ᠤᠳᠠᠭ᠋ᠠᠨ ᠰᠠᠭᠤᠬᠤ᠎ᠨᠢ ᠬᠢᠷᠢ ᠵᠡᠷᠭᠡ ᠲᠦᠭᠰᠢᠬᠦᠷᠢᠲᠠᠢ ᠪᠤᠢ? ᠲᠡᠷᠡ᠎ᠨᠢ ᠦᠬᠦᠬᠦᠯᠬᠦ ᠲᠦᠭᠰᠢᠬᠦᠷᠢ ᠲᠠᠢ ᠰᠢᠭᠤᠳ ᠬᠤᠯᠪᠤᠭ᠎ᠠ᠎ᠲᠠᠢ ᠪᠠᠶ᠋ᠢᠵᠤ ᠮᠠᠲᠠᠨ᠎ᠠ!
《ᠬᠥᠳᠡᠯᠬᠦ ᠦᠭᠡᠢ ᠤᠳᠠᠭ᠋ᠠᠨ ᠰᠠᠭᠤᠬᠤ》᠎ᠨᠢ ᠡᠷᠡᠬᠦᠯ ᠴᠢᠬᠢᠷᠠᠭ᠎ᠲᠤ ᠠᠮᠠᠷᠬᠠᠨ ᠬᠤᠤᠷ ᠬᠥᠨᠤᠭᠡᠯ ᠤᠴᠠᠷᠠᠭᠤᠯᠤᠨ᠎ᠠ᠃ ᠵᠠᠷᠢᠮ ᠰᠤᠳᠤᠯᠤᠯᠳᠡ ᠵᠢᠨ ᠦᠵᠡᠬᠦ᠎ᠪᠠᠷ᠂ ᠤᠳᠠᠭ᠋ᠠᠨ ᠰᠠᠭᠤᠪᠠᠯ ᠬᠥᠯ ᠨᠢᠷᠤᠭᠤᠨ᠎ᠤ ᠡᠪᠡᠳᠴᠢᠨ᠎ᠢ ᠡᠬᠦᠰᠭᠡᠵᠤ᠂ ᠵᠢᠷᠤᠭᠡᠨ ᠡᠪᠡᠳᠴᠢᠨ ᠵᠡᠷᠭᠡ ᠵᠢᠷᠤᠭᠡ ᠴᠢᠰᠤᠨ ᠰᠤᠳᠠᠯ᠎ᠤᠨ ᠡᠪᠡᠳᠴᠢᠨ ᠤᠯᠬᠤ ᠲᠦᠭᠰᠢᠬᠦᠷᠢ ᠵᠢ ᠨᠡᠮᠡᠭᠳᠡᠬᠦᠯᠤᠨ᠎ᠠ᠃ ᠬᠥᠳᠡᠯᠬᠦ ᠦᠭᠡᠢ᠎ᠪᠠᠷ 60 ᠮᠢᠨᠦ᠋ᠲ ᠰᠠᠭᠤᠪᠠᠯ ᠦᠬᠦᠬᠦᠯᠬᠦ ᠲᠦᠭᠰᠢᠬᠦᠷᠢ ᠵᠢ ᠲᠠᠬᠢᠨ ᠵᠶ᠋ᠠᠷ ᠨᠡᠮᠡᠭᠳᠡᠬᠦᠯᠬᠦ᠎ᠪᠡᠷ ᠪᠠᠷᠠᠬᠤ ᠦᠭᠡᠢ ᠲᠠᠷᠠᠭ᠋ᠠᠴᠢ᠎ᠪᠠᠷ ᠬᠥᠳᠡᠯᠭᠡᠭᠡᠨ ᠬᠢᠭᠰᠡᠨ ᠴᠤ᠌ ᠡᠨᠡ ᠬᠦ᠌ ᠦᠷ᠎ᠠ ᠳ᠋ᠦᠩ᠎ᠢ ᠬᠤᠪᠢᠷᠠᠭᠤᠯᠵᠤ ᠴᠢᠳᠠᠬᠤ ᠦᠭᠡᠢ ᠭᠡᠵᠠᠢ᠃
