ᠦᠨᠳᠡᠭᠡᠯᠡᠵᠦ ᠪᠠᠶᠢᠭ᠎ᠠ ᠲᠠᠬᠢᠶᠠᠨ ᠤ ᠲᠡᠵᠢᠭᠡᠯᠭᠡ ᠠᠷᠠᠴᠢᠯᠠᠭ᠎ᠠ ᠶᠢᠨ ᠦᠨᠳᠡᠭᠡᠯᠡᠬᠦ ᠠᠴᠠ ᠡᠮᠦᠨᠡᠬᠢ ᠬᠤᠭᠤᠴᠠᠭᠠᠨ ᠤ ᠪᠡᠯᠡᠳᠭᠡᠯ
ᠨᠡᠶᠢᠲᠡᠯᠡᠭᠰᠡᠨ ᠴᠠᠭ᠄
2021/8/31
     21 ~ 72 ᠭᠠᠷᠠᠭ ᠨᠠᠰᠤ ᠶᠢ ᠶᠡᠷᠦ ᠳᠡᠭᠡᠨ ᠦᠨᠳᠡᠭᠡᠯᠡᠬᠦ ᠬᠤᠭᠤᠴᠠᠭ᠎ᠠ ᠭᠡᠳᠡᠭ᠃ ᠡᠨᠡ ᠬᠦ ᠬᠤᠭᠤᠴᠠᠭᠠᠨ ᠤ ᠦᠨᠳᠡᠭᠡᠯᠡᠬᠦ ᠲᠠᠬᠢᠶᠠᠨ ᠳᠤ ᠲᠤᠬᠢᠷᠠᠮᠵᠢᠲᠠᠢ ᠣᠷᠴᠢᠨ ᠲᠤᠭᠤᠷᠢᠨ ᠢ ᠪᠡᠯᠡᠳᠭᠡᠵᠦ ᠦᠭᠬᠦ ᠪᠠ ᠵᠤᠬᠢᠰᠲᠠᠢ ᠲᠡᠵᠢᠭᠡᠵᠦ ᠬᠢᠨᠠᠮᠠᠭᠠᠢ ᠠᠷᠠᠴᠢᠯᠠᠵᠤ ᠲᠤᠳᠤᠮᠳᠠᠬᠤ ᠪᠣᠯ ᠲᠤᠩ ᠴᠢᠬᠤᠯᠠ ᠶᠤᠮ᠃      ᠲᠠᠸᠠᠷ ᠤᠨ ᠦᠨᠳᠡᠭᠡᠨ ᠲᠠᠬᠢᠶ᠎ᠠ ᠲᠡᠵᠢᠭᠡᠬᠦ ᠠᠷᠭ᠎ᠠ ᠳᠤ ᠶᠡᠷᠦ ᠳᠡᠭᠡᠨ ᠭᠠᠵᠠᠷ ᠳᠡᠭᠡᠷ᠎ᠡ ᠲᠠᠷᠠᠬᠠᠢ ᠲᠡᠵᠢᠭᠡᠬᠦ ᠪᠠ ᠰᠢᠩᠬᠡᠯᠢᠭ ᠲᠤ ᠬᠤᠷᠢᠵᠦ ᠲᠡᠵᠢᠭᠡᠬᠦ ᠬᠤᠶᠠᠷ ᠵᠦᠢᠯ ᠪᠠᠶᠢᠳᠠᠭ᠃ ᠭᠠᠵᠠᠷ ᠳᠡᠭᠡᠷ᠎ᠡ ᠲᠠᠷᠠᠬᠠᠢ ᠲᠡᠵᠢᠭᠡᠬᠦ ᠪᠣᠯ ᠤᠯᠠᠮᠵᠢᠯᠠᠯᠲᠤ ᠠᠷᠭ᠎ᠠ ᠪᠠᠶᠢᠵᠤ᠂ ᠰᠢᠩᠭᠡᠯᠢᠭ ᠲᠤ ᠬᠤᠷᠢᠵᠦ ᠲᠡᠵᠢᠭᠡᠬᠦ ᠨᠢ ᠣᠳᠣ ᠶᠠᠭ ᠳᠡᠯᠭᠡᠷᠡᠨ ᠲᠦᠭᠡᠮᠡᠯᠵᠢᠵᠦ ᠪᠠᠶᠢᠭ᠎ᠠ ᠠᠷᠭ᠎ᠠ ᠮᠦᠨ᠃ ᠲᠡᠵᠢᠭᠡᠬᠦ ᠠᠷᠭ᠎ᠠ ᠨᠢ ᠰᠦᠷᠦᠭ ᠤᠨ ᠨᠢᠭᠲᠠᠴᠠ ᠲᠠᠢ ᠬᠠᠷᠢᠴᠠᠭ᠎ᠠ ᠡᠭᠦᠰᠳᠡᠭ᠃ ᠡᠭᠦᠨ ᠳᠤ ᠠᠳᠠᠯᠢ ᠪᠤᠰᠤ ᠲᠡᠵᠢᠭᠡᠬᠦ ᠠᠷᠭ᠎ᠠ ᠶᠢᠨ ᠰᠦᠷᠦᠭ ᠤᠨ ᠨᠢᠭᠲᠠᠴᠠ ᠨᠢ ᠲᠤᠰ ᠲᠤᠰ ᠠᠳᠠᠯᠢ ᠦᠭᠡᠢ ᠪᠠᠶᠢᠳᠠᠭ᠃ ᠡᠭᠦᠨ ᠳᠤ ᠭᠠᠵᠠᠷ ᠳᠡᠭᠡᠷ᠎ᠡ ᠲᠠᠷᠠᠬᠠᠢ ᠲᠡᠵᠢᠭᠡᠬᠦ ᠶᠢᠨ ᠨᠢᠭᠲᠠᠴᠠ ᠨᠢ ᠪᠠᠭ᠎ᠠ ᠰᠢᠭ᠋᠂ ᠰᠢᠩᠬᠡᠯᠢᠭ ᠲᠤ ᠬᠤᠷᠢᠵᠦ ᠲᠡᠵᠢᠭᠡᠬᠦ ᠶᠢᠨ ᠨᠢᠭᠲᠠᠴᠠ ᠨᠢ ᠶᠡᠭᠡ ᠪᠠᠶᠢᠳᠠᠭ ᠶᠤᠮ ︵ᠬᠦᠰᠦᠨᠦᠭᠲᠦ 1 - 5︶᠃

     ᠲᠡᠵᠢᠭᠡᠬᠦ ᠨᠢᠭᠲᠠᠴᠠ ᠶᠡᠭᠡ ᠪᠣᠯ ᠦᠨᠳᠡᠭᠡᠨ ᠤ ᠭᠠᠷᠤᠯᠲᠠ ᠨᠢ ᠬᠠᠷᠢᠴᠠᠩᠭᠤᠢ ᠪᠠᠷ ᠳᠤᠤᠷ᠎ᠠ ᠪᠣᠯᠵᠤ᠂ ᠬᠤᠬᠢᠷᠠᠯ

ᠰᠦᠢᠳᠦᠯ ᠤᠨ ᠨᠤᠷᠮ᠎ᠠ ᠪᠠ ᠦᠨᠳᠡᠭᠡᠨ ᠤ ᠬᠠᠭᠠᠷᠠᠯᠲᠠ ᠶᠢᠨ ᠨᠤᠷᠮ᠎ᠠ ᠨᠢ ᠳᠡᠭᠡᠭᠰᠢᠯᠡᠵᠦ᠂ ᠪᠣᠷᠳᠤᠭᠠᠨ ᠤ

ᠬᠤᠪᠢᠷᠠᠭᠠᠯᠲᠠ ᠶᠢᠨ ᠨᠤᠷᠮ᠎ᠠ ᠨᠢ ᠳᠤᠷᠤᠭᠰᠢᠯᠠᠳᠠᠭ᠃ ᠡᠶᠢᠮᠦ ᠠᠴᠠ ᠪᠤᠲᠠᠲᠠᠢ ᠪᠠᠶᠢᠳᠠᠯ ᠳᠠᠭᠠᠨ ᠲᠤᠬᠢᠷᠠᠭᠤᠯᠤᠨ

ᠵᠤᠬᠢᠬᠤ ᠠᠷᠭ᠎ᠠ ᠬᠡᠮᠵᠢᠶ᠎ᠡ ᠠᠪᠴᠦ ᠵᠦᠢ ᠵᠤᠬᠢᠰᠲᠠᠢ ᠲᠡᠵᠢᠭᠡᠯᠭᠡ ᠶᠢᠨ ᠨᠢᠭᠲᠠᠴᠠ ᠶᠢ ᠲᠤᠭᠲᠠᠭᠠᠪᠠᠯ ᠵᠤᠬᠢᠨ᠎ᠠ᠃

       ︵ᠨᠢᠭᠡ︶ ᠲᠠᠬᠢᠶᠠᠨ ᠤ ᠪᠠᠶᠢᠷᠢ ᠶᠢ ᠡᠮᠬᠢᠯᠡᠨ ᠲᠡᠭᠰᠢᠯᠡᠬᠦ ᠪᠠ ᠴᠡᠪᠡᠷᠯᠡᠨ ᠠᠷᠢᠭᠤᠳᠬᠠᠬᠤ᠃ ᠡᠮᠡᠭᠴᠢᠨ

ᠲᠠᠬᠢᠶᠠᠨ ᠤ ᠪᠡᠯᠭᠡ ᠨᠢ ᠪᠣᠯᠪᠠᠰᠤᠷᠠᠭᠠᠳ ᠦᠨᠳᠡᠭᠡᠯᠡᠬᠦ ᠲᠠᠬᠢᠶᠠᠨ ᠤ ᠪᠠᠶᠢᠷᠢ ᠳᠤ ᠰᠢᠯᠵᠢᠭᠦᠯᠬᠦ ᠳᠡᠭᠡᠨ ᠪᠠᠶᠢᠷᠢ

ᠳᠣᠲᠤᠷᠠᠬᠢ ᠡᠳ᠋ᠯᠡᠯ ᠭᠡᠷᠡᠭᠰᠡᠯ ᠢ ᠡᠷᠬᠡᠪᠰᠢ ᠴᠡᠪᠡᠷᠯᠡᠨ ᠠᠷᠢᠭᠤᠳᠬᠠᠬᠤ ᠭᠡᠷᠡᠭᠲᠡᠢ᠃ ᠤᠰᠤ ᠴᠠᠬᠢᠯᠭᠠᠨ ᠤ ᠬᠠᠩᠭᠠᠯᠲᠠ᠂

ᠲᠡᠵᠢᠭᠡᠯ ᠪᠤᠷᠳᠤᠭᠠᠨ ᠤ ᠪᠡᠯᠡᠳᠭᠡᠯᠲᠡ ᠪᠠ ᠲᠤᠯᠭᠠᠯᠠᠬᠤ ᠲᠦᠭᠦᠭᠡᠷᠦᠮᠵᠢ ᠵᠡᠷᠭᠡ ᠶᠢ ᠨᠠᠷᠢᠨ ᠪᠠᠶᠢᠴᠠᠭᠠᠵᠤ ᠡᠭᠦᠳᠡ

ᠴᠣᠩᠬᠤᠨ ᠤ ᠰᠢᠯ ᠢ ᠪᠠᠬᠢᠯᠡᠨ᠂ ᠬᠤᠯᠤᠭᠠᠨ᠎ᠠ ᠶᠢᠨ ᠨᠦᠭᠡ ᠪᠡᠶᠢᠬᠤ ᠡᠰᠡᠬᠦ ᠶᠢ ᠨᠠᠷᠢᠨ ᠠᠩᠬᠠᠷᠴᠤ᠂ ᠬᠡᠷᠪᠡ ᠪᠠᠶᠢᠬᠤ ᠳᠤ

ᠬᠦᠷᠪᠡᠯ ᠰᠠᠶᠢᠨ ᠪᠦᠭᠯᠡᠬᠦ ᠬᠡᠷᠡᠭᠲᠡᠢ᠃

     1.ᠰᠦᠷᠴᠢᠵᠦ ᠠᠷᠢᠭᠤᠳᠬᠠᠬᠤ᠃ ᠡᠬᠢᠯᠡᠵᠦ ᠴᠡᠪᠡᠷᠯᠡᠬᠦ ᠠᠴᠠ ᠡᠮᠦᠨ᠎ᠡ᠂ ᠡᠩ ᠤᠨ ᠠᠷᠢᠭᠤᠳᠬᠠᠬᠤ ᠡᠮ ᠢ

ᠰᠦᠷᠴᠢᠨ ᠠᠷᠢᠭᠤᠳᠬᠠᠬᠤ᠂ ᠪᠠᠶᠢᠷᠢ ᠶᠢᠨ ᠳᠤᠲᠤᠭᠠᠲᠦ ᠤᠷᠴᠢᠨ ᠲᠤᠭᠤᠷᠢᠨ ᠢ ᠴᠡᠪᠡᠷᠯᠡᠬᠦ ᠳᠡᠭᠡᠨ ᠲᠤᠭᠤᠰᠤ

ᠪᠤᠲᠠᠷᠠᠬᠤ ᠶᠢ ᠰᠡᠷᠭᠡᠶᠢᠯᠡᠵᠦ ᠴᠢᠬᠢᠭᠳᠦᠭᠦᠯᠵᠦ ᠴᠡᠪᠡᠷᠯᠡᠬᠦ ᠭᠡᠷᠡᠭᠲᠡᠢ᠃

     2.ᠡᠳ᠋ ᠬᠡᠷᠡᠭᠰᠡᠯ ᠢ ᠴᠡᠪᠡᠷᠯᠡᠬᠦ᠃ ᠪᠠᠶᠢᠷᠢ ᠶᠢᠨ ᠳᠣᠲᠤᠷᠠᠬᠢ ᠦᠨᠳᠡᠭᠡᠯᠡᠬᠦ ᠬᠠᠶᠢᠷᠴᠠᠭ᠂ ᠤᠰᠤᠨ ᠤ ᠰᠠᠪᠠ᠂

ᠪᠤᠷᠳᠤᠬᠤ ᠳᠤ ᠬᠡᠷᠡᠭᠯᠡᠬᠦ ᠪᠠᠭᠠᠵᠢ ᠭᠡᠷᠡᠭᠰᠡᠯ ᠢ ᠪᠠᠶᠢᠷᠢ ᠶᠢᠨ ᠭᠠᠳᠠᠨ᠎ᠠ ᠭᠠᠷᠭᠠᠵᠤ ᠤᠰᠤ ᠰᠦᠷᠴᠢᠨ ᠱᠤᠸᠠᠰᠠᠳᠠᠨ

ᠨᠠᠷᠠᠨ ᠳᠤ ᠡᠭᠡᠭᠡᠵᠦ ᠠᠷᠢᠭᠤᠳᠬᠠᠬᠤ ᠭᠡᠷᠡᠭᠲᠡᠢ᠃

     3.ᠲᠠᠬᠢᠶᠠᠨ ᠤ ᠪᠠᠶᠢᠷᠢ ᠶᠢ ᠱᠦᠭᠦᠷᠳᠡᠬᠦ᠃ ᠤᠷᠢᠳ ᠢᠶᠠᠷ ᠪᠠᠭᠠᠰᠤ ᠶᠢ ᠨᠢ ᠴᠡᠪᠡᠷᠯᠡᠭᠡᠳ ᠳᠠᠷᠠᠭ᠎ᠠ ᠨᠢ ᠪᠦᠬᠦ

ᠲᠠᠯ᠎ᠠ ᠪᠠᠷ ᠱᠦᠭᠦᠷᠳᠡᠵᠦ ᠴᠡᠪᠡᠷᠯᠡᠨ᠎ᠡ᠃

     4.ᠰᠦᠷᠴᠢᠵᠦ ᠤᠬᠢᠶᠠᠬᠤ᠃ ᠱᠦᠭᠦᠷᠳᠡᠵᠦ ᠳᠠᠭᠤᠰᠤᠭᠰᠠᠨ ᠤ ᠰᠡᠭᠦᠯᠡᠷ ᠲᠠᠬᠢᠶᠠᠨ ᠤ ᠪᠠᠶᠢᠷᠢ ᠶᠢ ᠤᠰᠤᠨ ᠤ

ᠰᠦᠷᠴᠢᠭᠦᠷ ᠢᠶᠠᠷ ᠪᠠᠶᠢᠷᠢ ᠶᠢᠨ ᠠᠲᠠᠷ᠂ ᠪᠤᠯᠤᠩ ᠲᠤᠬᠤᠢ᠂ ᠬᠡᠷᠡᠮ ᠬᠠᠨ᠎ᠠ᠂ ᠲᠤᠤᠷ᠂ ᠱᠠᠯᠠ ᠵᠡᠷᠭᠡ ᠶᠢ ᠲᠤᠶᠢᠯᠪᠦᠷᠢᠲᠡᠢ

ᠰᠦᠷᠴᠢᠨ ᠱᠤᠸᠠᠰᠠᠲᠠᠵᠤ᠂ ᠪᠠᠶᠢᠷᠢᠨ ᠳᠠᠬᠢ ᠠᠭᠠᠯᠵᠢᠨ ᠲᠤᠤᠷ᠂ ᠲᠤᠭᠤᠰᠤ ᠰᠢᠷᠤᠢ ᠶᠢ ᠦᠯᠡᠳᠡᠭᠡᠯ ᠦᠭᠡᠢ ᠴᠡᠪᠡᠷᠯᠡᠵᠦ

ᠠᠷᠢᠯᠭᠠᠨ᠎ᠠ᠃

     5.ᠭᠠᠯ ᠢᠶᠠᠷ ᠠᠷᠢᠭᠤᠳᠬᠠᠬᠤ᠃ ᠭᠠᠯ ᠰᠦᠷᠴᠢᠬᠦ ᠳ᠋ᠧᠩ ᠪᠤᠶᠤ ᠪᠤᠰᠤᠳ ᠭᠠᠯᠲᠦ ᠪᠠᠭᠠᠵᠢ ᠪᠠᠷ ᠣᠷᠴᠢᠨ

ᠲᠤᠭᠤᠷᠢᠨ᠂ ᠪᠠᠭᠠᠵᠢ ᠬᠡᠷᠡᠭᠰᠡᠯ᠂ ᠪᠤᠯᠤᠩ ᠲᠤᠬᠤᠢ ᠶᠢ ᠰᠦᠷᠴᠢᠨ ᠬᠠᠯᠠᠭᠠᠵᠤ ᠠᠷᠢᠭᠤᠳᠬᠠᠨ᠎ᠠ᠃

     6.ᠰᠦᠷᠴᠢᠵᠦ ᠠᠷᠢᠭᠤᠳᠬᠠᠬᠤ᠃ ᠪᠠᠶᠢᠷᠢ ᠶᠢᠨ ᠳᠣᠲᠤᠭᠠᠲᠦ ᠶᠢᠨ ᠲᠤᠯᠠᠭᠠᠨ ᠤ ᠭᠡᠮᠵᠢᠶ᠎ᠡ 23℃ ᠠᠴᠠ

ᠳᠡᠭᠡᠭᠰᠢ  ᠬᠠᠷᠢᠴᠠᠩᠭᠤᠢ ᠴᠢᠬᠢᠭ ᠤᠨ ᠬᠡᠮᠵᠢᠶ᠎ᠡ ᠨᠢ 60% ᠠᠴᠠ ᠳᠡᠭᠡᠭᠰᠢ ᠪᠣᠯᠬᠤ ᠦᠶ᠎ᠡ ᠳᠤ ᠬᠤᠷᠴᠠ ᠴᠢᠨᠠᠷᠲᠠᠢ

ᠠᠷᠢᠭᠤᠳᠬᠠᠬᠤ ᠤᠰᠤ ᠪᠠᠷ ᠬᠦᠰᠡᠷ ᠱᠠᠯᠠ᠂ ᠠᠲᠠᠷ ᠲᠡᠭᠡᠪᠦᠷ᠂ ᠬᠡᠷᠡᠮ ᠬᠠᠨ᠎ᠠ᠂ ᠳᠤᠤᠷ ᠰᠢᠩᠭᠡᠯᠢᠭ᠂ ᠪᠠᠭᠠᠵᠢ ᠭᠡᠷᠡᠭᠰᠡᠯ

ᠵᠡᠷᠭᠡ ᠶᠢ ᠳᠠᠬᠢᠨ ᠳᠠᠪᠲᠠᠨ ᠰᠦᠷᠴᠢᠵᠦ ᠠᠷᠢᠭᠤᠳᠬᠠᠬᠤ ᠬᠡᠷᠡᠭᠲᠡᠢ᠃

     7.ᠣᠳᠤᠵᠦ ᠵᠢᠩᠨᠡᠵᠦ ᠠᠷᠢᠭᠤᠳᠬᠠᠬᠤ᠃ ᠪᠠᠶᠢᠷᠢ ᠶᠢᠨ ᠳᠤᠯᠠᠭᠠᠨ ᠤ ᠬᠡᠮᠵᠢᠶ᠎ᠡ ᠨᠢ 25℃ ᠠᠴᠠ ᠳᠡᠭᠡᠭᠰᠢ

ᠬᠠᠷᠢᠴᠠᠩᠭᠤᠢ ᠴᠢᠬᠢᠭ ᠤᠨ ᠬᠡᠮᠵᠢᠶ᠎ᠡ ᠨᠢ 60% ᠠᠴᠠ ᠳᠡᠭᠡᠭᠰᠢ ᠪᠤᠯᠤᠭᠰᠠᠨ ᠦᠶ᠎ᠡ ᠳᠤ 24 ᠴᠠᠭ ᠰᠠᠯᠬᠢ ᠵᠢᠪᠠᠷ

ᠨᠡᠪᠲᠡᠷᠡᠭᠦᠯᠬᠦ ᠦᠭᠡᠢ ᠪᠠᠷ ᠪᠢᠲᠡᠭᠦᠮᠵᠢᠯᠡᠵᠦ᠂ ᠠᠷᠢᠭᠤᠳᠬᠠᠬᠤ ᠡᠮ ᠢᠶᠠᠷ ᠤᠳᠤᠵᠦ ᠠᠷᠢᠭᠤᠳᠬᠠᠭᠠᠳ ᠲᠠᠬᠢᠶ᠎ᠠ

ᠣᠷᠤᠬᠤ ᠠᠴᠠ ᠡᠮᠦᠨ᠎ᠡ 3 ᠡᠳᠦᠷ ᠤᠨ ᠳᠤᠲᠤᠷ᠎ᠠ ᠦᠨᠦᠷ ᠲᠠᠨᠤᠷ ᠢ ᠨᠢ ᠭᠠᠷᠭᠠᠬᠤ ᠭᠡᠷᠡᠭᠲᠡᠢ᠃ ᠳᠡᠭᠡᠷᠡᠬᠢ

ᠳᠤᠷᠠᠳᠤᠭᠰᠠᠨ ᠠᠷᠭ᠎ᠠ ᠨᠤᠭᠤᠳ ᠢᠶᠠᠷ ᠲᠠᠬᠢᠶᠠᠨ ᠤ ᠪᠠᠶᠢᠷᠢ ᠶᠢ 3 ᠭᠠᠷᠠᠭ ᠲᠤ ᠡᠷᠬᠡᠪᠰᠢ ᠨᠢᠭᠡ ᠤᠳᠠᠭ᠎ᠠ ᠴᠡᠪᠡᠷᠯᠡᠭᠡ

ᠬᠢᠬᠦ ᠭᠡᠷᠡᠭᠲᠡᠢ᠃

     8.ᠪᠠᠭᠠᠵᠢ ᠭᠡᠷᠡᠭᠰᠡᠯ ᠢ ᠤᠤᠯ ᠣᠷᠤᠨ ᠳᠤᠨᠢ ᠲᠠᠯᠪᠢᠬᠤ᠃ ᠲᠠᠬᠢᠶᠠᠨ ᠤ ᠪᠠᠶᠢᠷᠢ ᠶᠢ ᠱᠦᠭᠦᠷᠳᠡᠵᠦ ᠠᠷᠴᠢᠵᠦ

ᠠᠷᠢᠭᠤᠳᠬᠠᠭᠰᠠᠨ ᠤ ᠰᠡᠭᠦᠯᠡᠷ ᠰᠠᠪᠠ ᠰᠠᠭᠠᠯᠢ ᠪᠠᠭᠠᠵᠢ ᠭᠡᠷᠡᠭᠰᠡᠯ ᠢ ᠣᠣᠯ ᠣᠷᠤᠨ ᠳᠤᠨᠢ ᠲᠠᠯᠪᠢᠵᠦ᠂ ᠬᠡᠪ ᠤᠨ

ᠪᠠᠶᠢᠳᠠᠯ ᠢ ᠨᠢ ᠡᠪᠳᠡᠬᠦ ᠦᠭᠡᠢ ᠪᠠᠶᠢᠬᠤ ᠭᠡᠷᠡᠭᠲᠡᠢ᠃

     (ᠬᠤᠶᠠᠷ︶ ᠲᠠᠬᠢᠶᠠᠨ ᠰᠦᠷᠦᠭ ᠢ ᠴᠡᠭᠴᠡᠯᠡᠬᠦ᠃ ᠲᠠᠬᠢᠶ᠎ᠠ ᠶᠢ ᠡᠭᠦᠷ ᠰᠢᠯᠵᠢᠭᠦᠯᠵᠦ ᠰᠢᠩᠭᠡᠯᠢᠭ ᠲᠤ ᠬᠤᠷᠢᠵᠦ

ᠲᠡᠵᠢᠭᠡᠬᠦ ᠠᠴᠠ ᠡᠮᠦᠨ᠎ᠡ ᠴᠡᠭᠴᠡᠯᠡᠯᠲᠡ ᠬᠢᠵᠦ᠂ ᠲᠡᠳᠡᠭᠡᠷ ᠡᠪᠡᠳᠴᠢᠨ ᠲᠠᠢ᠂ ᠵᠠᠮᠳᠡᠭ ᠪᠤᠯᠤᠭᠰᠠᠨ ᠡᠷᠡᠭᠦᠯ ᠪᠤᠰᠤ

ᠲᠠᠬᠢᠶ᠎ᠠ ᠶᠢ ᠤᠷᠤᠭᠤᠯᠬᠤ ᠠᠴᠠ ᠤᠨᠴᠠᠭᠠᠢ ᠬᠢᠴᠢᠶᠡᠬᠦ ᠭᠡᠷᠡᠭᠲᠡᠢ᠃ ᠰᠢᠩᠭᠡᠯᠢᠭ ᠲᠤ ᠤᠷᠤᠵᠦ ᠪᠣᠯᠬᠤ ᠲᠠᠬᠢᠶᠠᠨ ᠤ

ᠪᠡᠶ᠎ᠡ ᠶᠢᠨ ᠬᠦᠨᠳᠦ ᠶᠢ 1.2 ~ 1.4  ᠺᠢᠯᠤᠭ᠍ᠷᠠᠮ ᠢᠶᠠᠷ ᠬᠢᠵᠠᠭᠠᠷᠯᠠᠵᠦ᠂ ᠡᠭᠦᠨ ᠠᠴᠠ ᠬᠦᠩᠭᠡᠨ ᠢ ᠲᠦᠷ

ᠣᠷᠤᠭᠤᠯᠬᠤ ᠦᠭᠡᠢ ᠪᠣᠯ ᠵᠤᠬᠢᠨ᠎ᠠ᠃ ᠢᠩᠭᠢᠵᠦ ᠬᠢᠵᠦ ᠪᠠᠶᠢᠬᠤ ᠨᠢ ᠲᠠᠬᠢᠶᠠᠨ ᠰᠦᠷᠦᠭ ᠤᠨ ᠰᠢᠯᠢᠳᠡᠭᠵᠢᠯ ᠢ

ᠪᠠᠲᠤᠯᠠᠬᠤ ᠶᠢᠨ ᠲᠦᠯᠦᠭᠡ ᠶᠤᠮ᠃

      ︵ᠭᠤᠷᠪᠠ︶ ᠰᠦᠷᠦᠭ ᠰᠢᠯᠵᠢᠭᠦᠯᠬᠦ᠃ ᠨᠢᠭᠡᠨ ᠲᠤᠮᠤ ᠭᠡᠯᠪᠡᠷᠢ ᠶᠢᠨ ᠲᠠᠬᠢᠶ᠎ᠠ ᠲᠡᠵᠢᠭᠡᠬᠦ ᠲᠠᠯᠠᠪᠠᠢ ᠳᠤ

ᠠᠪᠴᠦ ᠬᠡᠯᠡᠪᠡᠯ ᠠᠵᠢᠯ ᠣᠯᠠᠨ᠂ ᠡᠭᠡᠯᠵᠢᠯᠡᠬᠦ ᠬᠤᠭᠤᠴᠠᠭ᠎ᠠ ᠨᠢ ᠪᠠᠴᠢᠮ᠂ ᠬᠦᠮᠦᠨ ᠤ ᠬᠦᠴᠦ ᠶᠢ ᠶᠡᠭᠡ ᠵᠠᠷᠤᠴᠠᠭᠤᠯᠬᠤ

ᠪᠤᠯᠤᠨ᠎ᠠ᠃ ᠡᠶᠢᠮᠦ ᠠᠴᠠ ᠲᠠᠬᠢᠶ᠎ᠠ ᠲᠡᠵᠢᠭᠡᠬᠦ ᠦᠢᠯᠡᠰ ᠢ ᠡᠵᠡᠩᠨᠡᠭᠴᠢᠳ ᠡᠷᠭᠡᠪᠰᠢ ᠨᠠᠷᠢᠨ ᠲᠦᠯᠦᠪᠯᠡᠭᠡ ᠬᠢᠵᠦ ᠪᠦᠬᠦ

ᠲᠠᠯ᠎ᠠ ᠶᠢᠨ ᠲᠤᠬᠢᠷᠠᠭᠤᠯᠤᠯᠲᠠ ᠬᠢᠬᠦ ᠶᠢᠨ ᠬᠠᠮᠲᠦ ᠭᠠᠳᠠᠭᠠᠲᠦ ᠲᠤᠲᠤᠭᠠᠲᠦ ᠶᠢᠨ ᠰᠢᠨ᠎ᠡ ᠰᠢᠨ᠎ᠡ ᠮᠡᠳᠡᠯᠭᠡ ᠮᠡᠷᠭᠡᠵᠢᠯ ᠢ

ᠴᠠᠭ ᠲᠤᠬᠠᠢ ᠳᠤᠨᠢ ᠬᠦᠯᠢᠶᠡᠨ ᠠᠪᠴᠦ᠂ ᠠᠵᠢᠯ ᠦᠢᠯᠡᠰ ᠤᠨ ᠢᠶᠠᠨ ᠯᠠᠪᠳᠠᠭᠤᠨ ᠲᠤᠭᠲᠠᠭᠤᠨ ᠠᠰᠢᠭ ᠬᠤᠨᠵᠢᠪᠤᠷᠢ

 ᠲᠠᠢ ᠶᠠᠪᠤᠭᠳᠠᠬᠤ ᠶᠢ ᠪᠠᠲᠤᠯᠠᠬᠤ ᠭᠡᠷᠡᠭᠲᠡᠢ᠃

     1.ᠰᠦᠷᠦᠭ ᠰᠢᠯᠵᠢᠭᠦᠯᠬᠦ ᠴᠠᠭ ᠤᠨ ᠰᠤᠩᠭᠤᠯᠲᠠ᠃ ᠰᠦᠷᠦᠭ ᠰᠢᠯᠵᠢᠭᠦᠯᠬᠦ ᠨᠢ ᠶᠡᠷᠦ ᠳᠡᠭᠡᠨ

ᠦᠢᠯᠡᠳᠪᠦᠷᠢᠯᠡᠯ ᠤᠨ ᠲᠦᠯᠦᠪᠯᠡᠭᠡ ᠶᠢᠨ ᠰᠠᠭᠤᠷᠢᠨ ᠳᠡᠭᠡᠷ᠎ᠡ ᠲᠤᠭᠲᠠᠭᠠᠳᠠᠭ᠃ ᠡᠩ ᠤᠨ ᠪᠠᠶᠢᠳᠠᠯ ᠳᠤᠤᠷ᠎ᠠ ᠬᠠᠮᠤᠭ

ᠡᠷᠲᠡ ᠳᠡᠭᠡᠨ 18 ᠭᠠᠷᠠᠭ ᠨᠠᠰᠤ᠂ ᠬᠠᠮᠤᠭ ᠤᠷᠤᠢ ᠳᠠᠭᠠᠨ 21 ᠭᠠᠷᠠᠭ ᠨᠠᠰᠤᠨ ᠳᠤ ᠬᠦᠷᠦᠭᠰᠡᠨ ᠤ ᠰᠡᠭᠦᠯᠡᠷ

ᠰᠢᠯᠵᠢᠭᠦᠯᠳᠡᠭ᠃ ᠭᠡᠲᠦᠷᠭᠡᠢ ᠡᠷᠲᠡ ᠰᠢᠯᠵᠢᠭᠦᠯᠪᠡᠯ ᠲᠠᠬᠢᠶ᠎ᠠ ᠨᠢ ᠡᠷᠲᠡ ᠦᠨᠳᠡᠭᠡᠯᠡᠬᠦ ᠪᠤᠶᠤ ᠦᠨᠳᠡᠭᠡᠨ ᠤ ᠬᠦᠨᠳᠦ ᠶᠢᠨ

