ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠵᠤᠨ᠎ᠤ ᠤᠯᠠᠷᠢᠯ᠎ᠳᠤ ᠭᠠᠬᠠᠢ ᠲᠡᠵᠢᠭᠡᠬᠦ᠎ᠳᠤ ᠠᠩᠬᠠᠷᠬᠤ ᠵᠦᠢ᠍ᠯ
ᠨᠡᠶ᠋ᠢᠲᠡᠯᠡᠭᠰᠡᠨ ᠴᠠᠭ᠄ 2019-09-03

      ᠨᠢᠭᠡ᠎ᠳᠤ᠂ ᠬᠠᠯᠠᠭᠤᠨ᠎ᠢ ᠠᠷᠢᠯᠭ᠋ᠠᠬᠤ ᠲᠡᠵᠢᠭᠡᠯ ᠪᠣᠷᠳᠣᠭ᠎ᠠ ᠪᠣᠯᠤᠨ ᠨᠡᠮᠡᠯᠲᠡ ᠡᠳ᠋᠎ᠢ ᠢᠯᠡᠭᠦᠬᠡᠨ ᠬᠡᠷᠡᠭᠯᠡᠨ᠎ᠡ
      ᠦᠷᠭᠦᠯᠵᠢ ᠲᠣᠬᠢᠶᠠᠯᠳᠤᠳᠠᠭ ᠬᠠᠯᠠᠭᠤᠨ᠎ᠢ ᠠᠷᠢᠯᠭ᠋ᠠᠬᠤ ᠲᠡᠵᠢᠭᠡᠯ ᠪᠣᠷᠳᠣᠭ᠎ᠠ ᠪᠣᠯᠤᠨ ᠨᠡᠮᠡᠯᠲᠡ ᠡᠳ᠋᠎ᠲᠤ ᠪᠤᠭᠤᠳᠠᠢ ᠵᠢᠨ ᠠᠭ᠎ᠠ᠂ ᠪᠤᠷᠴᠠᠭ᠎ᠤᠨ ᠪᠣᠣᠪᠣ᠂ ᠯᠣᠬᠠᠱ᠌ᠧᠩ᠎ᠤᠨ ᠪᠣᠣᠪᠣ᠂ ᠵᠣᠬᠢᠶᠠᠮᠠᠯ ᠳᠠᠪᠤᠰᠤ᠂ ᠨᠠᠩᠭᠤᠸᠠ ᠵᠢᠴᠢ ᠬᠠᠯᠠᠭᠤᠨ᠎ᠢ ᠳᠠᠷᠤᠵᠤ ᠢᠳᠡᠰᠢᠨ ᠳᠤᠷᠠᠰᠢᠯ᠎ᠢ ᠨᠡᠮᠡᠭᠳᠡᠭᠦᠯᠬᠦ ᠡᠳ᠋ ᠵᠡᠷᠭᠡ ᠪᠠᠢ᠌ᠳᠠᠭ᠂ ᠨᠥᠬᠥᠴᠡᠯ ᠪᠣᠯᠤᠮᠵᠢ᠎ᠪᠠᠨ ᠦᠨᠳᠦᠰᠦᠯᠡᠨ ᠰᠣᠩᠭᠣᠨ ᠬᠡᠷᠡᠭᠯᠡᠨ᠎ᠠ᠃ ᠰᠢᠰᠢ᠂ ᠵᠢᠮᠢᠰ᠎ᠤᠨ ᠬᠠᠲᠠᠭ᠋ᠠᠮᠠᠯ ᠪᠠ ᠠᠷᠢᠬᠢᠨ ᠪᠠᠵᠢᠮᠠᠭ ᠵᠡᠷᠭᠡ ᠬᠠᠯᠠᠭᠤᠨ ᠴᠢᠨᠠᠷ᠎ᠲᠠᠢ ᠲᠡᠵᠢᠭᠡᠯ ᠪᠣᠷᠳᠣᠭ᠎ᠠ ᠵᠢ ᠠᠯᠢ ᠴᠢᠳᠠᠬᠤ᠎ᠪᠠᠷ ᠪᠠᠭ᠎ᠠ ᠲᠡᠵᠢᠭᠡᠨ᠎ᠡ᠃
