ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠬᠣᠨᠢᠨ᠎ᠤ ᠦᠷᠡᠵᠢᠯ᠎ᠤᠨ ᠴᠢᠳᠠᠪᠤᠷᠢ ᠵᠢ ᠬᠡᠷᠬᠢᠨ ᠳᠡᠭᠡᠭᠰᠢᠯᠡᠭᠦᠯᠬᠦ
ᠨᠡᠶ᠋ᠢᠲᠡᠯᠡᠭᠰᠡᠨ ᠴᠠᠭ᠄ 2019-04-16

      ᠨᠢᠭᠡ᠂ ᠡᠭᠦᠯᠳᠡᠷ ᠰᠣᠩᠭᠣᠬᠤ ᠪᠠ ᠰᠣᠩᠭᠣᠨ ᠬᠡᠭᠡᠯᠳᠦᠭᠦᠯᠭᠡ ᠵᠢ ᠴᠢᠩᠭ᠋ᠠᠳᠬᠠᠨ᠋᠎ᠠ᠃ ᠦᠷ᠎ᠡ ᠵᠢᠨ ᠮᠠᠯ ᠰᠤᠩᠭᠤᠬᠤ᠄ ᠦᠷᠡᠵᠢᠯ᠎ᠤᠨ ᠴᠢᠳᠠᠪᠤᠷᠢ ᠦᠭᠡᠢ ᠦᠷ᠎ᠡ ᠵᠢᠨ ᠮᠠᠯ᠎ᠢ ᠴᠠᠭ ᠲᠤᠬᠠᠶ᠎ᠳᠤᠨᠢ ᠲᠠᠶᠠᠭᠳᠠᠵᠤ᠂ ᠦᠷᠡᠵᠢᠯ᠎ᠤᠨ ᠴᠢᠳᠠᠪᠤᠷᠢ ᠥᠨᠳᠥᠷ ᠡᠬᠡ ᠮᠠᠯ᠎ᠤᠨ ᠬᠣᠢ᠌ᠴᠢ ᠦᠶ᠎ᠡ᠎ᠠᠴᠠ ᠦᠷ᠎ᠡ ᠵᠢᠨ ᠮᠠᠯ ᠰᠣᠩᠭᠣᠨ᠎ᠠ᠃
      ᠬᠣᠶᠠᠷ᠂ ᠣᠯᠠᠨ ᠲᠥᠯ᠎ᠲᠠᠢ ᠭ᠋ᠸᠨ᠎ᠢ ᠠᠰᠢᠭᠯᠠᠨ᠎ᠠ᠃ ᠤᠯᠤᠰ᠎ᠤᠨ ᠳᠣᠲᠣᠭ᠋ᠠᠳᠤ ᠭᠠᠳᠠᠭ᠋ᠠᠳᠤ ᠵᠢᠨ ᠬᠣᠨᠢ ᠲᠡᠵᠢᠭᠡᠬᠦ ᠦᠢ᠍ᠯᠡᠳᠦᠯᠭᠡ᠎ᠠᠴᠠ ᠮᠡᠳᠡᠭᠰᠡᠨ᠎ᠨᠢ᠂ ᠣᠯᠠᠨ ᠬᠦᠪᠦᠷᠡᠯ᠎ᠤᠨ ᠡᠭᠦᠯᠳᠡᠷ᠎ᠢ ᠣᠷᠣᠨ ᠨᠤᠲᠤᠭ᠎ᠤᠨ ᠡᠭᠦᠯᠳᠡᠷ᠎ᠤᠨ ᠬᠣᠨᠢ᠎ᠲᠠᠢ ᠡᠷᠯᠢᠰᠡᠵᠢᠭᠦᠯᠬᠦ᠎ᠨᠢ ᠦᠷᠡᠵᠢᠯ᠎ᠤᠨ ᠴᠢᠳᠠᠪᠤᠷᠢ ᠵᠢ ᠳᠡᠭᠡᠭᠰᠢᠯᠡᠭᠦᠯᠬᠦ ᠲᠦᠷᠭᠡᠨ᠂ ᠪᠦᠲᠤᠮᠵᠢᠲᠠᠢ ᠪᠥᠭᠡᠳ ᠳᠥᠭᠥᠮ ᠳᠥᠲᠡ ᠬᠢᠯᠪᠡᠷ ᠶᠠᠪᠤᠭᠳᠠᠬᠤ ᠠᠷᠭ᠎ᠠ ᠪᠣᠯᠣᠨ᠎ᠠ᠂ ᠭᠠᠳᠠᠭ᠋ᠠᠲᠤ ᠤᠯᠤᠰ ᠯᠠᠨᠳ᠋ᠷᠠᠰ ᠬᠣᠨᠢ (兰德瑞斯羊)᠂ ᠫᠷᠦᠯᠠ ᠬᠣᠨᠢ(布鲁拉羊)᠂ ᠷᠤᠮᠠᠨᠤᠹ ᠬᠤᠨᠢ(罗曼诺夫羊)ᠵᠢ ᠠᠰᠢᠭᠯᠠᠵᠤ ᠪᠠᠢ᠌ᠬᠤ᠎ᠲᠠᠢ ᠠᠳᠠᠯᠢᠬᠠᠨ᠂ ᠤᠯᠤᠰ᠎ᠤᠨ ᠳᠣᠲᠣᠭ᠋ᠠᠳᠤ᠎ᠳᠤ ᠣᠬᠣᠷ ᠰᠡᠭᠦᠯᠲᠦ ᠬᠠᠨᠶᠠᠩ ᠬᠣᠨᠢ(小尾寒羊) ᠪᠠ ᠬᠤᠶᠠᠩ ᠬᠤᠨᠢ(湖羊)ᠵᠡᠷᠭᠡ ᠤᠯᠠᠨ ᠲᠥᠯ᠎ᠲᠠᠢ ᠡᠭᠦᠯᠳᠡᠷ ᠵᠶ᠋ᠡᠷ ᠡᠴᠢᠭᠡ ᠪᠡᠶ᠎ᠡ ᠪᠣᠯᠭ᠋ᠠᠨ ᠡᠷᠯᠢᠰᠡᠵᠢᠭᠦᠯᠦᠭᠰᠡᠨ᠎ᠨᠢ᠂ ᠲᠥᠯ᠎ᠤᠨ ᠲᠣᠭ᠎ᠠ ᠵᠢ ᠢᠯᠡᠳᠲᠡ ᠨᠡᠮᠡᠭᠳᠡᠭᠦᠯᠪᠡ᠃
      ᠭᠤᠷᠪᠠ᠂ ᠦᠷᠡᠵᠢᠯ᠎ᠢ ᠡᠵᠡᠮᠰᠢᠬᠦ ᠮᠡᠷᠭᠡᠵᠢᠯ᠃ ᠦᠷᠡᠵᠢᠯ᠎ᠤᠨ ᠰᠢᠨ᠎ᠡ ᠮᠡᠷᠭᠡᠵᠢᠯ᠎ᠢ ᠬᠡᠷᠡᠭᠯᠡᠵᠦ᠂ ᠦᠷᠡᠵᠢᠯ᠎ᠤᠨ ᠦᠶᠡᠯᠡᠯ᠎ᠤᠨ ᠬᠤᠭᠤᠴᠠᠭ᠎ᠠ ᠵᠢ ᠡᠵᠡᠮᠰᠢᠵᠦ ᠲᠥᠯᠯᠡᠯᠲᠡ ᠵᠢᠨ ᠠᠯᠤᠰᠯᠠᠬᠤ ᠬᠤᠭᠤᠴᠠᠭ᠎ᠠ ᠵᠢ ᠪᠤᠭᠤᠨᠢᠰᠬᠠᠨ᠎ᠠ᠃ ᠲᠥᠯᠯᠡᠬᠦ ᠳᠠᠪᠲᠠᠮᠵᠢ ᠪᠣᠯᠤᠨ ᠬᠡᠭᠡᠯᠳᠦᠬᠦ ᠤᠷᠮ᠎ᠠ ᠵᠢ ᠳᠡᠭᠡᠭᠰᠢᠯᠡᠬᠦᠯᠵᠦ᠂ ᠤᠳᠠᠭ᠎ᠠ ᠪᠦᠷᠢ ᠵᠢᠨ ᠲᠥᠯ᠎ᠤᠨ ᠲᠣᠭ᠎ᠠ ᠵᠢ ᠨᠡᠮᠡᠭᠳᠡᠭᠦᠯᠵᠦ᠂ ᠦᠷᠡᠵᠢᠯ᠎ᠤᠨ ᠳᠠᠯᠳᠠ ᠬᠦᠴᠦᠨ᠎ᠢ ᠭᠦᠢ᠍ᠴᠡᠳ ᠠᠭᠤᠳᠠᠯᠯᠠᠨ᠎ᠠ᠃
      ᠳᠥᠷᠪᠡ᠂ ᠲᠡᠷᠢᠭᠦᠨ᠎ᠤ ᠦᠷ᠎ᠡ ᠳᠠᠮᠵᠢᠭᠤᠯᠬᠤ ᠮᠡᠷᠭᠡᠵᠢᠯ᠎ᠢ ᠬᠡᠷᠡᠭᠯᠡᠬᠦ᠃
      ᠲᠠᠪᠤ᠂ ᠰᠢᠮ᠎ᠡ ᠲᠡᠵᠢᠭᠡᠯ᠎ᠢ ᠨᠡᠮᠡᠭᠳᠡᠭᠦᠯᠵᠦ᠂ ᠨᠡᠯᠢᠶᠡᠳ ᠰᠠᠢ᠌ᠨ ᠪᠡᠶ᠎ᠡ ᠵᠢᠨ ᠪᠠᠢ᠌ᠳᠠᠯ᠎ᠢ ᠪᠠᠲᠤᠯᠠᠨ᠎ᠠ᠃
      ᠵᠢᠷᠭᠤᠭ᠎ᠠ᠂ ᠬᠦᠪᠦᠷᠡᠯ ᠰᠢᠯᠵᠢᠭᠦᠯᠬᠦ ᠪᠠ ᠬᠦᠪᠦᠷᠡᠯ᠎ᠢ ᠰᠠᠯᠭ᠋ᠠᠬᠤ ᠮᠡᠷᠭᠡᠵᠢᠯ᠎ᠢ ᠬᠡᠷᠡᠭᠯᠡᠨ᠎ᠡ᠃ ᠬᠦᠪᠦᠷᠡᠯ ᠰᠢᠯᠵᠢᠭᠦᠯᠬᠦ ᠮᠡᠷᠭᠡᠵᠢᠯ᠎ᠢ ᠠᠰᠢᠭᠯᠠᠬᠣ᠎ᠨᠢ ᠰᠢᠯᠢᠳᠡᠭ ᠡᠭᠦᠯᠳᠡᠷ᠎ᠤᠨ ᠬᠣᠨᠢᠨ᠎ᠤ ᠰᠦᠷᠦᠭᠵᠢᠯ᠎ᠢ ᠲᠦᠷᠭᠡᠳᠭᠡᠵᠦ᠂ ᠡᠬᠡ ᠮᠠᠯ᠎ᠤᠨ ᠦᠷᠡᠵᠢᠯ᠎ᠤᠨ ᠴᠢᠳᠠᠪᠤᠷᠢ ᠵᠢ ᠳᠡᠭᠡᠭᠰᠢᠯᠡᠭᠦᠯᠦᠨ᠎ᠡ᠃

ᠢᠷᠡᠯᠲᠡ᠄ ᠦᠪᠦᠷ ᠮᠤᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠶᠠᠭ᠋ᠠᠬᠢᠪᠡᠯ ᠬᠣᠨᠢ ᠵᠢ ᠰᠠᠢ᠌ᠨ ᠲᠡᠵᠢᠭᠡᠵᠦ ᠴᠢᠳᠠᠬᠤ ᠲᠤᠬᠠᠢ
ᠦᠬᠡᠷ ᠬᠣᠨᠢ ᠨᠠᠷᠢᠯᠢᠭ ᠪᠣᠷᠳᠣᠭ᠎ᠠ ᠵᠢ ᠬᠡᠲᠦ ᠢᠳᠡᠰᠢᠯᠡᠭᠰᠡᠨ᠎ᠤ ᠳᠠᠷᠠᠭ᠋ᠠᠬᠢ ᠪᠠᠴᠢᠮ ᠪᠠᠶ᠋ᠢᠳᠠᠯ᠎ᠢ ᠠᠷᠭ᠋ᠠᠴᠠᠬᠤ ᠠᠷᠭ᠎ᠠ
ᠥᠨᠳᠡᠭᠡᠨ ᠲᠠᠬᠢᠶᠠᠨ᠎ᠤ ᠭᠠᠷᠤᠯᠲᠠ ᠵᠢ ᠲᠣᠭᠲᠠᠪᠤᠷᠢᠵᠢᠭᠤᠯᠬᠤ ᠬᠠᠮᠢᠶᠠᠷᠤᠯᠲᠠ ᠵᠢᠨ ᠮᠡᠷᠭᠡᠵᠢᠯ
ᠬᠣᠨᠢᠨ᠎ᠤ ᠲᠡᠵᠢᠭᠡᠯ ᠪᠣᠷᠳᠤᠭ᠋ᠠᠨ᠎ᠳᠤ ᠪᠠᠭ᠎ᠠ ᠰᠦᠲᠠ ᠨᠡᠮᠡᠬᠦ ᠵᠢᠨ ᠦᠢ᠍ᠯᠡᠳᠦᠯ ᠪᠠ ᠬᠡᠷᠡᠭᠯᠡᠬᠦ᠎ᠳᠤ ᠠᠩᠬᠠᠷᠬᠤ ᠵᠦᠢ᠍ᠯ
ᠵᠤᠨ᠎ᠤ ᠤᠯᠠᠷᠢᠯ᠎ᠳᠤ ᠭᠠᠬᠠᠢ ᠲᠡᠵᠢᠭᠡᠬᠦ᠎ᠳᠤ ᠠᠩᠬᠠᠷᠬᠤ ᠵᠦᠢ᠍ᠯ
 
            