ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠠᠮᠤᠭᠤᠯᠠᠩᠲᠤ᠌ ᠬᠥᠳᠡᠭᠡ   -   ᠪᠠᠶᠠᠨ ᠰᠦᠷᠦᠭ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠨᠡᠶ᠋ᠢᠲᠡᠯᠡᠭᠰᠡᠨ ᠴᠠᠭ᠄ 2021-05-24

      ᠯᠠᠩ ᠱᠠᠨ ᠲᠠᠬᠢᠶ᠎ᠠ (狼山鸡) ᠪᠣᠯ ᠮᠠᠨ᠎ᠤ ᠣᠯᠣᠰ᠎ᠤᠨ ᠤᠳᠠᠭ᠋ᠠᠨ ᠣᠨ᠎ᠤ ᠲᠡᠦᠬᠡ᠎ᠲᠠᠢ ᠬᠤᠤᠰ ᠬᠡᠷᠡᠭᠴᠡᠭᠡᠲᠦ ᠲᠠᠬᠢᠶᠠᠨ᠎ᠤ ᠡᠭᠦᠯᠳᠡᠷ ᠮᠦᠨ᠃ ᠤᠭ ᠨᠤᠲᠤᠭ᠎ᠨᠢ ᠬᠦᠬᠡ ᠮᠦᠷᠡᠨ᠎ᠤ ᠭᠤᠷᠪᠠᠯᠵᠢᠨ ᠬᠣᠢ᠌ᠭ᠎ᠤᠨ ᠤᠮᠠᠷᠠᠳᠠᠬᠢ ᠵᠢᠶᠠᠩᠰᠤ ᠮᠣᠵᠢ ᠵᠢᠨ ᠿᠦ᠍ ᠳ᠋ᠦᠩ ᠰᠢᠶᠠᠨ ᠪᠣᠯᠣᠨ᠎ᠠ᠃ ᠲᠦᠩ ᠵᠧᠦ ᠬᠤᠲᠠ᠎ᠳᠤ ᠪᠠᠰᠠ ᠲᠠᠷᠬᠠᠵᠤ ᠪᠠᠢ᠌ᠳᠠᠭ᠃ ᠲᠡᠭᠦᠨ᠎ᠤ ᠬᠤᠳᠠᠯᠳᠤᠭ᠎ᠠ ᠠᠷᠠᠯᠵᠢᠶ᠎ᠠ ᠵᠢᠨ ᠭᠠᠵᠠᠷ᠎ᠨᠢ ᠨᠠᠨᠲ᠋ᠦ᠋ᠩ ᠭᠠᠷᠠᠮ᠂ ᠲᠡᠭᠦᠨ᠎ᠤ ᠤᠢ᠌ᠷᠠᠯᠴᠠᠭ᠎ᠠ ᠦᠵᠡᠮᠵᠢ ᠵᠢᠨ ᠤᠷᠤᠨ ᠯᠠᠩ ᠱᠠᠨ ᠠᠭᠤᠯᠠ ᠪᠠᠢ᠌ᠳᠠᠭ᠎ᠠᠴᠠ ᠡᠢ᠌ᠮᠦᠷᠬᠦ ᠨᠡᠷᠡᠢ᠌ᠳᠦᠯ᠎ᠲᠠᠢ ᠪᠣᠯᠪᠠ᠃ ᠲᠤᠰ ᠡᠭᠦᠯᠳᠡᠷ᠎ᠤᠨ ᠲᠠᠬᠢᠶ᠎ᠠ 1872 ᠤᠨ᠎ᠳᠤ ᠤᠷᠢᠳᠠᠪᠡᠷ ᠠᠩᠭ᠍ᠯᠢ ᠣᠯᠣᠰ᠎ᠲᠤ ᠪᠤᠷᠤᠯᠠᠭᠤᠯᠤᠭᠳᠠᠵᠣ᠂ ᠵᠠᠯᠭ᠋ᠠᠭ᠋ᠠᠳ ᠪᠤᠰᠤᠳ ᠣᠯᠣᠰ᠎ᠲᠤ ᠲᠠᠷᠬᠠᠵᠠᠢ᠃ ᠲᠤᠰ ᠲᠠᠬᠢᠶᠠᠨ᠎ᠤ ᠦᠪᠡᠷᠮᠢᠴᠡ ᠤᠨᠴᠠᠯᠢᠭ ᠪᠠ ᠣᠬᠢ ᠰᠢᠯᠢᠳᠡᠭ ᠴᠢᠨᠠᠷ᠎ᠨᠢ ᠡᠯ᠎ᠡ ᠣᠯᠣᠰ᠎ᠤᠨ ᠰᠠᠢ᠌ᠨ ᠦᠨᠡᠯᠡᠯᠲᠡ ᠵᠢ ᠶᠡᠬᠡᠪᠡᠷ ᠣᠯᠵᠣ᠂ ᠤᠨᠴᠠ ᠡᠭᠦᠯᠳᠡᠷ᠎ᠤᠨ ᠵᠢᠷᠤᠭ ᠲᠤᠪᠬᠢᠮᠠᠯ᠎ᠳᠤ ᠤᠷᠤᠭᠰᠠᠨ ᠪᠠᠢ᠌ᠨ᠎ᠠ᠃ ᠭᠠᠳᠠᠭ᠋ᠠᠳᠤ᠎ᠳᠤ ᠯᠠᠩ ᠱᠠᠨ ᠲᠠᠬᠢᠶ᠎ᠠ ᠵᠢ ᠪᠠᠰᠠ ᠦᠭᠡᠷ᠎ᠡ ᠡᠭᠦᠯᠳᠡᠷ᠎ᠤᠨ ᠲᠠᠬᠢᠶ᠎ᠠ᠎ᠲᠠᠢ ᠡᠷᠯᠢᠰᠡᠵᠢᠭᠦᠯᠵᠦ᠂ ᠣᠣ ᠵᠧᠦ ᠵᠢᠨ ᠬᠠᠷ᠎ᠠ ᠲᠠᠬᠢᠶ᠎ᠠ᠂ ᠣᠣ ᠫᠠᠨ ᠳ᠋ᠣᠨ ᠵᠡᠷᠭᠡ ᠰᠢᠨ᠎ᠡ ᠡᠭᠦᠯᠳᠡᠷ᠎ᠢ ᠪᠣᠢ᠌ᠵᠢᠭᠣᠯᠵᠣ᠂ ᠳᠡᠯᠡᠬᠡᠢ ᠵᠢᠨ ᠲᠡᠵᠢᠭᠡᠪᠦᠷᠢ ᠦᠢ᠍ᠯᠡᠰ᠎ᠲᠤ ᠬᠤᠪᠢ ᠨᠠᠮᠠᠷᠢ ᠦᠵᠡᠭᠦᠯᠵᠡᠢ᠃ ᠪᠦᠭᠦᠳᠠ ᠨᠠᠢ᠌ᠷᠠᠮᠳᠠᠬᠤ ᠳᠣᠮᠳᠠᠳᠣ ᠠᠷᠠᠳ ᠣᠯᠣᠰ ᠪᠠᠢ᠌ᠭᠤᠯᠤᠭᠳᠠᠭᠰᠠᠨ᠎ᠠᠴᠠ ᠨᠠᠰᠢ᠂ ᠬᠠᠮᠢᠶ᠎ᠠ ᠪᠦᠬᠦᠢ ᠨᠢᠭᠡᠴᠡ ᠲᠤᠰ ᠡᠭᠦᠯᠳᠡᠷ᠎ᠤᠨ ᠲᠠᠬᠢᠶᠠᠨ᠎ᠳᠤ ᠡᠭᠦᠯᠳᠡᠷ ᠬᠠᠮᠠᠭ᠋ᠠᠯᠠᠬᠤ᠂ ᠰᠣᠳᠣᠯᠣᠯᠭ᠎ᠠ ᠬᠢᠬᠦ ᠪᠠ ᠨᠡᠬᠡᠭᠡᠨ ᠠᠰᠢᠭᠯᠠᠯᠲᠠ ᠬᠢᠭᠰᠡᠨ᠎ᠠᠴᠠ ᠲᠤᠰ ᠲᠠᠬᠢᠶᠠᠨ᠎ᠤ ᠴᠢᠨᠠᠷ ᠴᠢᠨᠰᠠᠭ᠎ᠠ ᠳᠡᠭᠡᠭᠰᠢᠯᠡᠯᠲᠡ᠎ᠲᠠᠢ ᠪᠣᠯᠵᠣ᠂ ᠡᠭᠦᠯᠳᠡᠷ ᠤᠭᠰᠠᠭ᠎ᠠ᠎ᠨᠢ ᠴᠤ᠌ ᠦᠷᠭᠡᠵᠢᠨ ᠳᠡᠯᠭᠡᠷᠡᠵᠦ ᠣᠯᠣᠰ᠎ᠤᠨ ᠳᠤᠲᠤᠭ᠋ᠠᠳᠤ᠎ᠳᠤ ᠪᠠᠰᠠ ᠶᠡᠬᠡ ᠬᠡᠪᠴᠢᠶ᠎ᠡ᠎ᠪᠠᠷ ᠲᠠᠷᠬᠠᠵᠤ ᠲᠦᠭᠡᠮᠡᠯᠵᠢᠯᠡᠭᠳᠡᠵᠡᠢ᠃
      (ᠨᠢᠭᠡ) ᠪᠡᠶ᠎ᠡ ᠭᠠᠯᠪᠢᠷ
     1. ᠭᠠᠳᠠᠷ ᠳᠦᠷᠰᠦ ᠵᠢᠨ ᠤᠨᠴᠠᠯᠢᠭ
      ᠯᠠᠩ ᠱᠠᠨ ᠲᠠᠬᠢᠶ᠎ᠠ ᠵᠢ ᠬᠦᠨᠳᠦ᠂ ᠬᠦᠩᠭᠡᠨ ᠭᠡᠵᠦ ᠬᠤᠶᠠᠷ ᠲᠦᠷᠦᠯ ᠬᠤᠪᠢᠶᠠᠨ᠎ᠠ᠃ ᠯᠠᠩ ᠱᠠᠨ ᠲᠠᠬᠢᠶ᠎ᠠ ᠵᠢᠨ ᠦᠳᠦᠨ᠎ᠤ ᠦᠩᠭᠡ᠎ᠨᠢ ᠬᠠᠷ᠎ᠠ᠂ ᠰᠢᠷ᠎ᠠ ᠪᠠ ᠴᠠᠭ᠋ᠠᠨ ᠭᠤᠷᠪᠠᠨ ᠵᠦᠢ᠍ᠯ ᠪᠠᠢ᠌ᠳᠠᠭ᠃ ᠭᠡᠪᠡᠴᠦ ᠴᠣᠯ ᠬᠠᠷ᠎ᠠ ᠦᠩᠭᠡ᠎ᠪᠠᠷ ᠭᠣᠣᠯᠯᠠᠵᠤ᠂ ᠴᠠᠭ᠋ᠠᠨ ᠦᠩᠭᠡ ᠬᠠᠮᠤᠭ ᠴᠦᠬᠡᠨ᠂ ᠬᠣᠯᠢᠯᠳᠤᠭᠰᠠᠨ ᠦᠳᠦ᠎ᠲᠠᠢ ᠲᠠᠬᠢᠶ᠎ᠠ ᠪᠠᠷᠤᠭ ᠪᠠᠢ᠌ᠳᠠᠭ ᠦᠭᠡᠢ᠂ ᠦᠷᠪᠡᠯᠭᠡ ᠪᠠ ᠰᠢᠯᠪᠢᠨ ᠦᠳᠦ ᠪᠠᠢ᠌ᠬᠤ ᠡᠰᠡᠬᠦ᠎ᠪᠠᠷ᠎ᠨᠢ ᠪᠠᠰᠠ ᠬᠡᠳᠦᠨ ᠲᠦᠷᠦᠯ ᠬᠤᠪᠢᠶᠠᠵᠤ ᠪᠤᠯᠤᠨ᠎ᠠ᠃ ᠤᠳᠤᠬᠠᠨ᠎ᠤ ᠨᠡᠯᠢᠶᠡᠳ ᠨᠢᠭᠡᠲᠦᠯᠲᠡᠢ ᠪᠡᠶ᠎ᠡ ᠵᠢᠨ ᠬᠡᠯᠪᠡᠷᠢ᠎ᠨᠢ ᠦᠷᠪᠡᠯᠭᠡ ᠦᠭᠡᠢ ᠲᠠᠬᠢᠶ᠎ᠠ ᠵᠢᠨ ᠲᠦᠷᠦᠯ ᠪᠤᠯᠤᠨ᠎ᠠ᠃
      ᠯᠠᠩ ᠱᠠᠨ ᠲᠠᠬᠢᠶ᠎ᠠ ᠵᠢᠨ ᠲᠤᠯᠤᠭ᠋ᠠᠢ᠎ᠨᠢ ᠪᠤᠭᠤᠨᠢ ᠪᠦᠮᠪᠦᠷᠢᠬᠡᠨ᠂ ᠨᠢᠳᠦ᠎ᠨᠢ ᠲᠤᠮᠤ ᠭᠡᠷᠡᠯᠲᠡᠢ᠂ ᠰᠡᠴᠢᠭ᠎ᠤᠨ ᠬᠢᠨᠢ ᠤᠷᠤᠢ᠎ᠨᠢ 5~6 ᠪᠠᠢ᠌ᠳᠠᠭ᠃ ᠨᠢᠭᠤᠷ᠂ ᠮᠤᠨᠴᠣᠭ ᠵᠢᠴᠢ ᠴᠢᠬᠢᠨ ᠳᠡᠯᠪᠢ᠎ᠨᠢ ᠭᠠᠯ ᠤᠯᠠᠭ᠋ᠠᠨ᠂ ᠰᠣᠯᠣᠩᠭ᠋ᠠᠨ ᠪᠦᠷᠬᠦᠪᠴᠢ᠎ᠨᠢ ᠰᠢᠷ᠎ᠠ᠂ ᠬᠤᠭᠤᠷᠤᠨᠳᠤ᠎ᠨᠢ ᠰᠢᠷ᠎ᠠ ᠪᠣᠷᠣ ᠬᠣᠯᠢᠯᠳᠤᠭᠰᠠᠨ ᠪᠠᠢ᠌ᠳᠠᠭ᠃ ᠬᠤᠰᠢᠭᠤ᠎ᠨᠢ ᠬᠠᠷ᠎ᠠ ᠬᠦᠷᠡᠩ ᠦᠩᠭᠡ᠎ᠲᠠᠢ᠂ ᠦᠵᠦᠭᠦᠷ᠎ᠤᠨ ᠬᠡᠰᠡᠭ᠎ᠨᠢ ᠵᠢᠭ᠋ᠠᠬᠠᠨ ᠭᠡᠢ᠌ᠪᠡᠷ᠃
      ᠯᠠᠩ ᠱᠠᠨ ᠲᠠᠬᠢᠶᠠᠨ᠎ᠤ ᠪᠡᠶ᠎ᠡ ᠪᠢᠯᠳᠠᠷ᠎ᠨᠢ ᠬᠦᠳᠡᠷ ᠲᠤᠮᠤ᠂ ᠣᠯᠠᠩᠬᠢ᠎ᠨᠢ ᠴᠣᠯ ᠬᠠᠷ᠎ᠠ ᠦᠩᠭᠡ᠎ᠲᠠᠢ᠂ ᠦᠳᠦ᠎ᠨᠢ ᠨᠢᠭᠲᠠ᠂ ᠲᠤᠯᠤᠭ᠋ᠠᠢ᠎ᠨᠢ ᠭᠡᠳᠡᠭᠡᠷ᠂ ᠰᠡᠭᠦᠯ᠎ᠨᠢ ᠡᠷᠲᠡᠭᠡᠷ᠂ ᠨᠢᠷᠤᠭᠤ᠎ᠨᠢ ᠵᠢᠭ᠋ᠠᠬᠠᠨ ᠮᠢᠳᠠᠭ᠋ᠠᠷ᠃ ᠢᠯᠡᠷᠬᠡᠢ 《U》 ᠦᠰᠦᠭ᠎ᠤᠨ ᠬᠡᠯᠪᠡᠷᠢᠲᠡᠢ ᠪᠠᠢ᠌ᠳᠠᠭ᠃ ᠲᠡᠭᠦᠨ᠎ᠤ ᠠᠷᠠᠰᠤ᠎ᠨᠢ ᠴᠠᠭ᠋ᠠᠨ ᠦᠩᠭᠡ᠎ᠲᠠᠢ᠂ ᠰᠢᠯᠪᠢ᠎ᠨᠢ ᠬᠠᠷ᠎ᠠ ᠪᠠᠢ᠌ᠳᠠᠭ᠃
      ᠯᠠᠩ ᠱᠠᠨ ᠲᠠᠬᠢᠶ᠎ᠠ ᠵᠢᠨ ᠰᠠᠶᠢ ᠨᠡᠪᠴᠢᠭᠰᠡᠨ ᠴᠤᠷᠪᠠᠭ᠎ᠠ᠎ᠨᠢ ᠮᠠᠩᠨᠠᠢ᠂ ᠬᠡᠪᠡᠯᠢ ᠵᠢᠨ ᠬᠡᠰᠡᠭ ᠵᠢᠴᠢ ᠬᠣᠶᠠᠷ ᠵᠢᠭᠦᠷ᠎ᠤᠨ ᠦᠵᠦᠭᠦᠷ᠎ᠨᠢ ᠰᠢᠷᠠᠪᠲᠤᠷ ᠦᠩᠭᠡ᠎ᠲᠠᠢ᠂ ᠦᠳᠦ ᠰᠣᠯᠢᠬᠣ ᠦᠶ᠎ᠡ᠎ᠳᠤ ᠰᠠᠶᠢ ᠪᠦᠬᠦᠨ ᠵᠶ᠋ᠡᠷ ᠵᠶ᠋ᠡᠨ ᠬᠠᠷ᠎ᠠ ᠦᠩᠭᠡ᠎ᠲᠠᠢ ᠪᠤᠯᠳᠠᠭ᠃ ᠡᠨᠡ ᠪᠣᠯ ᠲᠡᠭᠦᠨ᠎ᠤ ᠪᠤᠰᠤᠳ ᠬᠠᠷ᠎ᠠ ᠦᠳᠦ᠎ᠲᠠᠢ ᠲᠠᠬᠢᠶᠠᠨ᠎ᠠᠴᠠ ᠤᠨᠴᠠᠯᠢᠭᠳᠠᠬᠤ ᠢᠯᠭ᠋ᠠᠭ᠎ᠠ ᠪᠣᠯᠣᠨ᠎ᠠ᠃ ᠨᠠᠰᠤ ᠭᠦᠢ᠍ᠴᠡᠭᠰᠡᠨ᠎ᠤ ᠳᠠᠷᠠᠭ᠎ᠠ ᠬᠠᠶᠠ᠎ᠳᠠᠭᠠᠨ ᠵᠢᠭᠦᠷ ᠳᠡᠭᠡᠷ᠎ᠡ᠎ᠨᠢ ᠴᠠᠭ᠋ᠠᠨ ᠲᠤᠯᠪᠤ ᠭᠠᠷᠳᠠᠭ᠃
     2. ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ
      ᠯᠠᠩ ᠱᠠᠨ ᠲᠠᠬᠢᠶ᠎ᠠ ᠵᠢᠨ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ᠎ᠨᠢ ᠬᠦᠰᠦᠨᠦᠭᠲᠦ 2 -3᠎ᠳᠤ ᠦᠵᠡᠭᠦᠯᠦᠭᠰᠡᠨ ᠮᠡᠲᠦ᠃
      ᠬᠦᠰᠦᠨᠦᠭᠲᠦ 2 - 3   ᠨᠠᠰᠤ ᠭᠦᠢ᠍ᠴᠡᠭᠰᠡᠨ ᠯᠠᠩ ᠱᠠᠨ ᠲᠠᠬᠢᠶ᠎ᠠ ᠵᠢᠨ ᠪᠡᠶ᠎ᠡ ᠵᠢᠨ ᠵᠢᠩ᠂ ᠪᠡᠶ᠎ᠡ ᠵᠢᠨ ᠬᠡᠮᠵᠢᠶ᠎ᠡ


     (ᠬᠤᠶᠠᠷ) ᠦᠢ᠍ᠯᠡᠳᠪᠦᠷᠢᠯᠡᠯ᠎ᠤᠨ ᠴᠢᠳᠠᠪᠤᠷᠢ
     1. ᠦᠨᠳᠡᠭᠡᠯᠡᠬᠦ ᠴᠢᠳᠠᠪᠤᠷᠢ
      ᠨᠠᠨᠲ᠋ᠦ᠋ᠩ᠎ᠤᠨ ᠦᠷ᠎ᠡ ᠵᠢᠨ ᠲᠠᠬᠢᠶᠠᠨ᠎ᠤ ᠲᠠᠯᠠᠪᠠᠢ ᠪᠠ ᠿᠦ᠍ ᠳ᠋ᠦᠩ ᠰᠢᠶᠠᠨ᠎ᠤ ᠦᠷ᠎ᠡ ᠵᠢᠨ ᠲᠠᠬᠢᠶᠠᠨ᠎ᠤ ᠲᠠᠯᠠᠪᠠᠢ ᠵᠢᠨ ᠬᠡᠮᠵᠢᠨ ᠲᠤᠭᠲᠠᠭ᠋ᠠᠭᠰᠠᠨ᠎ᠢ ᠦᠨᠳᠦᠰᠦᠯᠡᠪᠡᠯ᠂ ᠣᠳᠣᠬᠠᠨ᠎ᠳᠤ ᠯᠠᠩ ᠱᠠᠨ ᠲᠠᠬᠢᠶ᠎ᠠ᠎ᠨᠢ ᠵᠢᠯ᠎ᠳᠤ 160~170 ᠦᠨᠳᠡᠭᠡ ᠦᠨᠳᠡᠭᠡᠯᠡᠵᠦ᠂ ᠬᠠᠮᠤᠭ ᠠᠷᠪᠢᠨ᠎ᠳᠠᠭᠠᠨ 282 ᠦᠨᠳᠡᠭᠡᠯᠡᠨ᠎ᠡ᠃ ᠦᠨᠳᠡᠭᠡᠨ᠎ᠤ ᠳᠣᠮᠳᠠᠴᠢ ᠬᠦᠨᠳᠦ ᠵᠢᠨ ᠬᠡᠮᠵᠢᠶ᠎ᠡ 58.7g ᠶᠣᠮ᠃
     2. ᠮᠢᠬᠠᠨ᠎ᠤ ᠭᠠᠷᠴᠠ (ᠬᠦᠰᠦᠨᠦᠭᠲᠦ 2 - 4᠎ᠳᠤ ᠦᠵᠡᠭᠡᠷᠡᠢ)
      ᠬᠦᠰᠦᠨᠦᠭᠲᠦ 2 - 4     ᠯᠠᠩ ᠱᠠᠨ ᠲᠠᠬᠢᠶᠠᠨ᠎ᠤ ᠮᠢᠬᠠᠨ᠎ᠤ ᠭᠠᠷᠴᠠ



      ᠯᠠᠩ ᠱᠠᠨ ᠲᠠᠬᠢᠶ᠎ᠠ᠎ᠨᠢ ᠦᠨᠳᠡᠭᠡ ᠮᠢᠬ᠎ᠠ ᠵᠢᠨ ᠬᠤᠤᠰ ᠬᠡᠷᠡᠭᠴᠡᠭᠡᠲᠦ ᠲᠠᠬᠢᠶ᠎ᠠ ᠪᠤᠯᠤᠨ᠎ᠠ᠃
     3. ᠦᠷᠡᠵᠢᠬᠦ ᠴᠢᠳᠠᠪᠤᠷᠢ
      ᠯᠠᠩ ᠱᠠᠨ ᠲᠠᠬᠢᠶ᠎ᠠ᠎ᠨᠢ ᠬᠡᠪ᠎ᠤᠨ ᠪᠠᠢ᠌ᠳᠠᠯ ᠳᠤᠤᠷ᠎ᠠ ᠡᠷᠡᠭᠴᠢᠨ ᠡᠮᠡᠭᠴᠢᠨ᠎ᠤ ᠬᠠᠷᠢᠴᠠᠯ᠎ᠨᠢ 1∶15~20 ᠪᠠᠢ᠌ᠵᠤ᠂ ᠪᠡᠯᠴᠢᠭᠡᠷᠯᠡᠭᠦᠯᠬᠦ ᠨᠦᠭᠦᠴᠡᠯ ᠳᠤᠤᠷ᠎ᠠ 1∶20~30 ᠬᠦᠷᠳᠡᠭ᠃ ᠦᠷ᠎ᠡ ᠵᠢᠨ ᠲᠠᠬᠢᠶᠠᠨ ᠲᠠᠯᠠᠪᠠᠢ ᠵᠢᠨ ᠪᠦᠷᠢᠳᠭᠡᠯ᠎ᠢ ᠦᠨᠳᠦᠰᠦᠯᠡᠪᠡᠯ᠂ ᠡᠷᠡᠭᠴᠢᠨ ᠡᠮᠡᠭᠴᠢᠨ᠎ᠤ ᠬᠠᠷᠢᠴᠠᠯ᠎ᠨᠢ 1∶18~20 ᠵᠢᠨ ᠪᠠᠢ᠌ᠳᠠᠯ᠎ᠳᠤ ᠦᠷ᠎ᠡ ᠵᠢᠨ ᠦᠨᠳᠡᠭᠡᠨ᠎ᠤ ᠦᠷ᠎ᠡ ᠲᠤᠭᠲᠠᠬᠤ ᠨᠤᠷᠮ᠎ᠠ᠎ᠨᠢ 90.62% ᠬᠦᠷᠳᠡᠭ᠃ ᠦᠷ᠎ᠡ ᠲᠤᠭᠲᠠᠭᠰᠠᠨ ᠦᠨᠳᠡᠭᠡᠨ᠎ᠤ ᠨᠡᠪᠴᠢᠯᠲᠡ ᠵᠢᠨ ᠨᠤᠷᠮ᠎ᠠ᠎ᠨᠢ 80.85% ᠪᠠᠢ᠌ᠵᠤ᠂ ᠰᠣᠩᠭᠣᠵᠣ ᠪᠣᠢ᠌ᠵᠢᠭᠣᠯᠬᠣ᠎ᠪᠠᠷ ᠳᠠᠮᠵᠢᠭ᠋ᠠᠳ ᠯᠠᠩ ᠱᠠᠨ ᠲᠠᠬᠢᠶ᠎ᠠ ᠵᠢᠨ ᠪᠡᠯᠭᠡ ᠪᠣᠯᠪᠠᠰᠤᠷᠠᠬᠤ ᠬᠤᠭᠤᠴᠠᠭ᠎ᠠ᠎ᠨᠢ 208 ᠡᠳᠦᠷ᠂ ᠡᠭᠦᠷᠯᠡᠬᠦ ᠨᠤᠷᠮ᠎ᠠ᠎ᠨᠢ ᠨᠢᠭᠡᠨᠲᠡ ᠳᠤᠷᠤᠭᠰᠢᠯᠠᠭ᠋ᠠᠳ 11.89%᠎ᠲᠤ ᠬᠦᠷᠴᠦ᠂ ᠦᠷᠭᠦᠯᠵᠢᠯᠡᠨ ᠳᠠᠷᠤᠰᠢᠬᠤ ᠬᠤᠭᠤᠴᠠᠭ᠎ᠠ᠎ᠨᠢ ᠳᠣᠮᠳᠠᠴᠢ᠎ᠪᠠᠷ 11.2 ᠡᠳᠦᠷ ᠪᠣᠯᠵᠠᠢ᠃
     (ᠭᠤᠷᠪᠠ) ᠠᠷᠠᠴᠢᠯᠠᠵᠤ ᠬᠠᠮᠢᠶᠠᠷᠬᠤ ᠤᠨᠴᠠᠯᠢᠭ
      ᠯᠠᠩ ᠱᠠᠨ ᠲᠠᠬᠢᠶᠠᠨ᠎ᠤ ᠴᠢᠨᠠᠷ᠎ᠨᠢ ᠰᠠᠢ᠌ᠨ᠂ ᠭᠡᠲᠡᠯ᠎ᠡ ᠲᠠᠬᠢᠶ᠎ᠠ ᠪᠤᠯᠭ᠋ᠠᠨ᠎ᠤ ᠵᠦᠷᠢᠶ᠎ᠡ ᠨᠡᠯᠢᠶᠡᠳ ᠶᠡᠬᠡ᠂ ᠦᠨᠳᠡᠭᠡ ᠪᠠ ᠮᠢᠬᠠᠨ ᠭᠠᠷᠤᠯᠲᠠ ᠭᠡᠰᠡᠨ ᠦᠭᠡᠢ᠎ᠪᠠᠷ ᠲᠤᠩ ᠶᠡᠬᠡ ᠰᠣᠩᠭᠣᠨ ᠪᠣᠢ᠌ᠵᠢᠭᠣᠯᠬᠣ ᠳᠠᠯᠳᠠ ᠬᠦᠴᠦᠨ᠎ᠲᠠᠢ ᠶᠤᠮ᠃ ᠠᠷᠠᠴᠢᠯᠠᠨ ᠲᠡᠵᠢᠭᠡᠬᠦ ᠶᠠᠪᠤᠴᠠ᠎ᠳᠤ ᠴᠤᠷᠪᠠᠭ᠎ᠠ ᠪᠣᠢ᠌ᠵᠢᠭᠣᠯᠬᠣ ᠬᠤᠭᠤᠴᠠᠭ᠋ᠠᠨ᠎ᠤ ᠤᠨᠳᠤᠷᠣᠯᠲᠠ ᠵᠢᠨ ᠨᠤᠷᠮ᠎ᠠ ᠵᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠴᠢᠬᠤᠯᠠᠲᠠᠢ᠃
