ᠮᠢᠬᠠᠨ ᠦᠬᠡᠷ ᠢ ᠲᠦᠷᠭᠡᠨ ᠲᠠᠷᠭᠤᠯᠠᠭᠤᠯᠬᠤ ᠠᠷᠭ᠎ᠠ
ᠨᠡᠶᠢᠲᠡᠯᠡᠭᠰᠡᠨ ᠴᠠᠭ᠄
2021/1/22
     1.ᠪᠡᠯᠴᠢᠭᠡᠷᠯᠡᠭᠦᠯᠬᠦ ᠶᠢᠨ ᠬᠠᠮᠲᠤ ᠪᠤᠷᠳᠤᠭ᠎ᠠ ᠨᠦᠬᠦᠪᠦᠷᠢᠯᠡᠨ ᠲᠠᠷᠭᠤᠯᠠᠭᠤᠯᠬᠤ ᠠᠷᠭ᠎ᠠ᠄ 1~3 ᠰᠠᠷ᠎ᠠ ᠶᠢᠨ ᠨᠠᠰᠤᠨ ᠤ ᠪᠤᠷᠳᠤᠬᠤ ᠲᠤᠭᠤᠯ ᠢ ᠰᠦ ᠪᠠᠷ ᠲᠡᠵᠢᠭᠡᠬᠦ ᠶᠢᠨ ᠬᠠᠮᠲᠤ ᠦᠨᠢᠶᠡᠨ ᠳᠤ ᠡᠳᠦᠷ ᠲᠤ 1kg ᠨᠠᠷᠢᠯᠢᠭ ᠪᠤᠷᠳᠤᠭ᠎ᠠ ᠨᠦᠬᠦᠪᠦᠷᠢᠯᠡᠵᠦ᠂ ᠲᠤᠭᠤᠯ ᠳᠤᠨᠢ ᠰᠦ ᠴᠠᠳᠲᠠᠯ᠎ᠠ ᠬᠦᠬᠦᠭᠦᠯᠦᠨ᠎ᠡ᠃ 4~6 ᠰᠠᠷ᠎ᠠ ᠶᠢᠨ ᠨᠠᠰᠤᠨ ᠤ ᠲᠤᠭᠤᠯ ᠢ ᠬᠦᠬᠦᠭᠦᠯᠬᠦ ᠠᠴᠠ ᠭᠠᠳᠠᠨ᠎ᠠ ᠡᠳᠦᠷ ᠲᠤ 0.25kg ᠨᠠᠷᠢᠯᠢᠭ ᠪᠣᠷᠳᠤᠭ᠎ᠠ ᠨᠦᠬᠦᠪᠦᠷᠢᠯᠡᠬᠦ ᠶᠢᠨ ᠬᠠᠮᠲᠤ 25g ᠲᠦᠮᠧᠶᠢᠰᠦ ᠶᠢᠨ ᠲᠠᠯᠬ᠎ᠠ ᠢᠳᠡᠭᠦᠯᠵᠦ ᠡᠬᠡ ᠶᠢ ᠨᠢ ᠳᠠᠭᠠᠭᠤᠯᠤᠨ ᠪᠡᠯᠴᠢᠭᠡᠷᠯᠡᠭᠦᠯᠦᠨ᠎ᠡ᠃ ᠬᠠᠮᠤᠭ ᠤᠨ ᠬᠤᠯᠠ ᠳᠠᠭᠠᠨ 6kg ᠠᠴᠠ ᠬᠡᠲᠦᠷᠡᠭᠦᠯᠵᠦ ᠪᠣᠯᠬᠤ ᠦᠭᠡᠢ᠃ 6 ᠰᠠᠷ᠎ᠠ ᠶᠢᠨ ᠨᠠᠰᠤᠨ ᠳᠤᠨᠢ ᠰᠦᠨ ᠠᠴᠠ ᠨᠢ ᠰᠠᠯᠭᠠᠨ᠎ᠠ᠃ 7~12 ᠰᠠᠷ᠎ᠠ ᠶᠢᠨ ᠨᠠᠰᠤᠨ ᠳᠤ ᠬᠠᠭᠠᠰ ᠪᠡᠯᠴᠢᠭᠡᠷᠯᠡᠭᠦᠯᠦᠨ ᠬᠠᠭᠠᠰ ᠬᠤᠲᠠᠯᠠᠨ ᠲᠡᠵᠢᠭᠡᠵᠦ᠂ ᠡᠳᠦᠷ ᠲᠤ 0.5kg ᠡᠷᠳᠡᠨᠢ ᠰᠢᠰᠢ᠂ 20g ᠦᠰᠦᠯᠲᠡ ᠲᠦᠷᠭᠡᠳᠭᠡᠭᠴᠢ ᠡᠳ᠋᠂ 25g ᠨᠠᠷᠢᠯᠢᠭ ᠳᠠᠪᠤᠰᠤ᠂ 25g ᠰᠢᠭᠡᠰᠦᠯᠢᠭ ᠡᠳ᠋ ᠵᠡᠷᠭᠡ ᠶᠢ ᠤᠷᠤᠢ ᠬᠤᠲᠠᠯᠠᠭᠰᠠᠨ ᠤ ᠳᠠᠷᠠᠭ᠎ᠠ 1 ᠤᠳᠠᠭ᠎ᠠ ᠨᠦᠬᠦᠪᠦᠷᠢᠯᠡᠵᠦ ᠲᠡᠵᠢᠭᠡᠨ᠎ᠡ᠃ 13~15 ᠰᠠᠷ᠎ᠠ ᠶᠢᠨ ᠨᠠᠰᠤᠨ ᠳᠤ ᠬᠦᠬᠡ ᠡᠪᠡᠰᠦᠨ ᠳᠤ ᠪᠡᠯᠴᠢᠭᠡᠷᠯᠡᠭᠦᠯᠦᠨ᠎ᠡ᠃ 16~18 ᠰᠠᠷ᠎ᠠ ᠶᠢᠨ ᠨᠠᠰᠤᠨ ᠳᠤ ᠬᠤᠷᠤᠬᠠᠢ ᠶᠢ ᠨᠢ ᠲᠠᠭᠤᠭᠰᠠᠨ ᠤ ᠳᠠᠷᠠᠭ᠎ᠠ ᠡᠳᠦᠷᠵᠢᠨ ᠪᠡᠯᠴᠢᠭᠡᠷᠯᠡᠭᠦᠯᠵᠦ᠂ ᠡᠳᠦᠷ ᠲᠤ 3 ᠣᠳᠠᠭ᠎ᠠ ᠬᠤᠪᠢᠶᠠᠷᠢᠯᠠᠨ 1.5kg ᠡᠷᠳᠡᠨᠢ ᠰᠢᠰᠢ᠂ 50g ᠰᠢᠭᠡᠰᠦᠯᠢᠭ ᠡᠳ᠋᠂ 40g ᠦᠰᠦᠯᠲᠡ ᠲᠦᠷᠭᠡᠳᠭᠡᠭᠴᠢ ᠡᠳ᠋᠂ 50g ᠨᠠᠷᠢᠯᠢᠭ ᠳᠠᠪᠤᠰᠤ ᠨᠦᠬᠦᠪᠦᠷᠢᠯᠡᠨ᠎ᠡ ︵25 ᠬᠤᠨᠤᠭ ᠲᠡᠵᠢᠭᠡᠵᠦ 25 ᠬᠤᠨᠤᠭ ᠵᠤᠭᠰᠤᠨ᠎ᠠ︶᠃      2.ᠬᠦᠬᠡ ᠡᠪᠡᠰᠦᠨ ᠤ ᠬᠤᠭᠤᠴᠠᠭᠠᠨ ᠳᠤ ᠰᠢᠭᠡᠰᠦᠯᠢᠭ ᠡᠳ᠋ ᠨᠡᠮᠡᠵᠦ ᠲᠠᠷᠭᠤᠯᠠᠭᠤᠯᠬᠤ ᠠᠷᠭ᠎ᠠ᠄ ᠪᠤᠲᠠᠲᠠᠢ ᠠᠷᠭ᠎ᠠ ᠨᠢ ᠭᠡᠪᠡᠯ᠂ 250kg ᠤᠷᠴᠢᠮ ᠪᠡᠶ᠎ᠡ ᠶᠢᠨ ᠬᠦᠨᠳᠦ ᠲᠠᠢ ᠦᠬᠡᠷ ᠢ ᠰᠤᠩᠭᠤᠵᠤ ᠡᠳᠦᠷ ᠪᠡᠯᠴᠢᠭᠡᠷᠯᠡᠭᠦᠯᠵᠦ᠂ ᠡᠷᠲᠡ᠂ ᠦᠳᠡ᠂ ᠤᠷᠤᠢ ᠳᠠᠭᠠᠨ ᠬᠤᠲᠠᠯᠠᠵᠤ᠂ 8 ᠤᠳᠠᠭ᠎ᠠ ᠪᠤᠷᠳᠤᠭ᠎ᠠ ᠨᠦᠬᠦᠪᠦᠷᠢᠯᠡᠨ᠎ᠡ᠃ 350kg ᠠᠴᠠ ᠳᠡᠭᠡᠭᠰᠢᠬᠢ ᠪᠡᠶ᠎ᠡ ᠶᠢᠨ ᠬᠦᠨᠳᠦ ᠲᠠᠢ ᠪᠣᠯᠪᠠᠯ ᠨᠢᠲᠤᠯᠭᠠᠨ ᠳᠤ ᠭᠠᠷᠭᠠᠨ᠎ᠠ᠃      ᠬᠤᠨᠤᠭ ᠤᠨ ᠬᠤᠯᠢᠮᠠᠭ ᠲᠡᠵᠢᠭᠡᠯ ᠤᠨ ᠨᠠᠶᠢᠷᠠᠯᠭ᠎ᠠ᠄ 1.5kg ᠡᠷᠳᠡᠨᠢ ᠰᠢᠰᠢ ᠶᠢᠨ ᠭᠤᠯᠢᠷ᠂ 50g ᠰᠢᠭᠡᠰᠦᠯᠢᠭ ᠡᠳ᠋᠂ 50g ᠨᠠᠷᠢᠯᠢᠭ ᠳᠠᠪᠤᠰᠤ᠂ 40g ᠦᠰᠦᠯᠲᠡ ᠲᠦᠷᠭᠡᠳᠭᠡᠭᠴᠢ ᠡᠳ᠋ ᠨᠦᠬᠦᠪᠦᠷᠢᠯᠡᠵᠦ᠂ ᠬᠦᠬᠡ ᠡᠪᠡᠰᠦ ᠶᠢ ᠳᠤᠷ᠎ᠠ ᠪᠠᠷ ᠨᠢ ᠢᠳᠡᠭᠦᠯᠦᠨ᠎ᠡ᠃      3. ᠰᠢᠪᠲᠦᠷᠵᠢᠭᠦᠯᠦᠭᠰᠡᠨ ᠡᠷᠳᠡᠨᠢ ᠰᠢᠰᠢ ᠶᠢᠨ ᠡᠰᠢ ᠪᠠᠷ ᠲᠠᠷᠭᠤᠯᠠᠭᠤᠯᠬᠤ ᠠᠷᠭ᠎ᠠ᠄ 200kg ᠪᠡᠶ᠎ᠡ ᠶᠢᠨ ᠬᠦᠨᠳᠦ ᠲᠠᠢ ᠮᠢᠬᠠᠨ ᠦᠬᠡᠷ ᠢ ᠬᠠᠰᠢᠶᠠᠨ ᠳᠤ ᠡᠪᠡᠷᠯᠡᠵᠦ ᠤᠶᠠᠭᠠᠳ ᠬᠦᠳᠡᠯᠭᠡᠭᠡᠨ ᠢ ᠨᠢ ᠬᠢᠵᠠᠭᠠᠷᠯᠠᠨ᠎ᠠ᠃ ᠡᠳᠦᠷ ᠪᠦᠷᠢ 14kg ᠰᠢᠪᠲᠦᠷᠵᠢᠭᠦᠯᠦᠭᠰᠡᠨ ᠡᠷᠳᠡᠨᠢ ᠰᠢᠰᠢ ᠶᠢᠨ ᠡᠰᠢᠨ ᠤ ᠭᠤᠯᠢᠷ᠂ 2kg ᠪᠠᠭᠰᠤᠷᠤᠮᠠᠯ ᠪᠤᠷᠳᠤᠭ᠎ᠠ᠂ 33g ᠬᠤᠯᠢᠴᠠ᠂ 33g ᠬᠤᠭᠤᠯᠠᠨ ᠳᠠᠪᠤᠰᠤ ᠶᠢ 2 ᠤᠳᠠᠭ᠎ᠠ ᠬᠤᠪᠢᠶᠠᠵᠤ ᠦᠭᠭᠦᠨ᠎ᠡ᠃      ᠡᠷᠳᠡᠨᠢ ᠰᠢᠰᠢ ᠶᠢᠨ ᠡᠰᠢ ᠶᠢ ᠰᠢᠪᠲᠦᠷᠵᠢᠭᠦᠯᠬᠦ ᠠᠷᠭ᠎ᠠ ᠭᠡᠪᠡᠯ᠂ 100kg ᠨᠢᠴᠠᠯᠤᠭᠰᠠᠨ ᠡᠷᠳᠡᠨᠢ ᠰᠢᠰᠢ ᠶᠢᠨ ᠡᠰᠢᠨ ᠳᠤ 8% ᠶᠢᠨ ᠰᠢᠭᠡᠰᠦᠯᠢᠭ ᠡᠳ᠋ ᠲᠠᠢ 50kg ᠰᠢᠩᠭᠡᠨ ᠨᠡᠮᠡᠵᠦ ᠵᠢᠭᠲᠡ ᠬᠤᠳᠬᠤᠭᠠᠳ 40℃ ᠤᠨ ᠳᠤᠯᠠᠭᠠᠨ ᠳᠤ ᠳᠤᠤᠷᠠᠬᠢ ᠮᠡᠲᠦ ᠬᠤᠶᠠᠷ ᠠᠷᠭ᠎ᠠ ᠪᠠᠷ ᠰᠢᠪᠲᠦᠷᠵᠢᠭᠦᠯᠦᠨ᠎ᠡ᠃      ⑴ᠵᠤᠭᠤᠷᠢᠨ ᠳᠤ ᠰᠢᠪᠲᠦᠷᠵᠢᠭᠦᠯᠬᠦ ᠠᠷᠭ᠎ᠠ᠄ ᠲᠤᠭᠤᠰᠬ᠎ᠠ ᠱᠦᠢᠨᠢ ᠪᠦᠲᠦᠴᠡ ᠲᠠᠢ ᠵᠤᠭᠤᠷᠢ ᠶᠢ ᠰᠦᠯᠢᠶᠤᠤ ᠪᠠᠷ ᠳᠤᠲᠤᠷᠯᠠᠵᠤ᠂ ᠳᠦᠷᠪᠡᠨ ᠬᠠᠨᠠᠨ ᠳᠤᠨᠢ ᠬᠠᠭᠤᠷᠠᠢ ᠠᠷᠭᠠᠯ ᠪᠣᠶᠣ ᠮᠣᠳᠣᠨ ᠤ ᠬᠢᠷᠦᠭᠡᠳᠡᠰᠦ ᠳᠡᠪᠢᠰᠴᠦ᠂ ᠵᠢᠭᠲᠡ ᠬᠤᠳᠬᠤᠭᠰᠠᠨ ᠰᠢᠭᠡᠰᠦᠯᠢᠭ ᠡᠳ᠋ᠳᠦ ᠡᠷᠳᠡᠨᠢ ᠰᠢᠰᠢ ᠶᠢᠨ ᠡᠰᠢ ᠶᠢ ᠵᠤᠭᠤᠷᠢᠨ ᠳᠤ ᠬᠢᠵᠦ ᠴᠢᠩᠭ᠎ᠠ ᠳᠠᠷᠤᠭᠠᠳ ᠳᠡᠭᠡᠷ᠎ᠡ ᠨᠢ ᠰᠦᠯᠢᠶᠤᠤ ᠪᠦᠰ ᠬᠤᠴᠢᠵᠦ ᠰᠠᠶᠢᠨ ᠪᠢᠲᠡᠭᠦᠮᠵᠢᠯᠡᠵᠦ ᠲᠠᠯᠪᠢᠨ᠎ᠠ᠃ 105 ᠬᠤᠨᠤᠭ ᠪᠣᠯᠪᠠᠯ ᠵᠤᠭᠤᠷᠢ ᠠᠴᠠ ᠪᠠᠨ ᠭᠠᠷᠭᠠᠵᠤ ᠦᠬᠡᠷ ᠲᠡᠵᠢᠭᠡᠵᠦ ᠪᠣᠯᠣᠨ᠎ᠠ᠃      ⑵ ᠤᠪᠤᠭᠠᠯᠠᠬᠤ ᠠᠷᠭ᠎ᠠ᠄ ᠵᠢᠭᠲᠡ ᠨᠡᠶᠢᠯᠡᠭᠦᠯᠦᠨ ᠰᠢᠪᠲᠦᠷᠵᠢᠭᠦᠯᠦᠭᠰᠡᠨ ᠡᠷᠳᠡᠨᠢ ᠰᠢᠰᠢ ᠶᠢᠨ ᠡᠰᠢ ᠪᠠᠨ ᠲᠤᠭᠤᠰᠬ᠎ᠠ ᠪᠣᠶᠣ ᠱᠦᠢᠨᠢ ᠱᠠᠯᠠ ᠳᠡᠭᠡᠷ᠎ᠡ ᠤᠪᠤᠭᠠᠯᠠᠵᠤ᠂ ᠴᠢᠩᠭ᠎ᠠ ᠭᠢᠰᠭᠢᠭᠡᠳ ᠰᠠᠶᠢᠨ ᠪᠢᠲᠡᠭᠦᠮᠵᠢᠯᠡᠨ ᠲᠠᠯᠪᠢᠨ᠎ᠠ᠃ ᠢᠩᠭᠢᠭᠡᠳ 30 ᠬᠤᠨᠤᠭ ᠪᠣᠯᠪᠠᠯ ᠵᠤᠭᠤᠷᠢ ᠠᠴᠠ ᠪᠠᠨ ᠭᠠᠷᠭᠠᠵᠤ ᠦᠬᠡᠷ ᠲᠡᠵᠢᠭᠡᠵᠦ ᠪᠣᠯᠣᠨ᠎ᠠ᠃      4.ᠪᠠᠵᠢᠮᠠᠭ ᠳᠡᠭᠡᠷ᠎ᠡ ᠰᠢᠭᠡᠰᠦᠯᠢᠭ ᠡᠳ᠋ ᠨᠡᠮᠡᠵᠦ ᠳᠠᠷᠤᠰᠢᠭᠤᠯᠬᠤ ᠠᠷᠭ᠎ᠠ᠄ 2~4 ᠰᠠᠷ᠎ᠠ ᠶᠢᠨ ᠨᠠᠰᠤᠨ ᠤ 150~200kg ᠪᠡᠶ᠎ᠡ ᠶᠢᠨ ᠬᠦᠨᠳᠦ ᠲᠠᠢ ᠡᠷᠯᠢᠰᠡᠵᠢᠭᠦᠯᠦᠭᠰᠡᠨ ᠦᠬᠡᠷ ᠢ ᠰᠣᠩᠭᠤᠵᠣ᠂ ᠭᠤᠷᠪᠠᠨ ᠱᠠᠲᠤ ᠬᠤᠪᠢᠶᠠᠵᠤ 150 ᠬᠤᠨᠤᠭ ᠪᠤᠷᠳᠤᠨ᠎ᠠ᠃      ᠨᠢᠭᠡᠳᠦᠷ ᠱᠠᠲᠤ ᠨᠢ ᠨᠡᠶᠢᠲᠡ 30 ᠬᠤᠨᠤᠭ᠃ ᠡᠳᠦᠷ ᠲᠤ 15kg ᠪᠠᠵᠢᠮᠠᠭ᠂ 2.5kg ᠨᠠᠷᠢᠮᠤ ᠶᠢᠨ ᠡᠪᠡᠰᠦ᠂ 1kg ᠡᠷᠳᠡᠨᠢ ᠰᠢᠰᠢ ᠶᠢᠨ ᠭᠤᠯᠢᠷ᠂ 50g ᠰᠢᠭᠡᠰᠦᠯᠢᠭ ᠡᠳ᠋ ᠢ ᠬᠤᠶᠠᠷ ᠬᠤᠪᠢᠶᠠᠵᠤ ᠦᠭᠭᠦᠨ᠎ᠡ᠃ 3 ᠬᠤᠨᠤᠭ ᠪᠦᠷᠢ ᠳᠤ 50gᠢᠳᠡᠰᠢᠨ ᠳᠠᠪᠤᠰᠤ᠂ ᠵᠣᠬᠢᠬᠤ ᠬᠡᠮᠵᠢᠶᠡᠨ ᠤ ᠦᠰᠦᠯᠲᠡ ᠲᠦᠷᠭᠡᠳᠭᠡᠭᠴᠢ ᠡᠳ᠋ ᠢᠶᠠᠷ ᠲᠡᠵᠢᠭᠡᠨ᠎ᠡ᠃      ᠬᠤᠶᠠᠳᠤᠭᠠᠷ ᠱᠠᠲᠤ ᠨᠢ ᠨᠡᠶᠢᠲᠡ 30 ᠬᠤᠨᠤᠭ᠃ ᠡᠳᠦᠷ ᠲᠤ 20kg ᠪᠠᠵᠢᠮᠠᠭ᠂ 15kg ᠨᠠᠷᠢᠮᠤ ᠶᠢᠨ ᠡᠪᠡᠰᠦ᠂ 1kg ᠡᠷᠳᠡᠨᠢ ᠰᠢᠰᠢ ᠶᠢᠨ ᠭᠤᠯᠢᠷ᠂ 60g ᠰᠢᠭᠡᠰᠦᠯᠢᠭ ᠡᠳ᠋ ᠢᠶᠠᠷ ᠲᠡᠵᠢᠭᠡᠨ᠎ᠡ᠃ 2 ᠬᠤᠨᠤᠭ ᠲᠤ 1 ᠤᠳᠠᠭ᠎ᠠ᠂ ᠤᠳᠠᠭ᠎ᠠ ᠪᠦᠷᠢ 50g ᠬᠤᠭᠤᠯᠠᠨ ᠳᠠᠪᠤᠰᠤ ᠦᠭᠴᠦ᠂ ᠪᠠᠰᠠ ᠵᠣᠬᠢᠬᠤ ᠬᠡᠮᠵᠢᠶᠡᠨ ᠤ ᠦᠰᠦᠯᠲᠡ ᠲᠦᠷᠭᠡᠳᠭᠡᠭᠴᠢ ᠡᠳ᠋ ᠦᠭᠭᠦᠨ᠎ᠡ᠃      ᠭᠤᠷᠪᠠᠳᠤᠭᠠᠷ ᠱᠠᠲᠤ ᠨᠢ 45 ᠬᠤᠨᠤᠭ᠃ ᠡᠳᠦᠷ ᠲᠤ 20kg ᠪᠠᠵᠢᠮᠠᠭ᠂ 1kg ᠡᠷᠳᠡᠨᠢ ᠰᠢᠰᠢ ᠶᠢᠨ ᠭᠤᠯᠢᠷ᠂ 80kg ᠰᠢᠭᠡᠰᠦᠯᠢᠭ ᠡᠳ᠋ ᠢᠶᠠᠷ ᠲᠡᠵᠢᠭᠡᠨ᠎ᠡ᠃ ᠡᠳᠦᠷ ᠪᠦᠷᠢ ᠪᠠᠰᠠ 50g ᠬᠤᠭᠤᠯᠠᠨ ᠳᠠᠪᠤᠰᠤ᠂ ᠵᠣᠬᠢᠬᠤ ᠬᠡᠮᠵᠢᠶᠡᠨ ᠤ ᠦᠰᠦᠯᠲᠡ ᠲᠦᠷᠭᠡᠳᠭᠡᠭᠴᠢ ᠡᠳ᠋ ᠦᠭᠭᠦᠨ᠎ᠡ᠃      ᠳᠡᠭᠡᠷᠡᠬᠢ ᠱᠠᠲᠤ ᠪᠦᠷᠢ ᠳᠤ 2~3 ᠣᠳᠠᠭ᠎ᠠ ᠤᠰᠤᠯᠠᠵᠤ᠂ ᠡᠳᠦᠷ ᠲᠤ 4 ᠴᠠᠭ ᠨᠠᠷᠠᠯᠠᠭᠤᠯᠵᠤ᠂ ᠪᠡᠶ᠎ᠡ ᠶᠢ  ᠨᠢ 1~2 ᠣᠳᠠᠭ᠎ᠠ ᠱᠤᠸᠠᠰᠠᠳᠠᠨ᠎ᠠ᠃      5.ᠪᠤᠷᠴᠠᠭ ᠤᠨ ᠰᠢᠭᠠᠷᠤ ᠪᠠᠷ ᠲᠠᠷᠭᠤᠯᠠᠭᠤᠯᠬᠤ ᠠᠷᠭ᠎ᠠ᠄ ᠨᠢᠭᠡ ᠦᠬᠡᠷ ᠲᠤ ᠡᠳᠦᠷ ᠲᠤ 50kg ᠡᠷᠳᠡᠨᠢ ᠰᠢᠰᠢ ᠶᠢᠨ ᠭᠤᠯᠢᠷ᠂ 20kg ᠪᠤᠴᠠᠭ ᠤᠨ ᠰᠢᠭᠠᠷᠤ᠂ 5kg ᠨᠠᠷᠢᠮᠤ ᠶᠢᠨ ᠡᠪᠡᠰᠦ᠂ 30g ᠳᠠᠪᠤᠰᠤ ᠦᠭᠭᠦᠨ᠎ᠡ᠃      ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号