ᠬᠡᠮᠵᠢᠶ᠎ᠡ ᠨᠢ ᠪᠠᠷᠢᠮᠵᠢᠶᠠᠨ ᠳᠤ ᠨᠡᠶᠢᠴᠡᠬᠦ ᠦᠭᠡᠢ ᠪᠣᠯᠳᠠᠭ᠃ ᠡᠭᠦᠨ ᠠᠴᠠ ᠭᠠᠳᠠᠨ᠎ᠠ ᠲᠠᠬᠢᠶᠠᠨ ᠤ ᠪᠡᠶ᠎ᠡ ᠨᠢ ᠪᠠᠭ᠎ᠠ

ᠤᠴᠢᠷ ᠠᠴᠠ ᠰᠢᠩᠭᠡᠯᠢᠭ ᠪᠤᠶᠤ ᠲᠤᠤᠷ ᠤᠨ ᠨᠦᠭᠡ ᠪᠠᠷ ᠰᠢᠷᠭᠤᠨ ᠭᠠᠷᠴᠦ ᠬᠠᠮᠢᠶᠠᠷᠬᠤ ᠳᠤ ᠳᠦᠭᠦᠮ ᠦᠭᠡᠢ

ᠮᠦᠷᠲᠡᠭᠡᠨ ᠲᠡᠵᠢᠭᠡᠵᠦ ᠠᠷᠠᠴᠢᠯᠠᠬᠤ ᠳᠤ ᠴᠦ ᠬᠠᠷᠰᠢ ᠰᠠᠭᠠᠳ ᠤᠴᠠᠷᠠᠭᠤᠯᠳᠠᠭ᠃ ᠡᠳᠡᠭᠡᠷ ᠳᠦᠭᠦᠮ ᠪᠤᠰᠤ

ᠨᠦᠬᠦᠴᠡᠯ ᠠᠴᠠ ᠪᠤᠯᠵᠦ ᠦᠨᠳᠡᠭᠡᠨ ᠤ ᠶᠡᠷᠦᠩᠭᠡᠢ ᠭᠠᠷᠤᠯᠲᠠ ᠶᠢ ᠨᠦᠯᠦᠭᠡᠯᠡᠬᠦ ᠪᠤᠯᠤᠨ᠎ᠠ᠃ ᠬᠡᠷᠪᠡ ᠤᠷᠤᠢ

ᠰᠢᠯᠵᠢᠭᠦᠯᠪᠡᠯ ᠵᠠᠷᠢᠮ ᠲᠠᠬᠢᠶ᠎ᠠ ᠨᠢ ᠦᠨᠳᠡᠭᠡᠯᠡᠬᠦ ᠤᠶᠢᠷᠠᠳᠤᠭᠰᠠᠨ ᠪᠤᠯᠬᠤᠷ ᠲᠡᠭᠦᠨ ᠤ ᠬᠡᠪ ᠤᠨ ᠦᠨᠳᠡᠭᠡᠯᠡᠬᠦ

ᠬᠤᠭᠤᠴᠠᠭ᠎ᠠ ᠶᠢ ᠨᠦᠯᠦᠭᠡᠯᠡᠬᠦ ᠪᠤᠯᠤᠨ᠎ᠠ᠃ ᠲᠠᠬᠢᠶ᠎ᠠ ᠪᠠᠷᠢᠬᠤ ᠬᠦᠳᠡᠯᠭᠡᠭᠡᠨ ᠠᠴᠠ ᠰᠡᠲᠦᠯᠲᠡ ᠣᠯᠤᠭᠠᠳ ᠦᠷᠭᠦᠵᠦ

ᠰᠤᠴᠢᠪᠡᠯ ᠵᠠᠷᠢᠮ ᠲᠠᠬᠢᠶ᠎ᠠ ᠦᠨᠳᠡᠭᠡᠯᠡᠬᠦ ᠪᠠᠨ ᠵᠤᠭᠰᠤᠬᠤ ᠪᠤᠶᠤ ᠦᠨᠳᠡᠭᠡᠯᠡᠬᠦ ᠨᠢ ᠬᠤᠶᠢᠰᠢᠯᠠᠳᠠᠭ᠃ ᠢᠯᠠᠩᠭᠤᠶ᠎ᠠ

ᠵᠠᠷᠢᠮ ᠨᠢ ᠡᠪᠡᠳᠴᠢᠯᠡᠵᠦ᠂ ᠴᠢᠨᠠᠭᠰᠢᠯᠠᠪᠠᠯ ᠪᠠᠰᠠ ᠦᠬᠦᠵᠦ ᠰᠦᠢᠳᠦᠬᠦ ᠪᠠᠶᠢᠳᠠᠯ ᠴᠦ ᠭᠠᠷᠳᠠᠭ᠃ ᠡᠶᠢᠮᠦ ᠠᠴᠠ

ᠰᠦᠷᠦᠭ ᠰᠢᠯᠵᠢᠭᠦᠯᠬᠦ ᠳᠡᠭᠡᠨ ᠴᠠᠭ ᠠᠭᠠᠷ ᠤᠨ ᠪᠠᠶᠢᠳᠠᠯ ᠢ ᠠᠵᠢᠭᠯᠠᠵᠤ ᠪᠠᠶᠢᠭᠠᠳ ᠰᠦᠨᠢ ᠤᠷᠤᠢ ᠨᠠᠮᠵᠢᠭᠤᠨ

ᠪᠠᠶᠢᠳᠠᠯ ᠳᠤᠤᠷ᠎ᠠ ᠰᠢᠯᠵᠢᠭᠦᠯᠪᠡᠯ ᠲᠠᠬᠢᠶᠠᠳ ᠠᠶᠤᠵᠦ ᠰᠤᠴᠢᠬᠤ ᠦᠭᠡᠢ ᠪᠠᠶᠢᠳᠠᠭ᠃

     2.ᠰᠦᠷᠦᠭ ᠰᠢᠯᠵᠢᠭᠦᠯᠬᠦ ᠠᠴᠠ ᠡᠮᠦᠨᠡᠬᠢ ᠠᠷᠠᠴᠢᠯᠠᠭ᠎ᠠ ᠬᠠᠮᠢᠶᠠᠷᠤᠯᠭ᠎ᠠ᠃ ᠰᠦᠷᠦᠭ ᠰᠢᠯᠵᠢᠭᠦᠯᠦᠭᠰᠡᠨ

ᠡᠮᠦᠨᠡᠬᠢ ᠬᠤᠶᠠᠷ ᠡᠳᠦᠷ ᠲᠤ ᠲᠠᠬᠢᠶᠠᠳ ᠠᠶᠤᠵᠦ ᠰᠤᠴᠢᠭᠰᠠᠨ ᠠᠴᠠ ᠪᠤᠯᠤᠭᠰᠠᠨ ᠪᠠ ᠭᠠᠵᠠᠷ ᠰᠢᠯᠵᠢᠭᠰᠡᠨ ᠠᠴᠠ

ᠪᠤᠯᠵᠦ ᠡᠨᠧᠷᠬᠢ ᠶᠡᠭᠡ ᠵᠠᠷᠤᠴᠠᠭᠤᠯᠳᠠᠭ᠃ ᠡᠨᠡ ᠦᠶ᠎ᠡ ᠳᠤ ᠤᠰᠤ ᠪᠠ ᠪᠤᠷᠳᠤᠭᠠᠨ ᠳᠤᠨᠢ ᠤᠯᠠᠨ ᠲᠦᠷᠦᠯ ᠤᠨ

ᠸᠢᠲ᠋ᠠᠮᠢᠨ ᠵᠢᠴᠢ ᠰᠢᠮ᠎ᠡ ᠲᠡᠵᠢᠭᠡᠯ ᠰᠠᠶᠢᠲᠠᠢ ᠪᠣᠷᠳᠤᠭ᠎ᠠ ᠨᠡᠮᠡᠵᠦ ᠦᠭᠬᠦ ᠭᠡᠷᠡᠭᠲᠡᠢ᠃ ᠰᠦᠷᠦᠭ ᠰᠢᠯᠵᠢᠭᠰᠡᠨ ᠲᠤᠰ

