ᠰᠠᠭᠠᠯᠢ ᠶᠢᠨ ᠦᠨᠢᠶ᠎ᠡ ᠶᠢ ᠰᠢᠨᠵᠢᠯᠡᠬᠦ ᠤᠬᠠᠭᠠᠨᠴᠢ ᠪᠠᠷ ᠮᠠᠯᠵᠢᠬᠤ ︵ᠠᠷᠪᠠᠨ ᠵᠢᠷᠭᠤᠭ᠎ᠠ︶
ᠨᠡᠶᠢᠲᠡᠯᠡᠭᠰᠡᠨ ᠴᠠᠭ᠄
2020/9/12
     ᠬᠦᠬᠡ ᠪᠠᠷ ᠳᠠᠷᠤᠰᠢᠭᠤᠯᠤᠭᠰᠠᠨ ᠪᠤᠷᠳᠤᠭ᠎ᠠ ᠨᠢ ᠶᠠᠮᠠᠷ ᠦᠢᠯᠡᠳᠦᠯ ᠲᠠᠢ ᠪᠣᠢ︖      ᠬᠦᠬᠡ ᠳᠠᠷᠤᠰᠢᠭᠤᠯᠤᠭᠰᠠᠨ ᠴᠢᠨᠠᠷ ᠰᠠᠶᠢᠲᠠᠢ ᠪᠤᠷᠳᠤᠭ᠎ᠠ ᠨᠢ ᠳᠤᠤᠷᠠᠬᠢ ᠮᠡᠲᠦ ᠳᠦᠷᠪᠡᠨ ᠲᠠᠯ᠎ᠠ ᠶᠢᠨ ᠦᠨᠳᠦᠰᠦᠨ ᠤᠨᠴᠠᠯᠢᠭ ᠲᠠᠢ᠄      ︵1︶ ᠴᠢᠨᠠᠷ ᠰᠠᠶᠢᠲᠠᠢ ᠪᠤᠷᠳᠤᠭ᠎ᠠ ᠪᠣᠯ ᠵᠢᠭᠠᠬᠠᠨ ᠢᠰᠭᠦᠯᠡᠩ ᠪᠠ ᠵᠢᠮᠢᠰ ᠤᠨ ᠦᠨᠦᠷ ᠲᠠᠢ᠂ ᠲᠡᠶᠢᠮᠦ ᠬᠠᠮᠠᠷ ᠴᠤᠷᠭᠢᠮ᠎ᠠ ᠢᠰᠭᠦᠯᠡᠩ ᠪᠢᠰᠢ᠂ ᠠᠮᠲᠠᠲᠠᠢ ᠢᠰᠭᠦᠯᠡᠩ ᠦᠨᠦᠷ ᠲᠠᠢ ᠪᠣᠶᠣ ᠠᠷᠢᠬᠢᠨ ᠦᠨᠦᠷ ᠲᠠᠢ᠂ ᠬᠦᠮᠦᠰ ᠲᠤ ᠮᠠᠰᠢ ᠲᠠᠭᠠᠯᠠᠮᠵᠢᠲᠠᠢ ᠰᠡᠷᠡᠯᠲᠡ ᠦᠭᠳᠡᠭ᠃ ᠬᠠᠮᠠᠷ ᠴᠤᠷᠭᠢᠮ᠎ᠠ ᠢᠰᠭᠦᠯᠡᠩ᠂ ᠠᠮᠲᠠ ᠦᠨᠦᠷ ᠢᠶᠠᠷ ᠠᠨᠠᠢ ᠪᠠᠶᠢᠪᠠᠯ ᠳᠤᠮᠳᠠ ᠳᠡᠰ ᠤᠨ ᠪᠤᠷᠳᠤᠭ᠎ᠠ ᠪᠤᠯᠤᠨ᠎ᠠ᠃ ᠬᠦᠮᠦᠰ ᠤᠨ ᠪᠦᠭᠡᠯᠵᠢᠰᠦ ᠬᠦᠷᠦᠮ᠎ᠡ ᠪᠠ ᠬᠠᠮᠠᠷ ᠴᠤᠷᠭᠢᠮ᠎ᠠ ᠢᠯᠵᠡᠷᠡᠮᠡᠯ ᠦᠨᠦᠷ  ᠲᠠᠢ ᠪᠣᠶᠣ ᠦᠮᠡᠬᠡᠢ ᠦᠨᠦᠷ ᠲᠠᠢ ᠪᠣᠯ ᠲᠤᠩ ᠮᠠᠭᠤ ᠪᠤᠷᠳᠤᠭ᠎ᠠ ᠪᠣᠯᠣᠨ᠎ᠠ᠂ ᠬᠡᠷᠡᠭᠯᠡᠵᠦ ᠪᠣᠯᠬᠤ ᠦᠭᠡᠢ᠃      ︵2︶ ᠰᠢᠷᠭᠠᠯ ᠨᠤᠭᠤᠭᠠᠨ ᠪᠣᠶᠣ ᠳᠠᠷᠤᠰᠢᠭᠤᠯᠤᠯ ᠤᠨ ᠣᠣᠯ ᠮᠠᠲ᠋ᠧᠷᠢᠶᠠᠯ ᠤᠨ ᠦᠩᠭᠡ ᠲᠠᠢ ᠪᠠᠶᠢᠳᠠᠭ᠃ ᠡᠭᠦᠨ ᠳᠤ ᠴᠢᠨᠠᠷ ᠰᠠᠶᠢᠲᠠᠢ ᠨᠢ ᠨᠤᠭᠤᠭᠠᠨ ᠪᠣᠶᠣ ᠰᠢᠷᠠᠪᠲᠤᠷ ᠨᠤᠭᠤᠭᠠᠨ᠂ ᠳᠤᠮᠳᠠ ᠳᠡᠰ ᠤᠨ ᠬᠢᠨᠢ ᠰᠢᠷᠭᠠᠯ ᠬᠦᠷᠡᠩ ᠪᠣᠶᠣ ᠪᠦᠲᠡᠩᠬᠢ ᠤᠯᠠᠪᠤᠷ᠂ ᠴᠢᠨᠠᠷ ᠮᠠᠭᠤᠲᠠᠢ ᠶᠢᠨ ᠬᠢᠨ ᠬᠦᠷᠡᠩ ᠪᠣᠶᠣ ᠬᠠᠷ᠎ᠠ ᠬᠦᠷᠡᠩ ᠦᠩᠭᠡ ᠲᠠᠢ ᠪᠠᠶᠢᠳᠠᠭ᠃ ᠡᠭᠦᠨ ᠢ ᠬᠡᠷᠡᠭᠯᠡᠵᠦ ᠪᠣᠯᠬᠤ ᠦᠭᠡᠢ᠃      ︵3︶ ᠢᠰᠭᠦᠯᠡᠩ ᠤᠨ ᠬᠡᠮᠵᠢᠶ᠎ᠡ ᠨᠢ ᠲᠤᠬᠢᠷᠠᠮᠵᠢᠲᠠᠢ ᠪᠠᠶᠢᠳᠠᠭ᠃      ︵4︶ ᠴᠢᠨᠠᠷ ᠰᠠᠶᠢᠲᠠᠢ ᠪᠤᠷᠳᠤᠭ᠎ᠠ ᠨᠢ ᠵᠤᠭᠤᠷᠢᠨ ᠳᠤ ᠨᠢᠭᠲᠠ ᠳᠠᠷᠤᠭᠳᠠᠵᠤ ᠠᠳᠬᠠᠭᠠᠳ ᠠᠪᠬᠤ ᠳᠤ ᠮᠠᠰᠢ ᠰᠡᠪᠰᠡᠭᠡᠷ᠂ ᠴᠢᠭᠢᠭᠯᠢᠭ᠂ ᠪᠦᠲᠦᠴᠡ ᠨᠢ ᠪᠦᠷᠢᠨ ᠲᠦᠬᠦᠷ᠂ ᠵᠦᠭᠡᠯᠡᠨ ᠪᠠᠶᠢᠵᠤ᠂ ᠣᠷᠭᠤᠮᠠᠯ ᠤᠨ ᠨᠠᠪᠴᠢ᠂ ᠡᠰᠢ᠂ ᠴᠡᠴᠡᠭ ᠪᠣᠯᠣᠨ ᠦᠷ᠎ᠡ ᠵᠢᠮᠢᠰ ᠨᠢ ᠮᠦᠨ ᠬᠦ ᠬᠡᠪ ᠢᠶᠠᠷ ᠢᠶᠠᠨ ᠪᠠᠶᠢᠳᠠᠭ᠃      ︵ᠢᠷᠡᠯᠲᠡ᠄ ᠪᠦᠷᠢᠨᠪᠠᠶᠡᠷ᠂ ᠮᠦᠩᠬᠡᠪᠠᠭᠠᠲᠤᠷ᠂ ᠬᠤᠩ ᠮᠧᠢ ᠨᠠᠷ ᠤᠨ ᠨᠠᠶᠢᠷᠠᠭᠤᠯᠤᠨ ᠤᠷᠴᠢᠭᠤᠯᠤᠭᠰᠠᠨ ︽ᠮᠠᠯᠵᠢᠯ ᠤᠨ ᠮᠡᠳᠡᠯᠭᠡ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯᠵᠢᠯ ᠤᠨ ᠮᠡᠳᠡᠯᠭᠡ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号