      ᠬᠣᠶᠠᠷ᠎ᠲᠤ᠂ ᠴᠡᠪᠡᠷ ᠲᠤᠩᠭ᠋ᠠᠯᠠᠭ ᠤᠰᠤ ᠬᠠᠩᠭ᠋ᠠᠬᠤ
      ᠵᠤᠨ᠎ᠤ ᠤᠯᠠᠷᠢᠯ᠎ᠳᠤ᠂ ᠭᠠᠬᠠᠢ ᠵᠢᠨ ᠤᠤᠭᠤᠬᠤ ᠤᠰᠤᠨ᠎ᠤ ᠬᠡᠮᠵᠢᠶ᠎ᠡ ᠨᠡᠮᠡᠭᠳᠡᠵᠦ᠂ ᠡᠭᠦᠨ᠎ᠳᠤ ᠬᠥᠬᠥᠭᠦᠯ ᠮᠡᠭᠡᠵᠢ ᠪᠣᠯᠤᠨ ᠲᠣᠷᠣᠢ ᠵᠢᠨ ᠬᠡᠷᠡᠭᠰᠡᠬᠦ ᠤᠰᠤᠨ᠎ᠤ ᠬᠡᠮᠵᠢᠶ᠎ᠡ᠎ᠨᠢ ᠨᠠᠩ ᠶᠡᠬᠡ ᠪᠠᠢ᠌ᠳᠠᠭ᠂ ᠡᠢ᠌ᠮᠦ᠎ᠠᠴᠠ ᠵᠤᠨ᠎ᠤ ᠤᠯᠠᠷᠢᠯ᠎ᠳᠤ ᠰᠢᠩᠭᠡᠨ ᠬᠣᠭᠣᠯᠠ᠎ᠪᠠᠷ ᠭᠠᠬᠠᠢ ᠲᠡᠵᠢᠭᠡᠪᠡᠯ ᠬᠠᠮᠤᠭ ᠰᠠᠢ᠌ᠨ ᠪᠥᠭᠡᠳ ᠬᠠᠰᠢᠶᠠᠨ᠎ᠳᠤ᠎ᠪᠠᠨ ᠤᠰᠤᠨ ᠰᠠᠪᠠ ᠪᠤᠶᠤ ᠤᠰᠤᠨ ᠣᠩᠭᠣᠴᠠ ᠲᠠᠯᠪᠢᠵᠤ᠂ ᠴᠠᠭ ᠲᠤᠬᠠᠢ᠎ᠳᠤᠨᠢ ᠴᠡᠪᠡᠷ ᠲᠤᠩᠭ᠋ᠠᠯᠠᠭ ᠤᠰᠤ ᠬᠠᠩᠭ᠋ᠠᠨ᠎ᠠ᠃ ᠪᠦᠭᠴᠢᠮ ᠬᠠᠯᠠᠭᠤᠨ᠎ᠳᠤ ᠭᠠᠬᠠᠶ ᠵᠢᠨ ᠬᠠᠰᠢᠶᠠᠨ ᠳᠣᠲᠣᠷ᠎ᠠ ᠨᠦᠬᠡ ᠮᠠᠯᠲᠠᠵᠤ᠂ ᠨᠦᠬᠡᠨ᠎ᠳᠤ᠎ᠨᠢ ᠭᠦᠢᠴᠡᠳ ᠤᠰᠤ ᠴᠢᠳᠬᠤᠵᠤ᠂ ᠭᠠᠬᠠᠶ᠎ᠳᠤ ᠱᠠᠯᠪᠠᠭ ᠰᠢᠪᠠᠷ ᠬᠠᠩᠭ᠋ᠠᠨ᠎ᠠ᠂ ᠭᠡᠪᠡᠴᠦ ᠬᠦᠢ᠍ᠲᠡᠨ ᠬᠤᠳᠳᠤᠭ᠎ᠤᠨ ᠤᠰᠤ ᠵᠢ ᠰᠢᠭᠤᠳ ᠭᠠᠬᠠᠶ ᠵᠢᠨ ᠪᠡᠶ᠎ᠡ ᠳᠡᠭᠡᠷ᠎ᠡ ᠰᠦᠷᠴᠢᠵᠦ ᠶᠠᠭ᠋ᠠᠬᠢᠭᠰᠠᠨ ᠴᠤ᠌ ᠪᠣᠯᠬᠤ ᠦᠭᠡᠢ᠃
      ᠭᠤᠷᠪᠠ᠎ᠳᠤ᠂ ᠢᠯᠠᠭ᠎ᠠ ᠪᠠᠲᠠᠭ᠋ᠠᠨ᠎ᠠ ᠵᠢ ᠬᠥᠭᠡᠭᠡᠵᠦ ᠶᠠᠪᠤᠭᠤᠯᠬᠤ
      ᠵᠣᠨ᠎ᠤ ᠤᠯᠠᠷᠢᠯ᠎ᠳᠤ᠂ ᠢᠯᠠᠭ᠎ᠠ ᠪᠠᠲᠠᠭ᠋ᠠᠨ᠎ᠠ ᠣᠯᠠᠨ ᠪᠠᠢ᠌ᠵᠤ ᠭᠠᠬᠠᠶ ᠵᠢᠨ ᠠᠮᠠᠷᠠᠬᠤ ᠵᠢ ᠨᠥᠯᠥᠭᠡᠯᠡᠵᠦ᠂ ᠲᠡᠵᠢᠭᠡᠯ ᠪᠣᠷᠳᠣᠭ᠎ᠠ ᠪᠣᠯᠤᠨ ᠤᠤᠭᠤᠬᠤ ᠤᠰᠤ ᠵᠢ ᠪᠣᠬᠢᠷᠲᠤᠭᠤᠯᠵᠤ᠂ ᠵᠠᠷᠢᠮ᠎ᠳᠤ᠎ᠪᠠᠨ ᠪᠠᠰᠠ ᠬᠠᠯᠳᠠᠪᠤᠷᠢᠲᠤ ᠡᠪᠡᠳᠴᠢᠨ᠎ᠢ ᠡᠭᠦᠰᠭᠡᠳᠡᠭ᠃ ᠰᠥᠨᠢ ᠭᠠᠬᠠᠢ ᠵᠢᠨ ᠬᠠᠰᠢᠶᠠᠨ᠎ᠳᠤ᠎ᠪᠠᠨ ᠰᠢᠮᠠᠭᠤᠯ ᠤᠲᠤᠬᠤ ᠬᠦᠵᠢ ᠨᠣᠴᠤᠭ᠋ᠠᠬᠤ   ᠱᠠ ᠪᠦᠰᠡ᠎ᠳᠤ ᠪᠣᠭᠤᠭᠰᠠᠨ ᠲᠠᠯᠠᠰᠲᠤ ᠳ᠋ᠢ ᠪᠠᠢ ᠴᠥᠩ (敌 百 虫) ᠵᠢ ᠡᠯᠭᠦᠵᠦ ᠪᠣᠯᠤᠨ᠎ᠠ᠃
      ᠳᠥᠷᠪᠡ᠎ᠳᠤ᠂ ᠰᠥᠨᠢ ᠬᠣᠭᠣᠯᠠ ᠨᠡᠮᠡᠬᠦ
      ᠵᠤᠨ᠎ᠤ ᠤᠯᠠᠷᠢᠯ᠎ᠳᠤ ᠡᠳᠦᠷ᠎ᠤᠨ ᠳᠤᠯᠠᠭ᠋ᠠᠨ᠎ᠤ ᠬᠡᠮᠵᠢᠶ᠎ᠡ ᠥᠨᠳᠥᠷ᠂ ᠭᠠᠬᠠᠢ ᠵᠢᠨ ᠢᠳᠡᠰᠢᠨ ᠳᠤᠷᠠᠰᠢᠯ ᠬᠢᠭᠡᠳ ᠢᠳᠡᠰᠢᠯᠡᠬᠦ ᠬᠡᠮᠵᠢᠶ᠎ᠡ ᠵᠢ ᠨᠥᠯᠥᠭᠡᠯᠡᠳᠡᠭ᠂ ᠡᠢ᠌ᠮᠦ᠎ᠠᠴᠠ ᠰᠥᠨᠢ ᠣᠷᠣᠢ ᠳᠤᠯᠠᠭ᠋ᠠᠨ᠎ᠤ ᠬᠡᠮᠵᠢᠶ᠎ᠡ ᠨᠡᠯᠢᠶᠡᠳ ᠳᠣᠣᠷ᠎ᠠ ᠦᠶᠡᠰ᠂ ᠬᠠᠰᠢᠶᠠᠨ᠎ᠳᠤ᠎ᠨᠢ ᠭᠠᠬᠠᠢ ᠵᠢᠨ ᠲᠡᠵᠢᠭᠡᠯ ᠪᠣᠷᠳᠣᠭ᠎ᠠ ᠵᠢ ᠭᠦᠢ᠍ᠴᠡᠳ ᠲᠠᠯᠪᠢᠵᠤ᠂ ᠭᠠᠬᠠᠢ ᠵᠢᠨ ᠬᠦᠨᠳᠦ ᠵᠢᠨ ᠨᠡᠮᠡᠭᠳᠡᠯ᠎ᠢ ᠪᠠᠲᠤᠯᠠᠨ᠎ᠠ᠃ ᠣᠷᠣᠢ ᠵᠢᠨ 7 ᠴᠠᠭ᠂ ᠰᠥᠨᠢ ᠵᠢᠨ 11 ᠴᠠᠭ᠂ ᠥᠷᠯᠥᠭᠡ ᠵᠢᠨ 4 ᠴᠠᠭ᠎ᠲᠤ ᠲᠣᠰ ᠪᠦᠷᠢ ᠨᠢᠭᠡ ᠤᠳᠠᠭ᠎ᠠ ᠲᠡᠵᠢᠭᠡᠯ ᠨᠦᠬᠦᠪᠦᠷᠢᠯᠡᠵᠦ ᠪᠣᠯᠤᠨ᠎ᠠ᠃ ᠦᠳᠡ ᠵᠢᠨ ᠡᠮᠦᠨᠡᠬᠢ 10 ᠴᠠᠭ ᠪᠠ ᠦᠳᠡ ᠵᠢᠨ ᠬᠣᠢ᠌ᠨᠠᠬᠢ 2 ᠴᠠᠭ ᠬᠠᠭ᠋ᠠᠰ᠎ᠲᠤ ᠲᠣᠰ ᠪᠦᠷᠢ ᠨᠢᠭᠡ ᠤᠳᠠᠭ᠎ᠠ 0.5% ᠵᠢᠨ ᠳᠠᠪᠤᠰᠤ᠎ᠲᠠᠢ ᠤᠰᠤ᠎ᠪᠠᠷ ᠤᠰᠤᠯᠠᠨ᠎ᠠ᠃
    ᠲᠡᠵᠢᠭᠡᠬᠦ ᠤᠳᠠᠭ᠎ᠠ ᠬᠢᠭᠡᠳ ᠬᠡᠮᠵᠢᠶ᠎ᠡ᠎ᠨᠢ ᠳᠣᠣᠷᠠᠬᠢ ᠮᠡᠲᠦ᠄
     1. ᠭᠠᠬᠠᠶ ᠵᠢᠨ ᠪᠡᠶ᠎ᠡ ᠵᠢᠨ ᠬᠦᠨᠳᠦ᠎ᠨᠢ 35 ᠺᠢᠯᠣᠭ᠌ᠷᠠᠮ ᠪᠣᠯᠬᠤ᠎ᠠᠴᠠ ᠡᠮᠦᠨ᠎ᠡ ᠡᠳᠦᠷ ᠪᠦᠷᠢ 2 ᠺᠢᠯᠣᠭ᠌ᠷᠠᠮ ᠲᠡᠵᠢᠭᠡᠯ᠂ 2 ᠺᠢᠯᠣᠭ᠌ᠷᠠᠮ ᠳᠠᠪᠤᠰᠤ᠎ᠲᠠᠢ ᠤᠰᠤ ᠥᠭᠭᠦᠨ᠎ᠡ᠃