ᠺᠤᠯᠦ᠋ᠮᠪᠢᠶ᠎ᠠ ᠶᠡᠭᠡ ᠰᠤᠷᠭ᠋ᠠᠭᠤᠯᠢ ᠵᠢᠨ ᠡᠮᠨᠡᠯᠭᠡ ᠵᠢᠨ ᠲᠡᠭᠡᠳᠤ ᠰᠤᠷᠭ᠋ᠠᠭᠤᠯᠢ ᠵᠢᠨ ᠰᠤᠳᠤᠯᠭ᠋ᠠᠨ᠎ᠤ ᠳ᠋ᠦᠩ᠎ᠳᠤ ᠢᠯᠡᠷᠡᠬᠦᠯᠦᠭᠰᠡᠨ ᠵᠶ᠋ᠠᠷ᠂ ᠰᠤᠳᠤᠯᠤᠭᠳᠠᠬᠤ ᠡᠳᠡᠭᠡᠳ᠎ᠤᠨ ᠲᠠᠶ᠋ᠢᠪᠤᠩ ᠰᠠᠭᠤᠬᠤ ᠲᠤᠮᠳᠠᠴᠢ ᠴᠠᠭ᠎ᠨᠢ ᠰᠡᠷᠡᠬᠦᠨ ᠪᠠᠶ᠋ᠢᠬᠤ ᠴᠠᠭ᠎ᠤᠨ 77% ᠵᠢ ᠡᠵᠡᠯᠡᠵᠤ ᠪᠠᠶ᠋ᠢᠨ᠎ᠠ᠂ ᠡᠨᠡ᠎ᠨᠢ ᠡᠳᠤᠷ ᠪᠦᠷᠢ 12 ᠴᠠᠭ ᠢᠯᠡᠬᠦᠤ ᠲᠠᠶ᠋ᠢᠪᠤᠩ ᠰᠠᠭᠤᠵᠤ ᠪᠠᠶ᠋ᠢᠨ᠎ᠠ ᠭᠡᠰᠡᠨ ᠦᠭᠡ ᠪᠤᠯᠤᠨ᠎ᠠ᠃ ᠰᠤᠳᠤᠯᠭ᠋ᠠᠨ᠎ᠤ ᠲᠤᠭ᠎ᠠ ᠪᠠᠷᠢᠮᠳᠠᠳᠤ ᠡᠴᠤᠰ᠎ᠲᠡᠭᠡᠨ ᠬᠠᠷᠠᠭᠤᠯᠤᠭᠰᠠᠨ᠎ᠨᠢ᠄ ᠡᠳᠤᠷ ᠪᠦᠷᠢ ᠬᠥᠳᠡᠯᠬᠦ ᠦᠭᠡᠢ ᠤᠳᠠᠭ᠋ᠠᠨ ᠰᠠᠭᠤᠬᠤ ᠴᠠᠭ᠎ᠨᠢ ᠦᠬᠦᠬᠦᠯᠬᠦ ᠲᠤᠬᠢᠶᠠᠯᠳᠤᠮᠵᠢ᠎ᠲᠠᠢ ᠰᠢᠭᠤᠳ ᠬᠤᠯᠪᠤᠬᠳᠠᠨ᠎ᠠ᠃
ᠰᠤᠳᠤᠯᠭ᠋ᠠᠨ᠎ᠤ ᠬᠥᠮᠤᠰ ᠰᠤᠳᠤᠯᠤᠭᠳᠠᠬᠤ ᠡᠳᠡᠭᠡᠳ᠎ᠤᠨ ᠲᠠᠶ᠋ᠢᠪᠤᠩ ᠰᠠᠭᠤᠬᠤ ᠴᠠᠭ᠎ᠤᠨ ᠤᠷᠳᠤ ᠪᠠ ᠲᠠᠶ᠋ᠢᠪᠤᠩ ᠰᠠᠭᠤᠬᠤ ᠮᠠᠶᠢᠭ᠎ᠢ ᠶᠡᠷᠤᠩᠭᠡᠶ᠋ᠢᠯᠡᠨ ᠬᠠᠷᠢᠴᠠᠭᠤᠯᠤᠭᠰᠠᠨᠤ ᠲᠠᠷᠠᠭ᠎ᠠ ᠤᠯᠵᠤ ᠮᠡᠲᠡᠭᠰᠡᠨ᠎ᠨᠢ᠂ ᠡᠳᠤᠷ ᠪᠦᠷᠢ ᠲᠠᠶ᠋ᠢᠪᠤᠩ ᠰᠠᠭᠤᠬᠤ ᠴᠠᠭ᠎ᠨᠢ 13 ᠴᠠᠭ᠎ᠢ ᠬᠡᠳᠤᠷᠡᠬᠦ ᠰᠤᠳᠤᠯᠤᠭᠳᠠᠬᠤ ᠡᠳᠡᠭᠡᠳ ᠪᠤᠯᠤᠨ ᠨᠢᠭᠡ ᠤᠳᠠᠭ᠎ᠠ᠎ᠳᠤ ᠲᠠᠶ᠋ᠢᠪᠤᠩ ᠰᠠᠭᠤᠬᠤ ᠴᠠᠭ᠎ᠨᠢ 60 ᠮᠢᠨᠦ᠋ᠲ᠎ᠠᠴᠠ ᠲᠡᠭᠡᠭᠰᠢᠬᠢ ᠰᠤᠳᠤᠯᠤᠭᠳᠠᠬᠤ ᠡᠳᠡᠭᠡᠳ᠎ᠤᠨ ᠦᠬᠦᠬᠦᠯᠬᠦ ᠲᠦᠭᠰᠢᠬᠦᠷᠢ᠎ᠨᠢ ᠡᠳᠤᠷ ᠪᠦᠷᠢ ᠲᠠᠶ᠋ᠢᠪᠤᠩ ᠰᠠᠭᠤᠬᠤ ᠶᠡᠷᠤᠩᠭᠡᠢ ᠴᠠᠭ᠎ᠤᠨ ᠤᠷᠳᠤᠨᠢ ᠬᠠᠮᠤᠭ᠎ᠤᠨ ᠤᠬᠤᠷ ᠵᠢᠴᠢ ᠨᠢᠭᠡ ᠤᠳᠠᠭ᠎ᠠ᠎ᠳᠤ ᠲᠠᠶ᠋ᠢᠪᠤᠩ ᠰᠠᠭᠤᠬᠤ ᠴᠠᠭ᠎ᠨᠢ ᠬᠠᠮᠤᠭ᠎ᠤᠨ ᠤᠬᠤᠷ ᠰᠤᠳᠤᠯᠤᠬᠳᠠᠬᠤ ᠡᠳᠡᠭᠡᠳ᠎ᠤᠨ ᠦᠬᠦᠬᠦᠯᠬᠦ ᠨᠤᠷᠮ᠎ᠠ᠎ᠠᠴᠠ ᠬᠤᠶᠠᠷ ᠲᠠᠬᠢᠨ ᠦᠨᠳᠤᠷ ᠪᠠᠶ᠋ᠢᠳᠠᠭ᠃ ᠡᠬᠦᠨ᠎ᠳᠤ ᠨᠢᠭᠡ ᠤᠳᠠᠭ᠎ᠠ᠎ᠳᠤ ᠲᠠᠶ᠋ᠢᠪᠤᠩ ᠰᠠᠭᠤᠬᠤ ᠴᠠᠭ᠎ᠨᠢ 30 ᠮᠢᠨᠦ᠋ᠲ᠎ᠠᠴᠠ ᠴᠦᠭᠡᠨ ᠰᠤᠳᠤᠯᠤᠭᠳᠠᠬᠤ ᠡᠳᠡᠭᠡᠳ᠎ᠤᠨ ᠦᠬᠦᠬᠦᠯᠬᠦ ᠨᠤᠷᠮ᠎ᠠ᠎ᠨᠢ ᠬᠠᠮᠤᠭ᠎ᠤᠨ ᠲᠤᠤᠷ᠎ᠠ ᠪᠠᠶ᠋ᠢᠳᠠᠭ᠃
ᠡᠬᠦᠨ᠎ᠠᠴᠠ ᠭᠠᠳᠠᠨ᠎ᠠ᠂ ᠰᠤᠳᠤᠯᠬᠤ ᠬᠥᠮᠤᠰ ᠪᠠᠰᠠ ᠤᠯᠵᠤ ᠮᠡᠳᠡᠭᠰᠡᠨ᠎ᠨᠢ᠂ ᠢᠯᠡᠬᠦᠴᠡ ᠬᠥᠳᠡᠯᠭᠡᠭᠡᠨ ᠬᠢᠬᠦ ᠨᠢ ᠶᠡᠷᠤᠩᠭᠡᠢ ᠲᠠᠶ᠋ᠢᠪᠤᠩ ᠰᠠᠭᠤᠬᠤ ᠴᠠᠭ᠎ᠨᠢ ᠬᠡᠳᠤ ᠤᠷᠳᠤ ᠪᠤᠶᠤ ᠨᠢᠭᠡ ᠤᠳᠠᠭ᠎ᠠ᠎ᠳᠤ ᠲᠠᠶ᠋ᠢᠪᠤᠩ ᠰᠠᠭᠤᠬᠤ ᠴᠠᠭ᠎ᠨᠢ ᠬᠡᠳᠤ ᠤᠷᠳᠤ᠎ᠠᠴᠠ ᠪᠤᠯᠬᠤ ᠦᠬᠦᠬᠦᠯᠬᠦ ᠲᠦᠭᠰᠢᠬᠦᠷᠢ ᠵᠢ ᠪᠠᠭᠤᠷᠠᠭᠤᠯᠵᠤ ᠴᠢᠳᠠᠬᠤ ᠦᠭᠡᠢ ᠶᠤᠮ᠃ ᠡᠶ᠋ᠢᠮᠤ᠎ᠠᠴᠠ ᠰᠤᠳᠤᠯᠬᠤ ᠬᠥᠮᠤᠰ ᠰᠠᠨᠠᠭᠤᠯᠤᠭᠰᠠᠨ᠎ᠨᠢ᠂ 30 ᠮᠢᠨᠦ᠋ᠲ ᠲᠠᠶ᠋ᠢᠪᠤᠩ ᠰᠠᠭᠤᠬᠤ ᠪᠦᠷᠢ 5 ᠮᠢᠨᠦ᠋ᠲ ᠬᠥᠳᠡᠯᠭᠡᠭᠡᠨ ᠬᠢᠪᠡᠯ ᠬᠠᠮᠤᠭ᠎ᠤᠨ ᠰᠠᠶ᠋ᠢᠨ᠃ ᠡᠬᠦᠨ᠎ᠠᠴᠠ ᠭᠠᠳᠠᠨ᠎ᠠ᠂ ᠦᠷᠬᠦᠯᠵᠢ ᠰᠢᠯᠪᠢ ᠪᠠ ᠬᠥᠯ᠎ᠤᠨ ᠭᠡᠰᠡᠭ᠎ᠤᠨ ᠬᠥᠳᠡᠯᠭᠡᠭᠡᠨ ᠬᠢᠵᠤ᠂ ᠲᠤᠤᠷ᠎ᠠ ᠮᠦᠴᠢ᠎ᠪᠠᠨ ᠰᠠᠨᠠᠭ᠋ᠠᠴᠢᠯᠠᠭ᠎ᠠ᠎ᠲᠠᠢ᠎ᠪᠠᠷ ᠰᠤᠩᠭ᠋ᠠᠵᠤ ᠵᠢᠬᠢᠯᠭᠡᠬᠦ ᠪᠠ ᠤᠴᠦ᠋ᠢ᠍ᠬᠤ ᠵᠡᠷᠭᠡ ᠬᠥᠳᠡᠯᠭᠡᠭᠡᠨ ᠬᠢᠪᠠᠯ ᠲᠤᠤᠷᠠᠳᠤ ᠮᠦᠴᠢ ᠵᠢᠨ ᠴᠢᠰᠤᠨ᠎ᠤ ᠡᠷᠬᠢᠯᠳᠡ ᠵᠢ ᠬᠤᠷᠳᠤᠳᠬᠠᠵᠤ᠂ ᠵᠢᠷᠤᠭᠡ ᠴᠢᠰᠤᠨ ᠰᠤᠳᠡᠯ ᠵᠡᠷᠭᠡ ᠤᠯᠠᠨ ᠵᠦᠢ᠍ᠯ᠎ᠤᠨ ᠡᠪᠡᠳᠴᠢᠨ᠎ᠢ ᠪᠠᠭ᠋ᠠᠰᠬᠠᠬᠤ ᠵᠢᠨ ᠤᠯᠠᠮ᠎ᠠᠴᠠ ᠦᠬᠦᠬᠦᠯᠬᠦ ᠲᠦᠭᠰᠢᠬᠦᠷᠢ ᠵᠢ ᠪᠠᠭᠤᠷᠠᠭᠤᠯᠵᠤ ᠪᠤᠯᠤᠨ᠎ᠠ᠃