ᠬᠠᠯᠬᠠ ᠪᠦᠬᠡ
ᠬᠠᠯᠬᠠ ᠪᠦᠬᠡ ᠬᠤᠷᠢᠳᠤᠭ᠋ᠠᠷ ᠵᠠᠭᠤᠨᠤ ᠡᠬᠢᠪᠠᠷ ᠬᠠᠯᠬᠠ ᠮᠤᠩᠭᠤᠯᠤᠨ ᠬᠤᠪᠢᠰᠬᠠᠯ ᠰᠢᠷᠦᠭᠦᠰᠬᠦ ᠵᠢ ᠲᠠᠭ᠋ᠠᠯᠳᠤᠨ 1930 ᠊ᠠᠭ᠋ᠠᠳ ᠤᠨᠳᠤ ᠨᠡᠯᠢᠶᠡᠳ ᠲᠤᠭ᠋ᠠᠨᠤ ᠬᠠᠯᠬᠠᠴᠤᠳ ᠡᠵᠡᠨᠡ ᠨᠤᠳᠤᠭᠲᠤ ᠴᠠᠭ᠋ᠠᠴᠢᠯᠠᠨ ᠢᠷᠡᠵᠦ ᠨᠤᠳᠤᠭᠰᠢᠨ ᠰᠠᠭᠤᠷᠢᠰᠢᠵᠤ᠂ ᠲᠤᠷᠭᠤᠳ ᠶᠠᠰᠤᠳᠠᠨᠲᠠᠢ ᠤᠷᠤᠭ ᠡᠯᠢᠭᠡᠨ ᠪᠤᠯᠤᠯᠴᠠᠵᠤ ᠬᠠᠷᠢᠴᠠᠭᠠ ᠬᠤᠯᠪᠤᠭᠠ ᠡᠳᠦᠷ ᠢᠷᠡᠬᠦᠶᠡ ᠤᠯᠠᠰᠢᠷᠠᠭᠰᠠᠨ ᠶᠤᠮ᠂ ᠲᠡᠳᠡᠭᠡᠷ ᠬᠦᠮᠦᠰᠤᠨ ᠲᠤᠳᠤᠷᠠ ᠠᠯᠳᠠᠨ ᠵᠠᠳᠠᠮᠪᠠ (ᠴᠤᠬᠤᠷ ᠯᠠᠮᠠ)᠂ ᠴᠢᠮᠡᠳᠳᠤᠤ᠂ ᠰᠡᠩᠭᠡ ᠵᠡᠷᠭᠡ ᠨᠡᠷᠡᠳᠡᠢ ᠪᠦᠬᠡᠴᠢᠨ ᠢᠷᠡᠵᠦ᠂ ᠱᠠᠪᠢ ᠡᠯᠰᠡᠨ ᠬᠠᠯᠬᠠ ᠪᠦᠬᠡ ᠵᠢ ᠲᠡᠯᠭᠡᠷᠡᠭᠦᠯᠪᠡ᠃
ᠪᠥᠬᠡ ᠵᠢᠨ ᠶᠠᠪᠤᠳᠠᠯᠳᠤ ᠬᠦᠯᠤᠨ ᠰᠠᠶ᠋ᠢᠳ ᠲᠠᠷᠤᠢ ᠪᠦᠬᠡ ᠵᠢᠨ ᠶᠡᠷᠦᠩᠭᠡᠢ ᠬᠢᠨᠠᠭᠴᠢ (ᠰᠢᠭᠦᠭᠴᠢ)ᠠᠴᠠ ᠪᠦᠬᠡ ᠵᠢᠨ ᠪᠦᠬᠦ ᠠᠵᠢᠯᠢ ᠬᠠᠷᠢᠭᠤᠴᠠᠨ᠂ ᠪᠦᠬᠡ ᠲᠡᠮᠳᠡᠭᠯᠡᠭᠴᠢ᠂ ᠪᠦᠬᠡ ᠵᠢᠨ ᠵᠠᠰᠠᠭᠤᠯᠴᠢᠨ ᠨᠠᠷ ᠪᠤᠳᠠᠳᠠᠢ ᠠᠵᠢᠯ ᠬᠢᠳᠡᠭ᠂ ᠲᠡᠳᠡ ᠦᠪᠡᠷᠰᠡᠳᠤᠨ ᠲᠡᠪᠡᠯ ᠲᠡᠷᠯᠢᠭ ᠵᠶ᠋ᠠᠨ ᠡᠮᠦᠰᠦᠨ ᠬᠤᠪᠢᠶᠠᠷᠢᠯᠠᠭᠰᠠᠨ ᠠᠵᠢᠯ ᠵᠶ᠋ᠠᠨ ᠭᠦᠢ᠍ᠴᠡᠳᠬᠡᠨᠡ᠃ ᠪᠦᠬᠦ ᠨᠠᠶ᠋ᠢᠷᠲᠤ ᠨᠠᠢ᠍ᠮᠠᠨ ᠪᠦᠬᠡ ᠵᠢᠨ ᠵᠠᠰᠠᠭᠤᠯᠴᠢᠨ ᠲᠤᠬᠢᠷᠠᠭᠤᠯᠬᠤ ᠪᠦᠭᠡᠳ ᠨᠢᠬᠡ ᠵᠠᠰᠠᠭᠤᠯᠴᠢᠨ ᠨᠢᠭᠡ ᠪᠦᠬᠡ ᠵᠢ ᠲᠠᠭ᠋ᠠᠵᠤ ᠵᠠᠯᠠᠵᠤ ᠵᠠᠰᠠᠬᠤ ᠠᠵᠢᠯ ᠬᠢᠨᠡ᠂ ᠪᠦᠬᠡ ᠵᠢᠨ ᠵᠠᠰᠠᠭᠤᠯᠴᠢᠨ ᠵᠶ᠋ᠠᠷ ᠪᠦᠬᠡ ᠵᠢᠨ ᠶᠤᠰᠤ ᠤᠴᠢᠷ ᠰᠠᠶ᠋ᠢᠨ ᠮᠡᠳᠡᠳᠡᠭ ᠮᠦᠷᠳᠡᠭᠡᠨ ᠪᠦᠬᠡ ᠵᠢᠨ ᠴᠤᠯᠠ ᠭᠤᠩᠰᠢᠨ ᠲᠠᠭᠤᠳᠠᠵᠤ ᠴᠢᠳᠠᠳᠠᠭ ᠬᠦᠮᠦᠨ ᠲᠠᠯᠪᠢᠳᠠᠭ᠂ ᠤᠯᠠᠩᠬᠢ ᠪᠠᠶ᠋ᠢᠳᠠᠯᠳᠤ ᠨᠢᠭᠡ ᠲᠠᠯᠠᠠᠴᠠ ᠨᠢᠭᠡ ᠤᠳᠠᠭᠠᠳᠤ ᠲᠦᠷᠪᠡᠨ ᠪᠦᠬᠡ ᠲᠠᠯᠪᠢᠨ ᠪᠠᠷᠢᠯᠳᠤᠭᠤᠯᠳᠠᠭ ᠪᠠᠶ᠋ᠢᠵᠠᠢ᠂ ᠲᠡᠷᠢᠭᠦᠨ ᠲᠡᠳ᠋ ᠪᠦᠬᠡ ᠦᠯᠡᠳᠡᠭᠰᠡᠨ ᠦᠶᠡᠳᠤ ᠬᠠᠷᠢᠨ ᠨᠢᠭᠡ ᠪᠦᠬᠡᠳᠤ ᠬᠤᠶᠠᠷ ᠵᠠᠰᠠᠭᠤᠯᠴᠢᠨ ᠲᠤᠬᠢᠷᠠᠭᠤᠯᠤᠨ᠂ ᠨᠢᠭᠡᠨᠢ ᠲᠤᠰᠬᠠᠶ᠋ᠢᠯᠠᠨ ᠮᠠᠯᠠᠭ᠋ᠠᠢ ᠵᠢ ᠪᠠᠷᠠᠭᠤᠨ ᠭᠠᠷᠲᠠᠭᠠᠨ ᠡᠷᠭᠦᠨ᠂ ᠨᠦᠭᠦᠭᠡᠨᠢ ᠬᠤᠪᠴᠠᠰᠤ ᠵᠠᠰᠠᠯᠢᠨᠢ ᠪᠠᠷᠢᠵᠤ ᠦᠭᠭᠦ ᠶᠤᠰᠤᠲᠠᠢ ᠪᠠᠶ᠋ᠢᠭᠰᠠᠨ ᠪᠠᠶ᠋ᠢᠨᠠ᠃
ᠦᠷᠡᠰ ᠨᠠᠶ᠋ᠢᠷ᠂ ᠬᠤᠩᠭᠤᠷᠤᠨ ᠨᠠᠶ᠋ᠢᠷ᠂ ᠡᠵᠡᠢ ᠯᠠᠮᠠ ᠵᠢᠨ ᠨᠠᠰᠤᠨ ᠪᠠᠶᠠᠷ ᠵᠡᠷᠭᠡ ᠲᠤᠮᠤᠬᠠᠨ ᠨᠠᠶ᠋ᠢᠷ ᠨᠠᠭ᠋ᠠᠳᠤᠮᠳᠤ ᠲᠠᠮᠠᠭ᠋ᠠᠨ ᠭᠠᠵᠠᠷᠠᠴᠠ ᠪᠡᠯᠡᠳᠦᠭᠰᠡᠨ ᠲᠤᠷᠭ᠋ᠠᠨ ᠵᠤᠳᠤᠭ ