ᠦᠷ᠎ᠡ ᠵᠢᠨ ᠬᠤᠴᠠ ᠵᠢᠨ ᠰᠢᠨᠵᠢᠯᠡᠬᠦ ᠤᠬᠠᠭ᠋ᠠᠨᠴᠢ ᠲᠡᠵᠢᠭᠡᠯᠭᠡ
ᠦᠷ᠎ᠡ ᠵᠢᠨ ᠬᠤᠴᠠ᠄ ᠬᠡᠭᠡᠯᠲᠦᠭᠦᠯᠭᠡ ᠵᠢᠨ ᠬᠤᠭᠤᠴᠠᠭ᠋ᠠᠨ᠎ᠳᠤ ᠬᠡᠷᠡᠭᠯᠡᠬᠦ ᠬᠣᠨᠣᠭ᠎ᠤᠨ ᠪᠣᠷᠳᠤᠭ᠎ᠠ᠎ᠨᠢ ᠵᠠᠪᠠᠯ ᠪᠦᠷᠢᠨ ᠦᠷᠲᠡᠭ᠎ᠲᠦ᠂ ᠢᠳᠡᠬᠦ᠎ᠳᠤ ᠲᠠᠭ᠋ᠠᠯᠠᠮᠵᠢᠲᠠᠢ᠂ ᠰᠢᠩᠭᠡᠭᠡᠬᠦ᠎ᠳᠤ ᠠᠮᠠᠷ ᠪᠠᠢ᠌ᠬᠤ ᠬᠡᠷᠡᠭᠲᠡᠢ᠃ ᠬᠣᠨᠣᠭ᠎ᠤᠨ ᠪᠣᠷᠳᠣᠭ᠋ᠠᠨ᠎ᠳᠠᠬᠢ ᠤᠭᠤᠷᠠᠭ᠎ᠤᠨ ᠠᠭᠤᠯᠤᠭᠳᠠᠴᠠ ᠡᠯᠪᠡᠭ ᠪᠣᠯ ᠦᠷ᠎ᠡ ᠵᠢᠨ ᠬᠤᠴᠠ ᠦᠷᠡᠵᠢᠯ᠎ᠤᠨ ᠴᠢᠳᠠᠪᠬᠢ᠎ᠨᠢ ᠴᠢᠩᠭ᠋ᠠᠷᠠᠵᠤ᠂ ᠦᠷ᠎ᠡ ᠵᠢᠨ ᠰᠢᠩᠭᠡᠨ᠎ᠤ ᠬᠡᠮᠵᠢᠶ᠎ᠡ᠎ᠨᠢ ᠶᠡᠬᠡ᠂ ᠦᠷ᠎ᠡ ᠵᠢᠨ ᠡᠰ᠎ᠤᠨ ᠠᠮᠢᠵᠢᠷᠠᠯ᠎ᠤᠨ ᠬᠦᠴᠦᠨ ᠴᠢᠩᠭ᠎ᠠ᠂ ᠨᠢᠭᠲᠠᠴᠠ᠎ᠨᠢ ᠶᠡᠬᠡ᠂ ᠬᠡᠭᠡᠯᠲᠦᠭᠦᠯᠭᠡ ᠨᠤᠷᠮ᠎ᠠ᠎ᠨᠢ ᠦᠨᠳᠦᠷ᠃ 80 ~ 100 ᠺᠢᠯᠣᠭ᠌ᠷᠠᠮ᠎ᠤᠨ ᠬᠤᠴᠠ᠎ᠳᠤ ᠡᠳᠦᠷ᠎ᠲᠤ 1.5 ᠺᠢᠯᠣᠭ᠌ᠷᠠᠮ ᠨᠠᠷᠢᠯᠢᠭ ᠪᠣᠷᠳᠣᠭ᠎ᠠ ᠥᠭᠴᠦ᠂ ᠴᠢᠨᠠᠷ ᠰᠠᠢ᠌ᠲᠠᠶ ᠬᠠᠭᠤᠷᠠᠶ ᠡᠪᠡᠰᠦ ᠵᠢ ᠭᠦᠢ᠍ᠴᠡᠳ ᠬᠠᠩᠭ᠋ᠠᠵᠤ᠂ ᠰᠢᠭᠦᠰᠦᠯᠢᠭ ᠪᠣᠷᠳᠣᠭ᠎ᠠ ᠵᠢ 1 ᠺᠢᠯᠣᠭ᠌ᠷᠠᠮ ᠦᠭᠭᠦᠨ᠎ᠡ᠃ ᠬᠡᠭᠡᠯᠲᠦᠭᠦᠯᠭᠡ ᠵᠢᠨ ᠪᠤᠰᠤ ᠬᠤᠭᠤᠴᠠᠭ᠋ᠠᠨ᠎ᠳᠤ ᠨᠠᠷᠢᠯᠢᠭ ᠪᠣᠷᠳᠣᠭ᠎ᠠ ᠪᠠ ᠰᠢᠭᠦᠰᠦᠯᠢᠭ ᠪᠣᠷᠳᠣᠭ᠎ᠠ ᠵᠢ ᠲᠣᠰ ᠲᠣᠰ ᠭᠤᠷᠪᠠᠨ᠎ᠤ ᠨᠢᠭᠡ ᠬᠤᠪᠢ᠎ᠪᠠᠷ ᠬᠠᠰᠤᠵᠤ᠂ ᠳᠤᠮᠳᠠ ᠵᠡᠷᠭᠡ ᠵᠢᠨ ᠰᠢᠮ᠎ᠡ ᠲᠡᠵᠢᠭᠡᠯ᠎ᠤᠨ ᠲᠦᠪᠰᠢᠨ᠎ᠢ ᠪᠠᠲᠤᠯᠠᠪᠠᠯ ᠪᠣᠯᠴᠢᠬᠠᠨ᠎ᠠ᠃
ᠡᠮ᠎ᠡ ᠬᠣᠨᠢ ᠵᠢᠨ ᠰᠢᠨᠵᠢᠯᠡᠬᠦ ᠤᠬᠠᠭ᠋ᠠᠨᠴᠢ ᠲᠡᠵᠢᠭᠡᠯᠭᠡ
ᠡᠮ᠎ᠡ ᠬᠣᠨᠢ᠄ ᠠᠳᠠᠯᠢ ᠪᠤᠰᠤ ᠹᠢᠽᠢᠣᠯᠣᠭᠢ ᠵᠢᠨ ᠱᠠᠲᠤ ᠥᠶ᠎ᠡ᠎ᠳᠤ ᠠᠳᠠᠯᠢ ᠪᠤᠰᠤ ᠪᠣᠷᠳᠣᠭ᠎ᠠ ᠬᠡᠷᠡᠭᠯᠡᠨ᠎ᠡ᠃ ᠬᠤᠷᠠᠭ᠎ᠠ ᠵᠢ ᠰᠦᠠᠴᠠᠨᠢ ᠰᠠᠯᠭ᠋ᠠᠭᠰᠠᠨ᠎ᠤ ᠳᠠᠷᠠᠭ᠋ᠠᠬᠢ ᠡᠮ᠎ᠡ ᠬᠣᠨᠢᠨ᠎ᠤ ᠰᠤᠪᠠᠢ ᠬᠤᠭᠤᠴᠠᠭ᠎ᠠ᠎ᠨᠢ ᠶᠠᠭ ᠰᠠᠢ᠌ᠬᠠᠨ ᠬᠥᠬᠡ ᠡᠪᠡᠰᠦ ᠡᠯᠪᠡᠭ ᠤᠯᠠᠷᠢᠯ ᠪᠣᠯᠬᠣᠷ᠂ ᠡᠩ᠎ᠤᠨ ᠪᠠᠢ᠌ᠳᠠᠯ᠎ᠳᠤ ᠡᠪᠡᠰᠦ ᠪᠣᠷᠳᠣᠭ᠎ᠠ ᠨᠦᠬᠦᠪᠦᠷᠢᠯᠡᠬᠦ ᠦᠭᠡᠢ᠂ ᠵᠥᠪᠬᠡᠨ ᠰᠠᠢ᠌ᠬᠠᠨ ᠪᠡᠯᠴᠢᠭᠡᠷᠯᠡᠭᠦᠯᠦᠨ ᠮᠠᠯᠵᠢᠪᠠᠯ ᠪᠡᠶ᠎ᠡ ᠮᠠᠬᠠᠪᠣᠳ᠎ᠨᠢ ᠡᠷᠡᠭᠦᠯᠵᠢᠵᠦ ᠬᠡᠪ᠎ᠤᠨ ᠪᠠᠢ᠌ᠳᠠᠯ ᠵᠶ᠋ᠠᠨ ᠰᠡᠷᠭᠦᠭᠡᠵᠦ ᠴᠢᠳᠠᠨ᠎ᠠ᠃ ᠬᠡᠭᠡᠯᠲᠦᠭᠦᠯᠬᠦ᠎ᠠᠴᠠ ᠡᠮᠦᠨ᠎ᠡ ᠬᠠᠭ᠋ᠠᠰ ᠰᠠᠷ᠎ᠠ᠎ᠳᠤ ᠪᠠᠢ᠌ᠳᠠᠯ᠎ᠢ᠎ᠨᠢ ᠦᠵᠡᠵᠦ ᠪᠠᠢ᠌ᠭ᠋ᠠᠳ ᠪᠣᠷᠳᠣᠭ᠎ᠠ ᠨᠥᠬᠥᠪᠥᠷᠢᠯᠡᠵᠦ᠂ ᠡᠮ᠎ᠡ ᠬᠣᠨᠢᠨ᠎ᠤ ᠣᠷᠣᠭ᠎ᠠ ᠵᠢ ᠠᠬᠢᠭᠤᠯᠵᠤ ᠣᠯᠠᠨ ᠦᠨᠳᠡᠭᠡᠨ ᠡᠰ ᠭᠠᠳᠠᠭᠰᠢᠯᠠᠭᠤᠯᠬᠤ ᠵᠢ ᠠᠬᠢᠭᠤᠯᠳᠠᠭ᠃ ᠬᠡᠭᠡᠯ᠎ᠤᠨ ᠡᠬᠢᠨ᠎ᠤ ᠬᠤᠭᠤᠴᠠᠭ᠋ᠠᠨ᠎ᠳᠤ ᠬᠦᠪᠦᠷᠡᠯ᠎ᠤᠨ ᠬᠡᠷᠡᠭᠰᠡᠬᠦ ᠰᠢᠮ᠎ᠡ ᠲᠡᠵᠢᠭᠡᠯ᠎ᠨᠢ ᠪᠠᠭ᠎ᠠ ᠡᠪᠡᠰᠦ ᠨᠣᠭᠤᠭ᠎ᠠ ᠡᠯᠪᠡᠭ ᠤᠯᠠᠷᠢᠯ᠎ᠳᠤ ᠪᠠᠢ᠌ᠵᠤ᠂ ᠪᠡᠯᠴᠢᠭᠡᠷᠯᠡᠭᠦᠯᠦᠭᠰᠡᠨᠤ ᠳᠠᠷᠠᠭ᠎ᠠ ᠪᠠᠭ᠎ᠠ ᠬᠡᠮᠵᠢᠶᠡᠨ᠎ᠤ ᠰᠢᠮ᠎ᠡ ᠲᠡᠵᠢᠭᠡᠯ ᠨᠥᠬᠥᠪᠥᠷᠢᠯᠡᠪᠡᠯ ᠳᠠᠷᠤᠶ ᠰᠢᠮ᠎ᠡ ᠲᠡᠵᠢᠭᠡᠯ᠎ᠤᠨ ᠱᠠᠭ᠋ᠠᠷᠳᠠᠯᠭ᠎ᠠ ᠵᠢ ᠬᠠᠩᠭ᠋ᠠᠵᠤ ᠴᠢᠳᠠᠨ᠎ᠠ᠃ᠬᠡᠭᠡᠯᠲᠦᠭᠡᠳ ᠵᠠᠭᠤᠨ ᠡᠳᠦᠷ ᠪᠣᠯᠤᠭᠰᠠᠨ᠎ᠤ ᠳᠠᠷᠠᠭ᠎ᠠ᠂ ᠲᠥᠯ᠎ᠤᠨ ᠦᠰᠦᠯᠲᠡ᠎ᠨᠢ ᠲᠦᠷᠭᠡᠨ ᠪᠤᠯᠵᠤ᠂ ᠡᠮ᠎ᠡ ᠬᠣᠨᠢ᠎ᠨᠢ ᠴᠦ᠍ ᠰᠢᠮ᠎ᠡ ᠲᠡᠵᠢᠭᠡᠯ ᠬᠤᠷᠠᠮᠳᠤᠭᠤᠯᠬᠤ ᠴᠢᠬᠤᠯᠠᠲᠠᠢ᠂ ᠪᠡᠯᠴᠢᠭᠡᠷᠯᠡᠭᠦᠯᠬᠦ᠎ᠠᠴᠠ ᠭᠠᠳᠠᠨ᠎ᠠ᠂ ᠡᠳᠦᠷ ᠪᠦᠷᠢ
0.4 ᠺᠢᠯᠣᠭ᠌ᠷᠠᠮ ᠣᠷᠴᠢᠮ ᠨᠠᠷᠢᠯᠢᠭ ᠪᠣᠷᠳᠣᠭ᠎ᠠ᠂ 1.5 ᠺᠢᠯᠣᠭ᠌ᠷᠠᠮ ᠰᠢᠭᠦᠰᠦᠯᠢᠭ ᠪᠣᠷᠳᠤᠭ᠎ᠠ᠂ ᠭᠦᠢ᠍ᠴᠡᠳ ᠬᠡᠮᠵᠢᠶᠡᠨ᠎ᠤ ᠴᠢᠨᠠᠷ ᠰᠠᠢ᠌ᠲᠠᠢ ᠬᠠᠭᠤᠷᠠᠶ ᠡᠪᠡᠰᠦ ᠬᠠᠩᠭ᠋ᠠᠵᠤ᠂ ᠵᠣᠬᠢᠬᠤ ᠬᠡᠮᠵᠢᠶᠡᠨ᠎ᠤ ᠳᠠᠪᠤᠰᠤ ᠪᠠ ᠶᠠᠰᠤᠨ ᠲᠠᠯᠬ᠎ᠠ ᠵᠢ ᠨᠡᠮᠡᠵᠦ ᠬᠠᠩᠭ᠋ᠠᠨ᠎ᠠ᠃ ᠲᠠᠷᠢᠶᠠᠯᠠᠬᠤ ᠣᠷᠣᠨ᠎ᠳᠤ ᠪᠡᠯᠴᠢᠭᠡᠷᠯᠡᠭᠦᠯᠬᠦ ᠭᠠᠵᠠᠷ ᠦᠭᠡᠢ ᠲᠤᠯᠠ ᠬᠥᠳᠡᠯᠭᠡᠭᠡᠨ᠎ᠢ ᠴᠢᠩᠭ᠋ᠠᠳᠬᠠᠬᠤ ᠴᠢᠬᠤᠯᠠᠲᠠᠶ᠂ ᠬᠣᠨᠣᠭ᠎ᠤᠨ ᠪᠣᠷᠳᠤᠭ᠋ᠠᠨᠳᠠᠬᠢ ᠨᠠᠷᠢᠯᠢᠭ ᠪᠣᠷᠳᠣᠭ᠎ᠠ᠂ ᠰᠢᠭᠦᠰᠦᠯᠢᠭ ᠪᠣᠷᠳᠣᠭ᠎ᠠ ᠵᠢᠨ ᠬᠡᠮᠵᠢᠶ᠎ᠡ ᠵᠢ ᠭᠤᠷᠪᠠᠨ᠎ᠤ ᠨᠢᠭᠡ ᠬᠤᠪᠢ᠎ᠪᠠᠷ ᠨᠡᠮᠡᠭᠳᠡᠭᠦᠯᠦᠨ᠎ᠡ᠃ ᠰᠦ ᠱᠦᠭᠦᠷᠡᠯ᠎ᠤᠨ ᠬᠤᠭᠤᠴᠠᠭ᠋ᠠᠨ᠎ᠳᠠᠬᠢ ᠡᠮ᠎ᠡ ᠬᠣᠨᠢ ᠡᠳᠦᠷ᠎ᠲᠤ 0.5 ᠺᠢᠯᠣᠭ᠌ᠷᠠᠮ ᠨᠠᠷᠢᠯᠢᠭ ᠪᠣᠷᠳᠣᠭ᠎ᠠ᠂ 1 ᠺᠢᠯᠣᠭ᠌ᠷᠠᠮ ᠰᠢᠭᠦᠰᠦᠯᠢᠭ ᠪᠣᠷᠳᠣᠭ᠎ᠠ᠂ ᠴᠢᠨᠠᠷ ᠰᠠᠢ᠌ᠲᠠᠶ ᠬᠠᠭᠤᠷᠠᠶ ᠡᠪᠡᠰᠦ ᠵᠢ ᠭᠦᠢᠴᠡᠳ ᠬᠠᠩᠭ᠋ᠠᠨ᠎ᠠ᠃ ᠰᠦ ᠱᠦᠭᠦᠷᠡᠯ᠎ᠤᠨ ᠰᠡᠭᠦᠯᠴᠢ ᠵᠢᠨ ᠬᠤᠭᠤᠴᠠᠭ᠋ᠠᠨ᠎ᠳᠤ ᠬᠤᠷᠠᠭ᠎ᠠ᠎ᠨᠢ ᠨᠢᠭᠡᠨᠲᠡ ᠡᠪᠡᠰᠦ ᠢᠳᠡᠵᠦ᠂ ᠡᠮ᠎ᠡ ᠬᠣᠨᠢᠤ ᠰᠦ ᠱᠦᠭᠦᠷᠡᠯ ᠪᠠᠭ᠋ᠠᠰᠤᠨ᠎ᠠ᠃ ᠬᠡᠷᠪᠡ ᠰᠢᠮ᠎ᠡ ᠲᠡᠵᠢᠭᠡᠯ ᠬᠦᠷᠦᠯᠴᠡᠬᠦ ᠦᠭᠡᠢ ᠪᠣᠯ ᠪᠠᠭ᠎ᠠ ᠬᠡᠮᠵᠢᠶ᠎ᠡ᠎ᠪᠠᠷ ᠨᠠᠷᠢᠯᠢᠭ ᠪᠣᠷᠳᠣᠭ᠎ᠠ ᠨᠦᠬᠦᠪᠦᠷᠢᠯᠡᠵᠦ ᠪᠣᠯᠤᠨ᠎ᠠ᠃