ᠦᠨᠢᠶ᠎ᠡ ᠶᠢᠨ ᠣᠷᠤᠭ᠎ᠠ ᠣᠷᠣᠬᠤ ᠶᠢ ᠬᠡᠷᠬᠢᠨ ᠢᠯᠭᠠᠬᠤ ᠪᠣᠶ︖
ᠨᠡᠶᠢᠲᠡᠯᠡᠭᠰᠡᠨ ᠴᠠᠭ᠄
2024/1/19
      ᠦᠨᠢᠶ᠎ᠡ ᠣᠷᠤᠭ᠎ᠠ ᠣᠷᠣᠬᠤ ᠦᠶ᠎ᠡ ᠳᠤ ᠭᠠᠳᠠᠷ ᠢᠯᠡᠷᠡᠯ ᠨᠢ ᠨᠡᠯᠢᠶᠡᠳ ᠢᠯᠡᠷᠬᠡᠢ᠂ ᠣᠷᠤᠭ᠎ᠠ ᠣᠷᠣᠬᠤ ᠬᠤᠭᠤᠴᠠᠭ᠎ᠠ ᠨᠢ ᠣᠬᠤᠷ᠂ ᠥᠨᠳᠡᠭᠡ ᠭᠠᠳᠠᠭᠰᠢᠯᠠᠭᠤᠯᠬᠤ ᠨᠢ ᠣᠷᠤᠭ᠎ᠠ ᠳᠠᠭᠤᠰᠤᠭᠰᠠᠨ ᠤ ᠳᠠᠷᠠᠭᠠᠬᠢ 4 ︱ 16 ᠴᠠᠭ ᠤᠨ ᠳᠣᠲᠣᠷ᠎ᠠ ᠡᠭᠦᠰᠳᠡᠭ᠂ ᠡᠶᠢᠮᠦ ᠠᠴᠠ ᠦᠢᠯᠡᠳᠪᠦᠷᠢᠯᠡᠯ ᠤᠨ ᠳᠤᠮᠳᠠ ᠣᠯᠠᠩᠬᠢ ᠳᠠᠭᠠᠨ ᠭᠠᠳᠠᠷ ᠪᠠᠶᠢᠳᠠᠯ ᠢ ᠲᠤᠷᠰᠢᠬᠤ ᠠᠷᠭ᠎ᠠ ᠪᠠ ᠰᠢᠯᠤᠭᠤᠨ ᠭᠡᠳᠡᠰᠦ ᠶᠢ ᠪᠠᠶᠢᠴᠠᠭᠠᠬᠤ ᠠᠷᠭ᠎ᠠ ᠶᠢ ᠦᠨᠳᠦᠰᠦᠯᠡᠨ ᠣᠷᠤᠭ᠎ᠠ ᠣᠷᠣᠬᠤ ᠬᠢᠨᠠᠨ ᠲᠣᠭᠲᠠᠭᠠᠯᠲᠠ ᠬᠢᠳᠡᠭ᠃      ᠣᠷᠤᠭ᠎ᠠ ᠤᠷᠤᠭᠰᠠᠨ ᠡᠬᠢᠨ ᠤ ᠬᠤᠭᠤᠴᠠᠭᠠᠨ ᠳᠤ ᠪᠤᠰᠤᠳ ᠦᠨᠢᠶ᠎ᠡ ᠶᠢ ᠳᠠᠪᠠᠭ᠋ᠤ᠂ ᠪᠠᠶᠢᠳᠠᠯ ᠨᠢ ᠲᠣᠭᠲᠠᠪᠤᠷᠢ ᠦᠭᠡᠢ᠂ ᠬᠡᠳᠦᠶᠢᠪᠡᠷ ᠮᠦᠬᠦᠷᠴᠦ ᠪᠠᠶᠢᠪᠠᠴᠤ ᠪᠤᠰᠤᠳ ᠦᠨᠢᠶ᠎ᠡ ᠳᠠᠪᠠᠭ᠋ᠤ ᠶᠢ ᠬᠦᠯᠢᠶᠡᠬᠦ ᠳᠤᠷ᠎ᠠ ᠦᠭᠡᠢ ᠪᠠᠶᠢᠳᠠᠭ᠃ ᠪᠡᠯᠭᠡ ᠶᠢᠨ ᠤᠷᠤᠭᠤᠯ ᠨᠢ ᠵᠢᠭᠠᠬᠠᠨ ᠬᠠᠪᠤᠳᠴᠤ᠂ ᠰᠠᠯᠢᠰᠤᠲᠤ ᠪᠦᠷᠬᠦᠪᠴᠢ ᠳᠤ ᠴᠢᠰᠤ ᠬᠤᠷᠠᠪᠠᠯ ᠶᠠᠭᠠᠨ ᠥᠩᠭᠡᠲᠡᠢ᠂ ᠤᠮᠠᠢ ᠠᠴᠠ ᠪᠠᠭ᠎ᠠ ᠬᠡᠮᠵᠢᠶᠡᠨ ᠤ ᠲᠤᠩᠭᠠᠯᠠᠭ ᠰᠠᠯᠢᠰᠤ ᠤᠷᠤᠰᠤᠨ ᠭᠠᠷᠤᠨ᠎ᠠ᠂ ᠵᠢᠱᠢᠶᠡᠯᠡᠪᠡᠯ ᠲᠤᠩᠭᠠᠯᠠᠭ ᠤᠰᠤ ᠰᠢᠭ᠋᠂ ᠨᠢᠯᠴᠠᠭᠠᠶ ᠴᠢᠨᠠᠷ ᠢᠶᠠᠷ ᠪᠠᠭᠤᠷᠠᠢ᠃ ᠡᠭᠦᠨ ᠠᠴᠠ ᠬᠤᠶᠢᠰᠢ ᠪᠠᠶᠢᠳᠠᠯ ᠨᠢ ᠨᠡᠩ ᠲᠣᠭᠲᠠᠪᠤᠷᠢ ᠦᠭᠡᠢ ᠪᠣᠯᠵᠤ᠂ ᠪᠡᠯᠴᠢᠭᠡᠷᠯᠡᠬᠦ ᠳᠤ ᠭᠠᠵᠠᠷ ᠪᠣᠯᠭᠠᠨ ᠳᠤ ᠳᠤᠷ᠎ᠠ ᠪᠠᠷ ᠢᠶᠠᠨ ᠭᠦᠶᠦᠬᠦ᠂ ᠣᠩᠭᠤᠴᠠᠨ ᠳᠤ ᠭᠠᠷᠬᠤ ᠳᠠᠭᠠᠨ ᠳᠤᠷ᠎ᠠ ᠪᠠᠷ ᠢᠶᠠᠨ ᠣᠩᠭᠤᠴᠠᠨ ᠳᠤ ᠮᠠᠴᠤᠬᠤ ᠪᠥᠭᠡᠳ ᠢᠳᠡᠭᠡᠨ ᠤ ᠳᠤᠷᠠᠰᠢᠯ ᠨᠢ ᠴᠦᠮᠠᠭᠤᠳᠠᠳᠠᠭ᠃      ᠣᠷᠤᠭ᠎ᠠ ᠤᠷᠤᠭᠰᠠᠨ ᠳᠤᠮᠳᠠ ᠬᠤᠭᠤᠴᠠᠭ᠎ᠠ᠄ ᠪᠤᠰᠤᠳ ᠦᠨᠢᠶ᠎ᠡ ᠶᠢ ᠳᠠᠭᠠᠬᠤ ᠪᠤᠶᠤ ᠠᠪᠠᠷᠢᠵᠤ᠂ ᠪᠤᠰᠤᠳ ᠦᠬᠡᠷ ᠤᠨ ᠳᠠᠪᠠᠭ᠋ᠤ ᠶᠢ ᠬᠦᠯᠢᠶᠡᠨ ᠠᠪᠴᠤ ᠲᠠᠰᠤᠷᠠᠯᠲᠠ ᠦᠭᠡᠢ ᠮᠦᠭᠦᠷᠦᠨ ᠂ ᠰᠠᠯᠢᠰᠤᠲᠤ ᠪᠦᠷᠬᠦᠪᠴᠢ ᠳᠤ ᠴᠢᠰᠤ ᠬᠤᠷᠠᠵᠤ ᠤᠯᠠᠶᠢᠨ᠂ ᠪᠡᠯᠭᠡ ᠶᠢᠨ ᠤᠷᠤᠭᠤᠯ ᠬᠠᠪᠤᠳᠬᠤ ᠨᠢ ᠮᠡᠳᠡᠭᠳᠡᠮ᠎ᠡ ᠪᠠᠶᠢᠳᠠᠭ᠃ ᠤᠮᠠᠢ ᠠᠴᠠ ᠣᠯᠠᠨ ᠬᠡᠮᠵᠢᠶᠡᠨ ᠤ ᠲᠤᠩᠭᠠᠯᠠᠭ ᠨᠢᠯᠴᠠᠭᠠᠶ ᠰᠢᠩᠭᠡᠨ ᠱᠦᠭᠦᠷᠡᠯᠡᠵᠦ᠂ ᠰᠢᠩᠭᠡᠨ ᠤ ᠨᠢᠯᠴᠠᠭᠠᠶ ᠴᠢᠨᠠᠷ ᠨᠢ ᠴᠢᠩᠭ᠎ᠠ᠂ ᠰᠢᠯᠤᠨ ᠰᠢᠳᠠᠮᠯᠢᠭ ᠬᠡᠯᠪᠡᠷᠢ ᠲᠠᠢ᠂ ᠠᠮᠠᠷᠬᠠᠨ ᠲᠠᠰᠤᠷᠠᠳᠠᠭ ᠦᠭᠡᠢ᠃      ᠣᠷᠤᠭ᠎ᠠ ᠤᠷᠤᠭᠰᠠᠨ ᠰᠡᠭᠦᠯᠴᠢ ᠶᠢᠨ ᠬᠤᠭᠤᠴᠠᠭ᠎ᠠ᠄ ᠪᠤᠰᠤᠳ ᠦᠨᠢᠶ᠎ᠡ ᠶᠢ ᠳᠠᠪᠠᠭ᠋ᠤ ᠦᠭᠡᠢ᠂ ᠪᠠᠰᠠ ᠪᠤᠰᠤᠳ ᠦᠨᠢᠶ᠎ᠡ ᠳᠠᠪᠠᠭ᠋ᠤ ᠶᠢ ᠲᠡᠪᠴᠢᠵᠦ᠂ ᠮᠦᠬᠦᠷᠦᠬᠦ ᠪᠠᠨ ᠪᠤᠯᠢᠵᠤ ᠂ ᠰᠠᠯᠢᠰᠤᠲᠤ ᠪᠦᠷᠬᠦᠪᠴᠢ ᠨᠢ ᠭᠦᠢᠬᠡᠨ ᠤᠯᠠᠭᠠᠨ ᠥᠩᠭᠡᠲᠡᠢ᠂ ᠭᠡᠪᠡᠴᠦ ᠴᠠᠭ ᠤᠨ ᠥᠩᠭᠡ ᠶᠢ ᠳᠠᠭᠠᠵᠤ ᠤᠯᠠᠶᠢᠨ᠂ ᠪᠡᠯᠭᠡ ᠶᠢᠨ ᠤᠷᠤᠭᠤᠯ ᠤᠨ ᠬᠠᠪᠤᠩ  ᠨᠢ ᠠᠷᠢᠯᠵᠤ᠂ ᠤᠮᠠᠢ ᠠᠴᠠ ᠪᠠᠭ᠎ᠠ ᠬᠡᠮᠵᠢᠶᠡᠨ ᠤ ᠬᠠᠭᠠᠰ ᠲᠤᠩᠭᠠᠯᠠᠭ ᠪᠤᠶᠤ ᠪᠤᠯᠠᠩᠭᠢᠷᠲᠤᠭᠰᠠᠨ ᠰᠠᠯᠢᠰᠤ ᠤᠷᠤᠰᠤᠨ ᠭᠠᠷᠴᠤ᠂ ᠨᠢᠯᠴᠠᠭᠠᠢ ᠴᠢᠨᠠᠷ ᠨᠢ ᠪᠠᠭᠤᠷᠠᠳᠠᠭ ᠪᠠᠶᠢᠨ᠎ᠠ᠃ 
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠤᠷᠤᠨ ᠤ ᠲᠢᠩᠬᠢᠮ
 
 
ᠬᠠᠮᠢᠶ᠎ᠠ ᠪᠥᠬᠦᠢ ᠰᠤᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号