      ᠬᠣᠢ᠌ᠰᠢᠳᠠ ᠰᠣᠩᠭᠣᠨ ᠪᠣᠢ᠌ᠵᠢᠭᠣᠯᠬᠣ ᠶᠠᠪᠤᠴᠠ᠎ᠳᠠᠭᠠᠨ ᠤᠯᠠᠨ ᠤᠨᠴᠠᠯᠢᠭ᠎ᠲᠠᠢ ᠡᠭᠦᠯᠳᠡᠷ ᠪᠤᠢ᠌ᠵᠢᠭᠤᠯᠬᠤ᠎ᠠᠴᠠ ᠭᠠᠳᠠᠨ᠎ᠠ ᠲᠡᠭᠦᠨ᠎ᠤ ᠬᠤᠷᠳᠤᠨ ᠤᠳᠠᠭ᠋ᠠᠨ ᠦᠲᠦᠯᠡᠬᠦ ᠵᠢᠴᠢ ᠰᠢᠯᠪᠢᠨ᠎ᠤ ᠦᠩᠭᠡ ᠵᠢᠨ ᠤᠨᠴᠠᠯᠢᠭ᠎ᠢ ᠦᠨᠳᠦᠰᠦᠯᠡᠵᠦ ᠰᠣᠩᠭᠣᠨ ᠪᠤᠢ᠌ᠵᠢᠭᠤᠯᠬᠤ ᠵᠢ ᠠᠩᠬᠠᠷᠴᠣ᠂ ᠬᠤᠢ᠌ᠰᠢᠳᠠ ᠦᠪᠡᠰᠦᠪᠡᠨ ᠢᠯᠭ᠋ᠠᠷᠠᠬᠤ ᠪᠦᠷᠢᠨ ᠲᠦᠬᠦᠷ ᠰᠢᠰᠲ᠋ᠧᠮ ᠪᠣᠯᠭ᠋ᠠᠬᠤ᠎ᠪᠠᠷ ᠴᠢᠷᠮᠠᠢ᠌ᠪᠠᠯ ᠵᠤᠬᠢᠨ᠎ᠠ᠃


     (ᠢᠷᠡᠯᠲᠡ᠄   ᠤᠳᠬᠠᠨᠬᠦᠦ᠂ ᠤᠶᠤᠨᠴᠢᠮᠡᠭ᠎ᠤᠨ ᠨᠠᠢ᠌ᠷᠠᠭᠤᠯᠤᠭᠰᠠᠨ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》 ᠭᠡᠬᠦ ᠨᠤᠮ᠎ᠠᠴᠠ ᠰᠣᠩᠭᠣᠨ ᠰᠡᠢ᠌ᠷᠡᠭᠦᠯᠪᠡ᠃)

ᠢᠷᠡᠯᠲᠡ᠄ 《ᠦᠨᠳᠡᠭᠡᠨ ᠲᠠᠬᠢᠶ᠎ᠠ ᠵᠢᠨ ᠰᠠᠢ᠌ᠨ ᠡᠭᠦᠯᠳᠡᠷ ᠰᠣᠩᠭᠣᠬᠣ ᠮᠡᠷᠭᠡᠵᠢᠯ》
          
ᠬᠠᠮᠢᠶ᠎ᠡ ᠪᠦᠬᠦᠢ ᠰᠣᠨᠢᠨ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠮᠠᠨ᠎ᠤ ᠣᠯᠣᠰ᠎ᠤᠨ ᠤᠷᠤᠨ ᠨᠤᠲᠤᠭ᠎ᠤᠨ ᠦᠨᠳᠡᠭᠡᠨ ᠲᠠᠬᠢᠶᠠᠨ᠎ᠤ ᠡᠭᠦᠯᠳᠡᠷ
ᠤᠷᠤᠭᠤᠯᠵᠤ ᠢᠷᠡᠭᠰᠡᠨ ᠴᠡᠪᠡᠷ ᠡᠭᠦᠯᠳᠡᠷ᠎ᠤᠨ ᠭᠠᠬᠠᠢ
 
            