ᠪᠡᠯᠡᠳᠭᠡᠯ ᠭᠠᠭ᠋ᠠᠢ ᠶᠢᠨ ᠠᠷᠠᠴᠢᠯᠠᠭ᠎ᠠ ᠨᠢ ᠮᠢᠬᠠᠨ ᠤ ᠬᠡᠷᠡᠭᠴᠡᠭᠡᠲᠦ ᠭᠠᠭ᠋ᠠᠢ ᠲᠠᠢ ᠦᠨᠳᠦᠰᠦᠨ ᠳᠡᠭᠡᠨ | ᠠᠳᠠᠯᠢᠪᠲᠤᠷ ᠪᠠᠶᠢᠳᠠᠭ᠃ ᠡᠳᠡᠭᠡᠷ ᠭᠠᠭ᠋ᠠᠢ ᠰᠦ ᠠᠴᠠ ᠪᠠᠨ ᠪᠦᠷᠢᠮᠦᠰᠦᠨ ᠰᠠᠯᠤᠭᠰᠠᠨ ᠪᠤᠯᠪᠠᠴᠤ ᠬᠡᠭᠡᠯᠳᠦᠭᠦᠯᠭᠡ ᠳᠤ | ᠤᠷᠤᠯᠴᠠᠬᠤ ᠨᠠᠰᠤᠨ ᠳᠤ ᠬᠦᠷᠦᠭᠡᠳᠦᠢ ᠪᠤᠯᠬᠤᠷ ᠮᠢᠬᠠᠨ ᠤ ᠬᠡᠷᠡᠭᠴᠡᠭᠡᠲᠦ ᠭᠠᠭ᠋ᠠᠢ ᠶᠢᠨ ᠰᠦᠷᠦᠭ ᠳᠤᠲᠤᠷ᠎ᠠ ᠪᠣᠯ | ᠪᠣᠶᠢᠵᠢᠯᠲᠠ ᠶᠢᠨ ᠬᠤᠭᠤᠴᠠᠭᠠᠨ ᠤ ᠭᠠᠭ᠋ᠠᠢ ᠭᠡᠳᠡᠭ᠃ ᠡᠨᠡ ᠬᠦ ᠬᠤᠭᠤᠴᠠᠭᠠᠨ ᠤ ᠭᠠᠭ᠋ᠠᠢ ᠶᠢᠨ ᠦᠰᠦᠯᠲᠡ ᠲᠦᠷᠭᠡᠨ᠂ | ᠰᠢᠩᠭᠡᠭᠡᠯᠲᠡ ᠶᠢᠨ ᠰᠢᠰᠲ᠋ᠧᠮ ᠨᠢ ᠬᠦᠭᠵᠢᠩᠭᠦᠢ ᠲᠤᠯᠠ ᠲᠡᠵᠢᠭᠡᠯ ᠪᠤᠷᠳᠤᠭ᠎ᠠ ᠶᠢ ᠨᠢ ᠭᠦᠢᠴᠡᠳ ᠬᠠᠩᠭᠠᠵᠤ᠂ | ᠦᠰᠦᠯᠲᠡ ᠪᠣᠶᠢᠵᠢᠯᠲᠠ ᠶᠢ ᠨᠢ ᠰᠠᠶᠢᠵᠢᠷᠠᠭᠤᠯᠵᠤ᠂ ᠬᠤᠵᠢᠮ ᠰᠢᠯᠢᠳᠡᠭ ᠡᠭᠦᠯᠳᠡᠷ ᠤᠨ ᠭᠠᠭ᠋ᠠᠢ ᠪᠣᠯᠬᠤ ᠪᠠ ᠮᠢᠬᠠᠨ ᠤ | ᠬᠡᠷᠡᠭᠴᠡᠭᠡᠨ ᠤ ᠭᠠᠭ᠋ᠠᠢ ᠪᠣᠯᠵᠣ ᠠᠯᠠᠰᠢᠨ ᠳᠤ ᠭᠠᠷᠬᠤ ᠳᠤᠨᠢ ᠰᠠᠭᠤᠷᠢ ᠲᠠᠯᠪᠢᠵᠤ ᠦᠭᠭᠦᠨ᠎ᠡ᠃ | 1. ᠪᠡᠯᠡᠳᠭᠡᠯ ᠭᠠᠭ᠋ᠠᠢ ᠶᠢᠨ ᠰᠣᠩᠭᠤᠯᠲᠠ᠄ ᠪᠡᠯᠡᠳᠭᠡᠯ ᠭᠠᠭ᠋ᠠᠢ ᠨᠢ ᠡᠭᠦᠯᠳᠡᠷ ᠦᠯᠡᠳᠡᠭᠡᠬᠦ ᠳᠤ ᠬᠡᠷᠡᠭᠯᠡᠬᠦ | ᠪᠤᠳᠠᠭᠠᠯᠢ ᠪᠡᠶ᠎ᠡ ᠪᠣᠯᠪᠠᠴᠤ ᠪᠤᠳᠠᠳᠠᠢ ᠦᠢᠯᠡᠳᠪᠦᠷᠢᠯᠡᠯ ᠳᠣᠮᠳᠠ ᠪᠡᠯᠡᠳᠭᠡᠯ ᠭᠠᠭ᠋ᠠᠢ ᠪᠠᠷ ᠦᠯᠡᠳᠡᠭᠡᠭᠰᠡᠨ ᠪᠦᠬᠦᠨ ᠪᠦᠷ | ᠡᠭᠦᠯᠳᠡᠷ ᠭᠠᠭ᠋ᠠᠢ ᠪᠣᠯᠣᠨ᠎ᠠ ᠭᠡᠰᠡᠨ ᠶᠠᠪᠤᠳᠠᠯ ᠪᠢᠰᠢ ᠶᠣᠮ᠂ ᠬᠠᠷᠢᠨ ᠪᠡᠯᠡᠳᠭᠡᠬᠦ ᠬᠤᠭᠤᠴᠠᠭᠠᠨ ᠳᠤᠲᠤᠷ᠎ᠠ 2~3 | ᠤᠳᠠᠭᠠᠨ ᠤ ᠰᠣᠩᠭᠤᠯᠲᠠ ᠶᠢ ᠦᠩᠭᠡᠷᠡᠭᠦᠯᠳᠡᠭ᠃ ᠪᠡᠶ᠎ᠡ ᠨᠢ ᠡᠷᠡᠭᠦᠯ ᠲᠤᠷᠪᠢᠯᠢᠭ᠂ ᠭᠠᠳᠠᠷ ᠪᠠᠶᠢᠳᠠᠯ ᠳᠤᠨᠢ ᠬᠦᠨᠳᠦ | ᠬᠡᠴᠡᠭᠦᠦ ᠳᠤᠲᠠᠭᠳᠠᠯ ᠢᠯᠡᠷᠡᠭᠰᠡᠨ ᠦᠭᠡᠢ᠂ ᠬᠦᠬᠦ ᠨᠢ 6 ᠬᠤᠣᠰ ᠠᠴᠠ ᠳᠡᠭᠡᠭᠰᠢ ᠵᠢᠭᠲᠡ ᠪᠠᠶᠢᠷᠢᠯᠠᠯ ᠲᠠᠢ ᠶᠢ ᠨᠢ | ᠰᠣᠩᠭᠤᠵᠣ ᠦᠯᠡᠳᠡᠭᠡᠨ ᠬᠡᠭᠡᠯᠳᠦᠭᠦᠯᠭᠡ ᠳᠤ ᠤᠷᠤᠯᠴᠠᠭᠤᠯᠳᠠᠭ᠂ ᠪᠤᠰᠤᠳ ᠢ ᠨᠢ ᠲᠠᠷᠭᠤᠯᠠᠭᠤᠯᠬᠤ ᠭᠠᠭ᠋ᠠᠢ ᠶᠢᠨ | ᠰᠦᠷᠦᠭ ᠲᠤ ᠤᠷᠤᠭᠤᠯᠵᠤ ᠮᠢᠬᠠᠨ ᠤ ᠭᠠᠭ᠋ᠠᠢ ᠪᠤᠯᠭᠠᠨ ᠪᠤᠷᠳᠤᠨ ᠲᠠᠷᠭᠤᠯᠠᠭᠤᠯᠳᠠᠭ᠃ | ᠡᠭᠦᠯᠳᠡᠷ ᠤᠨ ᠭᠠᠭ᠋ᠠᠢ ᠶᠢ ᠰᠣᠩᠭᠤᠬᠤ ᠳᠤ ᠬᠠᠮᠤᠭ ᠲᠦᠷᠦᠭᠦᠨ ᠳᠤ ᠡᠭᠦᠯᠳᠡᠷ ᠤᠨ ᠪᠠᠷᠢᠮᠵᠢᠶ᠎ᠠ ᠶᠢ | ᠦᠨᠳᠦᠰᠦᠯᠡᠵᠦ ᠰᠣᠩᠭᠤᠯᠲᠠ ᠬᠢᠵᠦ᠂ ᠳᠠᠷᠠᠭ᠎ᠠ ᠨᠢ ᠰᠠᠶ᠋ᠢ ᠭᠠᠳᠠᠷ ᠪᠠᠶᠢᠳᠠᠯ᠂ ᠦᠰᠦᠯᠲᠡ ᠪᠤᠶᠢᠵᠢᠯᠲᠠ ᠶᠢ ᠨᠢ | ᠦᠵᠡᠳᠡᠭ᠃ | 2. ᠡᠷᠡᠭᠦᠯ ᠪᠡᠯᠡᠳᠭᠡᠯ ᠭᠠᠭ᠋ᠠᠢ ᠶᠢᠨ ᠤᠨᠴᠠᠯᠢᠭ᠄ ᠢᠳᠡᠰᠢᠯᠡᠬᠦ ᠳᠤᠷᠠᠰᠢᠯ ᠨᠢ ᠰᠠᠶᠢᠨ᠂ ᠬᠦᠳᠡᠯᠦᠯ ᠪᠠᠶᠢᠳᠠᠯ ᠨᠢ | ᠪᠤᠰᠢᠭᠤ ᠲᠦᠷᠭᠡᠨ᠂ ᠦᠰᠦ ᠨᠢ ᠭᠢᠯᠠᠭᠠᠷ᠂ ᠨᠢᠳᠦ ᠨᠢ ᠶᠡᠭᠡ ᠮᠦᠷᠲᠡᠭᠡᠨ ᠭᠡᠷᠡᠯ ᠲᠠᠢ᠂ ᠨᠢᠳᠦᠨ ᠤ ᠭᠡᠮ ᠦᠭᠡᠢ᠂ | ᠤᠷᠢᠶᠠᠯᠳᠣᠭᠰᠠᠨ ᠣᠩᠭᠠᠰᠤ ᠦᠭᠡᠢ᠂ ᠠᠷᠠᠰᠤ ᠨᠢ ᠭᠦᠢᠬᠡᠨ ᠤᠯᠠᠪᠤᠷ ᠦᠩᠭᠡ ᠲᠠᠢ᠂ ᠠᠷᠠᠰᠤᠨ ᠳᠤᠨᠢ ᠬᠠᠭ ᠦᠭᠡᠢ᠂ | ᠡᠷ᠎ᠡ ᠡᠭᠦᠯᠳᠡᠷ ᠤᠨ ᠭᠠᠭ᠋ᠠᠢ ᠨᠢ ᠳᠤᠲᠤᠷ᠎ᠠ ᠲᠦᠮᠦᠰᠦ ᠦᠭᠡᠢ ᠮᠦᠷᠲᠡᠭᠡᠨ ᠵᠡᠭᠦᠨ ᠪᠠᠷᠠᠭᠤᠨ ᠲᠦᠮᠦᠰᠦ ᠨᠢ ᠠᠳᠠᠯᠢ | ᠪᠠᠶᠢᠬᠤ ᠬᠡᠷᠡᠭᠲᠡᠢ᠃ | 3. ᠭᠠᠳᠠᠷ ᠪᠠᠶᠢᠳᠠᠯ ᠤᠨ ᠰᠢᠯᠢᠳᠡᠭ ᠢᠯᠡᠷᠡᠯ᠄ ᠡᠭᠦᠯᠳᠡᠷ ᠤᠨ ᠱᠠᠭᠠᠷᠳᠠᠯᠭ᠎ᠠ ᠳᠤ ᠨᠡᠶᠢᠴᠡᠭᠰᠡᠨ᠂ ᠪᠡᠶ᠎ᠡ ᠨᠢ | ᠤᠷᠲᠤ᠂ ᠦᠷᠭᠡᠨ᠂ ᠲᠡᠭᠰᠢ᠂ ᠴᠡᠭᠡᠵᠢ ᠨᠢ ᠭᠦᠨ᠂ ᠭᠤᠶ᠎ᠠ ᠶᠢᠨ ᠮᠢᠬ᠎ᠠ ᠨᠢ ᠴᠢᠩᠭ᠎ᠠ᠂ ᠮᠠᠩᠨᠠᠢ ᠨᠢ ᠦᠷᠭᠡᠨ᠂ ᠡᠷᠡᠦ | ᠠᠮᠠᠨ ᠤ ᠠᠪᠴᠢᠯᠲᠠ ᠨᠢ ᠰᠠᠶᠢᠨ᠂ ᠪᠦᠬᠦ ᠪᠡᠶ᠎ᠡ ᠳᠤᠨᠢ ᠦᠷᠴᠢᠯᠡᠭᠡᠰᠦ ᠦᠭᠡᠢ᠂ ᠳᠦᠷᠪᠡᠨ ᠮᠦᠴᠢ ᠨᠢ ᠲᠤᠷᠪᠢᠯᠢᠭ᠂ | ᠦᠶ᠎ᠡ ᠭᠡᠰᠢᠭᠦᠦ ᠪᠠ ᠲᠤᠭᠤᠷᠠᠢ ᠳᠤᠨᠢ ᠭᠡᠮ ᠦᠭᠡᠢ ᠪᠠᠶᠢᠬᠤ ᠬᠡᠷᠡᠭᠲᠡᠢ᠃ | 4. ᠪᠡᠯᠡᠳᠭᠡᠯ ᠭᠠᠭ᠋ᠠᠢ ᠶᠢᠨ ᠬᠠᠮᠢᠶᠠᠷᠤᠯᠲᠠ᠄ ᠪᠡᠯᠡᠳᠭᠡᠯ ᠭᠠᠭ᠋ᠠᠢ ᠶᠢᠨ ᠠᠳᠠᠯᠢ ᠪᠤᠰᠤ ᠬᠡᠷᠡᠭᠯᠡᠯᠲᠡ᠂ ᠠᠳᠠᠯᠢ | ᠪᠤᠰᠤ ᠬᠤᠭᠤᠴᠠᠭ᠎ᠠ ᠪᠠ ᠦᠰᠦᠯᠲᠡ ᠪᠣᠶᠢᠵᠢᠯᠲᠠ ᠶᠢᠨ ᠵᠢᠮ᠎ᠡ ᠶᠤᠰᠤ ᠶᠢ ᠨᠢ ᠦᠨᠳᠦᠰᠦᠯᠡᠵᠦ ᠪᠠᠶᠢᠭᠠᠳ | ᠠᠷᠠᠴᠢᠯᠠᠯᠲᠠ ᠬᠠᠮᠢᠶᠠᠷᠤᠯᠲᠠ ᠶᠢᠨ ᠠᠷᠭ᠎ᠠ ᠬᠡᠯᠪᠡᠷᠢ ᠶᠢ ᠲᠤᠭᠲᠠᠭᠠᠳᠠᠭ᠃ ᠪᠡᠯᠡᠳᠭᠡᠯ ᠭᠠᠭ᠋ᠠᠢ ᠶᠢᠨ ᠡᠬᠢᠨ ᠤ ᠦᠶ᠎ᠡ ᠪᠣᠯ | ᠶᠠᠰᠤ ᠬᠦᠰᠦ ᠶᠢᠨ ᠦᠰᠦᠯᠲᠡ ᠶᠢᠨ ᠬᠤᠷᠳᠤᠴᠠ ᠬᠠᠮᠤᠭ ᠤᠷᠭᠢᠯ ᠳᠠᠭᠠᠨ ᠪᠠᠶᠢᠬᠤ ᠬᠤᠭᠤᠴᠠᠭ᠎ᠠ ᠪᠣᠯᠬᠤᠷ | ᠡᠳᠦᠷ ᠤᠨ ᠪᠤᠷᠳᠤᠭᠠᠨ ᠤ ᠳᠤᠲᠤᠷ᠎ᠠ ᠡᠷᠬᠡᠪᠰᠢ ᠶᠡᠭᠡ ᠬᠡᠮᠵᠢᠶᠡᠨ ᠤ ᠡᠷᠦᠳᠡᠰᠦ ᠪᠤᠳᠠᠰ᠂ ᠸᠢᠲ᠋ᠠᠮᠢᠨ ᠵᠡᠷᠭᠡ ᠶᠢ | ᠨᠠᠶᠢᠷᠠᠭᠤᠯᠤᠨ ᠦᠭᠴᠦ᠂ ᠦᠰᠦᠯᠲᠡ ᠪᠤᠶᠢᠵᠢᠯᠲᠠ ᠶᠢᠨ ᠬᠡᠷᠡᠭᠴᠡᠭᠡ ᠶᠢ ᠨᠢ ᠬᠠᠩᠭᠠᠬᠤ ᠬᠡᠷᠡᠭᠲᠡᠢ᠃ ᠪᠡᠯᠡᠳᠭᠡᠯ | ᠭᠠᠭ᠋ᠠᠢ ᠶᠢᠨ ᠳᠣᠮᠳᠠ ᠦᠶ᠎ᠡ ᠪᠣᠯᠬᠤ ᠳᠤ ᠪᠣᠯᠴᠢᠩ ᠮᠢᠬᠠᠨ ᠤ ᠦᠰᠦᠯᠲᠡ ᠨᠢ ᠴᠢᠩᠭᠠᠷᠠᠵᠤ᠂ ᠡᠳᠦᠷ ᠤᠨ | ᠪᠤᠷᠳᠤᠭᠠᠨ ᠤ ᠳᠤᠲᠤᠷ᠎ᠠ ᠡᠷᠦᠳᠡᠰᠦ ᠪᠤᠳᠠᠰ ᠪᠠ ᠸᠢᠲ᠋ᠠᠮᠢᠨ ᠠᠴᠠ ᠭᠠᠳᠠᠨ᠎ᠠ ᠪᠠᠰᠠ ᠤᠭᠤᠷᠠᠭ ᠤᠨ | ᠠᠭᠤᠯᠤᠭᠳᠠᠴᠠ ᠶᠢᠨ ᠬᠡᠮᠵᠢᠶ᠎ᠡ ᠶᠢ ᠨᠡᠮᠡᠭᠳᠡᠭᠦᠯᠵᠦ᠂ ᠭᠠᠭ᠋ᠠᠢ ᠶᠢᠨ ᠪᠤᠯᠴᠢᠩ ᠮᠢᠬᠠᠨ ᠤ ᠬᠡᠷᠡᠭᠴᠡᠭᠡ ᠶᠢ ᠬᠠᠩᠭᠠᠬᠤ | ᠬᠡᠷᠡᠭᠲᠡᠢ︔ ᠪᠡᠯᠡᠳᠭᠡᠯ ᠭᠠᠭ᠋ᠠᠢ ᠶᠢᠨ ᠰᠡᠭᠦᠯᠴᠢ ᠶᠢᠨ ᠬᠤᠭᠤᠴᠠᠭᠠᠨ ᠳᠤ ᠭᠠᠭ᠋ᠠᠢ ᠶᠢᠨ ᠪᠦᠳᠦᠭᠦᠷᠡᠬᠦ ᠶᠢ ᠳᠠᠭᠠᠯᠳᠣᠨ | ᠦᠰᠦᠯᠲᠡ ᠨᠢ ᠲᠤᠭᠲᠠᠪᠤᠷᠢᠵᠢᠵᠤ ᠲᠠᠷᠭᠤᠯᠠᠵᠤ ᠡᠬᠢᠯᠡᠳᠡᠭ᠃ ᠡᠨᠡ ᠦᠶ᠎ᠡ ᠳᠤ ᠡᠳᠦᠷ ᠤᠨ ᠪᠤᠷᠳᠤᠭᠠᠨ ᠳᠤ ᠦᠭᠡᠬᠦ ᠶᠢ | ᠴᠢᠬᠤᠯᠠᠴᠢᠯᠠᠳᠠᠭ᠃ ᠦᠭᠡᠷ᠎ᠡ ᠪᠠᠷ ᠬᠡᠯᠡᠪᠡᠯ ᠡᠳᠦᠷ ᠤᠨ ᠪᠤᠷᠳᠤᠭᠠᠨ ᠳᠤ ᠤᠭᠤᠷᠠᠭ ᠪᠠ ᠡᠷᠦᠳᠡᠰᠦ᠂ ᠸᠢᠲ᠋ᠠᠮᠢᠨ ᠤ | ᠠᠭᠤᠯᠤᠭᠳᠠᠴᠠ ᠶᠢ ᠪᠠᠭᠠᠰᠬᠠᠵᠤ᠂ ᠡᠨᠧᠷᠭᠢ ᠶᠢᠨ ᠠᠭᠤᠯᠤᠭᠳᠠᠴᠠ ᠲᠠᠢ ᠪᠤᠷᠳᠤᠭ᠎ᠠ ᠶᠢ ᠨᠢ ᠨᠡᠮᠡᠭᠳᠡᠭᠦᠯᠦᠨ᠂ ᠬᠦᠬᠡ | ᠨᠤᠭᠤᠭᠠᠨ ᠪᠦᠳᠦᠭᠦᠯᠢᠭ ᠪᠤᠷᠳᠤᠭ᠎ᠠ ᠶᠢ ᠢᠯᠡᠭᠦᠦ ᠦᠭᠴᠦ ᠪᠤᠷᠳᠤᠭᠠᠨ ᠤ ᠦᠪᠡᠷ ᠤᠨ ᠦᠷᠲᠡᠭ ᠢ ᠪᠠᠭᠠᠰᠬᠠᠳᠠᠭ᠃ | 6 ᠰᠠᠷ᠎ᠠ ᠶᠢᠨ ᠨᠠᠰᠤ ᠦᠩᠭᠡᠷᠡᠬᠦ ᠦᠶ᠎ᠡ ᠳᠤ᠂ ᠲᠡᠵᠢᠭᠡᠯ ᠪᠤᠷᠳᠤᠭ᠎ᠠ ᠶᠢ ᠨᠢ ᠬᠢᠵᠠᠭᠠᠷᠯᠠᠵᠤ᠂ ᠡᠭᠦᠯᠳᠡᠷ ᠤᠨ ᠭᠠᠭ᠋ᠠᠢ ᠶᠢᠨ | ᠬᠡᠲᠦᠷᠬᠡᠢ ᠲᠠᠷᠭᠤᠯᠠᠬᠤ ᠠᠴᠠ ᠬᠢᠴᠢᠶᠡᠬᠦ ᠬᠡᠷᠡᠭᠲᠡᠢ᠃ | ᠡᠭᠦᠯᠳᠡᠷ ᠲᠤ ᠬᠡᠷᠡᠭᠯᠡᠬᠦ ᠭᠠᠭ᠋ᠠᠢ ᠶᠢ ᠢᠯᠡᠭᠦᠬᠡᠨ ᠬᠦᠳᠡᠯᠭᠡᠭᠡᠨ ᠬᠢᠯᠭᠡᠵᠦ᠂ ᠪᠡᠶ᠎ᠡ ᠶᠢᠨ ᠲᠠᠮᠢᠷ ᠲᠡᠩᠬᠡᠭᠡ ᠶᠢ ᠨᠢ | ᠲᠡᠩᠴᠡᠭᠦᠬᠡᠨ ᠪᠠᠶᠢᠯᠭᠠᠨ ᠵᠠᠯᠬᠠᠭᠤᠷᠠᠵᠤ ᠤᠷᠮ᠎ᠠ ᠠᠯᠳᠠᠷᠠᠬᠤ ᠶᠢ ᠨᠢ ᠰᠡᠷᠡᠮᠵᠢᠯᠡᠬᠦ ᠬᠡᠷᠡᠭᠲᠡᠢ ᠪᠦᠭᠡᠳ ᠲᠤᠭᠲᠠᠭᠰᠠᠨ | ᠴᠠᠭ ᠲᠤ ᠪᠡᠶ᠎ᠡ ᠶᠢᠨ ᠪᠠᠶᠢᠴᠠᠭᠠᠯᠲᠠ ᠪᠠ ᠪᠡᠶ᠎ᠡ ᠶᠢᠨ ᠬᠡᠮᠵᠢᠯᠲᠡ᠂ ᠬᠢᠨᠠᠨ ᠲᠤᠭᠲᠠᠭᠠᠯᠲᠠ ᠬᠢᠵᠦ ᠪᠠᠶᠢᠬᠤ ᠬᠡᠷᠡᠭᠲᠡᠢ᠃ | | | ︵ᠢᠷᠡᠯᠲᠡ᠄ ᠵᠢᠷᠭᠠᠯ ᠡᠷᠬᠢᠯᠡᠨ ᠨᠠᠶᠢᠷᠠᠭᠤᠯᠤᠭᠰᠠᠨ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ | ᠮᠡᠷᠭᠡᠵᠢᠯ︾ ᠭᠡᠬᠦ ᠨᠣᠮ ᠠᠴᠠ ᠰᠤᠩᠭᠤᠨ ᠰᠡᠶᠢᠷᠡᠭᠦᠯᠪᠠ᠃︶ |