤᠯᠵᠤ᠂ ᠡᠪᠡᠰᠦ ᠬᠤᠪᠠᠬᠠᠢ᠌ᠷᠠᠬᠤ ᠦᠶ᠎ᠡ᠎ᠳᠤ ᠬᠤᠳᠠᠯᠳᠤᠪᠠᠯ ᠡᠪᠦᠯᠵᠢᠬᠦ ᠮᠠᠯ᠎ᠤᠨ ᠲᠤᠭ᠎ᠠ ᠲᠤᠯᠤᠭ᠋ᠠᠢ ᠵᠢ ᠪᠠᠭ᠋ᠠᠰᠬᠠᠵᠤ᠂ ᠡᠪᠡᠰᠦ᠂ ᠮᠠᠯ᠎ᠤᠨ ᠵᠦᠷᠢᠴᠡᠯ᠎ᠢ ᠨᠠᠮᠳᠠᠭᠤᠯᠵᠤ᠂ ᠡᠪᠦᠯ ᠬᠠᠪᠤᠷ᠎ᠤᠨ ᠤᠯᠠᠷᠢᠯ᠎ᠳᠠᠬᠢ ᠬᠦᠮᠦᠨ᠎ᠤ ᠬᠦᠴᠦ ᠪᠠ ᠪᠤᠳᠠᠰ᠎ᠤᠨ ᠬᠦᠴᠦᠨ᠎ᠤ ᠬᠤᠷᠤᠭᠳᠠᠯ᠎ᠢ ᠪᠠᠭᠤᠷᠠᠭᠤᠯᠵᠤ᠂ ᠮᠠᠯ᠎ᠤᠨ ᠦᠬᠦᠯ ᠬᠤᠷᠤᠭᠳᠠᠯ᠎ᠢ ᠪᠠᠭ᠋ᠠᠰᠬᠠᠵᠤ ᠴᠢᠳᠠᠬᠤ ᠶᠤᠮ᠃
4. ᠮᠠᠯ ᠰᠦᠷᠦᠭ᠎ᠤᠨ ᠪᠦᠲᠦᠴᠡ ᠵᠢ ᠬᠤᠪᠢᠷᠠᠭᠤᠯᠬᠤ᠎ᠳᠤ ᠠᠰᠢᠭᠲᠠᠢ᠃ ᠲᠤᠰ ᠵᠢᠯ᠎ᠤᠨ ᠬᠤᠷᠠᠭ᠎ᠠ ᠵᠢ ᠪᠤᠷᠳᠤᠨ ᠲᠠᠷᠭᠤᠯᠠᠭᠤᠯᠵᠤ ᠲᠡᠵᠢᠭᠡᠯ᠎ᠤᠨ ᠲᠤᠭ᠋ᠠᠨ᠎ᠠᠴᠠ ᠭᠠᠷᠭ᠋ᠠᠪᠠᠯ᠂ ᠡᠬᠡ ᠮᠠᠯ᠎ᠤᠨ ᠬᠠᠷᠢᠴᠠᠯ ᠪᠤᠯᠤᠨ ᠲᠡᠵᠢᠭᠡᠯ᠎ᠤᠨ ᠲᠤᠭ᠋ᠠᠨ᠎ᠠᠴᠠ ᠭᠠᠷᠭ᠋ᠠᠬᠤ ᠨᠤᠷᠮ᠎ᠠ ᠵᠢ ᠳᠡᠭᠡᠭᠰᠢᠯᠡᠭᠦᠯᠦᠨ᠂ ᠮᠠᠯ ᠰᠦᠷᠦᠭ᠎ᠤᠨ ᠡᠷᠭᠢᠯᠲᠡ ᠵᠢ ᠲᠦᠷᠭᠡᠳᠬᠡᠵᠦ ᠴᠢᠳᠠᠨ᠎ᠠ᠃ ᠡᠨᠡ᠎ᠨᠢ ᠪᠠᠢ᠌ᠭ᠋ᠠᠯᠢ ᠵᠢᠨ ᠵᠢᠮ᠎ᠡ ᠶᠤᠰᠤᠲᠠᠢ ᠨᠡᠢ᠌ᠴᠡᠬᠦ᠎ᠪᠠᠷ ᠪᠠᠷᠠᠬᠤ ᠦᠭᠡᠢ᠂ ᠪᠠᠰᠠ ᠠᠵᠤ ᠠᠬᠤᠢ ᠵᠢᠨ ᠵᠢᠮ᠎ᠡ ᠶᠤᠰᠤᠲᠠᠢ ᠴᠤ᠌ ᠨᠡᠢ᠌ᠴᠡᠬᠦ ᠶᠤᠮ᠃
(ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠢ᠌ᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠢ᠌ᠷᠡᠭᠦᠯᠪᠡ᠃)