ᠭᠡᠭᠦᠦ ᠶᠢᠨ ᠰᠦ ᠶᠢ ᠦᠨᠢᠶᠡᠨ ᠰᠦ ᠲᠠᠢ ᠬᠠᠷᠢᠴᠠᠭᠤᠯᠪᠠᠯ ᠭᠡᠭᠦᠦ ᠶᠢᠨ ᠰᠦᠨ ᠤ ᠰᠢᠬᠢᠷ ᠤᠨ ᠠᠭᠤᠯᠤᠭᠳᠠᠴᠠ | ᠨᠡᠩ ᠠᠷᠪᠢᠨ ᠪᠠᠶᠢᠵᠤ᠂ ᠠᠮᠠᠷᠬᠠᠨ ᠰᠢᠬᠢᠷ ᠤᠨ ᠵᠦᠢᠯ ᠢ ᠰᠢᠩᠭᠡᠭᠡᠵᠦ᠂ ᠲᠡᠷᠡ ᠨᠢ ᠢᠰᠭᠡᠭᠦᠷ ᠤᠨ ᠦᠢᠯᠡᠳᠦᠯ ᠤᠨ | ᠳᠤᠤᠷ᠎ᠠ ᠦᠵᠦᠮ ᠤᠨ ᠰᠢᠬᠢᠷ ᠪᠠ ᠬᠠᠭᠠᠰ ᠰᠦᠨ ᠰᠢᠬᠢᠷ ᠪᠣᠯᠣᠨ ᠵᠠᠳᠠᠷᠠᠳᠠᠭ᠃ ᠭᠡᠭᠦᠦ ᠶᠢᠨ ᠰᠦ ᠶᠢ ᠦᠨᠢᠶᠡᠨ ᠰᠦ | ᠲᠠᠢ ᠬᠠᠷᠢᠴᠠᠭᠤᠯᠪᠠᠯ ᠦᠭᠡᠬᠦ ᠶᠢᠨ ᠠᠭᠤᠯᠤᠭᠳᠠᠴᠠ ᠪᠠᠭ᠎ᠠ ᠰᠢᠭ᠋᠂ ᠭᠡᠪᠡᠴᠦ ᠴᠢᠨᠠᠷ ᠨᠢ ᠰᠢᠷ᠎ᠠ ᠲᠣᠰᠣᠨ ᠠᠴᠠ ᠰᠠᠶᠢᠨ | ᠪᠠᠶᠢᠳᠠᠭ᠃ | ᠡᠭᠦᠨ ᠠᠴᠠ ᠭᠠᠳᠠᠨ᠎ᠠ ᠭᠡᠭᠦᠦ ᠶᠢᠨ ᠰᠦ ᠳᠤ ᠲᠠᠷᠠᠭ ᠤᠨ ᠣᠭᠤᠷᠠᠭ ᠵᠦᠪᠬᠡᠨ1.05% ᠠᠭᠤᠯᠤᠭᠳᠠᠵᠤ᠂ | ᠠᠭᠤᠰᠴᠤ ᠪᠤᠯᠠᠬᠤᠶᠢᠴᠠ ᠤᠭᠤᠷᠠᠭ1.03% ᠪᠠᠶᠢᠳᠠᠭ᠃ ᠡᠶᠢᠮᠦ ᠠᠴᠠ ᠭᠡᠭᠦᠦ ᠶᠢᠨ ᠰᠦ ᠶᠢ ᠠᠮᠠᠷᠬᠠᠨ | ᠰᠢᠩᠭᠡᠭᠡᠳᠡᠭ ᠣᠭᠤᠷᠠᠭ ᠤᠨ ᠰᠢᠨᠵᠢ ᠲᠠᠢ ᠰᠦᠨ ᠤ ᠲᠦᠷᠦᠯ ᠭᠡᠳᠡᠭ᠃ ᠭᠡᠭᠦᠦ ᠶᠢᠨ ᠰᠦ ᠳᠤ ᠪᠠᠰᠠ ᠰᠢᠪᠲᠤᠷᠲᠤ | ᠬᠦᠴᠢᠯ ᠪᠠ ᠸᠢᠲ᠋ᠠᠮᠢᠨ ᠡᠯᠪᠡᠭ ᠪᠠᠶᠢᠳᠠᠭ᠃ ᠵᠢᠱᠢᠶᠡᠯᠡᠪᠡᠯ ᠸᠢᠲ᠋ᠠᠮᠢᠨ A᠂ ᠸᠢᠲ᠋ᠠᠮᠢᠨ B1᠂ ᠸᠢᠲ᠋ᠠᠮᠢᠨ B2᠂ | ᠸᠢᠲ᠋ᠠᠮᠢᠨ B6᠂ ᠸᠢᠲ᠋ᠠᠮᠢᠨ B12᠂ ᠸᠢᠲ᠋ᠠᠮᠢᠨ C᠂ ᠸᠢᠲ᠋ᠠᠮᠢᠨ E᠂ ᠸᠢᠲ᠋ᠠᠮᠢᠨ F᠂ ᠸᠢᠲ᠋ᠠᠮᠢᠨ P᠂ | ᠸᠢᠲ᠋ᠠᠮᠢᠨ H ᠵᠡᠷᠭᠡ᠃ ᠡᠭᠦᠨ ᠳᠤ ᠸᠢᠲ᠋ᠠᠮᠢᠨ C ᠬᠠᠮᠤᠭ ᠠᠴᠠ ᠢᠯᠡᠭᠦᠦ ᠪᠠᠶᠢᠳᠠᠭ᠃ ᠴᠡᠭᠡ ᠳᠤ ᠢᠰᠭᠡᠭᠦᠷ ᠴᠤ | ᠠᠷᠪᠢᠨ ᠠᠭᠤᠯᠤᠭᠳᠠᠵᠤ᠂ ᠺᠢᠯᠤᠭ᠍ᠷᠡᠮ ᠪᠦᠷᠢ ᠳᠤ 30-50 ᠭᠷᠠᠮ ᠡᠮᠴᠢᠯᠡᠭᠡᠨ ᠳᠤ ᠬᠡᠷᠡᠭᠯᠡᠬᠦ ᠢᠰᠭᠡᠭᠦᠷ ᠪᠤᠢ᠃ | ᠴᠡᠭᠡ ᠳᠤ ᠰᠦᠨ ᠰᠢᠬᠢᠷ ᠤᠨ ᠠᠭᠤᠯᠤᠭᠳᠠᠴᠠ ᠪᠠᠭ᠎ᠠ᠂ ᠰᠦᠨ ᠬᠦᠴᠢᠯ ᠼᠤᠤ ᠬᠦᠴᠢᠯ ᠵᠡᠷᠭᠡ ᠪᠣᠳᠠᠰ ᠤᠨ | ᠠᠭᠤᠯᠤᠭᠳᠠᠴᠠ ᠠᠷᠪᠢᠨ᠃ | ᠴᠡᠭᠡ ᠶᠢᠨ ᠡᠮᠴᠢᠯᠡᠭᠡᠨ ᠤ ᠦᠢᠯᠡᠳᠦᠯ᠄ | 1. ᠵᠢᠷᠦᠬᠡᠨ ᠰᠤᠳᠠᠯ ᠤᠨ ᠡᠪᠡᠳᠴᠢᠨ ᠢ ᠡᠮᠨᠡᠬᠦ ᠦᠢᠯᠡᠳᠦᠯ ᠲᠠᠢ᠃ | ᠴᠡᠭᠡ ᠨᠢ ᠴᠢᠰᠦ ᠶᠢ ᠰᠢᠩᠭᠡᠷᠡᠭᠦᠯᠵᠦ᠂ ᠴᠢᠰᠦᠨ ᠤ ᠦᠳᠭᠡᠴᠡ ᠶᠢ ᠪᠠᠭᠤᠷᠠᠭᠤᠯᠤᠨ᠂ ᠴᠢᠰᠤᠨ ᠤ ᠡᠷᠭᠢᠯᠲᠡ ᠶᠢ | ᠰᠠᠶᠢᠵᠢᠷᠠᠭᠤᠯᠬᠤ ᠦᠢᠯᠡᠳᠦᠯ ᠲᠠᠢ᠃ ᠲᠡᠷᠡ ᠨᠢ ᠴᠢᠰᠦᠨ ᠤ ᠡᠷᠭᠢᠯᠲᠡ ᠶᠢ ᠲᠦᠷᠭᠡᠳᠭᠡᠨ ᠰᠤᠳᠠᠯ ᠤᠨ ᠬᠠᠨ᠎ᠠ ᠶᠢᠨ | ᠳᠠᠷᠤᠯᠲᠠ ᠶᠢ ᠳᠤᠷᠤᠭᠰᠢᠯᠠᠭᠤᠯᠤᠨ᠂ ᠴᠢᠰᠤᠨ ᠰᠤᠳᠠᠯ ᠳᠡᠯᠪᠡᠷᠡᠬᠦ ᠪᠣᠶᠣ ᠪᠦᠯᠦᠩᠨᠡᠷᠡᠨ ᠪᠦᠷᠢᠯᠳᠦᠬᠦ ᠶᠢ ᠰᠡᠷᠭᠡᠶᠢᠯᠡᠵᠦ᠂ | ᠴᠢᠰᠦᠨ ᠳᠠᠷᠤᠯᠲᠠ ᠦᠨᠳᠦᠷ ᠡᠪᠡᠳᠴᠢᠨ ᠳᠤ ᠮᠠᠰᠢ ᠰᠠᠶᠢᠨ ᠡᠮᠴᠢᠯᠡᠭᠡᠨ ᠤ ᠦᠢᠯᠡᠳᠦᠯ ᠲᠠᠢ ᠪᠠᠶᠢᠳᠠᠭ᠃ ᠴᠡᠭᠡ ᠶᠢ | ᠢᠰᠭᠡᠬᠦ ᠶᠠᠪᠤᠴᠠ ᠳᠤ ᠡᠭᠦᠰᠦᠭᠰᠡᠨ0.5% ᠶᠢᠨ ᠰᠦᠨ ᠬᠦᠴᠢᠯ ᠨᠢ ᠡᠯᠢᠭᠡᠨ ᠳᠠᠬᠢ ᠰᠦᠰᠦᠨ ᠤ ᠭᠤᠨᠠᠨ | ᠠᠯᠺᠦᠦᠯ ᠤᠨ ᠬᠡᠮᠵᠢᠶ᠎ᠡ ᠶᠢ ᠪᠠᠭᠤᠷᠠᠭᠤᠯᠬᠤ ᠦᠢᠯᠡᠳᠦᠯ ᠲᠠᠢ᠃ | ᠴᠡᠭᠡ ᠨᠢ ᠪᠠᠰᠠ ᠲᠢᠲᠢᠮ ᠯᠤᠭᠰᠢᠭᠤᠨ ᠰᠤᠳᠠᠯ ᠤᠨ ᠰᠦᠰᠦᠨ ᠤ ᠭᠤᠨᠠᠨ ᠠᠯᠺᠦᠦᠯ ᠢ ᠢᠯᠡᠳᠲᠡ | ᠳᠤᠷᠤᠭᠰᠢᠯᠠᠭᠤᠯᠤᠨ ᠴᠢᠰᠦᠨ ᠳᠤ ᠦᠭᠡᠬᠦ ᠪᠦᠷᠢᠯᠳᠦᠬᠦ ᠶᠢ ᠰᠡᠷᠭᠡᠶᠢᠯᠡᠬᠦ ᠦᠢᠯᠡᠳᠦᠯ ᠲᠠᠢ᠃ ᠠᠮᠧᠷᠢᠺᠡ ᠶᠢᠨ ᠬᠠᠮᠢᠶ᠎ᠠ | ᠪᠦᠬᠦᠢ ᠮᠡᠷᠭᠡᠵᠢᠯᠲᠡᠨ ᠤ ᠰᠤᠳᠤᠯᠤᠭᠰᠠᠨ ᠢᠶᠠᠷ ᠴᠢᠰᠤᠨ ᠳᠠᠷᠤᠯᠲᠠ ᠦᠨᠳᠦᠷ ᠡᠪᠡᠳᠴᠢᠨ ᠪᠣᠯ ᠬᠦᠮᠦᠨ ᠤ ᠪᠡᠶ᠎ᠡ ᠳᠤ | ᠺᠠᠯᠼ᠂ ᠺᠠᠯᠢ᠂ ᠸᠢᠲ᠋ᠠᠮᠢᠨ A ᠪᠠ ᠸᠢᠲ᠋ᠠᠮᠢᠨ C ᠳᠤᠲᠠᠭᠳᠠᠭᠰᠠᠨ ᠠᠴᠠ ᠪᠣᠯᠣᠭᠰᠠᠨ ᠭᠡᠳᠡᠭ᠃ ᠴᠠᠭᠠᠨ ᠢᠳᠡᠭᠡᠨ ᠤ | ᠡᠳᠡᠭᠡᠷ ᠠᠭᠤᠯᠤᠭᠳᠠᠴᠠ ᠲᠤᠩ ᠦᠨᠳᠦᠷ ᠪᠠᠶᠢᠳᠠᠭ ᠲᠣᠯᠠ ᠴᠠᠭᠠᠨ ᠢᠳᠡᠭᠡᠨ ᠤ ᠵᠦᠢᠯᠡᠰ ᠢ ᠠᠷᠪᠢᠨ ᠡᠳ᠋ᠯᠡᠳᠡᠭ | ᠬᠦᠮᠦᠨ ᠴᠢᠰᠦᠨ ᠳᠠᠷᠤᠯᠲᠠ ᠦᠨᠳᠦᠷᠵᠢᠬᠦ ᠪᠣᠯᠣᠮᠵᠢ ᠪᠠᠭ᠎ᠠ ᠪᠠᠶᠢᠳᠠᠭ᠃ ᠴᠡᠭᠡ ᠳᠠᠬᠢ ᠡᠯᠪᠡᠭ ᠪᠠᠶᠠᠯᠢᠭ ᠨᠠᠪᠴᠢᠨ | ᠬᠦᠴᠢᠯ᠂ ᠸᠢᠲ᠋ᠠᠮᠢᠨ B12᠂ ᠲᠡᠮᠦᠷ ᠪᠠ ᠪᠣᠰᠣᠳ ᠪᠢᠴᠢᠯ ᠡᠯᠧᠮᠧᠨ᠋ᠲ ᠨᠢ ᠤᠯᠠᠭᠠᠨ ᠡᠰ ᠤᠨ ᠪᠦᠷᠢᠯᠳᠦᠯ ᠢ | ᠠᠬᠢᠭᠤᠯᠵᠤ᠂ ᠴᠢᠰᠦᠨ ᠤ ᠤᠯᠠᠭᠠᠨ ᠡᠳ᠋ ᠤᠨ ᠪᠦᠷᠢᠯᠳᠦᠯ ᠢ ᠲᠦᠷᠭᠡᠳᠭᠡᠳᠡᠭ᠃ | ᠴᠡᠭᠡ ᠨᠢ ᠪᠠᠰᠠ ᠠᠭᠤᠰᠬᠢᠨ ᠰᠦᠷᠢᠶ᠎ᠡ ᠵᠡᠷᠭᠡ ᠠᠴᠠ ᠪᠣᠯᠣᠭᠰᠠᠨ ᠴᠢᠰᠦ ᠳᠤᠲᠠᠭᠳᠠᠬᠤ ᠡᠮᠬᠡᠭ ᠲᠤ ᠨᠡᠯᠢᠶᠡᠳ | ᠰᠠᠶᠢᠨ ᠵᠠᠰᠠᠯᠭ᠎ᠠ ᠶᠢᠨ ᠦᠢᠯᠡᠳᠦᠯ ᠲᠠᠢ᠃ | 2. ᠮᠡᠳᠡᠷᠡᠯ ᠤᠨ ᠴᠢᠨᠠᠷᠲᠠᠢ ᠡᠪᠡᠳᠴᠢᠨ ᠢ ᠡᠮᠨᠡᠬᠦ ᠦᠢᠯᠡᠳᠦᠯ ᠲᠠᠢ᠃ | ᠴᠡᠭᠡ ᠳᠤ ᠸᠢᠲ᠋ᠠᠮᠢᠨ B1᠂ ᠸᠢᠲ᠋ᠠᠮᠢᠨ B12 ᠪᠠ ᠸᠢᠲ᠋ᠠᠮᠢᠨ C ᠵᠢᠴᠢ ᠮᠡᠳᠡᠷᠡᠯ ᠤᠨ ᠰᠢᠰᠲ᠋ᠧᠮ ᠤᠨ | ᠪᠤᠳᠠᠰ ᠤᠨ ᠰᠤᠯᠢᠯᠴᠠᠭ᠎ᠠ ᠳᠤ ᠬᠡᠷᠡᠭᠰᠡᠬᠦ ᠪᠢᠴᠢᠯ ᠡᠯᠧᠮᠧᠨ᠋ᠲ ᠡᠯᠪᠡᠭ ᠪᠠᠶᠠᠯᠢᠭ ᠪᠠᠶᠢᠳᠠᠭ ᠲᠤᠯᠠ ᠮᠡᠳᠡᠷᠡᠯ ᠤᠨ | ᠰᠢᠰᠲ᠋ᠧᠮ ᠤᠨ ᠴᠢᠳᠠᠪᠬᠢ ᠶᠢ ᠵᠣᠬᠢᠴᠠᠭᠤᠯᠬᠤ᠂ ᠲᠠᠷᠢᠶᠠᠨ ᠤ ᠬᠡᠰᠡᠭ ᠤᠨ ᠴᠢᠰᠦᠨ ᠤ ᠡᠷᠭᠢᠯᠲᠡ ᠶᠢ ᠰᠠᠶᠢᠵᠢᠷᠠᠭᠤᠯᠬᠤ᠂ | ᠶᠡᠭᠡ ᠲᠠᠷᠢᠬᠢᠨ ᠤ ᠴᠢᠰᠦᠨ ᠤ ᠬᠠᠩᠭᠠᠯᠭ᠎ᠠ ᠶᠢᠨ ᠴᠢᠳᠠᠪᠬᠢ ᠶᠢ ᠰᠠᠶᠢᠵᠢᠷᠠᠭᠤᠯᠬᠤ᠂ ᠮᠡᠳᠡᠷᠡᠯ ᠤᠨ ᠰᠢᠰᠲ᠋ᠧᠮ ᠤᠨ | ᠴᠢᠳᠠᠪᠬᠢ ᠶᠢᠨ ᠰᠠᠮᠠᠭᠤᠷᠠᠭᠰᠠᠨ ᠠᠴᠠ ᠪᠣᠯᠣᠭᠰᠠᠨ ᠲᠣᠯᠣᠭᠠᠢ ᠡᠪᠡᠳᠬᠦ᠂ ᠬᠤᠳᠤᠭᠤᠳᠤ ᠬᠡᠳᠡᠰᠦᠨ ᠤ ᠴᠢᠳᠠᠪᠬᠢ | ᠮᠠᠭᠤᠲᠠᠭᠰᠠᠨ ᠵᠡᠷᠭᠡ ᠡᠪᠡᠳᠴᠢᠨ ᠤ ᠡᠮᠴᠢᠯᠡᠭᠡᠨ ᠳᠤ ᠲᠤᠰᠠᠯᠠᠬᠤ ᠦᠢᠯᠡᠳᠦᠯ ᠲᠠᠢ᠃ | 3. ᠰᠢᠩᠭᠡᠭᠡᠯᠲᠠ ᠶᠢᠨ ᠰᠢᠰᠲ᠋ᠧᠮ ᠤᠨ ᠡᠪᠡᠳᠴᠢᠨ ᠢ ᠡᠮᠨᠡᠬᠦ ᠦᠢᠯᠡᠳᠦᠯ ᠲᠠᠢ᠃ | ᠴᠡᠭᠡ ᠨᠢ ᠤᠳᠠᠭᠠᠨ ᠴᠢᠨᠠᠷᠲᠠᠢ ᠬᠤᠳᠤᠭᠤᠳᠤᠨ ᠦᠷᠪᠢᠰᠦᠯ᠂ ᠢᠯᠡᠩᠭᠤᠶ᠎ᠠ ᠠᠪᠴᠢᠬᠤ ᠴᠢᠨᠠᠷᠲᠠᠢ | ᠬᠤᠳᠤᠭᠤᠳᠤᠨ ᠦᠷᠪᠢᠰᠦᠯ ᠳᠤ ᠮᠠᠰᠢ ᠰᠠᠶᠢᠨ ᠡᠮᠨᠡᠬᠦ ᠦᠢᠯᠡᠳᠦᠯ ᠲᠠᠢ ᠪᠠᠶᠢᠳᠠᠭ᠃ ᠴᠡᠭᠡ ᠳᠤ ᠠᠭᠤᠯᠤᠭᠳᠠᠳᠠᠭ ᠶᠡᠭᠡ | ᠬᠡᠮᠵᠢᠶᠠᠨ ᠤ ᠢᠰᠭᠡᠭᠦᠷ ᠤᠨ ᠬᠦᠬᠡᠴᠦ᠂ ᠸᠢᠲ᠋ᠠᠮᠢᠨ B ᠤᠨ ᠲᠦᠷᠦᠯ ᠪᠠ ᠸᠢᠲ᠋ᠠᠮᠢᠨ C ᠨᠢ ᠬᠤᠳᠤᠭᠤᠳᠤ | ᠭᠡᠳᠡᠰᠦᠨ ᠤ ᠴᠢᠳᠠᠪᠬᠢ ᠶᠢ ᠵᠤᠬᠢᠴᠠᠭᠤᠯᠵᠤ ᠰᠢᠩᠭᠡᠭᠡᠯᠲᠡ ᠶᠢ ᠰᠠᠶᠢᠵᠢᠷᠠᠭᠤᠯᠤᠨ᠂ ᠢᠳᠡᠭᠡᠨ ᠤ ᠳᠤᠷᠠᠰᠢᠯ ᠢ | ᠨᠡᠮᠡᠭᠳᠡᠭᠦᠯᠳᠡᠭ᠃ | 4. ᠠᠭᠤᠰᠬᠢᠨ ᠰᠦᠷᠢᠶ᠎ᠡ ᠪᠠ ᠠᠭᠤᠰᠬᠢᠨ ᠤ ᠬᠡᠢ ᠬᠠᠪᠤᠩ᠂ ᠰᠢᠬᠢᠷ ᠰᠢᠵᠢᠩ ᠡᠪᠡᠳᠴᠢᠨ ᠢ ᠡᠮᠨᠡᠬᠦ | ᠦᠢᠯᠡᠳᠦᠯ ᠲᠠᠢ᠃ | ᠮᠣᠩᠭᠤᠯ ᠡᠮᠴᠢ ᠨᠠᠷ ᠠᠯᠢ ᠡᠷᠲᠡ ᠦᠶ᠎ᠡ ᠳᠤ ᠳᠠᠷᠤᠢ ᠴᠡᠭᠡ ᠪᠠᠷ ᠠᠭᠤᠰᠬᠢᠨ ᠰᠦᠷᠢᠶ᠎ᠡ ᠡᠪᠡᠳᠴᠢᠨ ᠢ | ᠡᠮᠨᠡᠵᠦ ᠪᠠᠶᠢᠭᠰᠠᠨ ᠪᠦᠭᠡᠳ ᠭᠠᠳᠠᠭᠠᠳᠤ ᠶᠢᠨ ᠤᠯᠠᠨ ᠣᠯᠣᠰ ᠤᠨ ᠬᠢᠨ ᠴᠤ ᠴᠡᠭᠡ ᠪᠠᠷ ᠠᠭᠤᠰᠬᠢᠨ ᠰᠦᠷᠢᠶ᠎ᠡ ᠶᠢ | ᠡᠮᠨᠡᠭᠡᠳ ᠨᠡᠯᠢᠶᠡᠳ ᠰᠠᠶᠢᠨ ᠦᠢᠯᠡᠳᠦᠯ ᠭᠠᠷᠴᠤ ᠪᠠᠶᠢᠵᠠᠢ᠃ ᠤᠴᠢᠷ ᠨᠢ ᠴᠡᠭᠡ ᠨᠢ ᠰᠦᠷᠢᠶ᠎ᠡ ᠡᠪᠡᠳᠴᠢᠨ | ᠡᠭᠦᠰᠭᠡᠭᠴᠢ ᠶᠢ ᠤᠰᠠᠳᠬᠠᠵᠤ ᠳᠡᠶᠢᠯᠳᠡᠭ᠃ ᠠᠭᠤᠰᠬᠢᠨ ᠤ ᠬᠡᠢ ᠬᠠᠪᠤᠩ ᠲᠠᠢ ᠬᠦᠮᠦᠨ ᠳᠤ ᠴᠡᠭᠡ ᠤᠤᠭᠤᠯᠭᠠᠪᠠᠯ | ᠳᠤᠤᠷ᠎ᠠ ᠪᠠᠨ ᠴᠡᠭᠡᠵᠢ ᠨᠢ ᠠᠭᠤᠵᠢᠷᠠᠨ᠂ ᠢᠳᠡᠰᠢᠨ ᠤ ᠳᠤᠷᠠᠰᠢᠯ ᠨᠢ ᠳᠡᠭᠡᠭᠰᠢᠯᠡᠳᠡᠭ᠃ ᠴᠡᠭᠡ ᠤᠤᠭᠤᠪᠠᠯ ᠨᠤᠶᠢᠷ ᠤᠨ | ᠠᠷᠠᠯ ᠤᠨ ᠡᠳ᠋ ᠢ ᠱᠦᠭᠦᠷᠡᠭᠦᠯᠬᠦ ᠴᠢᠳᠠᠪᠬᠢ ᠶᠢ ᠰᠠᠶᠢᠵᠢᠷᠠᠭᠤᠯᠤᠨ᠂ ᠰᠢᠬᠢᠷ ᠤᠨ ᠲᠦᠷᠦᠯ ᠢ ᠵᠠᠳᠠᠷᠠᠭᠤᠯᠬᠤ ᠪᠠᠷ | ᠳᠠᠮᠵᠢᠭᠤᠯᠤᠨ ᠰᠢᠬᠢᠷ ᠰᠢᠵᠢᠩ ᠡᠪᠡᠳᠴᠢᠨ ᠢ ᠡᠮᠨᠡᠬᠦ ᠦᠢᠯᠡᠳᠦᠯ ᠦᠵᠡᠭᠦᠯᠳᠡᠭ᠃ | ᠡᠭᠦᠨ ᠠᠴᠠ ᠭᠠᠳᠠᠨ᠎ᠠ ᠴᠡᠭᠡ ᠨᠢ ᠮᠦᠬᠡᠷᠡᠰᠦᠨ ᠬᠤᠭᠤᠯᠠᠢ ᠶᠢᠨ ᠦᠷᠪᠢᠰᠦᠯ᠂ ᠴᠡᠭᠡᠵᠢᠨ ᠪᠦᠷᠬᠦᠪᠴᠢ ᠶᠢᠨ | ᠦᠷᠪᠢᠰᠦᠯ᠂ ᠰᠢᠷ᠎ᠠ ᠲᠤᠯᠪᠤ ᠪᠠ ᠬᠠᠷ᠎ᠠ ᠪᠦᠭᠡᠷ᠎ᠡ ᠶᠢᠨ ᠴᠢᠯᠠᠭᠤᠵᠢᠯ ᠳᠤ ᠴᠤ ᠵᠤᠬᠢᠬᠤ ᠡᠮᠴᠢᠯᠡᠭᠡᠨ ᠤ ᠦᠢᠯᠡᠳᠦᠯ ᠲᠠᠢ | ᠪᠠᠶᠢᠳᠠᠭ᠃ | ᠴᠡᠭᠡ ᠤᠤᠭᠤᠬᠤ ᠳᠠᠭᠠᠨ ᠠᠩᠬᠠᠷᠬᠤ ᠵᠦᠢᠯ᠄ | ︵1︶ ᠴᠡᠭᠡ ᠶᠢ ᠦᠯᠦᠨ ᠢᠶᠠᠷ ᠤᠤᠭᠤᠬᠤ ᠨᠢ ᠪᠤᠷᠤᠭᠤ᠃ ᠬᠤᠭᠤᠯᠠᠨ ᠤ ᠳᠠᠷᠠᠭ᠎ᠠ᠂ ᠬᠤᠶᠠᠷ ᠤᠨ ᠴᠠᠭ ᠤᠨ | ᠳᠠᠷᠠᠭ᠎ᠠ ᠤᠤᠭᠤᠪᠠᠯ ᠬᠠᠮᠤᠭ ᠰᠠᠶᠢᠨ ᠪᠠᠶᠢᠳᠠᠭ᠃ ᠬᠤᠭᠤᠰᠤᠨ ᠦᠯᠦᠰᠬᠦᠯᠡᠩ ᠦᠶ᠎ᠡ ᠳᠤ ᠬᠤᠳᠤᠭᠤᠳᠤᠨ ᠤ PH | ᠨᠢ 1-3 ᠪᠠᠶᠢᠳᠠᠭ᠃ PH ᠨᠢ 2 ᠠᠴᠠ ᠪᠠᠭ᠎ᠠ ᠦᠶ᠎ᠡ ᠳᠤ ᠬᠤᠳᠤᠭᠤᠳᠤᠨ ᠤ ᠰᠢᠩᠭᠡᠨ ᠨᠢ ᠬᠦᠴᠢᠯᠯᠢᠭ ᠴᠢᠨᠠᠷ | ᠨᠢ ᠦᠨᠳᠦᠷ ᠠᠴᠠ ᠴᠡᠭᠡ ᠢᠳᠡᠪᠬᠢᠲᠦ ᠴᠢᠨᠠᠷ ᠢ ᠳᠤᠷᠤᠭᠰᠢᠯᠠᠭᠤᠯᠵᠤ᠂ ᠰᠦᠨ ᠬᠦᠴᠢᠯ ᠤᠨ ᠪᠠᠺᠲ᠋ᠧᠷᠢ ᠶᠢᠨ | ᠪᠣᠶᠢᠵᠢᠬᠤ ᠶᠢ ᠬᠤᠷᠢᠭᠯᠠᠵᠤ᠂ ᠦᠢᠯᠡᠳᠦᠯ ᠢ ᠨᠢ ᠪᠠᠭᠤᠷᠠᠭᠤᠯᠤᠨ᠎ᠠ᠃ | ︵2︶ ᠦᠭᠡᠷ᠎ᠡ ᠶᠠᠭᠤᠮ᠎ᠠ ᠢᠳᠡᠬᠦ ᠦᠭᠡᠢ᠂ ᠲᠠᠩ ᠭᠠᠭᠴᠠ ᠴᠡᠭᠡ ᠪᠠᠷ ᠬᠤᠭᠤᠯᠠ ᠪᠣᠯᠭᠠᠪᠠᠯ ᠲᠠᠭᠠᠷᠠᠬᠤ | ᠦᠭᠡᠢ᠃ ᠴᠡᠭᠡ ᠬᠡᠳᠦᠶᠢᠪᠡᠷ ᠤᠯᠠᠨ ᠰᠠᠶᠢᠨ ᠲᠠᠯ᠎ᠠ ᠲᠠᠢ ᠪᠣᠯᠪᠠᠴᠤ ᠲᠡᠭᠦᠨ ᠤ ᠤᠭᠤᠷᠠᠭ᠂ ᠦᠭᠡᠬᠦ᠂ ᠡᠯ᠎ᠡ ᠲᠦᠷᠦᠯ ᠤᠨ | ᠰᠢᠮ᠎ᠡ ᠲᠡᠵᠢᠭᠡᠯᠲᠦ ᠪᠤᠳᠠᠰ ᠤᠨ ᠬᠡᠮᠵᠢᠶ᠎ᠡ ᠨᠢ ᠨᠢᠭᠡ ᠬᠦᠮᠦᠨ ᠤ ᠪᠦᠬᠦᠯᠢ ᠡᠳᠦᠷ ᠤᠨ ᠬᠡᠷᠡᠭᠴᠡᠭᠡ ᠠᠴᠠ ᠬᠤᠯᠠ | ᠳᠤᠲᠠᠭᠤ ᠶᠣᠮ᠃ ᠡᠶᠢᠮᠦ ᠠᠴᠠ ᠲᠠᠩ ᠭᠠᠭᠴᠠ ᠴᠡᠭᠡ ᠣᠣᠭᠤᠵᠣ ᠦᠭᠡᠷ᠎ᠡ ᠶᠠᠭᠤᠮ᠎ᠠ ᠢᠳᠡᠬᠦ ᠦᠭᠡᠢ ᠪᠣᠯ | ᠤᠳᠠᠭᠠᠨ ᠳᠠᠭᠠᠨ ᠰᠢᠮ᠎ᠡ ᠲᠡᠵᠢᠭᠡᠯ ᠳᠤᠲᠠᠭᠳᠠᠬᠤ ᠪᠣᠯᠣᠨ᠎ᠠ᠃ ᠰᠢᠩᠭᠡᠨ ᠢᠳᠡᠭᠡᠨ ᠬᠤᠳᠤᠭᠤᠳᠤᠨ ᠳᠤ ᠲᠤᠭᠲᠠᠬᠤ | ᠴᠠᠭ ᠨᠢ ᠪᠠᠰᠠ ᠤᠬᠤᠷ ᠪᠣᠯᠬᠤᠷ ᠦᠷᠭᠦᠯᠵᠢ ᠦᠯᠦᠰᠦᠭᠰᠡᠨ ᠪᠠᠶᠢᠳᠠᠯ ᠭᠠᠷᠤᠨ᠎ᠠ᠃ | ᠤᠤᠭᠤᠬᠤ ᠲᠤᠭ᠎ᠠ ᠨᠢ ᠠᠷᠪᠢᠨ᠂ ᠬᠡᠮᠵᠢᠶ᠎ᠡ ᠨᠢ ᠶᠡᠭᠡ ᠪᠣᠯ ᠬᠤᠳᠤᠭᠤᠳᠤᠨ ᠤ ᠠᠵᠢᠯᠯᠠᠭ᠎ᠠ ᠶᠢ ᠨᠡᠮᠡᠭᠳᠡᠭᠦᠯᠵᠦ | ᠳᠠᠷᠤᠭᠠᠰᠤ ᠲᠠᠢ ᠪᠣᠯᠭᠠᠨ᠎ᠠ᠃ | ︵3︶ ᠠᠷᠢᠬᠢ ᠤᠤᠭᠤᠬᠤ ᠦᠶ᠎ᠡ ᠳᠤ ᠰᠦ᠂ ᠴᠠᠭ᠎ᠠ᠂ ᠴᠡᠭᠡ ᠵᠡᠷᠭᠡ ᠶᠢ ᠪᠠᠭ᠎ᠠ ᠤᠤᠭᠤᠪᠠᠯ ᠬᠤᠳᠤᠭᠤᠳᠤᠨ ᠤ | ᠦᠩᠭᠦᠷ ᠢ ᠬᠠᠮᠠᠭᠠᠯᠠᠵᠤ᠂ ᠰᠫᠢᠷᠲ ᠤᠨ ᠰᠡᠲᠦᠯᠲᠡ ᠶᠢ ᠪᠠᠭᠠᠰᠬᠠᠵᠤ᠂ ᠬᠤᠳᠤᠭᠤᠳᠤ ᠶᠢ ᠬᠠᠮᠠᠭᠠᠯᠠᠬᠤ ᠪᠠ ᠠᠷᠢᠬᠢ ᠶᠢ | ᠲᠠᠶᠢᠯᠵᠦ᠂ ᠠᠷᠢᠬᠢᠨ ᠳᠤ ᠲᠦᠷᠭᠡᠨ ᠰᠤᠭᠲᠤᠬᠤ ᠠᠴᠠ ᠰᠡᠷᠭᠡᠶᠢᠯᠡᠵᠦ ᠴᠢᠳᠠᠨ᠎ᠠ᠃ ᠭᠡᠪᠡᠴᠦ ᠬᠡᠮᠵᠢᠶ᠎ᠡ ᠶᠡᠭᠡ ᠪᠠᠷ | ᠤᠤᠭᠤᠪᠠᠯ ᠮᠦᠨ ᠯᠡ ᠲᠠᠭᠠᠷᠠᠬᠤ ᠦᠭᠡᠢ᠃ ᠬᠤᠳᠤᠭᠤᠳᠤ ᠭᠡᠳᠡᠰᠦᠨ ᠤ ᠡᠭᠦᠷᠭᠡ ᠳᠠᠷᠤᠭᠠᠰᠤ ᠬᠦᠨᠳᠦᠷᠡᠵᠦ᠂ | ᠠᠵᠢᠯᠯᠠᠭ᠎ᠠ ᠶᠢ ᠨᠢ ᠨᠦᠯᠦᠭᠡᠯᠡᠵᠦ᠂ ᠬᠤᠳᠤᠭᠤᠳᠤ ᠭᠡᠳᠡᠰᠦ ᠮᠠᠭᠤᠲᠠᠨ᠎ᠠ᠃ | ︵4︶ ᠴᠡᠭᠡ ᠶᠢ ᠡᠳᠦᠷ ᠲᠤ ᠨᠢᠭᠡ ᠵᠢᠩ ᠬᠠᠭᠠᠰ ᠠᠴᠠ ᠬᠤᠶᠠᠷ ᠵᠢᠩ ᠤᠨ ᠲᠦᠯᠦᠪ ᠲᠠᠢ᠂ ᠪᠠᠭ᠎ᠠ ᠪᠠᠭ᠎ᠠ ᠪᠠᠷ | ᠤᠤᠭᠤᠪᠠᠯ ᠴᠡᠭᠡ ᠶᠢᠨ ᠦᠢᠯᠡᠳᠦᠯ ᠢ ᠪᠠᠳᠠᠷᠠᠭᠤᠯᠵᠤ ᠴᠢᠳᠠᠨ᠎ᠠ᠃ ᠬᠡᠮᠵᠢᠶ᠎ᠡ ᠳᠤᠮᠵᠢᠶ᠎ᠠ ᠦᠭᠡᠢ ᠠᠷᠪᠢᠨ ᠤᠤᠭᠤᠪᠠᠯ | ᠬᠤᠳᠤᠭᠤᠳᠤᠨ ᠤ ᠳᠤᠲᠤᠷᠠᠬᠢ ᠡᠯ᠎ᠡ ᠲᠦᠷᠦᠯ ᠤᠨ ᠢᠰᠭᠡᠭᠦᠷ ᠪᠠ ᠠᠰᠢᠭᠲᠤ ᠪᠠᠺᠲ᠋ᠧᠷᠢ᠂ ᠨᠡᠩ ᠢᠯᠠᠩᠭᠤᠶ᠎ᠠ ᠰᠦᠨ | ᠬᠦᠴᠢᠯ ᠤᠨ ᠪᠠᠺᠲ᠋ᠧᠷᠢ ᠶᠢᠨ ᠲᠡᠩᠴᠡᠭᠦᠷᠢ ᠶᠢ ᠠᠯᠳᠠᠭᠤᠯᠤᠨ᠎ᠠ᠃ ᠢᠩᠭᠢᠪᠡᠯ ᠬᠤᠳᠤᠭᠤᠳᠤ ᠮᠠᠭᠤᠲᠠᠵᠤ ᠪᠦᠬᠦ | ᠪᠡᠶ᠎ᠡ ᠶᠢᠨ ᠦᠯᠦ ᠬᠠᠯᠳᠠᠪᠤᠷᠢᠯᠠᠬᠤ ᠴᠢᠳᠠᠪᠤᠷᠢ ᠶᠢ ᠳᠤᠷᠤᠭᠰᠢᠯᠠᠭᠤᠯᠤᠨ᠎ᠠ᠃ | ︵5︶ ᠬᠤᠳᠤᠭᠤᠳᠤᠨ ᠤ ᠰᠢᠷᠬᠠᠯᠠᠭ᠎ᠠ ᠶᠡᠭᠡ ᠦᠶ᠎ᠡ ᠳᠤ ᠭᠡᠭᠦᠦ ᠶᠢᠨ ᠰᠢᠨ᠎ᠡ ᠰᠦ ᠶᠢ ᠵᠤᠬᠢᠬᠤ ᠬᠡᠮᠵᠢᠶ᠎ᠡ ᠪᠠᠷ | ᠤᠤᠭᠤᠪᠠᠯ ᠵᠤᠬᠢᠷᠠᠨᠠ᠃ ᠬᠡᠲᠦᠷᠬᠡᠢ ᠢᠰᠦᠭᠰᠡᠨ ᠴᠡᠭᠡ ᠤᠤᠭᠤᠪᠠᠯ ᠬᠤᠳᠤᠭᠤᠳᠤᠨ ᠤ ᠬᠦᠴᠢᠯᠯᠢᠭ ᠴᠢᠨᠠᠷ ᠲᠠᠢ | ᠳᠠᠪᠬᠤᠴᠠᠵᠤ᠂ ᠬᠤᠳᠤᠭᠤᠳᠤ ᠶᠢ ᠡᠪᠡᠳᠦᠭᠦᠯᠦᠨ᠎ᠡ᠃ ᠰᠢᠷᠬᠠᠯᠠᠭ᠎ᠠ ᠶᠢ ᠡᠳᠡᠭᠡᠬᠦ ᠳᠤ ᠲᠤᠰᠠ ᠦᠭᠡᠢ᠃ ᠬᠤᠳᠣᠭᠤᠳᠣᠨ ᠤ | ᠰᠢᠷᠬᠠᠯᠠᠭ᠎ᠠ ᠡᠳᠡᠭᠡᠷᠡᠭᠰᠡᠨ ᠤ ᠳᠠᠷᠠᠭ᠎ᠠ ᠰᠤᠪᠢᠯᠠᠯᠲᠠ ᠶᠢᠨ ᠦᠶ᠎ᠡ ᠳᠤ ᠬᠤᠭᠤᠯᠠᠨ ᠤ ᠳᠠᠷᠠᠭ᠎ᠠ ᠲᠤᠬᠢᠷᠠᠮᠵᠢᠲᠠᠢ | ᠬᠡᠮᠵᠢᠶ᠎ᠡ ᠪᠠᠷ ᠴᠡᠭᠡ ᠤᠤᠭᠤᠵᠤ᠂ ᠪᠡᠶ᠎ᠡ ᠪᠠᠨ ᠴᠢᠩᠭᠠᠷᠠᠭᠤᠯᠵᠤ ᠪᠤᠯᠤᠨ᠎ᠠ᠃ | ︵6︶ ᠰᠢᠬᠢᠷ ᠰᠢᠵᠢᠩ ᠡᠪᠡᠳᠴᠢᠨ ᠲᠠᠢ ᠲᠠᠷᠭᠤᠨ ᠬᠦᠮᠦᠰ ᠴᠡᠭᠡ ᠪᠠᠷ ᠤᠮᠳᠠᠭᠠᠨ ᠪᠣᠯᠭᠠᠨ ᠪᠡᠶ᠎ᠡ | ᠰᠤᠪᠢᠯᠠᠵᠤ ᠪᠤᠯᠤᠨ᠎ᠠ᠃ ᠤᠴᠢᠷ ᠨᠢ ᠴᠡᠭᠡ ᠶᠢᠨ ᠰᠢᠬᠢᠷ ᠪᠠ ᠦᠭᠡᠬᠦ ᠨᠢ ᠪᠠᠭ᠎ᠠ ᠪᠠᠶᠢᠳᠠᠭ᠃ ᠭᠡᠪᠡᠴᠦ ᠤᠰᠤᠨ ᠤ | ᠤᠷᠤᠨ ᠳᠤ ᠤᠮᠳᠠ ᠳᠠᠷᠤᠨ ᠡᠳᠦᠷᠵᠢᠨ ᠣᠣᠭᠤᠵᠣ ᠪᠣᠯᠬᠤ ᠦᠭᠡᠢ᠃ ᠶᠡᠭᠡ ᠬᠡᠮᠵᠢᠶ᠎ᠡ ᠪᠠᠷ ᠤᠤᠭᠤᠪᠠᠯ ᠣᠯᠠᠮ | ᠬᠤᠳᠤᠭᠤᠳᠤ ᠭᠡᠳᠡᠰᠦ ᠶᠢ ᠴᠢᠨᠦᠷᠡᠭᠦᠯᠵᠦ᠂ ᠨᠤᠶᠢᠷ ᠤᠨ ᠪᠤᠯᠴᠢᠷᠬᠠᠢ ᠶᠢ ᠳᠠᠷᠤᠵᠤ᠂ ᠰᠢᠩᠭᠡᠭᠡᠯᠲᠡ ᠶᠢᠨ ᠰᠢᠰᠲ᠋ᠧᠮ ᠤᠨ | ᠠᠵᠢᠯᠯᠠᠭ᠎ᠠ ᠶᠢ ᠨᠦᠯᠦᠭᠡᠯᠡᠨ᠎ᠡ᠃ | | | ︵ᠢᠷᠡᠯᠲᠡ᠄ ᠴᠤᠶᠢ᠊· ᠷᠢᠨᠴᠢᠨ ᠤ ᠨᠠᠶᠢᠷᠠᠭᠤᠯᠤᠯᠭᠰᠠᠨ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ | ᠤᠨᠴᠠ ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾ ᠭᠡᠬᠦ ᠨᠤᠮ ᠠᠴᠠ ᠰᠣᠩᠭᠤᠨ ᠰᠡᠶᠢᠷᠡᠭᠦᠯᠪᠡ᠃︶ | | | |