ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠶᠠᠭ᠋ᠠᠬᠢᠪᠡᠯ ᠬᠣᠨᠢ ᠵᠢ ᠰᠠᠢ᠌ᠨ ᠲᠡᠵᠢᠭᠡᠵᠦ ᠴᠢᠳᠠᠬᠤ ᠲᠤᠬᠠᠢ
ᠨᠡᠶ᠋ᠢᠲᠡᠯᠡᠭᠰᠡᠨ ᠴᠠᠭ᠄ 2019-04-16

ᠨᠢᠭᠡ᠂   ᠬᠠᠮᠢᠶᠠᠷᠤᠯᠲᠠ
      ᠳᠠᠷᠤᠢ ᠰᠢᠨᠵᠢᠯᠡᠬᠦ ᠤᠬᠠᠭ᠋ᠠᠨᠴᠢ᠎ᠪᠠᠷ ᠠᠷᠠᠴᠢᠯᠠᠭ᠎ᠠ ᠬᠠᠮᠢᠶᠠᠷᠤᠯᠲᠠ ᠵᠢᠨ ᠠᠷᠭ᠎ᠠ ᠪᠤᠯᠤᠨ᠎ᠠ᠃ ᠠᠵᠤ ᠠᠬᠤᠶ ᠵᠢᠨ ᠦᠷ᠎ᠡ ᠠᠰᠢᠭ ᠵᠶ᠋ᠠᠷ ᠨᠡᠯᠢᠶᠡᠳ ᠰᠠᠢ᠍ᠢ᠍ᠨ ᠬᠣᠨᠢ ᠲᠡᠵᠢᠭᠡᠵᠦ ᠪᠠᠶ᠋ᠢᠭ᠎ᠠ ᠡᠷᠦᠬᠡ ᠵᠢᠨ ᠣᠯᠠᠩᠬᠢ᠎ᠨᠢ ᠬᠣᠨᠢ᠎ᠪᠠᠨ ᠬᠠᠰᠢᠶᠠᠯᠠᠨ ᠲᠡᠵᠢᠭᠡᠵᠦ᠂ ᠡᠪᠡᠰᠦ ᠪᠣᠷᠳᠣᠭ᠎ᠠ᠂ ᠲᠡᠵᠢᠭᠡᠯ ᠪᠣᠷᠳᠣᠭ᠎ᠠ᠎ᠪᠠᠨ ᠵᠦᠢ ᠵᠣᠬᠢᠰᠲᠠᠶ ᠬᠠᠪᠰᠤᠷᠭ᠋ᠠᠨ ᠬᠠᠰᠢᠶᠠᠯᠠᠵᠤ ᠲᠡᠵᠢᠭᠡᠳᠡᠭ᠂ ᠢᠩᠭᠢᠬᠦ᠎ᠨᠢ ᠮᠠᠯᠴᠢᠳ᠎ᠤᠨ ᠬᠥᠳᠡᠯᠮᠥᠷᠢ ᠬᠦᠴᠦ ᠵᠢ ᠠᠷᠪᠢᠯᠠᠵᠤ᠂ ᠮᠡᠷᠭᠡᠵᠢᠯ᠎ᠤᠨ ᠡᠷᠴᠢᠮ ᠵᠶ᠋ᠠᠨ ᠴᠢᠩᠭ᠋ᠠᠷᠠᠭᠤᠯᠬᠤ ᠴᠢᠳᠠᠨ᠎ᠠ᠃
ᠬᠣᠶᠠᠷ᠂   ᠰᠤᠩᠭᠤᠯᠲᠠ
    ᠳᠠᠷᠤᠢ ᠬᠣᠨᠢᠨ ᠰᠦᠷᠦᠭ᠎ᠤᠨ ᠪᠦᠲᠦᠴᠡ ᠵᠢ ᠰᠢᠯᠢᠳᠡᠭᠵᠢᠭᠦᠯᠦᠨ᠎ᠡ᠃ ᠰᠢᠯᠢᠳᠡᠭ᠎ᠢ᠎ᠨᠢ ᠦᠯᠡᠳᠡᠭᠡᠵᠦ ᠰᠢᠭ᠋ᠠᠷᠤ ᠵᠢ᠎ᠨᠢ ᠲᠠᠶᠠᠭᠲᠠᠬᠤ᠎ᠪᠠᠷ ᠳᠠᠮᠵᠢᠨ᠂ ᠵᠢᠯ ᠳᠠᠷᠠᠭ᠋ᠠᠯᠠᠨ ᠬᠥᠭᠰᠢᠨ ᠬᠣᠨᠢ ᠪᠣᠯᠤᠨ ᠦᠢ᠍ᠯᠡᠳᠪᠦᠷᠢᠯᠡᠯ᠎ᠤᠨ ᠴᠢᠳᠠᠪᠬᠢ ᠠᠨᠠᠢ ᠬᠣᠨᠢ ᠵᠢ ᠴᠠᠭ ᠲᠤᠬᠠᠶ᠎ᠳᠤᠨᠢ ᠲᠠᠶᠠᠭᠳᠠᠵᠤ᠂ ᠤᠯᠠᠨ ᠤᠳᠠᠭ᠎ᠠ ᠰᠣᠩᠭᠣᠵᠤ᠂ ᠲᠦᠷᠦᠯ ᠬᠤᠭᠤᠴᠠᠭ᠎ᠠ ᠬᠤᠪᠢᠶᠠᠨ ᠪᠣᠶ᠋ᠢᠵᠢᠭᠤᠯᠵᠤ᠂ ᠲᠤᠬᠠᠶ ᠵᠢᠨ ᠴᠠᠭ ᠦᠶ᠎ᠡ ᠪᠤᠯᠤᠨ ᠵᠠᠬ᠎ᠠ ᠳᠡᠯᠭᠡᠭᠦᠷ᠎ᠤᠨ ᠪᠠᠶ᠋ᠢᠳᠠᠯ᠎ᠳᠤᠨᠢ ᠲᠣᠬᠢᠷᠠᠭᠤᠯᠬᠤ ᠵᠢ ᠪᠠᠷᠢᠮᠲᠠᠯᠠᠵᠤ᠂ ᠠᠯᠬᠤᠮ ᠲᠠᠷᠠᠭ᠎ᠠ᠎ᠲᠠᠢ᠎ᠪᠠᠷ ᠤᠷᠤᠭᠰᠢᠯᠠᠭᠤᠯᠬᠤ ᠵᠠᠷᠴᠢᠮ ᠵᠶ᠋ᠠᠷ ᠬᠣᠨᠢᠨ ᠰᠦᠷᠦᠭ᠎ᠤᠨ ᠪᠦᠲᠦᠴᠡ ᠵᠢ ᠳᠠᠰᠤᠷᠠᠯᠲᠠ ᠦᠭᠡᠢ ᠰᠢᠯᠢᠳᠡᠭᠵᠢᠭᠦᠯᠵᠦ᠂ ᠠᠵᠤ ᠠᠬᠤᠶ ᠵᠢᠨ ᠦᠷ᠎ᠡ ᠠᠰᠢᠭ᠎ᠢ ᠲᠡᠰᠤᠷᠡᠯᠳᠡ ᠦᠭᠡᠢ ᠳᠡᠭᠡᠭᠰᠢᠯᠡᠭᠦᠯᠦᠨ᠎ᠡ᠃ ᠰᠠᠶᠢ ᠲᠥᠷᠦᠭᠰᠡᠨ᠂ ᠰᠦᠨ᠎ᠠᠴᠠ ᠰᠠᠯᠭ᠋ᠠᠬᠤ᠂ ᠨᠢᠭᠡ ᠨᠠᠰᠤᠯᠠᠬᠤ ᠵᠡᠷᠭᠡ ᠭᠤᠷᠪᠠᠨ ᠱᠠᠲᠤ ᠪᠠ ᠦᠷᠡᠵᠢᠯ᠎ᠤᠨ ᠴᠢᠳᠠᠪᠤᠷᠢ ᠵᠢᠴᠢ ᠬᠣᠶ᠋ᠢᠴᠢ ᠦᠶ᠎ᠡ ᠵᠢᠨ ᠬᠢᠨᠢ ᠥᠰᠥᠯᠲᠡ ᠵᠢᠨ ᠬᠤᠷᠳᠤᠴᠠ ᠵᠡᠷᠭᠡ ᠣᠯᠠᠨ ᠲᠠᠯ᠎ᠠ ᠵᠢ ᠴᠢᠬᠤᠯᠠᠴᠢᠯᠠᠨ᠎ᠠ᠃
ᠭᠤᠷᠪᠠ᠂   ᠬᠡᠭᠡᠯᠳᠦᠭᠦᠯᠭᠡ
      ᠥᠭᠡᠷ᠎ᠡ᠎ᠪᠠᠷ ᠬᠡᠯᠡᠪᠡᠯ ᠰᠣᠩᠭᠣᠵᠣ ᠬᠡᠭᠡᠯᠳᠦᠭᠦᠯᠬᠦ ᠪᠠ ᠬᠡᠭᠡᠯᠲᠦᠭᠦᠯᠬᠦ ᠠᠷᠭ᠎ᠠ ᠪᠤᠯᠤᠨ᠎ᠠ᠃ ᠡᠬᠡ ᠮᠠᠯ ᠡᠴᠢᠭᠡ ᠮᠠᠯ᠎ᠤᠨ ᠪᠤᠳᠠᠭ᠋ᠠᠯᠢ ᠪᠡᠶ᠎ᠡ ᠵᠢᠨ ᠰᠣᠩᠭᠣᠯᠲᠠ᠎ᠪᠠᠷ ᠳᠠᠮᠵᠢᠨ᠂ ᠰᠢᠨᠵᠢᠯᠡᠬᠦ ᠤᠬᠠᠭ᠋ᠠᠨᠴᠢ ᠬᠡᠭᠡᠯᠳᠦᠭᠦᠯᠭᠡ ᠵᠢᠨ ᠠᠷᠭ᠎ᠠ ᠵᠢ ᠬᠡᠷᠡᠭᠯᠡᠵᠦ᠂ ᠰᠢᠯᠢᠳᠡᠭ᠎ᠢ᠎ᠨᠢ ᠰᠢᠯᠢᠳᠡᠭ ᠵᠶ᠋ᠡᠷ᠎ᠨᠢ ᠬᠡᠭᠡᠯᠳᠦᠭᠦᠯᠵᠦ᠂ ᠪᠥᠬᠦᠨ᠎ᠢ ᠬᠡᠭᠡᠯᠳᠦᠭᠦᠯᠵᠦ᠂ ᠪᠥᠭᠦᠳᠡ ᠬᠡᠭᠡᠯᠳᠦᠬᠦ ᠵᠣᠷᠢᠯᠭ᠎ᠠ᠎ᠳᠤ ᠬᠦᠷᠦᠨ᠎ᠡ᠃ ᠰᠠᠢ᠍ᠢ᠍ᠨ ᠡᠭᠦᠯᠳᠡᠷ᠎ᠤᠨ ᠦᠷ᠎ᠡ ᠵᠢᠨ ᠮᠠᠯ᠎ᠢ ᠭᠦᠢ᠍ᠴᠡᠳ ᠰᠠᠢ᠍ᠢ᠍ᠨ ᠠᠰᠢᠭᠯᠠᠵᠤ ᠪᠣᠯᠬᠤ ᠮᠥᠷᠲᠡᠭᠡᠨ ᠲᠥᠯᠯᠡᠬᠦ ᠤᠯᠠᠷᠢᠯ᠂ ᠬᠡᠭᠡᠯᠲᠦᠭᠦᠯᠬᠦ ᠳᠠᠪᠲᠠᠮᠵᠢ ᠵᠢ ᠬᠥᠮᠦᠨ᠎ᠤ ᠬᠦᠴᠦ᠎ᠪᠠᠷ ᠡᠵᠡᠮᠰᠢᠵᠦ ᠳᠡᠢ᠌ᠯᠬᠦ ᠪᠤᠯᠭ᠋ᠠᠵᠤ᠂ ᠣᠷᠣᠭ᠎ᠠ ᠵᠢᠭᠳᠡᠷᠡᠭᠦᠯᠬᠦ ᠵᠡᠷᠭᠡ ᠣᠷᠣᠭ᠎ᠠ ᠵᠢ ᠡᠵᠡᠮᠰᠢᠬᠦ ᠮᠡᠷᠭᠡᠵᠢᠯ᠎ᠢ ᠭᠡᠷᠡᠭᠯᠡᠵᠦ᠂ ᠡᠬᠡ ᠮᠠᠯ᠎ᠢ ᠲᠣᠬᠢᠷᠠᠮᠵᠢᠲᠠᠢ ᠴᠠᠭ᠎ᠲᠤ ᠲᠥᠪᠯᠡᠷᠡᠭᠦᠯᠦᠨ ᠣᠷᠣᠭ᠎ᠠ ᠣᠷᠣᠭᠣᠯᠵᠣ᠂ ᠣᠬᠣᠷᠬᠠᠨ ᠬᠤᠭᠤᠴᠠᠭ᠋ᠠᠨ᠎ᠳᠤ ᠬᠡᠭᠡᠯᠳᠦᠭᠦᠯᠦᠨ᠂ ᠬᠡᠭᠡᠯᠳᠦᠭᠦᠯᠬᠦ ᠨᠣᠷᠮ᠎ᠠ᠂ ᠬᠡᠭᠡᠯᠳᠦᠭᠦᠯᠭᠡ ᠵᠢᠨ ᠨᠤᠷᠮ᠎ᠠ ᠵᠢ ᠨᠡᠯᠢᠶᠡᠳ ᠥᠨᠳᠥᠷ ᠪᠣᠯᠭ᠋ᠠᠨ᠂ ᠦᠷᠡᠵᠢᠯ᠎ᠤᠨ ᠨᠠᠰᠤᠨ᠎ᠤ ᠡᠬᠡ ᠮᠠᠯ᠎ᠢ ᠪᠥᠬᠦᠨ᠎ᠢ ᠬᠡᠭᠡᠯᠳᠦᠭᠦᠯᠬᠦ᠎ᠪᠠᠷ ᠪᠠᠷᠠᠬᠤ ᠦᠭᠡᠢ ᠪᠠᠰᠠ ᠬᠤᠷᠠᠭ᠋ᠠᠨ᠎ᠤ ᠶᠠᠰᠤ ᠴᠢᠨᠠᠷ᠎ᠢ ᠳᠡᠭᠡᠭᠰᠢᠯᠡᠭᠦᠯᠦᠨ᠎ᠡ᠃
ᠳᠥᠷᠪᠡ᠂   ᠪᠤᠢ᠌ᠵᠢᠭᠤᠯᠤᠯᠲᠠ
      ᠳᠠᠷᠣᠢ ᠬᠣᠨᠢ ᠪᠣᠶ᠋ᠢᠵᠢᠭᠤᠯᠬᠤ ᠠᠷᠭ᠎ᠠ ᠬᠡᠮᠵᠢᠶ᠎ᠡ᠃ ᠡᠬᠡ ᠮᠠᠯ᠎ᠤᠨ ᠬᠡᠭᠡᠯ᠎ᠤᠨ ᠰᠡᠭᠦᠯᠴᠢ ᠵᠢᠨ ᠬᠣᠭᠣᠴᠠᠭ᠎ᠠ ᠵᠢᠴᠢ ᠬᠥᠬᠥᠯ᠎ᠤᠨ ᠡᠬᠢᠨ᠎ᠤ ᠬᠣᠭᠣᠴᠠᠭ᠋ᠠᠨ᠎ᠳᠤ᠂ ᠵᠦᠢ ᠵᠣᠬᠢᠰᠲᠠᠶ ᠪᠤᠷᠳᠤᠭ᠎ᠠ ᠨᠥᠬᠦᠪᠥᠷᠢᠯᠡᠬᠦ ᠵᠢᠨ ᠬᠠᠮᠲᠤ ᠤᠰᠤᠯᠠᠬᠤ᠂ ᠳᠠᠪᠤᠰᠤ ᠨᠥᠬᠥᠬᠦ ᠪᠠ ᠬᠠᠰᠢᠶ᠎ᠠ ᠰᠠᠷᠠᠪᠴᠢ ᠵᠢᠨ ᠠᠷᠢᠭᠤᠨ ᠴᠡᠪᠡᠷ᠎ᠢ ᠰᠠᠢ᠌ᠳᠣᠷ ᠠᠩᠬᠠᠷᠴᠦ᠂ ᠨᠥᠬᠦᠪᠥᠷᠢ ᠪᠤᠷᠳᠤᠭ᠎ᠠ᠎ᠨᠢ ᠡᠯ᠎ᠡ ᠭᠠᠵᠠᠷ᠎ᠤᠨ ᠪᠤᠷᠳᠤᠭ᠎ᠠ ᠡᠪᠡᠰᠦ ᠵᠢᠴᠢ ᠤᠯᠠᠷᠢᠯ᠂ ᠡᠬᠡ ᠮᠠᠯ᠎ᠤᠨ ᠪᠠᠶ᠋ᠢᠳᠠᠯ᠎ᠤᠨ ᠠᠳᠠᠯᠢ ᠪᠤᠰᠤ ᠵᠢ ᠦᠨᠳᠦᠰᠦᠯᠡᠨ᠎ᠡ᠂ ᠨᠠᠷᠢᠯᠢᠭ ᠪᠣᠷᠳᠣᠭ᠎ᠠ᠎ᠨᠢ ᠡᠷᠳᠡᠨᠢ ᠰᠢᠰᠢ 51%᠂ ᠬᠡᠪᠡᠭ 8%᠂ ᠪᠣᠣᠪᠣ ᠵᠢᠨ ᠲᠥᠷᠥᠯ 23%᠂ ᠴᠠᠷᠭ᠋ᠠᠰᠤ ᠵᠢᠨ ᠲᠠᠯᠬ᠎ᠠ 10%᠂ ᠶᠠᠰᠤᠨ ᠲᠠᠯᠬ᠎ᠠ 3%᠂ ᠢᠳᠡᠰᠢᠨ ᠳᠠᠪᠤᠰᠤ 2%᠂ ᠹᠣᠰᠹᠣᠷ ᠬᠦᠴᠢᠯ᠎ᠤᠨ ᠤᠰᠤᠲᠥ᠋ᠷᠥᠭᠴᠢᠲᠦ ᠺᠠᠯᠼ 3% ᠵᠡᠷᠭᠡ᠎ᠪᠠᠷ ᠪᠥᠷᠢᠯᠳᠦᠭᠦᠯᠵᠦ᠂ ᠡᠷᠲᠡ ᠣᠷᠣᠶ ᠬᠣᠶᠠᠷ ᠤᠳᠠᠭ᠎ᠠ ᠬᠤᠪᠢᠶᠠᠨ ᠪᠤᠷᠳᠤᠭ᠎ᠠ ᠨᠥᠬᠦᠪᠥᠷᠢᠯᠡᠬᠦ ᠪᠥᠭᠡᠳ ᠵᠣᠬᠢᠬᠤ ᠬᠡᠮᠵᠢᠶᠡᠨ᠎ᠤ ᠴᠢᠨᠠᠷ ᠰᠠᠶ᠋ᠢᠲᠠᠶ ᠲᠡᠵᠢᠭᠡᠯ ᠡᠪᠡᠰᠦ ᠥᠭᠭᠦᠨ᠎ᠡ᠃
ᠲᠠᠪᠤ᠂   ᠰᠡᠷᠭᠡᠢ᠌ᠯᠡᠯᠲᠡ
      ᠥᠭᠡᠷ᠎ᠡ᠎ᠪᠠᠷ ᠬᠡᠯᠡᠪᠡᠯ ᠡᠪᠡᠳᠴᠢᠨ᠎ᠢ ᠤᠷᠢᠳᠴᠢᠯᠠᠨ ᠰᠡᠷᠭᠡᠢ᠌ᠯᠡᠨ᠎ᠡ᠃ ᠬᠡᠪ᠎ᠤᠨ ᠰᠡᠷᠭᠡᠶ᠋ᠢᠯᠡᠬᠦ ᠲᠠᠷᠢᠯᠭ᠎ᠠ ᠬᠢᠬᠦ᠎ᠠᠴᠠ ᠭᠠᠳᠠᠨ᠎ᠠ᠂ ᠨᠣᠣᠰᠣ ᠬᠠᠢ᠌ᠴᠢᠯᠠᠭᠰᠠᠨ᠎ᠤ ᠳᠠᠷᠠᠭ᠎ᠠ ᠡᠮᠲᠦ ᠤᠭᠢᠶᠠᠯᠭ᠎ᠠ ᠬᠢᠵᠦ᠂ ᠵᠢᠯ ᠪᠤᠯᠭ᠋ᠠᠨ᠎ᠤ ᠬᠠᠪᠤᠷ ᠨᠠᠮᠤᠷ ᠬᠣᠶᠠᠷ ᠤᠯᠠᠷᠢᠯ᠎ᠳᠤ   ᠴᠥᠩ ᠺᠸ ᠰᠢᠩ (虫克星) ᠵᠡᠷᠭᠡ ᠵᠢ ᠬᠡᠷᠡᠭᠯᠡᠵᠦ ᠬᠣᠷᠣᠬᠠᠶ ᠬᠥᠭᠡᠭᠡᠨ᠎ᠡ᠃ ᠡᠭᠦᠨ᠎ᠤ ᠬᠠᠮᠲᠤ ᠬᠥᠳᠡᠯᠭᠡᠭᠡᠨ᠎ᠤ ᠲᠠᠯᠠᠪᠤᠷ᠂ ᠬᠠᠰᠢᠶ᠎ᠠ ᠰᠠᠷᠠᠪᠴᠢ ᠵᠢᠨ ᠡᠭᠦᠳᠡᠨ ᠳᠡᠭᠡᠷ᠎ᠡ᠎ᠨᠢ ᠡᠪᠡᠰᠦ ᠮᠣᠳᠣᠨ᠎ᠤ ᠦᠨᠡᠰᠦ ᠵᠡᠷᠭᠡ ᠵᠢ ᠰᠦᠷᠴᠢᠵᠦ ᠠᠷᠢᠭᠤᠳᠬᠠᠨ᠎ᠠ᠂ ᠬᠡᠪ᠎ᠤᠨ ᠪᠤᠰᠤ ᠪᠤᠶᠤ ᠡᠪᠡᠳᠴᠢᠨ᠎ᠲᠠᠢ ᠬᠣᠨᠢ ᠵᠢ ᠳᠤᠰᠠᠭ᠋ᠠᠷᠯᠠᠨ ᠡᠮᠨᠡᠵᠦ᠂ ᠡᠪᠡᠳᠴᠢᠯᠡᠬᠦ ᠨᠤᠷᠮ᠎ᠠ ᠪᠠ ᠦᠬᠦᠯᠲᠡ ᠵᠢᠨ ᠨᠤᠷᠮ᠎ᠠ ᠵᠢ ᠪᠠᠭᠤᠷᠠᠭᠤᠯᠤᠨ᠎ᠠ᠃

ᠢᠷᠡᠯᠲᠡ᠄ ᠦᠪᠦᠷ ᠮᠤᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ᠎ᠤ ᠲᠢᠩᠬᠢᠮ
          
ᠬᠠᠮᠢᠶ᠎ᠡ ᠪᠦᠬᠦᠢ ᠰᠣᠨᠢᠨ
ᠦᠬᠡᠷ ᠬᠣᠨᠢ ᠨᠠᠷᠢᠯᠢᠭ ᠪᠣᠷᠳᠣᠭ᠎ᠠ ᠵᠢ ᠬᠡᠲᠦ ᠢᠳᠡᠰᠢᠯᠡᠭᠰᠡᠨ᠎ᠤ ᠳᠠᠷᠠᠭ᠋ᠠᠬᠢ ᠪᠠᠴᠢᠮ ᠪᠠᠶ᠋ᠢᠳᠠᠯ᠎ᠢ ᠠᠷᠭ᠋ᠠᠴᠠᠬᠤ ᠠᠷᠭ᠎ᠠ
ᠥᠨᠳᠡᠭᠡᠨ ᠲᠠᠬᠢᠶᠠᠨ᠎ᠤ ᠭᠠᠷᠤᠯᠲᠠ ᠵᠢ ᠲᠣᠭᠲᠠᠪᠤᠷᠢᠵᠢᠭᠤᠯᠬᠤ ᠬᠠᠮᠢᠶᠠᠷᠤᠯᠲᠠ ᠵᠢᠨ ᠮᠡᠷᠭᠡᠵᠢᠯ
ᠬᠣᠨᠢᠨ᠎ᠤ ᠲᠡᠵᠢᠭᠡᠯ ᠪᠣᠷᠳᠤᠭ᠋ᠠᠨ᠎ᠳᠤ ᠪᠠᠭ᠎ᠠ ᠰᠦᠲᠠ ᠨᠡᠮᠡᠬᠦ ᠵᠢᠨ ᠦᠢ᠍ᠯᠡᠳᠦᠯ ᠪᠠ ᠬᠡᠷᠡᠭᠯᠡᠬᠦ᠎ᠳᠤ ᠠᠩᠬᠠᠷᠬᠤ ᠵᠦᠢ᠍ᠯ
ᠵᠤᠨ᠎ᠤ ᠤᠯᠠᠷᠢᠯ᠎ᠳᠤ ᠭᠠᠬᠠᠢ ᠲᠡᠵᠢᠭᠡᠬᠦ᠎ᠳᠤ ᠠᠩᠬᠠᠷᠬᠤ ᠵᠦᠢ᠍ᠯ
ᠰᠠᠶᠢ ᠲᠥᠷᠥᠭᠰᠡᠨ ᠲᠤᠭᠤᠯ᠎ᠢ ᠬᠡᠷᠬᠢᠨ ᠠᠷᠠᠴᠢᠯᠠᠬᠤ ᠪᠤᠢ
 
            