ᠡᠳᠦᠷ ᠲᠤ 24 ᠴᠠᠭ ᠢᠶᠠᠷ ᠭᠡᠷᠡᠯ ᠳᠤᠰᠬᠠᠵᠦ ᠦᠭᠭᠦᠨ᠎ᠡ᠃

     3.ᠰᠦᠷᠦᠭ ᠰᠢᠯᠵᠢᠭᠦᠯᠬᠦ ᠦᠶ᠎ᠡ ᠶᠢᠨ ᠵᠤᠬᠢᠶᠠᠨ ᠪᠠᠶᠢᠭᠤᠯᠤᠯᠲᠠ ᠶᠢᠨ ᠠᠵᠢᠯ᠃ ᠰᠦᠷᠦᠭ ᠰᠢᠯᠵᠢᠭᠦᠯᠬᠦ ᠳᠤ

ᠤᠷᠤᠯᠴᠠᠬᠤ ᠠᠵᠢᠯᠲᠡᠨ ᠢ ᠲᠠᠬᠢᠶ᠎ᠠ ᠪᠠᠷᠢᠬᠤ᠂ ᠲᠠᠬᠢᠶ᠎ᠠ ᠨᠡᠭᠦᠯᠭᠡᠬᠦ ᠪᠠ ᠲᠠᠬᠢᠶ᠎ᠠ ᠲᠠᠯᠪᠢᠬᠤ ᠭᠡᠵᠦ ᠭᠤᠷᠪᠠᠨ

ᠳᠤᠭᠤᠶᠢᠯᠠᠩ ᠬᠤᠪᠢᠶᠠᠨ᠎ᠠ᠃ ᠡᠯ᠎ᠡ ᠳᠤᠭᠤᠶᠢᠯᠠᠩ ᠨᠢ ᠬᠠᠷᠢᠯᠴᠠᠨ ᠬᠠᠮᠵᠢᠯᠴᠠᠨ᠂ ᠲᠠᠬᠢᠶ᠎ᠠ ᠶᠢ ᠬᠦᠩᠭᠡᠨ ᠪᠠᠷᠢᠵᠦ᠂

ᠯᠠᠪᠳᠠᠭᠤᠨ ᠲᠠᠯᠪᠢᠨ᠂ ᠵᠦᠭᠡᠭᠡᠪᠦᠷᠢᠯᠡᠬᠦ ᠶᠠᠪᠤᠴᠠ ᠳᠤ ᠪᠦᠳᠡᠩᠰᠡᠵᠦ ᠮᠠᠭᠤᠵᠢᠷᠠᠬᠤ ᠪᠤᠶᠤ ᠳᠠᠷᠤᠭᠳᠠᠵᠤ ᠦᠬᠦᠬᠦ ᠠᠴᠠ

ᠤᠨᠴᠠᠭᠠᠢ ᠰᠡᠷᠭᠡᠶᠢᠯᠡᠬᠦ ᠭᠡᠷᠡᠭᠲᠡᠢ᠃

     4.ᠰᠢᠩᠭᠡᠯᠢᠭ ᠲᠤ ᠰᠢᠯᠵᠢᠭᠦᠯᠦᠭᠰᠡᠨ ᠤ ᠳᠠᠷᠠᠭᠠᠬᠢ ᠠᠷᠠᠴᠢᠯᠠᠭ᠎ᠠ ᠬᠠᠮᠢᠶᠠᠷᠤᠯᠭ᠎ᠠ᠃ ᠰᠦᠷᠦᠭ ᠰᠢᠯᠵᠢᠭᠰᠡᠨ

ᠲᠠᠬᠢᠶ᠎ᠠ ᠶᠢᠨ ᠪᠠᠶᠢᠳᠠᠯ ᠢ ᠰᠠᠶᠢᠳᠤᠷ ᠠᠩᠬᠠᠷᠴᠦ ᠪᠠᠶᠢᠬᠤ ᠬᠡᠷᠡᠭᠲᠡᠢ᠃ ᠲᠤᠭᠲᠠᠭᠰᠠᠨ ᠴᠠᠭ ᠲᠤ ᠤᠰᠤ᠂ ᠪᠤᠷᠳᠤᠭ᠎ᠠ

ᠦᠭᠴᠦ᠂ ᠪᠤᠷᠳᠤᠭᠠᠨ ᠳᠤᠲᠤᠷ᠎ᠠ ᠨᠢ ᠪᠤᠶᠤ ᠤᠰᠤᠨ ᠳᠤᠲᠤᠷ᠎ᠠ ᠨᠢ 2 ~ 3  ᠡᠳᠦᠷ ᠸᠢᠲ᠋ᠠᠮᠢᠨ ᠵᠡᠷᠭᠡ ᠰᠢᠮ᠎ᠡ

ᠲᠡᠵᠢᠭᠡᠯ ᠲᠠᠢ ᠪᠤᠳᠠᠰ ᠢ ᠬᠤᠯᠢᠨ᠎ᠠ᠃ ᠨᠢᠭᠡ ᠭᠠᠷᠠᠭ ᠰᠢᠬᠠᠮ ᠪᠤᠯᠪᠠᠯ ᠤᠷᠴᠢᠨ ᠲᠤᠭᠤᠷᠢᠨ ᠳᠠᠭᠠᠨ ᠪᠠᠷᠤᠭ

ᠳᠠᠰᠴᠢᠬᠠᠬᠤ ᠪᠤᠯᠬᠤᠷ ᠲᠤᠰᠴᠤ ᠠᠪᠤᠭᠰᠠᠨ ᠳᠡᠰ ᠳᠠᠷᠠᠭ᠎ᠠ ᠪᠠᠷ ᠨᠢ ᠵᠡᠭᠦᠦ ᠲᠠᠷᠢᠬᠤ᠂ ᠪᠤᠷᠳᠤᠭ᠎ᠠ ᠰᠤᠯᠢᠬᠤ᠂

ᠭᠡᠷᠡᠯ ᠤᠨ ᠳᠤᠰᠬᠠᠯᠲᠠ ᠬᠢᠬᠦ᠂ ᠬᠤᠰᠢᠭᠤ ᠶᠢ ᠨᠢ ᠲᠠᠭᠠᠷᠢᠬᠤ ᠵᠡᠷᠭᠡ ᠠᠵᠢᠯ ᠤᠳ ᠢ ᠬᠢᠨ᠎ᠡ᠃

     (ᠳᠦᠷᠪᠡ︶ ᠦᠨᠳᠡᠭᠡᠯᠡᠬᠦ ᠠᠴᠠ ᠡᠮᠦᠨ᠎ᠡ ᠬᠤᠶᠢᠨᠠᠬᠢ ᠠᠷᠠᠴᠢᠯᠠᠭ᠎ᠠ ᠲᠡᠵᠢᠭᠡᠯᠭᠡ᠃ ᠦᠨᠳᠡᠭᠡᠯᠡᠬᠦ ᠠᠴᠠ

ᠡᠮᠦᠨ᠎ᠡ ᠬᠤᠶᠢᠨᠠᠬᠢ ᠬᠡᠳᠦᠨ ᠭᠠᠷᠠᠭ ᠳᠤᠲᠤᠷ᠎ᠠ 80% ᠤᠷᠴᠢᠮ ᠤᠨ ᠲᠠᠬᠢᠶ᠎ᠠ ᠦᠨᠳᠡᠭᠡᠯᠡᠵᠦ ᠡᠬᠢᠯᠡᠳᠡᠭ᠃ ᠡᠮᠡᠭᠴᠢᠨ

ᠲᠠᠬᠢᠶ᠎ᠠ ᠡᠬᠢᠯᠡᠵᠦ ᠦᠨᠳᠡᠭᠡᠯᠡᠬᠦ ᠶᠢᠨ ᠡᠬᠢᠯᠡᠨ ᠦᠨᠳᠡᠭᠡᠯᠡᠬᠦ ᠤᠷᠭᠢᠯ ᠬᠦᠷᠲᠡᠯᠡᠬᠢ ᠬᠤᠭᠤᠴᠠᠭᠠᠨ ᠳᠠᠬᠢ

ᠹᠢᠽᠢᠣᠯᠣᠭᠢ ᠶᠢᠨ ᠬᠤᠪᠢᠷᠠᠯᠲᠠ ᠨᠢ ᠲᠤᠩ ᠶᠡᠭᠡ ᠪᠠᠶᠢᠳᠠᠭ᠃ ᠶᠠᠭ ᠡᠶᠢᠮᠦᠷᠭᠦᠦ ᠬᠤᠪᠢᠷᠠᠯᠲᠠ ᠳᠤ ᠵᠤᠷᠢᠭᠤᠯᠤᠨ

ᠬᠦᠮᠦᠰ ᠳᠤᠤᠷᠠᠬᠢ ᠮᠡᠲᠦ ᠬᠡᠳᠦᠨ ᠠᠷᠭ᠎ᠠ ᠬᠡᠮᠵᠢᠶ᠎ᠡ ᠶᠢ ᠠᠪᠴᠦ ᠬᠡᠷᠡᠭᠵᠢᠭᠦᠯᠬᠦ ᠬᠡᠷᠡᠭᠲᠡᠢ᠃

     1.ᠪᠡᠶ᠎ᠡ ᠶᠢᠨ ᠬᠦᠨᠳᠦ ᠶᠢᠨ ᠪᠠᠷᠢᠮᠵᠢᠶ᠎ᠠ᠃ ᠴᠣᠷᠪᠠᠭ᠎ᠠ ᠦᠰᠦᠭᠡᠳ 18 ᠭᠠᠷᠠᠭ ᠨᠠᠰᠤᠨ ᠳᠤ ᠬᠦᠷᠬᠦ ᠶᠢᠨ

ᠦᠶ᠎ᠡ ᠪᠠᠷ ᠪᠡᠶ᠎ᠡ ᠶᠢᠨ ᠬᠦᠨᠳᠦ ᠶᠢ ᠨᠢ ᠵᠢᠭᠯᠡᠭᠡᠳ ᠲᠤᠰ ᠡᠭᠦᠯᠳᠡᠷ ᠤᠨ ᠪᠠᠷᠢᠮᠵᠢᠶᠠᠲᠤ ᠪᠡᠶ᠎ᠡ ᠶᠢᠨ ᠬᠦᠨᠳᠦ ᠲᠠᠢ

ᠬᠠᠷᠢᠴᠠᠭᠤᠯᠤᠨ᠎ᠠ᠃ ᠲᠣᠭᠲᠠᠭᠰᠠᠨ ᠬᠦᠨᠳᠦ ᠶᠢᠨ ᠪᠠᠷᠢᠮᠵᠢᠶ᠎ᠠ ᠳᠤ ᠬᠦᠷᠦᠭᠰᠡᠨ ᠦᠭᠡᠢ ᠳᠤᠨᠢ ᠬᠢᠵᠠᠭᠠᠷᠯᠠᠨ

ᠲᠡᠵᠢᠭᠡᠬᠦ ᠪᠠᠨ ᠪᠤᠯᠢᠵᠦ ᠳᠤᠷ᠎ᠠ ᠪᠠᠷ ᠨᠢ ᠢᠳᠡᠭᠦᠯᠬᠦ ᠶᠢᠨ ᠬᠠᠮᠲᠦ ᠬᠤᠨᠤᠭ ᠤᠨ ᠪᠤᠷᠳᠤᠭᠠᠨ ᠳᠤᠨᠢ ᠤᠭᠤᠷᠠᠭ᠂

ᠡᠨᠧᠷᠬᠢ᠂ ᠸᠢᠲ᠋ᠠᠮᠢᠨ ᠵᠡᠷᠭᠡ ᠰᠢᠮ᠎ᠡ ᠲᠡᠵᠢᠭᠡᠯᠲᠦ ᠪᠤᠳᠠᠰ ᠢ ᠨᠡᠮᠡᠵᠦ ᠪᠡᠶ᠎ᠡ ᠶᠢᠨ ᠬᠦᠨᠳᠦ ᠶᠢ ᠨᠢ ᠲᠦᠷᠭᠡᠨ

ᠨᠡᠮᠡᠭᠳᠡᠭᠦᠯᠦᠨ᠎ᠡ᠃ ᠡᠭᠦᠨ ᠤ ᠳᠠᠭᠠᠦ ᠳᠤ ᠭᠡᠷᠡᠯ ᠤᠨ ᠳᠤᠰᠬᠠᠯᠲᠠ ᠶᠢ ᠪᠠᠰᠠ ᠤᠮᠳᠠᠭᠠᠶᠢᠯᠠᠵᠤ ᠪᠣᠯᠬᠤ ᠦᠭᠡᠢ᠃

ᠪᠤᠶᠢᠵᠢᠯᠲᠡ ᠶᠢᠨ ᠰᠡᠭᠦᠯ ᠤᠨ ᠬᠤᠭᠤᠴᠠᠭ᠎ᠠ ᠪᠤᠯᠲᠠᠯ᠎ᠠ ᠵᠢᠭᠳᠡ ᠶᠢᠨ ᠬᠡᠮᠵᠢᠶ᠎ᠡ ᠨᠢ 95% ᠠᠴᠠ ᠳᠡᠭᠡᠭᠰᠢ ᠪᠣᠯᠪᠠᠯ

ᠰᠠᠶ᠋ᠢ ᠪᠠᠷᠢᠮᠵᠢᠶᠠᠨ ᠳᠤ ᠨᠡᠶᠢᠴᠡᠳᠡᠭ᠃

     2.ᠲᠡᠵᠢᠭᠡᠬᠦ᠃ ᠭᠠᠷᠤᠯᠲᠠ ᠰᠠᠶᠢᠲᠠᠢ ᠦᠨᠳᠡᠭᠡᠨ ᠲᠠᠬᠢᠶᠠᠨ ᠤ ᠰᠢᠮ᠎ᠡ ᠲᠡᠵᠢᠭᠡᠯ ᠤᠨ ᠬᠡᠷᠡᠭᠴᠡᠭᠡ ᠨᠢ ᠮᠠᠰᠢ

ᠦᠨᠳᠦᠷ ᠪᠠᠶᠢᠳᠠᠭ ᠣᠨᠴᠠᠯᠢᠭ ᠢ ᠦᠨᠳᠦᠰᠦᠯᠡᠵᠦ᠂ ᠠᠳᠠᠯᠢ ᠪᠤᠰᠤ ᠶᠢᠨ ᠰᠢᠮ᠎ᠡ ᠲᠡᠵᠢᠭᠡᠯ ᠲᠠᠢ ᠪᠦᠷᠢᠨ ᠦᠷᠳᠡᠭᠲᠦ

ᠬᠤᠨᠤᠭ ᠤᠨ ᠪᠤᠷᠳᠤᠭ᠎ᠠ ᠣᠯᠭᠤᠯᠬᠤ ᠠᠴᠠ ᠭᠠᠳᠠᠨ᠎ᠠ ᠪᠠᠰᠠ ᠲᠤᠰ ᠪᠡᠶ᠎ᠡ ᠶᠢᠨ ᠬᠢᠨᠢ ᠰᠢᠮ᠎ᠡ ᠲᠡᠵᠢᠭᠡᠯ ᠤᠨ

ᠭᠡᠷᠡᠭᠴᠡᠭᠡ ᠶᠢ ᠬᠢᠨᠠᠵᠦ ᠪᠤᠳᠤᠯᠬᠢᠯᠠᠬᠤ ᠬᠡᠷᠡᠭᠲᠡᠢ᠃ ᠡᠶᠢᠮᠦ ᠠᠴᠠ ᠲᠠᠬᠢᠶ᠎ᠠ ᠡᠬᠢᠯᠡᠵᠦ ᠦᠨᠳᠡᠭᠡᠯᠡᠬᠦ ᠲᠠᠢ ᠵᠡᠷᠭᠡ

