ᠦᠬᠡᠷ ᠤᠨ ᠠᠷᠠᠰᠤᠨ ᠤ ᠵᠠᠩᠭᠢᠯᠠᠭᠠᠲᠤ ᠡᠪᠡᠳᠴᠢᠨ ᠢ ᠪᠠᠰᠠ ᠦᠬᠡᠷ ᠤᠨ ᠠᠷᠠᠰᠤᠨ ᠤ ᠭᠦᠪᠲᠦᠷᠦᠦ | ᠡᠪᠡᠳᠴᠢᠨ ᠭᠡᠳᠡᠭ᠂ ᠡᠨᠡ ᠪᠣᠯ ᠨᠢᠭᠡ ᠵᠦᠢᠯ ᠤᠨ ᠪᠤᠳᠤ ᠶᠢᠨ ᠰᠠᠯᠠᠭᠠᠨ ᠤ ᠬᠤᠨᠢᠨ ᠤ ᠪᠤᠳᠤ ᠶᠢᠨ ᠸᠢᠷᠦ᠋ᠰ ᠤᠨ | ᠲᠦᠷᠦᠯ ᠤᠨ DNA ᠶᠢᠨ ᠸᠢᠷᠦ᠋ᠰ ᠠᠴᠠ ᠪᠣᠯᠤᠭᠰᠠᠨ ᠡᠪᠡᠳᠴᠢᠨ ᠶᠤᠮ᠂ ᠲᠡᠷᠡ ᠨᠢ ᠠᠷᠠᠰᠤᠨ ᠤ ᠭᠦᠪᠲᠦᠷᠦᠦ | ᠡᠪᠡᠳᠴᠢᠨ ᠤ ᠸᠢᠷᠦ᠋ᠰ ᠠᠴᠠ ᠡᠭᠦᠰᠦᠭᠰᠡᠨ ᠨᠢᠭᠡ ᠵᠦᠢᠯ ᠤᠨ ᠲᠦᠷᠭᠡᠨ ᠴᠢᠨᠠᠷᠲᠠᠢ᠂ ᠳᠡᠳ᠋ ᠲᠦᠷᠭᠡᠨ ᠴᠢᠨᠠᠷᠲᠠᠢ | ᠪᠤᠶᠤ ᠤᠳᠠᠭᠠᠨ ᠴᠢᠨᠠᠷᠲᠠᠢ ᠬᠠᠯᠳᠠᠪᠤᠷᠢᠲᠤ ᠡᠪᠡᠳᠴᠢᠨ ᠪᠣᠯᠣᠨ᠎ᠠ᠃ ᠲᠤᠰ ᠡᠪᠡᠳᠴᠢᠨ ᠤ ᠡᠪᠡᠳᠴᠢᠯᠡᠬᠦ ᠨᠤᠷᠮ᠎ᠠ ᠨᠢ | 5% ᠠᠴᠠ 45% ᠶᠢᠨ ᠬᠤᠭᠤᠷᠣᠨᠳᠤ ᠪᠠᠶᠢᠵᠤ᠂ ᠦᠬᠦᠬᠦ ᠨᠤᠷᠮ᠎ᠠ ᠨᠢ ᠬᠠᠮᠤᠭ ᠥᠨᠳᠥᠷ ᠲᠡᠭᠡᠨ 10% ᠳᠤ | ᠬᠦᠷᠳᠡᠭ᠃ ᠬᠤᠰᠲ ᠤᠨ ᠡᠵᠡᠨ ᠨᠢ ᠦᠬᠡᠷ᠂ ᠡᠭᠦᠨ ᠳᠤ ᠭᠤᠣᠯᠳᠠᠭᠤ ᠰᠢᠷ᠎ᠠ ᠦᠬᠡᠷ᠂ ᠪᠡᠲᠡᠭᠢ ᠶᠢᠨ ᠦᠬᠡᠷ ᠪᠠ | ᠲᠡᠵᠢᠭᠡᠪᠦᠷᠢ ᠠᠽᠢᠶ᠎ᠠ ᠶᠢᠨ ᠤᠰᠤᠨ ᠦᠬᠡᠷ ᠪᠠᠭᠲᠠᠨ᠎ᠠ᠃ ᠲᠤᠰ ᠡᠪᠡᠳᠴᠢᠨ ᠤ ᠬᠠᠮᠤᠭ ᠤᠨ ᠭᠤᠣᠯ ᠬᠠᠯᠳᠠᠪᠤᠷᠢᠯᠠᠬᠤ | ᠬᠡᠯᠪᠡᠷᠢ ᠪᠣᠯ ᠦᠶᠡᠲᠦ ᠬᠥᠯᠲᠡᠨ ᠤ ᠮᠧᠬᠠᠨᠢᠭ ᠴᠢᠨᠠᠷᠲᠠᠢ ᠲᠠᠷᠬᠠᠬᠤ ᠪᠠ ᠠᠮᠢᠲᠠᠨ ᠤ ᠬᠤᠭᠤᠷᠣᠨᠳᠤ ᠰᠢᠭᠤᠳ | ᠬᠦᠷᠦᠯᠴᠡᠵᠦ ᠲᠠᠷᠬᠠᠳᠠᠭ᠃ | ᠡᠪᠡᠳᠴᠢᠨ ᠤ ᠢᠯᠡᠷᠡᠯ ᠨᠢ ᠬᠠᠯᠠᠭᠤᠷᠠᠵᠤ᠂ ᠪᠡᠶ᠎ᠡ ᠶᠢᠨ ᠬᠠᠯᠠᠭᠤᠨ ᠨᠢ 41℃ ᠢ ᠳᠠᠪᠠᠭ᠋ᠤ ᠪᠥᠭᠡᠳ ᠨᠢᠭᠡ | ᠭᠠᠷᠠᠭ ᠦᠷᠭᠦᠯᠵᠢᠯᠡᠨ᠎ᠡ᠃ ᠬᠠᠮᠠᠷ ᠤᠨ ᠦᠷᠪᠢᠰᠦᠯ᠂ ᠨᠡᠶᠢᠯᠡᠮᠡᠯ ᠪᠦᠷᠬᠦᠪᠴᠢ ᠶᠢᠨ ᠦᠷᠪᠢᠰᠦᠯ ᠤᠨ ᠰᠢᠨᠵᠢ ᠢᠯᠡᠷᠡᠨ᠂ | ᠰᠢᠯᠦᠰᠦ ᠠᠷᠪᠢᠨ ᠭᠤᠭᠤᠵᠢᠭᠤᠯᠳᠠᠭ ᠃ ᠰᠦ ᠱᠦᠭᠦᠷᠡᠭᠦᠯᠬᠦ ᠦᠨᠢᠶ᠎ᠡ ᠶᠢᠨ ᠰᠦᠨ ᠤ ᠭᠠᠷᠤᠯᠲᠠ ᠮᠡᠳᠡᠭᠳᠡᠮ᠎ᠡ | ᠪᠠᠭᠠᠰᠤᠨ᠎ᠠ︔ ᠪᠦᠬᠦ ᠪᠡᠶ᠎ᠡ ᠳᠤᠨᠢ ᠳ᠋ᠢᠶᠠᠮᠧᠲᠷ ᠨᠢ 2-5cm ᠤᠨ ᠭᠦᠪᠲᠦᠷᠦᠦ ᠭᠠᠷᠬᠤ ᠶᠢᠨ | ᠬᠠᠮᠲᠤ ᠡᠪᠡᠳᠬᠦ ᠰᠡᠷᠡᠯ ᠳᠠᠭᠠᠯᠳᠤᠳᠠᠭ᠂ ᠣᠨᠴᠠᠭᠠᠶᠢᠯᠠᠨ ᠨᠡᠷᠪᠡᠭᠳᠡᠭᠰᠡᠨ ᠤ ᠳᠠᠷᠠᠭ᠎ᠠ 7-19 ᠡᠳᠦᠷ ᠤᠨ | ᠬᠤᠭᠤᠷᠣᠨᠳᠤ ᠠᠮᠢᠲᠠᠨ ᠤ ᠲᠣᠯᠣᠭᠠᠢ᠂ ᠬᠦᠵᠦᠭᠦᠦ᠂ ᠬᠥᠬᠦ ᠪᠠ ᠪᠡᠯᠭᠡ ᠶᠢᠨ ᠬᠡᠰᠡᠭ ᠲᠤ ᠦᠷᠭᠦᠯᠵᠢ ᠬᠠᠷᠠᠭᠳᠠᠳᠠᠭ᠂ | ᠭᠦᠪᠲᠦᠷᠦᠦ ᠨᠢ ᠭᠠᠳᠠᠷ ᠬᠠᠯᠢᠰᠤ ᠪᠠ ᠵᠢᠩᠬᠢᠨᠢ ᠠᠷᠠᠰᠤᠨ ᠳᠤ ᠬᠠᠯᠳᠠᠵᠤ᠂ ᠡᠬᠢᠨ ᠤ ᠬᠤᠭᠤᠴᠠᠭᠠᠨ ᠳᠤ ᠰᠢᠩᠭᠡᠨ | ᠰᠢᠬᠦᠰᠦ ᠨᠡᠪᠴᠢᠵᠦ᠂ 2 ᠭᠠᠷᠠᠭ ᠤᠨ ᠳᠠᠷᠠᠭ᠎ᠠ ᠵᠠᠷᠢᠮ ᠭᠦᠪᠲᠦᠷᠦᠦ ᠨᠢ ᠦᠬᠦᠵᠢᠭᠰᠡᠨ ᠰᠢᠭᠢᠳᠦᠭᠡᠰᠦ ᠪᠣᠯᠵᠤ | ᠬᠤᠪᠢᠷᠠᠭᠠᠳ ᠪᠦᠬᠦᠶᠢᠯᠡ ᠠᠷᠠᠰᠤᠨ ᠳᠠᠪᠬᠤᠷᠭ᠎ᠠ ᠳᠤ ᠨᠡᠪᠲᠡᠷᠡᠳᠡᠭ᠃ ᠠᠮᠠᠨ ᠬᠥᠨᠳᠡᠢ᠂ ᠰᠢᠩᠭᠡᠭᠡᠯᠲᠡ ᠶᠢᠨ ᠵᠠᠮ ᠤᠨ | ᠰᠠᠯᠢᠰᠤᠲᠤ ᠪᠦᠷᠬᠦᠪᠴᠢ᠂ ᠮᠥᠭᠡᠷᠰᠦᠨ ᠬᠤᠭᠤᠯᠠᠢ ᠪᠠ ᠠᠭᠤᠰᠬᠢᠨ ᠤ ᠬᠡᠰᠡᠭ ᠲᠤ ᠪᠤᠳᠤ ᠶᠢᠨ ᠴᠢᠨᠠᠷᠲᠠᠢ | ᠡᠪᠡᠳᠴᠢᠨ ᠤ ᠬᠤᠪᠢᠷᠠᠯᠲᠠ ᠭᠠᠷᠴᠤ᠂ ᠡᠭᠦᠨ ᠤ ᠤᠯᠠᠮ ᠠᠴᠠ ᠠᠩᠬᠠᠳᠠᠭᠴᠢ ᠴᠢᠨᠠᠷᠲᠠᠢ ᠪᠤᠶᠤ ᠬᠤᠶᠠᠳᠠᠭᠴᠢ | ᠴᠢᠨᠠᠷᠲᠠᠢ ᠠᠭᠤᠰᠬᠢᠨ ᠦᠷᠪᠢᠰᠦᠯ ᠢ ᠡᠭᠦᠰᠬᠡᠳᠡᠭ︔ ᠤᠷᠮ᠎ᠠ ᠮᠠᠭᠤᠲᠠᠬᠤ᠂ ᠬᠤᠭᠤᠯᠠ ᠭᠤᠯᠣᠬᠤ᠂ ᠰᠦ ᠦᠭᠡᠢ | ᠪᠣᠯᠬᠤ᠂ ᠡᠴᠡᠵᠦ ᠲᠤᠷᠠᠬᠤ ᠵᠡᠷᠭᠡ ᠡᠪᠡᠳᠴᠢᠨ ᠤ ᠰᠢᠨᠵᠢ ᠢᠯᠡᠷᠡᠨ᠎ᠡ︔ ᠪᠤᠢ ᠪᠦᠬᠦᠢ ᠭᠦᠢᠬᠡᠨ ᠯᠢᠮᠹᠠ ᠶᠢᠨ | ᠵᠠᠩᠭᠢᠯᠠᠭ᠎ᠠ ᠬᠠᠪᠤᠳᠴᠤ ᠲᠣᠮᠤᠷᠠᠨᠠ᠃ | ᠲᠤᠰ ᠡᠪᠡᠳᠴᠢᠨ ᠢ ᠭᠤᠣᠯᠳᠠᠭᠤ ᠤᠷᠢᠳᠴᠢᠯᠠᠨ ᠰᠡᠷᠭᠡᠶᠢᠯᠡᠬᠦ ᠠᠴᠠ ᠪᠢᠰᠢ ᠣᠨᠴᠠᠭᠠᠶ ᠵᠠᠰᠠᠬᠤ ᠠᠷᠭ᠎ᠠ ᠭᠡᠵᠦ | ᠪᠠᠶᠢᠬᠤ ᠦᠭᠡᠢ᠃ ᠡᠮᠨᠡᠨ ᠵᠠᠰᠠᠬᠤ ᠳᠤ ᠸᠢᠷᠦ᠋ᠰ ᠢ ᠡᠰᠡᠷᠭᠦᠴᠡᠬᠦ ᠪᠠ ᠬᠦᠴᠦᠲᠡᠢ ᠨᠢᠶᠠᠨ ᠳᠠᠷᠤᠭᠴᠢ ᠪᠠᠷ ᠡᠮᠨᠡᠨ | ᠵᠠᠰᠠᠵᠤ ᠦᠷᠭᠦᠯᠵᠢᠯᠡᠨ ᠬᠠᠯᠳᠠᠪᠤᠷᠢᠯᠠᠬᠤ ᠠᠴᠠ ᠵᠠᠶᠢᠯᠠᠰᠬᠢᠨ᠎ᠡ᠃ | | | | |