ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠦᠬᠡᠷ ᠬᠣᠨᠢ ᠨᠠᠷᠢᠯᠢᠭ ᠪᠣᠷᠳᠣᠭ᠎ᠠ ᠵᠢ ᠬᠡᠲᠦ ᠢᠳᠡᠰᠢᠯᠡᠭᠰᠡᠨ᠎ᠤ ᠳᠠᠷᠠᠭ᠋ᠠᠬᠢ ᠪᠠᠴᠢᠮ ᠪᠠᠶ᠋ᠢᠳᠠᠯ᠎ᠢ ᠠᠷᠭ᠋ᠠᠴᠠᠬᠤ ᠠᠷᠭ᠎ᠠ
ᠨᠡᠶ᠋ᠢᠲᠡᠯᠡᠭᠰᠡᠨ ᠴᠠᠭ᠄ 2019-09-25

      ᠦᠬᠡᠷ ᠬᠣᠨᠢ᠎ᠨᠢ ᠨᠠᠷᠢᠯᠢᠭ ᠪᠣᠷᠳᠣᠭ᠎ᠠ ᠵᠢ ᠬᠡᠳᠦ ᠢᠳᠡᠰᠢᠯᠡᠭᠰᠡᠨ᠎ᠤ ᠡᠬᠢᠨ᠎ᠤ ᠬᠤᠭᠤᠴᠠᠭ᠋ᠠᠨ᠎ᠳᠤ᠂ ᠢᠯᠡᠷᠬᠡᠶ ᠡᠪᠡᠳᠴᠢᠨ᠎ᠤ ᠢᠯᠡᠷᠡᠯ ᠦᠭᠡᠢ᠂ ᠮᠠᠯ᠎ᠤᠨ ᠡᠵᠡᠨ ᠴᠢᠨᠠᠭᠰᠢᠯᠠᠪᠠᠯ ᠮᠠᠯ᠎ᠤᠨ ᠡᠮᠴᠢ ᠴᠦ᠍ ᠦᠵᠡᠵᠦ ᠭᠠᠷᠬᠤ ᠦᠭᠡᠢ᠃ ᠳᠤᠮᠳᠠ ᠬᠤᠭᠤᠴᠠᠭ᠋ᠠᠨ᠎ᠤ ᠭᠣᠤᠯ ᠢᠯᠡᠷᠡᠯ᠎ᠨᠢ ᠴᠣᠭ ᠰᠦᠯᠳᠡ ᠦᠭᠡᠢ᠂ ᠲᠣᠯᠣᠭ᠋ᠠᠶ ᠪᠥᠬᠥᠶ᠋ᠢᠨ ᠨᠢᠳᠦ᠎ᠪᠠᠨ ᠠᠨᠢᠵᠤ᠂ ᠭᠡᠳᠡᠰᠦ᠎ᠨᠢ ᠳᠦᠭᠦᠷᠴᠦ᠂ ᠠᠯᠬᠤᠬᠤ ᠳᠤᠷ᠎ᠠ ᠦᠭᠡᠢ᠂ ᠠᠮᠢᠰᠬᠤᠯ᠂ ᠵᠢᠷᠦᠬᠡᠨ ᠴᠣᠬᠢᠯᠭ᠎ᠠ᠎ᠨᠢ ᠨᠡᠮᠡᠭᠳᠡᠵᠦ᠂ ᠨᠢᠳᠦᠨ᠎ᠤ ᠰᠠᠯᠢᠰᠤᠲᠤ ᠪᠦᠷᠬᠦᠪᠴᠢ᠎ᠨᠢ ᠤᠯᠠᠶ᠋ᠢᠵᠤ᠂ ᠠᠮᠠ ᠬᠠᠮᠠᠷ᠎ᠨᠢ ᠬᠠᠭᠤᠷᠠᠢ᠌ᠰᠢᠨ᠎ᠠ᠃ ᠰᠡᠭᠦᠯᠴᠢ ᠵᠢᠨ ᠬᠤᠭᠤᠴᠠᠭ᠋ᠠᠨ᠎ᠤ ᠡᠪᠡᠳᠴᠢᠨ᠎ᠤ ᠢᠡᠯᠷᠡᠯ᠎ᠨᠢ ᠬᠡᠪᠲᠡᠭᠡᠳ ᠪᠣᠰᠬᠤ ᠦᠭᠡᠢ᠂ ᠲᠣᠯᠣᠭ᠋ᠠᠶ᠎ᠨᠢ ᠨᠢᠭᠡ ᠲᠡᠶ᠋ᠢᠰᠢ

ᠬᠡᠯᠪᠡᠶ᠋ᠢᠵᠦ᠂ ᠲᠣᠯᠣᠭ᠋ᠠᠶ᠎ᠪᠠᠨ ᠡᠷᠭᠦᠬᠦ ᠦᠭᠡᠢ᠂ ᠨᠢᠳᠦ᠎ᠪᠠᠨ ᠨᠡᠭᠡᠭᠡᠬᠦ ᠦᠭᠡᠢ᠂ ᠬᠡᠪᠡᠯᠢ ᠳᠣᠲᠣᠷ᠎ᠠ᠎ᠨᠢ ᠶᠡᠬᠡ ᠬᠡᠮᠵᠢᠶᠡᠨ᠎ᠤ ᠰᠢᠩᠭᠡᠨ ᠬᠤᠷᠠᠮᠳᠤᠨ᠎ᠠ᠃ ᠬᠡᠷᠪᠡ ᠡᠬᠢᠨ᠎ᠤ ᠬᠤᠭᠤᠴᠠᠭ᠎ᠠ ᠪᠤᠶᠤ ᠳᠤᠮᠳᠠ ᠬᠤᠭᠤᠴᠠᠭ᠋ᠠᠨ᠎ᠳᠤᠨᠢ ᠡᠮᠴᠢᠯᠡᠪᠡᠯ᠂ ᠡᠳᠡᠭᠡᠷᠡᠵᠦ ᠡᠷᠡᠭᠦᠯᠵᠢᠬᠦ ᠪᠣᠯᠤᠮᠵᠢ᠎ᠨᠢ ᠶᠡᠬᠡ᠃
     1᠂ ᠡᠷᠲᠡ ᠡᠮᠨᠡᠨ ᠵᠠᠰᠠᠬᠤ᠄ ᠡᠮᠨᠡᠨ ᠵᠠᠰᠠᠬᠤ ᠶᠠᠪᠤᠴᠠ᠎ᠳᠤ ᠤᠰᠤ ᠠᠯᠳᠠᠬᠤ ᠪᠠ ᠬᠦᠴᠢᠯ᠎ᠳᠤ ᠬᠣᠤᠷᠳᠠᠭᠳᠠᠬᠤ ᠵᠢ ᠭᠣᠤᠯᠳᠠᠯᠭ᠎ᠠ ᠪᠣᠯᠭ᠋ᠠᠨ᠎ᠠ᠃ ᠲᠤᠰ ᠡᠪᠡᠳᠴᠢᠨ᠎ᠠᠴᠠ ᠪᠣᠯᠵᠤ ᠦᠬᠦᠬᠦ ᠭᠣᠤᠯ ᠰᠢᠯᠲᠠᠭ᠋ᠠᠨ᠎ᠨᠢ ᠣᠯᠠᠩᠬᠢ᠎ᠳᠠᠭᠠᠨ ᠤᠰᠤ ᠠᠯᠳᠠᠬᠤ ᠪᠠ ᠬᠦᠴᠢᠯ᠎ᠳᠤ ᠬᠣᠤᠷᠳᠠᠭᠳᠠᠭᠰᠠᠨ᠎ᠠᠴᠠ ᠪᠣᠯᠳᠠᠭ᠃ ᠡᠪᠡᠳᠴᠢᠨ᠎ᠤ ᠵᠦᠢ᠎ᠠᠴᠠ ᠦᠵᠡᠪᠡᠯ᠂ ᠤᠰᠤ ᠠᠯᠳᠠᠬᠤ ᠪᠠ ᠬᠦᠴᠢᠯ᠎ᠳᠤ ᠬᠣᠤᠷᠳᠠᠭᠳᠠᠬᠤ᠎ᠨᠢ ᠦᠷᠭᠦᠯᠵᠢ ᠮᠠᠰᠢ ᠲᠦᠷᠭᠡᠨ ᠡᠭᠦᠰᠳᠡᠭ᠂ ᠡᠶ᠋ᠢᠮᠦ᠎ᠠᠴᠠ ᠤᠮᠳᠤᠭ᠋ᠠᠢ᠍ᠯᠠᠵᠤ ᠪᠣᠯᠬᠤ ᠦᠭᠡᠢ᠃
     2᠂ ᠡᠪᠡᠳᠴᠢᠨ᠎ᠤ ᠪᠠᠢ᠌ᠳᠠᠯ ᠢᠯᠡᠷᠡᠢ᠌ᠰᠢᠬᠦ᠎ᠠᠴᠠ ᠡᠮᠦᠨ᠎ᠡ᠂ ᠳᠠᠪᠤᠰᠤᠨ᠎ᠤ ᠲᠥᠷᠥᠯ᠎ᠤᠨ ᠲᠤᠭᠤᠯᠠᠭᠤᠯᠬᠤ ᠡᠮ ᠬᠡᠷᠡᠭᠯᠡᠬᠦ ᠪᠠ ᠶᠡᠬᠡ ᠬᠡᠮᠵᠢᠶᠡᠨ᠎ᠤ ᠤᠰᠤ ᠣᠯᠭᠤᠬᠤ ᠵᠢ ᠬᠢᠵᠠᠭ᠋ᠠᠷᠯᠠᠨ᠎ᠠ᠃ ᠲᠤᠰ ᠡᠪᠡᠳᠴᠢᠨ ᠡᠭᠦᠰᠪᠡᠯ᠂ ᠬᠦᠴᠢᠯ᠎ᠤᠨ ᠬᠡᠮᠵᠢᠶ᠎ᠡ ᠰᠢᠷᠦᠭᠦᠨ ᠨᠡᠮᠡᠭᠳᠡᠵᠦ᠂ ᠴᠢᠰᠤᠨ ᠰᠤᠳᠠᠯ ᠳᠣᠲᠣᠷᠠᠬᠢ ᠤᠰᠤ ᠵᠢ ᠶᠡᠬᠡ ᠬᠡᠮᠵᠢᠶ᠎ᠡ᠎ᠪᠠᠷ ᠬᠣᠳᠣᠭᠣᠳᠣᠨ᠎ᠳᠤ ᠨᠡᠪᠴᠢᠭᠦᠯᠳᠡᠭ᠂ ᠬᠡᠷᠪᠡ ᠳᠠᠪᠤᠰᠤᠨ᠎ᠤ ᠲᠥᠷᠥᠯ᠎ᠤᠨ ᠲᠤᠭᠤᠯᠠᠭᠤᠯᠬᠤ ᠡᠮ ᠬᠡᠷᠡᠭᠯᠡᠪᠡᠯ᠂ ᠭᠦᠵᠡᠭᠡᠨ᠎ᠤ ᠳᠣᠲᠣᠷᠠᠬᠢ ᠨᠡᠪᠴᠢᠬᠦ ᠳᠠᠷᠤᠯᠲᠠ᠎ᠨᠢ ᠤᠯᠠᠮ ᠳᠡᠭᠡᠭᠰᠢᠯᠡᠵᠦ᠂ ᠴᠢᠰᠤ᠎ᠨᠢ ᠥᠳᠬᠡᠷᠡᠵᠦ᠂ ᠤᠰᠤ ᠠᠯᠳᠠᠬᠤ᠎ᠨᠢ ᠬᠦᠨᠳᠦᠷᠡᠵᠦ᠂ ᠬᠡᠪᠡᠯᠢ ᠵᠢᠨ ᠬᠡᠰᠡᠭ᠎ᠨᠢ ᠲᠣᠮᠤᠷᠠᠵᠤ᠂ ᠬᠡᠪᠡᠯᠢ ᠵᠢᠨ ᠳᠠᠷᠤᠯᠲᠠ᠎ᠨᠢ ᠨᠡᠮᠡᠭᠳᠡᠨ᠎ᠡ᠃ ᠬᠡᠷᠪᠡ ᠶᠡᠬᠡ ᠬᠡᠮᠵᠢᠶᠡᠨ᠎ᠤ ᠤᠰᠤ ᠤᠯᠭᠤᠪᠠᠯ ᠤᠰᠤ ᠠᠯᠳᠠᠬᠤ ᠦᠵᠡᠭᠳᠡᠯ᠎ᠢ ᠬᠤᠪᠢᠷᠠᠭᠤᠯᠵᠤ ᠳᠡᠢ᠌ᠯᠬᠦ ᠦᠭᠡᠢ᠂ ᠭᠡᠳᠡᠷᠭᠦ᠎ᠪᠠᠨ ᠬᠡᠪᠡᠯᠢ ᠵᠢᠨ ᠬᠥᠨᠳᠡᠶ ᠵᠢᠨ ᠰᠢᠩᠭᠡᠨ ᠪᠡᠶᠡᠲᠦ ᠵᠢ ᠨᠡᠮᠡᠭᠳᠡᠭᠦᠯᠵᠦ᠂ ᠬᠡᠪᠡᠯᠢ ᠵᠢᠨ ᠳᠠᠷᠤᠯᠲᠠ ᠵᠢ ᠶᠡᠬᠡᠰᠬᠡᠨ᠎ᠡ᠂ ᠲᠡᠭᠡᠬᠦ ᠮᠦᠷᠲᠡᠭᠡᠨ ᠡᠨᠡ ᠥᠶ᠎ᠡ᠎ᠳᠤ ᠪᠡᠶ᠎ᠡ ᠵᠢᠨ ᠳᠣᠲᠤᠷᠠᠬᠢ ᠬᠦᠴᠢᠯ᠎ᠤᠨ ᠬᠡᠮᠵᠢᠶ᠎ᠡ᠎ᠨᠢ ᠨᠡᠮᠡᠭᠳᠡᠵᠦ᠂ ᠡᠪᠡᠳᠴᠢᠲᠡᠢ ᠮᠠᠯ᠎ᠤᠨ ᠬᠥᠯ᠎ᠨᠢ ᠡᠪᠡᠳᠦᠨ ᠵᠣᠭᠰᠤᠵᠤ ᠳᠡᠢ᠌ᠯᠬᠦ ᠦᠭᠡᠢ ᠪᠣᠯᠵᠤ᠂ ᠤᠰᠤ   ᠣᠯᠭᠤᠪᠠᠯ ᠤᠯᠠᠮ ᠪᠣᠰᠴᠤ ᠳᠡᠢ᠌ᠯᠬᠦ ᠦᠭᠡᠢ᠃
     3᠂ ᠮᠦᠬᠦᠯᠢᠭᠲᠦ ᠨᠠᠷᠢᠯᠢᠭ ᠪᠣᠷᠳᠣᠭ᠎ᠠ ᠵᠢ ᠢᠳᠡᠰᠢᠯᠡᠭᠰᠡᠨ᠎ᠤ ᠳᠠᠷᠠᠭ᠎ᠠ᠂ ᠴᠠᠭ ᠲᠤᠬᠠᠶ᠎ᠳᠤᠨᠢ ᠬᠡᠷᠬᠡᠨᠡᠭ᠎ᠲᠤ᠎ᠨᠢ ᠲᠠᠷᠢᠯᠭ᠎ᠠ ᠬᠢᠬᠦ ᠬᠡᠷᠡᠭᠲᠡᠶ᠃ ᠬᠡᠷᠪᠡ ᠲᠠᠯᠬᠠᠯᠢᠭ ᠨᠠᠷᠢᠯᠢᠭ ᠪᠣᠷᠳᠣᠭ᠎ᠠ ᠢᠳᠡᠰᠢᠯᠡᠪᠡᠯ᠂ ᠶᠠᠭᠤᠨ᠎ᠤ ᠡᠮᠦᠨ᠎ᠡ ᠬᠣᠳᠣᠭᠣᠳᠣ ᠵᠢ᠎ᠨᠢ ᠤᠬᠢᠶᠠᠬᠤ ᠠᠷᠭ᠎ᠠ ᠵᠢ ᠰᠣᠩᠭᠣᠨ᠎ᠠ᠂ ᠤᠴᠢᠷ᠎ᠨᠢ ᠬᠡᠷᠬᠡᠨᠡᠭ ᠪᠣᠯ ᠰᠢᠩᠭᠡᠭᠡᠯᠲᠡ ᠵᠢᠨ ᠰᠢᠰᠲ᠋ᠧᠮ᠎ᠤᠨ ᠳᠡᠭᠡᠷ᠎ᠡ ᠳᠣᠣᠷᠠᠬᠢ ᠵᠠᠯᠭ᠋ᠠᠵᠤ ᠪᠠᠢ᠌ᠭ᠎ᠠ ᠳᠠᠮᠵᠢᠭᠤᠯᠬᠤ ᠥᠷᠲᠡᠭᠡ ᠪᠣᠯᠤᠨ᠎ᠠ᠂ ᠬᠡᠷᠬᠡᠨᠡᠭ᠎ᠨᠢ ᠰᠠᠭ᠋ᠠᠳ ᠦᠭᠡᠢ ᠨᠡᠪᠲᠡᠷᠡᠵᠦ᠂ ᠡᠯ᠎ᠡ ᠬᠣᠳᠣᠭᠣᠳᠣᠨ᠎ᠤ ᠬᠡᠯᠬᠢᠶ᠎ᠡ ᠤᠷᠪᠠᠯ ᠬᠡᠪ᠎ᠤᠨ ᠪᠠᠢ᠌ᠪᠠᠯ᠂ ᠬᠦᠵᠡᠭᠡᠨ᠎ᠳᠠᠬᠢ ᠢᠳᠡᠰᠢ ᠰᠠᠶᠢ ᠳᠣᠷᠣᠭᠰᠢ ᠰᠢᠯᠵᠢᠵᠦ᠂ ᠰᠠᠷᠬᠢᠨᠠᠭ᠎ᠲᠠᠬᠢ ᠢᠳᠡᠭᠡᠨ᠎ᠢ ᠬᠤᠢ᠌ᠰᠢᠯᠠᠭᠤᠯᠵᠤ᠂ ᠬᠤᠷᠠᠮᠳᠤᠭᠰᠠᠨ ᠢᠳᠡᠭᠡᠨ᠎ᠨᠢ ᠰᠢᠩᠭᠡᠭᠡᠵᠦ᠂ ᠡᠪᠡᠳᠴᠢᠨ ᠠᠷᠢᠯᠤᠨ᠎ᠠ᠃ ᠡᠶ᠋ᠢᠮᠦ᠎ᠠᠴᠠ ᠵᠤᠬᠢᠬᠤ ᠥᠶ᠎ᠡ᠎ᠳᠤ ᠬᠡᠷᠬᠡᠨᠡᠭ᠎ᠲᠤ᠎ᠨᠢ ᠲᠠᠷᠢᠯᠭ᠎ᠠ ᠬᠢᠨ᠎ᠡ᠃

ᠢᠷᠡᠯᠲᠡ᠄ ᠦᠪᠦᠷ ᠮᠣᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠥᠨᠳᠡᠭᠡᠨ ᠲᠠᠬᠢᠶᠠᠨ᠎ᠤ ᠭᠠᠷᠤᠯᠲᠠ ᠵᠢ ᠲᠣᠭᠲᠠᠪᠤᠷᠢᠵᠢᠭᠤᠯᠬᠤ ᠬᠠᠮᠢᠶᠠᠷᠤᠯᠲᠠ ᠵᠢᠨ ᠮᠡᠷᠭᠡᠵᠢᠯ
ᠬᠣᠨᠢᠨ᠎ᠤ ᠲᠡᠵᠢᠭᠡᠯ ᠪᠣᠷᠳᠤᠭ᠋ᠠᠨ᠎ᠳᠤ ᠪᠠᠭ᠎ᠠ ᠰᠦᠲᠠ ᠨᠡᠮᠡᠬᠦ ᠵᠢᠨ ᠦᠢ᠍ᠯᠡᠳᠦᠯ ᠪᠠ ᠬᠡᠷᠡᠭᠯᠡᠬᠦ᠎ᠳᠤ ᠠᠩᠬᠠᠷᠬᠤ ᠵᠦᠢ᠍ᠯ
ᠵᠤᠨ᠎ᠤ ᠤᠯᠠᠷᠢᠯ᠎ᠳᠤ ᠭᠠᠬᠠᠢ ᠲᠡᠵᠢᠭᠡᠬᠦ᠎ᠳᠤ ᠠᠩᠬᠠᠷᠬᠤ ᠵᠦᠢ᠍ᠯ
ᠰᠠᠶᠢ ᠲᠥᠷᠥᠭᠰᠡᠨ ᠲᠤᠭᠤᠯ᠎ᠢ ᠬᠡᠷᠬᠢᠨ ᠠᠷᠠᠴᠢᠯᠠᠬᠤ ᠪᠤᠢ
ᠬᠣᠨᠢᠨ᠎ᠤ ᠰᠢᠨᠵᠢᠯᠡᠬᠦ ᠤᠬᠠᠭ᠋ᠠᠨᠴᠢ ᠲᠡᠵᠢᠭᠡᠯᠭᠡ
 
            