ᠳᠤᠷ᠎ᠠ ᠪᠠᠷ ᠨᠠ ᠢᠳᠡᠭᠡᠰᠢᠯᠡᠭᠦᠯᠵᠦ᠂ ᠬᠢᠵᠠᠭᠠᠷᠯᠠᠵᠤ ᠲᠡᠵᠢᠭᠡᠬᠦ ᠶᠢ ᠵᠤᠭᠰᠤᠭᠠᠬᠤ ᠬᠡᠷᠡᠭᠲᠡᠢ᠃

     3.ᠭᠡᠷᠡᠯ ᠨᠦᠬᠦᠪᠦᠷᠢᠯᠡᠬᠦ᠃ 18 ~ 20  ᠭᠠᠷᠠᠭ ᠨᠠᠰᠤᠨ ᠳᠤ ᠬᠦᠷᠦᠭᠡᠳ ᠪᠡᠶ᠎ᠡ ᠶᠢᠨ ᠬᠦᠨᠳᠦ ᠨᠢ

ᠪᠠᠷᠢᠮᠵᠢᠶᠠᠨ ᠳᠤ ᠬᠦᠷᠪᠡᠯ ᠭᠡᠷᠡᠯ ᠨᠦᠬᠦᠪᠦᠷᠢᠯᠡᠵᠦ ᠪᠤᠯᠤᠨ᠎ᠠ᠃ 20  ᠭᠠᠷᠠᠭ ᠨᠠᠰᠤᠨ ᠳᠤ ᠬᠦᠷᠴᠢᠭᠡᠭᠡᠳ ᠪᠠᠰᠠ

ᠪᠡᠶ᠎ᠡ ᠶᠢᠨ ᠬᠦᠨᠳᠦ ᠶᠢᠨ ᠪᠠᠷᠢᠮᠵᠢᠶ᠎ᠠ ᠳᠤ ᠬᠦᠷᠦᠭᠰᠡᠨ ᠦᠭᠡᠢ ᠪᠣᠯ ᠭᠡᠷᠡᠯ ᠨᠦᠬᠦᠪᠦᠷᠢᠯᠡᠬᠦ ᠶᠢ ᠨᠢᠭᠡ ᠭᠠᠷᠠᠭ

ᠬᠤᠶᠢᠰᠢᠯᠠᠭᠤᠯᠵᠤ ᠪᠣᠯᠳᠠᠭ᠃ ᠶᠡᠷᠦ ᠶᠢᠨ ᠪᠠᠶᠢᠳᠠᠯ ᠳᠤᠤᠷ᠎ᠠ ᠨᠢᠭᠡ ᠭᠠᠷᠠᠭ ᠢᠶᠠᠷ 0.5 ~ 1  ᠴᠠᠭ ᠭᠡᠷᠡᠯ

ᠨᠦᠬᠦᠪᠦᠷᠢᠯᠡᠵᠦ ᠪᠣᠯᠬᠤ ᠪᠦᠭᠡᠳ ᠬᠠᠮᠤᠭ ᠤᠳᠠᠭᠠᠨ ᠳᠠᠭᠠᠨ 11 ᠴᠠᠭ ᠨᠦᠬᠦᠪᠦᠷᠢᠯᠡᠵᠦ ᠪᠣᠯᠳᠠᠭ᠃

     4.ᠬᠤᠨᠤᠭ ᠤᠨ ᠪᠤᠷᠳᠤᠭ᠎ᠠ ᠶᠢ ᠰᠤᠯᠢᠬᠤ᠃ ᠪᠤᠶᠢᠵᠢᠭᠤᠯᠤᠯᠲᠠ ᠶᠢᠨ ᠲᠠᠬᠢᠶᠠᠨ ᠤ ᠦᠨᠳᠡᠭᠡᠯᠡᠬᠦ

ᠬᠤᠭᠤᠴᠠᠭᠠᠨ ᠳᠠᠬᠢ ᠦᠨᠳᠡᠭᠡᠯᠡᠯᠲᠡ ᠶᠢᠨ ᠨᠤᠷᠮ᠎ᠠ ᠨᠢ 5% ᠪᠣᠯᠬᠤ ᠦᠶ᠎ᠡ ᠳᠤ ᠦᠨᠳᠡᠭᠡᠯᠡᠬᠦ ᠲᠠᠬᠢᠶᠠᠨ ᠤ

ᠬᠤᠨᠤᠭ ᠤᠨ ᠪᠤᠷᠳᠤᠭ᠎ᠠ ᠪᠠᠷ ᠰᠤᠯᠢᠵᠦ ᠪᠤᠯᠤᠨ᠎ᠠ᠃ ᠡᠩ ᠤᠨ ᠪᠠᠶᠢᠳᠠᠯ ᠳᠤᠤᠷ᠎ᠠ 18 ~ 19  ᠭᠠᠷᠠᠭ ᠨᠠᠰᠤᠨ

 ᠳᠤᠨᠢ ᠰᠤᠯᠢᠳᠠᠭ ᠶᠤᠮ᠃ ᠰᠤᠯᠢᠬᠤ ᠠᠷᠭ᠎ᠠ ᠨᠢ᠄ ᠨᠢᠭᠡ ᠳᠤ᠂ 2% ᠣᠷᠴᠢᠮ ᠤᠨ ᠺᠠᠯᠼ ᠤᠨ ᠠᠭᠤᠯᠤᠭᠳᠠᠴᠠ ᠲᠠᠢ

ᠰᠢᠮ᠎ᠡ ᠲᠡᠵᠢᠭᠡᠯᠲᠦ ᠪᠤᠳᠠᠰ ᠨᠢ ᠪᠤᠶᠢᠵᠢᠭᠤᠯᠤᠯᠲᠠ ᠶᠢᠨ ᠲᠠᠬᠢᠶᠠᠨ ᠤ ᠦᠨᠳᠡᠭᠡᠯᠡᠬᠦ ᠬᠤᠭᠤᠴᠠᠭᠠᠨ ᠳᠠᠬᠢ ᠲᠡᠵᠢᠭᠡᠯ

ᠪᠤᠷᠳᠤᠭ᠎ᠠ ᠲᠠᠢ ᠠᠳᠠᠯᠢ ᠪᠠᠶᠢᠳᠠᠭ᠃ ᠬᠤᠶᠠᠷ ᠲᠤ᠂ ᠦᠨᠳᠡᠭᠡᠯᠡᠬᠦ ᠲᠠᠬᠢᠶᠠᠨ ᠤ ᠪᠤᠷᠳᠤᠭ᠎ᠠ ᠶᠢ 1/3᠂ 1/2  ᠶᠢᠨ

ᠬᠠᠷᠢᠴᠠᠯ ᠢᠶᠠᠷ ᠢᠳᠡᠭ ᠢᠳᠡᠭ ᠢᠶᠠᠷ ᠪᠤᠶᠢᠵᠢᠭᠤᠯᠤᠯᠲᠠ ᠶᠢᠨ ᠲᠠᠬᠢᠶᠠᠨ ᠤ ᠬᠤᠨᠤᠭ ᠤᠨ ᠪᠤᠷᠳᠤᠭ᠎ᠠ ᠪᠤᠯᠭᠠᠨ

ᠰᠤᠯᠢᠬᠤ ᠶᠢ ᠦᠨᠳᠡᠭᠡᠯᠡᠬᠦ ᠲᠠᠬᠢᠶᠠᠨ ᠤ ᠬᠤᠨᠤᠭ ᠤᠨ ᠪᠤᠷᠳᠤᠭ᠎ᠠ ᠪᠣᠯᠭᠠᠨ ᠰᠤᠯᠢᠲᠠᠯ᠎ᠠ ᠶᠠᠪᠤᠭᠳᠠᠭᠤᠯᠤᠨ᠎ᠠ᠃

     ︵ᠢᠷᠡᠯᠲᠡ᠄ ᠵᠢᠷᠭᠠᠯ ᠡᠷᠬᠢᠯᠡᠨ ᠨᠠᠶᠢᠷᠠᠭᠤᠯᠤᠭᠰᠠᠨ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ

ᠮᠡᠷᠭᠡᠵᠢᠯ︾ ᠭᠡᠬᠦ ᠨᠣᠮ ᠠᠴᠠ ᠰᠤᠩᠭᠤᠨ ᠰᠡᠶᠢᠷᠡᠭᠦᠯᠪᠠ᠃︶

 
ᠢᠷᠡᠯᠲᠡ᠄ ︽ᠭᠠᠭ᠋ᠠᠢ ᠲᠠᠬᠢᠶ᠎ᠠ ᠨᠤᠭᠤᠰᠤ ᠲᠡᠵᠢᠭᠡᠵᠦ ᠪᠤᠷᠳᠤᠬᠤ ᠮᠡᠷᠭᠡᠵᠢᠯ︾
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号