     2. ᠭᠠᠬᠠᠶ ᠵᠢᠨ ᠪᠡᠶ᠎ᠡ ᠵᠢᠨ ᠬᠦᠨᠳᠦ᠎ᠨᠢ 35 ~ 60 ᠺᠢᠯᠣᠭ᠌ᠷᠠᠮ ᠦᠶᠡᠰ ᠡᠳᠦᠷ ᠪᠦᠷᠢ 2.75 ᠺᠢᠯᠣᠭ᠌ᠷᠠᠮ ᠲᠡᠵᠢᠭᠡᠯ᠂ 5 ᠺᠢᠯᠣᠭ᠌ᠷᠠᠮ ᠳᠠᠪᠤᠰᠤ᠎ᠲᠠᠢ ᠤᠰᠤ ᠥᠭᠭᠦᠨ᠎ᠡ᠃
     3. ᠭᠠᠬᠠᠶ ᠵᠢᠨ ᠪᠡᠶ᠎ᠡ ᠵᠢᠨ ᠬᠦᠨᠳᠦ᠎ᠨᠢ 60 ᠺᠢᠯᠣᠭ᠌ᠷᠠᠮ᠎ᠠᠴᠠ ᠳᠡᠭᠡᠭᠰᠢ ᠦᠶᠡᠰ ᠡᠳᠦᠷ ᠪᠦᠷᠢ 3.5 ᠺᠢᠯᠣᠭ᠌ᠷᠠᠮ ᠲᠡᠵᠢᠭᠡᠯ᠂ 7.5 ᠺᠢᠯᠣᠭ᠌ᠷᠠᠮ ᠳᠠᠪᠤᠰᠤ᠎ᠲᠠᠢ ᠤᠰᠤ ᠥᠭᠭᠦᠨ᠎ᠡ᠃  

ᠢᠷᠡᠯᠲᠡ᠄ ᠦᠪᠦᠷ ᠮᠣᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠰᠠᠶᠢ ᠲᠥᠷᠥᠭᠰᠡᠨ ᠲᠤᠭᠤᠯ᠎ᠢ ᠬᠡᠷᠬᠢᠨ ᠠᠷᠠᠴᠢᠯᠠᠬᠤ ᠪᠤᠢ
ᠬᠣᠨᠢᠨ᠎ᠤ ᠰᠢᠨᠵᠢᠯᠡᠬᠦ ᠤᠬᠠᠭ᠋ᠠᠨᠴᠢ ᠲᠡᠵᠢᠭᠡᠯᠭᠡ
ᠲᠠᠬᠢᠶᠠᠨ ᠰᠦᠷᠦᠭ᠎ᠤᠨ ᠲᠡᠵᠢᠭᠡᠯ ᠪᠤᠷᠳᠤᠭ᠋ᠠᠨ᠎ᠳᠤ ᠸᠢᠲ᠋ᠠᠮᠢᠨ᠎ᠤ ᠬᠡᠮᠵᠢᠶ᠎ᠡ ᠵᠢ ᠨᠡᠮᠡᠭᠳᠡᠭᠦᠯᠬᠦ ᠲᠤᠬᠠᠢ
ᠦᠨᠳᠡᠭᠡᠨ ᠬᠡᠷᠡᠭᠴᠡᠭᠡᠲᠦ ᠲᠠᠬᠢᠶᠠᠨ᠎ᠤ ᠴᠤᠷᠪᠠᠭ᠎ᠠ ᠵᠢ ᠪᠤᠢ᠌ᠵᠢᠭᠤᠯᠬᠤ (ᠨᠢᠭᠡ)
ᠭᠠᠬᠠᠶ ᠲᠡᠵᠢᠭᠡᠬᠦ ᠲᠠᠯᠠᠪᠠᠢ ᠵᠢ ᠴᠤᠬᠤᠢ᠎ᠪᠠᠷ ᠠᠷᠢᠭᠤᠳᠬᠠᠬᠤ᠎ᠳᠤ ᠠᠩᠬᠠᠷᠬᠤ ᠵᠦᠢ᠍ᠯᠡᠰ
 
            