ᠦᠨᠢᠶᠡᠨ ᠰᠦ ᠳᠡᠭᠡᠨ ᠪᠠᠭ᠎ᠠ ᠰᠢᠭ᠋ ᠪᠤᠯᠤᠭᠰᠠᠨ ᠪᠤᠳᠠᠭ᠎ᠠ᠂ ᠰᠢᠷ᠎ᠠ ᠲᠤᠰᠤ ᠬᠢᠵᠦ᠂ ᠵᠦᠭᠡᠯᠡᠨ ᠭᠠᠯ ᠢᠶᠠᠷ | ᠪᠤᠴᠠᠯᠭᠠᠨ ᠬᠠᠯᠠᠭᠤᠨ ᠢᠶᠠᠷ ᠨᠢ ᠤᠤᠭᠤᠳᠠᠭ ︵ᠬᠦᠷᠦᠭᠡᠵᠦ ᠤᠤᠭᠤᠪᠠᠯ ᠭᠡᠳᠡᠰᠦ ᠳᠦᠭᠦᠷᠳᠡᠭ︶᠃ ᠪᠣᠯᠣᠭᠰᠠᠨ ᠪᠤᠳᠠᠭ᠎ᠠ | ᠰᠢᠷ᠎ᠠ ᠲᠤᠰᠤᠲᠠᠢ ᠪᠤᠴᠠᠯᠭᠠᠵᠤ ᠪᠤᠯᠪᠠᠰᠤᠷᠠᠭᠤᠯᠤᠭᠰᠠᠨ ᠡᠨᠡ ᠬᠦ ᠦᠨᠢᠶᠡᠨ ᠰᠦ ᠶᠢᠨ ᠪᠦᠲᠦᠭᠡᠭᠳᠡᠭᠦᠨ ᠨᠢ ᠪᠦᠯᠢᠶᠡᠨ | ᠴᠢᠨᠠᠷᠲᠠᠢ᠂ ᠠᠮᠲᠠ ᠨᠢ ᠰᠢᠬᠢᠷᠯᠢᠭ ᠪᠠᠶᠢᠳᠠᠭ᠃ | ᠲᠡᠭᠦᠨ ᠤ ᠦᠢᠯᠡᠳᠦᠯ ᠨᠢ ᠬᠡᠢ ᠶᠢ ᠳᠠᠷᠣᠵᠣ᠂ ᠢᠯᠴᠢ ᠶᠢ ᠡᠭᠦᠰᠭᠡᠵᠦ᠂ ᠨᠤᠶᠢᠷ ᠢ ᠰᠠᠶᠢᠵᠢᠷᠠᠭᠤᠯᠤᠨ᠎ᠠ᠃ | ᠮᠠᠬᠠᠪᠤᠳ ᠢ ᠲᠦᠯᠵᠢᠭᠦᠯᠦᠨ ᠠᠷᠠᠰᠤ ᠮᠢᠬ᠎ᠠ ᠶᠢ ᠨᠢ ᠵᠦᠭᠡᠯᠡᠷᠡᠭᠦᠯᠵᠦ᠂ ᠠᠭᠤᠰᠬᠢ ᠶᠢ ᠴᠡᠪᠡᠷᠰᠢᠭᠦᠯᠦᠨ᠂ ᠶᠠᠰᠤ ᠶᠢ | ᠰᠢᠮᠡᠵᠢᠭᠦᠯᠵᠦ᠂ ᠨᠢᠳᠦᠨ ᠬᠠᠷᠠᠭ᠎ᠠ ᠶᠢ ᠰᠠᠶᠢᠵᠢᠷᠠᠭᠤᠯᠤᠨ᠎ᠠ᠃ | ᠬᠤᠨᠢᠨ ᠰᠦ ᠶᠢ ᠪᠣᠯᠪᠠᠰᠤᠷᠠᠭᠤᠯᠵᠤ ᠤᠤᠭᠤᠬᠤ ᠠᠷᠭ᠎ᠠ ᠨᠢ ᠮᠦᠨ ᠦᠨᠢᠶᠡᠨ ᠰᠦ ᠶᠢ ᠪᠤᠯᠪᠠᠰᠤᠷᠠᠭᠤᠯᠵᠤ | ᠤᠤᠭᠤᠬᠤ ᠲᠠᠢ ᠠᠳᠠᠯᠢ᠂ ᠮᠦᠨ ᠬᠦᠷᠦᠭᠡᠵᠦ ᠤᠤᠭᠤᠵᠤ ᠪᠣᠯᠬᠤ ᠦᠭᠡᠢ᠃ ᠬᠤᠨᠢᠨ ᠤ ᠰᠦ ᠶᠢᠨ ᠲᠤᠰ | ᠪᠦᠲᠦᠭᠡᠭᠳᠡᠭᠦᠨ ᠤ ᠴᠢᠨᠠᠷ ᠨᠢ ᠪᠦᠯᠢᠶᠡᠨ᠂ ᠠᠮᠲᠠᠯᠢᠭ᠂ ᠬᠤᠷᠴᠠ ᠲᠤᠰᠣᠯᠢᠭ ᠪᠠᠶᠢᠳᠠᠭ᠃ ᠲᠡᠭᠦᠨ ᠤ ᠦᠢᠯᠡᠳᠦᠯ ᠨᠢ | ᠬᠡᠢ ᠶᠢ ᠳᠠᠷᠣᠨ ᠨᠤᠶᠢᠷ ᠢ ᠰᠠᠶᠢᠵᠢᠷᠠᠭᠤᠯᠤᠨ ᠮᠠᠬᠠᠪᠤᠳ ᠢ ᠲᠦᠯᠵᠢᠭᠦᠯᠵᠦ ᠠᠷᠠᠰᠤ ᠮᠢᠬ᠎ᠠ ᠶᠢ ᠵᠦᠭᠡᠯᠡᠷᠡᠭᠦᠯᠵᠦ᠂ | ᠠᠭᠤᠰᠬᠢ ᠶᠢ ᠴᠡᠪᠡᠷᠰᠢᠭᠦᠯᠵᠦ᠂ ᠶᠡᠰᠤ ᠶᠢ ᠰᠢᠮᠡᠵᠢᠭᠦᠯᠦᠨ ᠪᠦᠭᠡᠷᠡᠨ ᠲᠠᠮᠢᠷ ᠢ ᠰᠠᠶᠢᠵᠢᠷᠠᠭᠤᠯᠤᠨ᠎ᠠ᠃ | ᠢᠮᠠᠭᠠᠨ ᠰᠦ ᠶᠢ ᠪᠤᠯᠪᠠᠰᠤᠷᠠᠭᠤᠯᠬᠤ ᠪᠠ ᠤᠤᠭᠤᠬᠤ ᠠᠷᠭ᠎ᠠ ᠨᠢ ᠮᠦᠨ ᠬᠤᠨᠢᠨ ᠰᠦ ᠪᠤᠯᠪᠠᠰᠤᠷᠠᠭᠤᠯᠵᠤ | ᠤᠤᠭᠤᠬᠤ ᠲᠠᠢ ᠠᠳᠠᠯᠢ᠃ ᠢᠮᠠᠭᠠᠨ ᠰᠦᠨ ᠤ ᠡᠨᠡ ᠬᠦ ᠪᠦᠲᠦᠭᠡᠭᠳᠡᠭᠦᠨ ᠤ ᠴᠢᠨᠠᠷ ᠨᠢ ᠰᠡᠷᠢᠭᠦᠨ᠂ ᠠᠮᠲᠠᠯᠢᠭ᠂ ᠬᠤᠨᠢᠨ | ᠰᠦ ᠰᠢᠭ ᠨᠢᠯᠠᠭᠤᠨ ᠪᠢᠰᠢ ᠪᠦᠭᠡᠳ ᠰᠦ ᠨᠢ ᠰᠢᠩᠭᠡᠪᠲᠦᠷ ᠪᠠᠶᠢᠳᠠᠭ᠃ ᠲᠡᠭᠦᠨ ᠤ ᠦᠢᠯᠡᠳᠦᠯ ᠨᠢ ᠬᠤᠨᠢᠨ ᠰᠦ ᠲᠠᠢ | ᠠᠳᠠᠯᠢ ᠪᠠᠶᠢᠳᠠᠭ᠃ | | ︵ᠢᠷᠡᠯᠲᠡ᠄ ᠴᠤᠶᠢ᠊· ᠷᠢᠨᠴᠢᠨ ᠤ ᠨᠠᠶᠢᠷᠠᠭᠤᠯᠤᠭᠰᠠᠨ ︽ᠮᠠᠯ ᠤᠨ ᠠᠰᠢᠭ ᠰᠢᠮ᠎ᠡ ᠶᠢᠨ ᠭᠠᠷᠤᠯᠲᠠ ᠶᠢᠨ ᠤᠨᠴᠠ | ᠦᠢᠯᠡᠳᠦᠯ ᠤᠨ ᠲᠤᠬᠠᠢ ᠶᠡᠷᠦ ᠶᠢᠨ ᠮᠡᠳᠡᠯᠭᠡ ᠶᠢᠨ ᠰᠢᠯᠢᠮᠡᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |