ᠰᠠᠭᠠᠯᠢ ᠶᠢᠨ ᠦᠨᠢᠶ᠎ᠡ ᠶᠢ ᠰᠢᠨᠵᠢᠯᠡᠬᠦ ᠤᠬᠠᠭᠠᠨᠴᠢ ᠪᠠᠷ ᠮᠠᠯᠵᠢᠬᠤ ︵ᠵᠢᠷᠭᠤᠭ᠎ᠠ︶
ᠨᠡᠶᠢᠲᠡᠯᠡᠭᠰᠡᠨ ᠴᠠᠭ᠄
2020/9/3
     ᠰᠠᠭᠠᠯᠢ ᠶᠢᠨ ᠦᠨᠢᠶᠡᠨ ᠤ ᠪᠤᠷᠳᠤᠭᠠᠨ ᠳᠤ ᠶᠠᠮᠠᠷ ᠵᠦᠢᠯ ᠤᠨ ᠮᠢᠨᠧᠷᠡᠯ ᠪᠤᠳᠠᠰ ᠬᠡᠷᠡᠭᠴᠡᠭᠡ ᠲᠠᠢ ᠪᠣᠢ︖      ᠰᠠᠭᠠᠯᠢ ᠶᠢᠨ ᠦᠨᠢᠶᠡᠨ ᠤ ᠪᠤᠷᠳᠤᠭᠠᠨ ᠳᠤ ᠺᠠᠯᠼ᠂ ᠹᠣᠰᠹᠣᠷ᠂ ᠨᠠᠲᠷᠢ᠂ ᠺᠠᠯᠢ᠂ ᠮᠠᠭᠨᠢ᠂ ᠬᠦᠬᠦᠷ᠂ ᠲᠡᠮᠦᠷ᠂ ᠵᠡᠰ᠂ ᠴᠠᠶᠢᠷ᠂ ᠮᠠᠩᠭᠠᠨ᠂ ᠺᠤᠪᠠᠯᠲ᠂ ᠢᠤᠳ᠋᠂ ᠰᠧᠯᠧᠨ᠂ ᠮᠣᠯᠢᠪᠳᠧᠨ ᠵᠡᠷᠭᠡ ᠮᠢᠨᠧᠷᠡᠯ ᠪᠤᠳᠠᠰ ᠬᠡᠷᠡᠭᠲᠡᠢ ᠪᠠᠶᠢᠳᠠᠭ᠃      ᠺᠠᠯᠼ ᠪᠣᠯᠣᠨ ᠹᠣᠰᠹᠣᠷ ᠪᠣᠯ ᠠᠷᠤᠭ ᠶᠠᠰᠤ ᠶᠢ ᠪᠦᠲᠦᠭᠡᠬᠦ ᠴᠢᠬᠤᠯᠠ ᠪᠦᠷᠢᠯᠳᠦᠭᠦᠨ ᠮᠦᠨ᠃ ᠤᠷᠲᠤ ᠬᠤᠭᠤᠴᠠᠭ᠎ᠠ ᠪᠠᠷ ᠺᠠᠯᠼ ᠳᠤᠲᠠᠭᠳᠠᠪᠠᠯ ᠶᠠᠰᠤ ᠵᠦᠭᠡᠯᠡᠷᠡᠬᠦ ᠭᠡᠮ᠂ ᠶᠠᠰᠤ ᠰᠡᠶᠢᠷᠡᠭᠵᠢᠬᠦ ᠭᠡᠮ ᠣᠯᠳᠠᠭ᠃ ᠹᠣᠰᠹᠣᠷ ᠳᠤᠲᠠᠭᠳᠠᠪᠠᠯ ᠡᠯᠳᠡᠪ ᠪᠤᠰᠤ ᠶᠢᠨ ᠶᠠᠭᠤᠮ᠎ᠠ ᠶᠢ ᠢᠳᠡᠳᠡᠭ᠃ ᠶᠠᠰᠤᠨ ᠳᠠᠬᠢ ᠺᠠᠯᠼ ᠪᠣᠯᠣᠨ ᠹᠣᠰᠹᠣᠷ ᠤᠨ ᠬᠠᠷᠢᠴᠠᠯ ᠨᠢ 3∶2 ᠪᠠᠶᠢᠳᠠᠭ᠃ ᠡᠳᠦᠷ ᠤᠨ ᠢᠳᠡᠰᠢᠨ ᠤ ᠺᠠᠯᠼ ᠹᠣᠰᠹᠣᠷ ᠤᠨ ᠬᠠᠷᠢᠴᠠᠯ ᠨᠢ 1∶1.5~1∶2.1 ᠪᠠᠶᠢᠯᠭᠠᠪᠠᠯ ᠲᠤᠬᠢᠷᠠᠮᠵᠢᠲᠠᠢ᠃      ᠨᠠᠲᠷᠢ ᠪᠣᠯᠣᠨ ᠾᠯᠤᠷ ᠪᠣᠯ ᠣᠷᠭᠠᠨᠢᠭ ᠪᠡᠶ᠎ᠡ ᠶᠢᠨ ᠨᠡᠪᠴᠢᠷᠡᠬᠦ ᠳᠠᠷᠤᠯᠲᠠ ᠪᠣᠯᠣᠨ ᠬᠦᠴᠢᠯ ᠱᠦᠯᠲᠦ ᠶᠢᠨ ᠲᠡᠩᠴᠡᠭᠦᠷᠢ ᠶᠢ ᠪᠠᠲᠤᠯᠠᠳᠠᠭ ᠮᠢᠨᠧᠷᠡᠯ ᠡᠯᠧᠮᠧᠨ᠋ᠲ ᠮᠦᠨ᠃ ᠨᠡᠭᠡᠳᠡᠰᠦ ᠶᠢᠨ ᠣᠰᠣᠨ ᠤ ᠵᠦᠭᠡᠭᠡᠪᠦᠷᠢ ᠳᠤ ᠴᠢᠬᠤᠯᠠ ᠦᠢᠯᠡᠳᠦᠯ ᠦᠵᠡᠭᠦᠯᠳᠡᠭ᠃ ᠡᠳᠡᠭᠡᠷ ᠵᠦᠢᠯ ᠳᠤᠲᠠᠭᠳᠠᠪᠠᠯ ᠢᠳᠡᠬᠦ ᠳᠤᠷᠠᠰᠢᠯ ᠨᠢ ᠮᠠᠭᠤᠳᠠᠵᠤ᠂ ᠦᠰᠦ ᠨᠢ ᠰᠡᠭᠰᠡᠶᠢᠳᠡᠭ᠃ ᠶᠡᠷᠦᠩᠬᠡᠢ ᠳᠡᠭᠡᠨ ᠢᠳᠡᠭᠡᠨ ᠤ ᠳᠠᠪᠣᠰᠣ ᠦᠭᠴᠦ ᠪᠣᠯᠣᠨ᠎ᠠ᠃      ᠮᠠᠭᠨᠢ ᠶᠢᠨ ᠤᠯᠠᠩᠬᠢ ᠨᠢ ᠠᠮᠢᠲᠠᠨ ᠤ ᠪᠡᠶ᠎ᠡ ᠳᠤᠲᠤᠷᠠᠬᠢ ᠠᠷᠤᠭ ᠶᠠᠰᠤᠨ ᠳᠤ ᠪᠠᠶᠢᠵᠤ᠂ ᠬᠡᠰᠡᠭ ᠮᠠᠭᠨᠢ ᠨᠢ ᠤᠭᠤᠷᠠᠭᠲᠤ ᠡᠳ᠋ ᠲᠠᠢ ᠨᠡᠶᠢᠯᠡᠨ ᠬᠠᠮᠲᠤᠷᠠᠮᠠᠯ ᠨᠢᠭᠡᠳᠦᠯ ᠪᠣᠯᠵᠣ᠂ ᠵᠦᠭᠡᠯᠡᠨ ᠨᠡᠭᠡᠳᠡᠰᠦ ᠶᠢᠨ ᠡᠰ ᠤᠨ ᠳᠤᠮᠳᠠ ᠤᠷᠤᠰᠢᠵᠤ ᠪᠠᠶᠢᠳᠠᠭ᠃ ᠮᠠᠭᠨᠢ ᠪᠣᠯ ᠤᠯᠠᠨ ᠵᠦᠢᠯ ᠤᠨ ᠢᠰᠭᠡᠭᠦᠷ ᠤᠨ ᠬᠠᠶᠢᠯᠤᠭᠤᠯᠤᠭᠴᠢ ᠡᠳ᠋ ᠪᠣᠯᠬᠤ ᠪᠦᠭᠡᠳ ᠰᠢᠬᠢᠷ ᠪᠣᠯᠣᠨ ᠤᠭᠤᠷᠠᠭ ᠤᠨ ᠰᠤᠯᠢᠯᠴᠠᠭ᠎ᠠ ᠳᠤ ᠴᠢᠬᠤᠯᠠ ᠦᠢᠯᠡᠳᠦᠯ ᠦᠵᠡᠭᠦᠯᠵᠦ ᠪᠠᠶᠢᠳᠠᠭ᠃      ᠬᠦᠬᠦᠷ ᠪᠣᠯ ᠦᠨᠢᠶᠡᠨ ᠤ ᠭᠦᠵᠡᠭᠡᠨ ᠤ ᠬᠡᠪ ᠤᠨ ᠴᠢᠳᠠᠪᠤᠷᠢ ᠳᠤ ᠳᠤᠲᠠᠭᠳᠠᠵᠤ ᠪᠣᠯᠣᠰᠢ ᠦᠭᠡᠢ ᠨᠢᠭᠡᠨ ᠵᠦᠢᠯ ᠤᠨ ᠰᠢᠮ᠎ᠡ ᠲᠡᠵᠢᠭᠡᠯ ᠤᠨ ᠡᠯᠧᠮᠧᠨ᠋ᠲ ᠪᠣᠯᠣᠨ᠎ᠠ᠃ ᠬᠦᠬᠦᠷ ᠨᠢ ᠭᠦᠵᠡᠭᠡᠨ ᠤ ᠮᠢᠺᠷᠤᠪ ᠤᠨ ᠠᠬᠢᠭᠤᠯᠤᠯ ᠳᠤᠤᠷ᠎ᠠ ᠳᠠᠪᠤᠰᠠᠩ ᠤᠨ ᠨᠡᠶᠢᠯᠡᠮᠡᠯ ᠰᠢᠪᠲᠤᠷᠲᠤ ᠬᠦᠴᠢᠯ᠂ ᠳᠠᠪᠤᠰᠠᠩ ᠤᠨ ᠬᠠᠭᠠᠰ ᠰᠢᠪᠲᠤᠷᠲᠤ ᠬᠦᠴᠢᠯ ᠪᠣᠯᠣᠨ ᠤᠭᠤᠷᠠᠭ ᠤᠨ ᠰᠢᠪᠲᠤᠷᠲᠤ ᠬᠦᠴᠢᠯ ᠳᠤ ᠣᠷᠣᠯᠴᠠᠳᠠᠭ᠃ ᠬᠦᠬᠦᠷ ᠳᠤᠲᠠᠭᠳᠠᠪᠠᠯ ᠦᠨᠢᠶᠡᠨ ᠤ ᠰᠢᠷᠬᠡᠭᠯᠢᠭ ᠡᠳ᠋ ᠤᠨ ᠰᠢᠩᠭᠡᠭᠡᠯᠲᠡ ᠪᠣᠯᠣᠨ ᠦᠭᠡᠬᠦᠨ ᠬᠦᠴᠢᠯ ᠤᠨ ᠬᠠᠷᠢᠴᠠᠯ ᠢ ᠨᠦᠯᠦᠭᠡᠯᠡᠳᠡᠭ᠃ ᠬᠦᠬᠦᠷ ᠬᠦᠴᠢᠯ ᠤᠨ ᠮᠠᠭᠨᠢ ᠶᠢ ᠬᠦᠬᠦᠷ ᠪᠣᠯᠣᠨ ᠮᠠᠭᠨᠢ ᠨᠦᠬᠦᠪᠦᠷᠢᠯᠡᠬᠦ ᠳᠤ ᠬᠡᠷᠡᠭᠯᠡᠵᠦ ᠪᠣᠯᠣᠨ᠎ᠠ᠃ ᠦᠨᠢᠶ᠎ᠡ ᠪᠦᠷᠢ ᠳᠤ ᠡᠳᠦᠷ ᠲᠤ 10~40g ᠦᠭᠪᠡᠯ ᠵᠤᠬᠢᠰᠲᠠᠢ᠃      ᠺᠠᠯᠢ ᠪᠣᠯ ᠨᠡᠭᠦᠷᠡᠰᠦ ᠤᠰᠤᠨ ᠤ ᠨᠡᠶᠢᠯᠡᠯ ᠡᠳ᠋ ᠪᠣᠯᠣᠨ ᠤᠭᠤᠷᠠᠭᠲᠤ ᠡᠳ᠋ ᠤᠨ ᠰᠤᠯᠢᠯᠴᠠᠬᠤ ᠶᠠᠪᠤᠴᠠ ᠳᠤ ᠤᠷᠤᠯᠴᠠᠵᠤ᠂ ᠪᠤᠯᠴᠢᠩ ᠮᠢᠬ᠎ᠠ᠂ ᠮᠡᠳᠡᠷᠡᠯ ᠤᠨ ᠬᠦᠭᠡᠷᠦᠯᠲᠡ ᠶᠢᠨ ᠴᠢᠨᠠᠷ ᠢ ᠬᠠᠳᠠᠭᠠᠯᠠᠳᠠᠭ᠃ ᠬᠦᠬᠡ ᠪᠦᠳᠦᠭᠦᠯᠢᠭ ᠪᠣᠷᠳᠣᠭᠠᠨ ᠳᠤ ᠺᠠᠯᠢ ᠡᠯᠪᠡᠭ ᠠᠭᠤᠯᠤᠭᠳᠠᠵᠤ ᠪᠠᠶᠢᠳᠠᠭ᠃      ᠲᠡᠮᠦᠷ᠂ ᠵᠡᠰ᠂ ᠺᠣᠪᠠᠯᠲ ᠪᠣᠯ ᠠᠮᠢᠲᠠᠨ ᠤ ᠴᠢᠰᠤ ᠪᠣᠢ ᠪᠣᠯᠬᠤ ᠳᠤ ᠳᠤᠲᠠᠭᠳᠠᠵᠤ ᠪᠤᠯᠤᠰᠢ ᠦᠭᠡᠢ ᠡᠯᠧᠮᠧᠨ᠋ᠲ ᠪᠣᠯᠣᠨ᠎ᠠ᠃ ᠠᠮᠢᠲᠠᠨ ᠤ ᠪᠡᠶᠡᠨ ᠳᠤ ᠮᠠᠰᠢ ᠪᠠᠭ᠎ᠠ ᠪᠠᠶᠢᠳᠠᠭ ᠪᠣᠯᠪᠠᠴᠤ ᠹᠢᠽᠢᠣᠯᠣᠭᠢ ᠶᠢᠨ ᠲᠠᠯ᠎ᠠ ᠪᠠᠷ ᠴᠢᠬᠤᠯᠠ ᠦᠢᠯᠡᠳᠦᠯ ᠦᠵᠡᠭᠦᠯᠳᠡᠭ᠃ ᠲᠡᠮᠦᠷ ᠪᠣᠯ ᠦᠨᠢᠶᠡᠨ ᠤ ᠪᠡᠶ᠎ᠡ ᠳᠤ ᠵᠦᠪᠬᠡᠨ ᠪᠡᠶ᠎ᠡ ᠶᠢᠨ ᠬᠦᠨᠳᠦ ᠶᠢᠨ ᠬᠢᠨᠢ ᠲᠦᠮᠡᠨ ᠤ ᠨᠢᠭᠡ ᠴᠢᠭ ᠭᠤᠷᠪᠠ ᠤᠷᠴᠢᠮ ᠠᠭᠤᠯᠤᠭᠳᠠᠵᠤ᠂ ᠲᠡᠮᠦᠷ ᠨᠢ ᠴᠢᠰᠤᠨ ᠳᠠᠬᠢ ᠬᠦᠴᠢᠯᠳᠦ᠋ᠷᠦᠭᠴᠢ ᠶᠢᠨ ᠵᠦᠭᠡᠭᠡᠪᠦᠷᠢ᠂ ᠡᠰ ᠤᠨ ᠳᠤᠲᠤᠷᠠᠬᠢ ᠪᠢᠤᠯᠤᠭᠢ ᠶᠢᠨ ᠢᠰᠦᠯᠲᠡ ᠶᠢᠨ ᠶᠠᠪᠤᠴᠠ ᠲᠠᠢ ᠨᠢᠭᠲᠠ ᠬᠤᠯᠪᠤᠭ᠎ᠠ ᠲᠠᠢ ᠪᠠᠶᠢᠵᠤ᠂ ᠰᠦ ᠬᠦᠬᠦᠵᠦ ᠪᠠᠶᠢᠭ᠎ᠠ ᠲᠤᠭᠤᠯ ᠲᠡᠮᠦᠷ ᠳᠤᠲᠠᠭᠳᠠᠭᠰᠠᠨ ᠠᠴᠠ ᠪᠣᠯᠵᠣ ᠴᠢᠰᠤ ᠳᠤᠲᠠᠭᠳᠠᠳᠠᠭ ᠪᠠᠶᠢᠨ᠎ᠠ᠃ ᠦᠨᠢᠶ᠎ᠡ ᠪᠦᠷᠢ ᠶᠢᠨ ᠡᠳᠦᠷ ᠤᠨ ᠢᠳᠡᠰᠢᠨ ᠳᠤᠨᠢ ᠡᠳᠦᠷ ᠪᠦᠷᠢ 30mg ᠲᠡᠮᠦᠷ ᠢ 4~8 ᠭᠠᠷᠠᠭ ᠨᠦᠬᠦᠷᠢᠯᠡᠪᠡᠯ 20 ᠭᠠᠷᠠᠭ ᠤᠨ ᠳᠠᠷᠠᠭ᠎ᠠ ᠮᠡᠳᠡᠭᠳᠡᠮ᠎ᠡ ᠦᠷ᠎ᠡ ᠳ᠋ᠦᠩ ᠣᠯᠣᠨ᠎ᠠ᠃ ᠵᠡᠰ ᠪᠣᠯ ᠴᠢᠰᠤᠨ ᠤ ᠤᠯᠠᠭᠠᠨ ᠡᠳ᠋ ᠪᠣᠯᠣᠨ ᠤᠯᠠᠨ ᠡᠰ ᠪᠦᠷᠢᠯᠳᠦᠬᠦ ᠶᠠᠪᠤᠴᠠ ᠳᠤ ᠲᠦᠷᠭᠡᠳᠭᠡᠬᠦ ᠦᠢᠯᠡᠳᠦᠯ ᠲᠠᠢ ᠪᠠᠶᠢᠳᠠᠭ᠃ ᠵᠡᠰ ᠳᠤᠲᠠᠭᠳᠠᠪᠠᠯ ᠮᠦᠨ ᠬᠦ  ᠴᠢᠰᠤ ᠳᠤᠲᠠᠭᠳᠠᠬᠤ ᠭᠡᠮ ᠳᠤ ᠨᠡᠷᠪᠡᠭᠳᠡᠨ᠎ᠡ᠃ ᠺᠤᠪᠠᠯᠲ ᠪᠣᠯ ᠸᠢᠲ᠋ᠠᠮᠢᠨ B12 ᠤᠨ ᠪᠦᠷᠢᠯᠳᠦᠭᠦᠨ ᠪᠣᠯᠣᠨ᠎ᠠ᠃ ᠬᠦᠵᠡᠭᠡᠨ ᠤ ᠮᠢᠺᠷᠤᠪ ᠨᠢ B12 ᠲᠠᠢ ᠨᠡᠶᠢᠯᠡᠬᠦ ᠳᠤ ᠡᠷᠬᠡᠪᠰᠢ ᠺᠤᠪᠠᠯᠲ ᠦᠭᠬᠦ ᠬᠡᠷᠡᠭᠲᠡᠢ᠃ ᠺᠤᠪᠠᠯᠲ ᠨᠢ ᠭᠦᠵᠡᠭᠡᠨ ᠳᠠᠬᠢ ᠰᠢᠷᠬᠡᠭᠯᠢᠭ ᠵᠠᠳᠠᠯᠤᠯᠲᠠ ᠶᠢᠨ ᠪᠠᠺᠲ᠋ᠧᠷᠢ ᠶᠢᠨ ᠠᠵᠢᠯᠯᠠᠭ᠎ᠠ ᠶᠢ ᠳᠡᠭᠡᠭᠰᠢᠯᠡᠭᠦᠯᠵᠦ ᠴᠢᠳᠠᠬᠤ ᠮᠦᠷᠲᠡᠭᠡᠨ ᠪᠠᠰᠠ ᠰᠢᠷᠬᠡᠭᠯᠢᠭ ᠡᠳ᠋ ᠤᠨ ᠰᠢᠩᠭᠡᠭᠡᠯᠲᠡ ᠳᠤ ᠲᠤᠰᠠᠲᠠᠢ ᠪᠠᠶᠢᠳᠠᠭ᠃ ᠺᠣᠪᠠᠯᠲ ᠳᠤᠲᠠᠭᠳᠠᠪᠠᠯ ᠦᠨᠢᠶᠡᠨ ᠤ ᠢᠳᠡᠬᠦ ᠳᠤᠷᠠᠰᠢᠯ  ᠨᠢ ᠮᠠᠭᠤᠲᠠᠵᠤ᠂ ᠡᠴᠡᠵᠦ ᠲᠤᠷᠠᠵᠤ᠂ ᠰᠦᠨ ᠤ ᠭᠠᠷᠤᠯᠲᠠ ᠨᠢ ᠪᠠᠭᠤᠷᠠᠨ᠎ᠠ᠃ ᠺᠤᠪᠠᠯᠲ ᠳᠤᠲᠠᠮᠠᠭ ᠭᠠᠵᠠᠷ ᠤᠷᠤᠨ ᠳᠤ 100kg ᠪᠦᠷᠢ ᠳᠠᠪᠤᠰᠤᠨ ᠳᠤ 60g ᠬᠦᠬᠦᠷ ᠬᠦᠴᠢᠯ ᠤᠨ ᠺᠤᠪᠠᠯᠲ ᠨᠡᠮᠡᠬᠦ ᠪᠣᠯ ᠮᠠᠰᠢ ᠪᠦᠲᠦᠮᠵᠢᠲᠡᠢ ᠠᠷᠭ᠎ᠠ ᠪᠣᠯᠣᠨ᠎ᠠ᠃      ᠮᠠᠩᠭᠠᠨ᠂ ᠴᠠᠶᠢᠷ᠂ ᠢᠤᠳ᠋ ᠡᠨᠡ ᠭᠤᠷᠪᠠᠨ ᠵᠦᠢᠯ ᠤᠨ ᠡᠯᠧᠮᠧᠨ᠋ᠲ ᠪᠣᠯ ᠴᠦᠮ ᠨᠡᠭᠦᠷᠡᠰᠦ ᠣᠰᠣᠨ ᠤ ᠨᠡᠶᠢᠯᠡᠯ ᠡᠳ᠋ ᠤᠨ ᠰᠤᠯᠢᠯᠴᠠᠭ᠎ᠠ ᠳᠤ ᠤᠷᠤᠯᠴᠠᠳᠠᠭ᠃ ᠮᠠᠩᠭᠠᠨ ᠨᠢ ᠠᠷᠤᠭ ᠶᠠᠰᠤᠨ ᠤ ᠬᠡᠪ ᠤᠨ ᠪᠤᠶᠢᠵᠢᠯᠲᠠ ᠳᠤ ᠬᠡᠷᠡᠭᠴᠡᠭᠡ  ᠲᠠᠢ᠃ ᠺᠠᠯᠼ᠂ ᠹᠣᠰᠹᠣᠷ ᠤᠨ ᠲᠤᠨᠤᠮᠠᠯ ᠪᠣᠯᠣᠨ ᠠᠷᠤᠭ ᠶᠠᠰᠤᠨ ᠤ ᠬᠡᠪ ᠤᠨ ᠪᠦᠷᠢᠯᠳᠦᠯ ᠲᠠᠢ ᠬᠤᠯᠪᠤᠭ᠎ᠠ ᠲᠠᠢ᠃ ᠴᠠᠶᠢᠷ ᠪᠣᠯ ᠠᠮᠢᠲᠠᠨ ᠤ ᠤᠷᠭᠠᠨᠢᠭ ᠪᠡᠶ᠎ᠡ ᠳᠤᠲᠤᠷᠠᠬᠢ ᠤᠯᠠᠨ ᠵᠦᠢᠯ ᠤᠨ ᠢᠰᠭᠡᠭᠦᠷ ᠤᠨ ᠪᠦᠷᠢᠯᠳᠦᠭᠦᠨ ᠮᠦᠨ᠃ ᠭᠤᠣᠯ ᠦᠢᠯᠡᠳᠦᠯ ᠨᠢ ᠭᠡᠪᠡᠯ ᠤᠷᠭᠠᠨᠢᠭ ᠪᠡᠶ᠎ᠡ ᠶᠢᠨ ᠨᠡᠭᠦᠷᠡᠰᠦ ᠬᠦᠴᠢᠯ ᠤᠨ ᠨᠠᠶᠢᠯᠡᠯ ᠪᠠ ᠵᠠᠳᠠᠷᠠᠯᠲᠠ ᠶᠢ ᠲᠦᠷᠭᠡᠳᠭᠡᠵᠦ᠂ ᠨᠡᠭᠦᠷᠡᠰᠦ ᠤᠰᠤᠨ ᠤ ᠨᠡᠶᠢᠯᠡᠯ ᠤᠨ ᠰᠤᠯᠢᠯᠴᠠᠭ᠎ᠠ ᠳᠤ ᠤᠷᠤᠯᠴᠠᠳᠠᠭ᠃ ᠴᠠᠶᠢᠷ ᠳᠤᠲᠠᠭᠳᠠᠪᠠᠯ ᠦᠰᠦᠯᠲᠡ ᠨᠢ ᠬᠠᠷᠰᠢᠯᠠᠭᠳᠠᠵᠤ᠂ ᠠᠮᠠ ᠬᠠᠮᠠᠷ ᠨᠢ ᠣᠯᠠᠶᠢᠨ ᠬᠠᠪᠤᠳᠴᠤ᠂ ᠴᠢᠰᠤ ᠭᠠᠷᠴᠣ᠂ ᠬᠦᠨᠳᠦ ᠨᠢ ᠲᠦᠷᠭᠡᠨ ᠪᠠᠭᠤᠷᠠᠳᠠᠭ᠃ ᠢᠤᠳ᠋ ᠪᠣᠯ ᠪᠠᠮᠪᠠᠢ ᠶᠢᠨ ᠪᠤᠯᠴᠢᠷᠬᠠᠢ ᠶᠢᠨ ᠪᠦᠷᠢᠯᠳᠦᠭᠦᠨ ᠪᠦᠭᠡᠳ ᠪᠠᠷᠤᠭ ᠪᠦᠬᠦᠶᠢᠯᠡ ᠪᠣᠳᠠᠰ ᠤᠨ ᠰᠤᠯᠢᠯᠴᠠᠭ᠎ᠠ ᠶᠢᠨ ᠶᠠᠪᠤᠴᠠ ᠳᠤ ᠣᠷᠣᠯᠴᠠᠳᠠᠭ᠃ ᠢᠤᠳ᠋ ᠳᠤᠲᠠᠭᠳᠠᠪᠠᠯ ᠦᠨᠢᠶᠡᠨ ᠤ ᠪᠠᠮᠪᠠᠢ ᠪᠤᠯᠴᠢᠷᠬᠠᠢ ᠨᠢ ᠬᠠᠪᠤᠳᠤᠨ ᠲᠤᠮᠤᠷᠠᠵᠤ᠂ ᠰᠠᠭᠤᠷᠢ ᠰᠤᠯᠢᠯᠴᠠᠭ᠎ᠠ ᠨᠢ ᠪᠠᠭᠤᠷᠠᠵᠤ᠂ ᠦᠰᠦᠯᠲᠡ ᠪᠣᠶᠢᠵᠢᠯᠲᠠ ᠨᠢ ᠤᠳᠠᠭᠠᠰᠢᠷᠠᠳᠠᠭ᠃ ᠢᠤᠳ᠋ ᠳᠤᠲᠠᠭᠳᠠᠭᠰᠠᠨ ᠳᠤ ᠢᠤᠳ᠋ᠵᠢᠭ᠍ᠰᠡᠨ ᠢᠳᠡᠰᠢᠨ ᠳᠠᠪᠤᠰᠤ ᠪᠠᠷ ᠨᠦᠬᠦᠪᠦᠷᠢᠯᠡᠵᠦ ᠪᠣᠯᠣᠨ᠎ᠠ᠃      ᠮᠣᠯᠢᠪᠳᠧᠨ᠂ ᠰᠧᠯᠧᠨ᠂ ᠹᠯᠣᠷ ᠡᠨᠡ ᠭᠤᠷᠪᠠᠨ ᠵᠦᠢᠯ ᠤᠨ ᠡᠯᠧᠮᠧᠨ᠋ᠲ ᠨᠢ ᠰᠠᠭᠠᠯᠢ ᠶᠢᠨ ᠦᠨᠢᠶᠡᠨ ᠳᠤ ᠰᠢᠮ᠎ᠡ ᠲᠡᠵᠢᠭᠡᠯ ᠤᠨ ᠦᠢᠯᠡᠳᠦᠯ ᠦᠵᠡᠭᠦᠯᠳᠡᠭ᠃ ᠭᠡᠬᠦ ᠳᠡᠭᠡᠨ ᠪᠠᠭ᠎ᠠ ᠯᠡ ᠬᠢᠴᠢᠶᠡᠬᠦ ᠦᠭᠡᠢ ᠪᠣᠯ ᠬᠡᠮᠵᠢᠶ᠎ᠡ ᠶᠢ ᠨᠢ ᠠᠬᠠᠳᠠᠭᠤᠯᠵᠤ ᠬᠤᠤᠷᠳᠠᠭᠤᠯᠳᠠᠭ᠃ ᠮᠣᠯᠢᠪᠳᠧᠨ ᠪᠣᠯ ᠦᠨᠢᠶᠡᠨ ᠤ ᠰᠢᠩᠭᠡᠭᠡᠯᠲᠡ ᠶᠢᠨ ᠵᠠᠮ ᠤᠨ ᠮᠢᠺᠷᠤᠪ ᠤᠨ ᠦᠰᠦᠯᠲᠡ ᠶᠢᠨ ᠡᠯᠧᠮᠧᠨ᠋ᠲ ᠪᠣᠯᠣᠨ᠎ᠠ᠃ ᠶᠡᠷᠦᠳᠡ ᠶᠢᠨ ᠪᠤᠷᠳᠤᠭᠠᠨ ᠳᠠᠬᠢ  ᠮᠣᠯᠢᠪᠳᠧᠨ ᠨᠢ ᠠᠮᠢᠲᠠᠨ ᠤ ᠬᠡᠷᠡᠭᠴᠡᠭᠡ ᠶᠢ ᠭᠦᠢᠴᠡᠳ ᠬᠠᠩᠭᠠᠵᠤ ᠳᠡᠶᠢᠯᠦᠨ᠎ᠡ᠃ ᠰᠧᠯᠧᠨ ᠪᠣᠯ ᠠᠮᠢᠲᠠᠨ ᠤ ᠴᠢᠬᠤᠯᠠ ᠪᠦᠬᠦᠢ ᠡᠯᠧᠮᠧᠨ᠋ᠲ ᠮᠦᠨ ᠪᠦᠭᠡᠳ ᠰᠧᠯᠧᠨ ᠳᠤᠲᠠᠭᠳᠠᠪᠠᠯ ᠠᠮᠢᠲᠠᠨ ᠤ ᠦᠰᠦᠯᠲᠡ ᠪᠣᠶᠢᠵᠢᠯᠲᠠ ᠨᠢ ᠤᠳᠠᠭᠠᠰᠢᠷᠠᠵᠤ᠂ ᠦᠷᠡᠵᠢᠯ ᠤᠨ ᠴᠢᠳᠠᠪᠤᠷᠢ  ᠨᠢ ᠮᠠᠭᠤᠲᠠᠲᠠᠭ᠃ ᠹᠯᠣᠷ ᠨᠢ ᠰᠢᠳᠦᠨ ᠤ ᠬᠤᠷᠤᠬᠠᠶᠢᠳᠤᠯ ᠢ ᠰᠡᠷᠭᠡᠶᠢᠯᠡᠬᠦ ᠪᠠ ᠡᠷᠡᠭᠦᠯ ᠢ ᠬᠠᠮᠠᠭᠠᠯᠠᠬᠤ ᠦᠢᠯᠡᠳᠦᠯ ᠲᠠᠢ᠃ ᠡᠩ ᠤᠨ ᠪᠠᠶᠢᠳᠠᠯ ᠳᠤᠤᠷ᠎ᠠ ᠪᠤᠷᠳᠤᠭᠠᠨ ᠳᠠᠬᠢ ᠹᠯᠤᠷ ᠨᠢ ᠬᠡᠷᠡᠭᠴᠡᠭᠡ ᠶᠢ ᠪᠦᠷᠢᠨ ᠬᠠᠩᠭᠠᠵᠤ ᠳᠡᠶᠢᠯᠬᠦ ᠲᠤᠯᠠ ᠦᠬᠦᠬᠦ ᠴᠢᠬᠤᠯᠠ ᠦᠭᠡᠢ᠃ ᠦᠨᠢᠶ᠎ᠡ ᠬᠡᠷᠪᠡ ᠹᠯᠤᠷ ᠲᠤ ᠬᠤᠤᠷᠳᠠᠭᠳᠠᠪᠠᠯ ᠢᠳᠡᠬᠦ ᠨᠢ ᠮᠠᠭᠤᠲᠠᠵᠤ᠂ ᠰᠦᠨ ᠭᠠᠷᠤᠯᠲᠠ  ᠨᠢ ᠪᠠᠭᠤᠷᠠᠵᠤ᠂ ᠳᠦᠷᠪᠡᠨ ᠮᠦᠴᠢ ᠨᠢ ᠬᠦᠰᠢᠵᠦ᠂ ᠠᠷᠤᠭ ᠶᠠᠰᠤ ᠨᠢ ᠲᠤᠮᠤᠷᠠᠵᠤ ᠡᠴᠦᠰ ᠲᠡᠭᠡᠨ ᠦᠬᠦᠳᠡᠭ᠃      ︵ᠢᠷᠡᠯᠲᠡ᠄ ᠪᠦᠷᠢᠨᠪᠠᠶᠡᠷ᠂ ᠮᠦᠩᠬᠡᠪᠠᠭᠠᠲᠤᠷ᠂ ᠬᠤᠩ ᠮᠧᠢ ᠨᠠᠷ ᠤᠨ ᠨᠠᠶᠢᠷᠠᠭᠤᠯᠤᠨ ᠤᠷᠴᠢᠭᠤᠯᠤᠭᠰᠠᠨ ︽ᠮᠠᠯᠵᠢᠯ ᠤᠨ ᠮᠡᠳᠡᠯᠭᠡ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯᠵᠢᠯ ᠤᠨ ᠮᠡᠳᠡᠯᠭᠡ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号