ᠮᠢᠬᠠᠨ ᠦᠬᠡᠷ ᠢ ᠪᠡᠯᠴᠢᠭᠡᠷ ᠢᠶᠠᠷ ᠲᠠᠷᠭᠤᠯᠠᠭᠤᠯᠬᠤ ᠨᠢ ᠪᠠᠶᠢᠭᠠᠯᠢ ᠶᠢᠨ ᠡᠪᠡᠰᠦ ᠪᠡᠯᠴᠢᠭᠡᠷ ᠢ ᠭᠦᠢᠴᠡᠳ | ᠠᠰᠢᠭᠯᠠᠵᠤ ᠨᠠᠷᠢᠯᠢᠭ ᠲᠡᠵᠢᠭᠡᠯ ᠪᠤᠷᠳᠤᠭ᠎ᠠ ᠶᠢ ᠠᠷᠪᠢᠯᠠᠬᠤ ᠰᠠᠶᠢᠨ ᠠᠷᠭ᠎ᠠ ᠪᠣᠯᠣᠨ᠎ᠠ᠃ ᠡᠭᠦᠨ ᠤ ᠬᠠᠮᠲᠤ ᠡᠷᠯᠢᠰᠡ | ᠦᠬᠡᠷ ᠠᠮᠠᠷᠬᠠᠨ ᠤᠷᠤᠭ᠎ᠠ ᠤᠷᠤᠬᠤ ᠲᠤᠯᠠ ᠮᠢᠬᠠᠨ ᠦᠬᠡᠷ ᠤᠨ ᠮᠢᠬᠠᠨ ᠤ ᠶᠠᠰᠤ ᠴᠢᠨᠠᠷ ᠢ ᠳᠡᠭᠡᠭᠰᠢᠯᠡᠭᠦᠯᠬᠦ | ᠰᠠᠭᠤᠷᠢᠨ ᠳᠡᠭᠡᠷ᠎ᠡ ᠲᠡᠳᠡᠭᠡᠷ ᠢ ᠠᠯᠢ ᠪᠣᠯᠬᠤ ᠪᠠᠷ ᠨᠢᠲᠤᠯᠭᠠᠨ ᠳᠤ ᠭᠠᠷᠭᠠᠬᠤ ᠰᠠᠷ᠎ᠠ ᠶᠢᠨ ᠨᠠᠰᠤ ᠶᠢ ᠨᠢ | ᠤᠷᠢᠳᠴᠢᠯᠠᠭᠤᠯᠵᠤ᠂ ᠲᠡᠵᠢᠭᠡᠯ ᠤᠨ ᠦᠪᠡᠷ ᠤᠨ ᠦᠷᠲᠡᠭ ᠢ ᠨᠢ ᠬᠢᠮᠳᠠᠷᠠᠭᠤᠯᠬᠤ ᠬᠡᠷᠡᠭᠲᠡᠢ᠃ ᠳᠤᠤᠷ᠎ᠠ ᠠᠳᠠᠯᠢ ᠪᠣᠰᠣ | ᠰᠠᠷ᠎ᠠ ᠶᠢᠨ ᠨᠠᠰᠤᠲᠠᠢ ᠡᠷᠯᠢᠰᠡ ᠦᠬᠡᠷ ᠢ ᠲᠠᠷᠭᠤᠯᠠᠭᠤᠯᠬᠤ ᠬᠡᠳᠦᠨ ᠵᠦᠢᠯ ᠤᠨ ᠠᠷᠭ᠎ᠠ ᠶᠢ ᠲᠠᠨᠢᠯᠴᠠᠭᠤᠯᠤᠶ᠎ᠠ᠃ | 1. ᠲᠤᠰ ᠵᠢᠯ ᠤᠨ ᠲᠤᠭᠤᠯ ᠢ ᠪᠣᠷᠳᠣᠬᠤ᠄ ᠡᠷᠯᠢᠰᠡ ᠶᠢᠨ ᠬᠤᠶᠠᠳᠤᠭᠠᠷ ᠦᠶ᠎ᠡ ᠶᠢᠨ ᠡᠷ᠎ᠡ ᠲᠤᠭᠤᠯ ᠪᠣᠶᠣ | ᠰᠦᠨ ᠠᠴᠠ ᠪᠠᠨ ᠰᠠᠯᠤᠭᠰᠠᠨ 180kg ᠠᠴᠠ ᠳᠡᠭᠡᠭᠰᠢ ᠪᠡᠶ᠎ᠡ ᠶᠢᠨ ᠵᠢᠩ ᠲᠠᠢ ᠡᠷᠯᠢᠰᠡ ᠶᠢᠨ ᠨᠢᠭᠡᠳᠦᠭᠡᠷ | ᠦᠶ᠎ᠡ ᠶᠢᠨ ᠡᠷ᠎ᠡ ᠲᠤᠭᠤᠯ ᠢ ᠰᠣᠩᠭᠤᠭᠠᠳ 80~100 ᠬᠤᠨᠤᠭ ᠪᠤᠷᠳᠤᠨ᠎ᠠ᠃ ᠡᠳᠦᠷ ᠲᠤ 2.5~3.5kg | ᠨᠠᠷᠢᠯᠢᠭ ᠲᠡᠵᠢᠭᠡᠯ ︵60% ᠶᠢᠨ ᠡᠷᠳᠡᠨᠢ ᠰᠢᠰᠢ᠂ 30% ᠤᠨ ᠬᠡᠪᠡᠭ᠂ 80% ᠶᠢᠨ ᠰᠢᠬᠠᠳᠠᠰᠤ᠂ ᠬᠤᠭᠤᠯᠠᠨ | ᠳᠠᠪᠤᠰᠤ ᠪᠣᠯᠣᠨ ᠡᠷᠦᠳᠡᠰᠦᠲᠦ ᠲᠡᠵᠢᠭᠡᠯ ᠢ ᠲᠤᠰ ᠪᠦᠷᠢ 2%︶ ᠦᠭᠴᠦ᠂ ᠬᠠᠲᠠᠭᠠᠭᠰᠠᠨ ᠡᠪᠡᠰᠦ ᠶᠢ ᠳᠤᠷ᠎ᠠ ᠪᠠᠷ | ᠨᠢ ᠢᠳᠡᠭᠦᠯᠪᠡᠯ ᠪᠡᠶ᠎ᠡ ᠶᠢᠨ ᠬᠦᠨᠳᠦ ᠨᠢ ᠡᠳᠦᠷ ᠲᠤ 1~1.2kg ᠨᠡᠮᠡᠭᠳᠡᠬᠦ ᠪᠣᠯᠣᠨ᠎ᠠ᠃ ᠡᠭᠦᠨ ᠳᠤ 9~10 | ᠰᠠᠷ᠎ᠠ ᠶᠢᠨ ᠨᠠᠰᠤᠲᠠᠢ ᠶᠢᠨ ᠬᠢᠨᠢ ᠨᠢᠲᠤᠯᠭᠠᠨ ᠤ ᠵᠢᠩ ᠨᠢ 280~300kg ᠳᠤ ᠬᠦᠷᠦᠨ᠎ᠡ᠃ ᠡᠨᠡ ᠬᠦ ᠪᠤᠷᠳᠤᠬᠤ | ᠠᠷᠭ᠎ᠠ ᠪᠠᠷ ᠪᠤᠷᠳᠤᠪᠠᠯ ᠡᠪᠦᠯ ᠢ ᠦᠩᠭᠡᠷᠡᠭᠦᠯᠬᠦ ᠬᠡᠷᠡᠭ ᠦᠭᠡᠢ ᠪᠣᠯᠵᠣ᠂ ᠡᠭᠦᠨ ᠤ ᠤᠯᠠᠮ ᠢᠶᠠᠷ ᠶᠡᠭᠡ ᠬᠡᠮᠵᠢᠶᠡᠨ ᠤ | ᠲᠡᠵᠢᠭᠡᠯ ᠢ ᠠᠷᠪᠢᠯᠠᠨ ᠦᠪᠡᠷ ᠤᠨ ᠦᠷᠲᠡᠭ ᠢ ᠬᠢᠮᠳᠠᠷᠠᠭᠤᠯᠵᠤ ᠴᠢᠳᠠᠨ᠎ᠠ᠃ | 2. 18 ᠰᠠᠷ᠎ᠠ ᠶᠢᠨ ᠨᠠᠰᠤᠲᠠᠢ ᠮᠢᠬᠠᠨ ᠦᠬᠡᠷ ᠢ ᠪᠤᠷᠳᠤᠬᠤ᠄ ᠲᠤᠭᠤᠯ ᠢ ᠨᠢᠭᠡ ᠡᠪᠦᠯ᠂ ᠬᠤᠶᠠᠷ ᠨᠤᠭᠤᠭᠠᠲᠤ | ᠤᠯᠠᠷᠢᠯ ᠢ ᠦᠩᠭᠡᠷᠡᠭᠦᠯᠦᠭᠡᠳ ᠡᠴᠦᠰ ᠲᠤ ᠪᠣᠭᠤᠨᠢ ᠬᠤᠭᠤᠴᠠᠭ᠎ᠠ ᠪᠠᠷ ᠪᠤᠷᠳᠤᠨ᠎ᠠ᠂ ᠡᠪᠦᠯᠵᠢᠭᠦᠯᠬᠦ ᠦᠶ᠎ᠡ ᠳᠤ | ᠲᠤᠭᠤᠯ ᠳᠤ ᠵᠤᠬᠢᠬᠤ ᠬᠡᠮᠵᠢᠶᠡᠨ ᠤ ᠬᠠᠲᠠᠭᠰᠠᠨ ᠡᠪᠡᠰᠦ᠂ ᠨᠠᠷᠢᠯᠢᠭ ᠲᠡᠵᠢᠭᠡᠯ ᠨᠦᠬᠦᠪᠦᠷᠢᠯᠡᠨ ᠦᠭᠪᠡᠯ 18 | ᠰᠠᠷ᠎ᠠ ᠶᠢᠨ ᠨᠠᠰᠤᠲᠠᠢ ᠶᠢᠨ ᠬᠢᠨᠢ ᠪᠡᠶ᠎ᠡ ᠶᠢᠨ ᠵᠢᠩ ᠨᠢ 320~350kg ᠳᠤ ᠬᠦᠷᠳᠡᠭ᠃ ᠡᠳᠦᠷ ᠲᠤ 3kg | ᠬᠤᠯᠢᠮᠠᠭ ᠲᠡᠵᠢᠭᠡᠯ᠂ 7kg ᠬᠠᠲᠠᠭᠰᠠᠨ ᠡᠪᠡᠰᠦ ᠦᠭᠴᠦ᠂ 60~80 ᠬᠤᠨᠤᠭ ᠪᠤᠷᠳᠤᠬᠤ ᠳᠤ ᠪᠡᠶ᠎ᠡ ᠶᠢᠨ ᠵᠢᠩ | ᠨᠢ 400~420kg ᠳᠤ ᠬᠦᠷᠳᠡᠭ᠃ | 3. 30 ᠰᠠᠷ᠎ᠠ ᠶᠢᠨ ᠨᠠᠰᠤᠲᠠᠢ ᠨᠢᠲᠤᠯᠭᠠᠨ ᠳᠤ ᠭᠠᠷᠭᠠᠬᠤ ᠦᠬᠡᠷ ᠢ ᠪᠤᠷᠳᠤᠬᠤ᠄ ᠬᠡᠷᠪᠡ ᠡᠪᠦᠯ ᠨᠡᠮᠡᠯᠲᠡ | ᠲᠡᠵᠢᠭᠡᠯ ᠦᠭᠬᠦ ᠨᠦᠭᠦᠴᠡᠯ ᠦᠭᠡᠢ ᠪᠣᠯ 30 ᠰᠠᠷ᠎ᠠ ᠶᠢᠨ ᠨᠠᠰᠤᠨ ᠳᠤ ᠬᠦᠷᠲᠡᠯ᠎ᠡ ᠤᠷᠲᠤᠰᠬᠠᠭᠠᠳ᠂ ᠦᠭᠡᠷ᠎ᠡ ᠪᠠᠷ | ᠬᠡᠯᠡᠪᠡᠯ᠂ ᠬᠤᠶᠠᠷ ᠡᠪᠦᠯ᠂ ᠭᠤᠷᠪᠠᠨ ᠨᠤᠭᠤᠭᠠᠲᠤ ᠣᠯᠠᠷᠢᠯ ᠢ ᠦᠩᠭᠡᠷᠡᠭᠦᠯᠦᠭᠡᠳ ᠨᠢᠲᠤᠯᠭᠠᠨ ᠳᠤ ᠭᠠᠷᠭᠠᠵᠤ ᠪᠤᠯᠤᠨ᠎ᠠ᠃ | ᠨᠢᠲᠤᠯᠭᠠᠨ ᠳᠤ ᠭᠠᠷᠭᠠᠬᠤ ᠡᠶᠢᠮᠦᠷᠬᠦᠦ ᠠᠷᠭ᠎ᠠ ᠶᠢ ᠪᠠᠶᠢᠭᠠᠯᠢ ᠶᠢᠨ ᠬᠢᠮᠲᠠᠬᠠᠨ ᠪᠡᠯᠴᠢᠭᠡᠷ ᠤᠨ ᠨᠦᠬᠡᠴᠡ ᠳᠤ ᠪᠦᠷᠢᠨ | ᠲᠦᠰᠢᠭᠯᠡᠭᠦᠯᠦᠭᠡᠳ᠂ ᠨᠢᠲᠤᠯᠭᠠᠨ ᠳᠤ ᠭᠠᠷᠭᠠᠬᠤ ᠦᠶ᠎ᠡ ᠳᠤ ᠪᠡᠶ᠎ᠡ ᠶᠢᠨ ᠵᠢᠩ ᠢ 350~400kg ᠳᠤ ᠬᠦᠷᠭᠡᠨ᠎ᠡ᠃ | 4. ᠰᠢᠷᠪᠢᠭᠳᠡᠭᠰᠡᠨ ᠦᠬᠡᠷ ᠢ ᠪᠤᠷᠳᠤᠬᠤ᠄ ᠶᠡᠷᠦᠩᠬᠡᠢ ᠳᠡᠭᠡᠨ 300kg ᠠᠴᠠ ᠳᠡᠭᠡᠭᠰᠢ ᠬᠦᠨᠳᠦ | ᠰᠢᠷᠪᠢᠭᠳᠡᠭᠰᠡᠨ ᠨᠠᠰᠤᠨ ᠳᠤ ᠬᠦᠷᠦᠭᠰᠡᠨ ᠦᠬᠡᠷ ᠲᠤ ᠡᠮ ᠴᠢᠳᠬᠤᠵᠤ ᠬᠤᠷᠤᠬᠠᠢ ᠶᠢ ᠨᠢ ᠲᠠᠭᠤᠭᠰᠠᠨ ᠤ ᠳᠠᠷᠠᠭ᠎ᠠ | 70~100 ᠬᠤᠨᠤᠭ ᠪᠣᠷᠳᠣᠨ᠎ᠠ᠃ ᠨᠠᠷᠢᠯᠢᠭ ᠲᠡᠵᠢᠭᠡᠯ ᠦᠭᠴᠦ᠂ ᠬᠠᠲᠠᠭᠰᠠᠨ ᠡᠪᠡᠰᠦ ᠶᠢ ᠳᠤᠷ᠎ᠠ ᠪᠠᠷ ᠨᠢ | ᠢᠳᠡᠭᠦᠯᠬᠦ ᠳᠤ ᠪᠡᠶ᠎ᠡ ᠶᠢᠨ ᠵᠢᠩ ᠨᠢ ᠡᠳᠦᠷ ᠲᠤ 0.8~1.2kg ᠨᠡᠮᠡᠭᠳᠡᠭᠡᠳ᠂ 400~450kg ᠵᠢᠩ | ᠬᠦᠷᠪᠡᠯ ᠨᠢᠲᠤᠯᠭᠠᠨ ᠳᠤ ᠭᠠᠷᠭᠠᠨ᠎ᠠ᠃ | 5. ᠪᠠᠵᠢᠮᠠᠭ ᠢᠶᠠᠷ ᠪᠤᠷᠳᠤᠬᠤ᠄ ᠦᠬᠡᠷ ᠲᠤ ᠡᠳᠦᠷ ᠲᠤ 20kg ᠪᠠᠵᠢᠮᠠᠭ᠂ 0.5kg ᠡᠷᠳᠡᠨᠢ ᠰᠢᠰᠢ᠂1kg | ᠬᠡᠪᠡᠭ᠂ 50kg ᠬᠤᠭᠤᠯᠠᠨ ᠳᠠᠪᠤᠰᠤ ᠦᠭᠬᠦ ᠳᠤ ᠬᠤᠨᠤᠭ ᠲᠤ 1.3~1.4kg ᠨᠡᠮᠡᠭᠳᠡᠬᠦ ᠪᠣᠯᠣᠨ᠎ᠠ᠃ | 6. ᠰᠢᠬᠢᠷ ᠤᠨ ᠮᠠᠨᠵᠢᠨ ᠤ ᠬᠠᠶᠠᠭᠳᠠᠮᠠᠯ ᠢᠶᠠᠷ ᠪᠤᠷᠳᠤᠬᠤ᠄ ᠦᠬᠡᠷ ᠲᠤ ᠡᠳᠦᠷ ᠲᠤ 50~70kg | ᠰᠢᠬᠢᠷ ᠤᠨ ᠮᠠᠨᠵᠢᠨ ᠤ ᠬᠠᠶᠠᠭᠳᠠᠮᠠᠯ᠂ 1kg ᠬᠤᠯᠢᠮᠠᠭ ᠲᠡᠵᠢᠭᠡᠯ᠂ 50g ᠬᠤᠭᠤᠯᠠᠨ ᠳᠠᠪᠤᠰᠤ᠂ ᠪᠠᠭ᠎ᠠ ᠰᠠᠭ᠎ᠠ | ᠰᠢᠭᠡᠭ ᠦᠭᠪᠡᠯ ᠪᠡᠶ᠎ᠡ ᠶᠢᠨ ᠵᠢᠩ ᠨᠢ ᠡᠳᠦᠷ ᠲᠤ 0.8~1kg ᠨᠡᠮᠡᠭᠳᠡᠨ᠎ᠡ᠃ | | ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠭᠰᠠᠨ ︽ᠮᠠᠯ ᠤᠨ ᠲᠡᠵᠢᠭᠡᠯᠭᠡ ᠪᠤᠷᠳᠤᠯᠭ᠎ᠠ | ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |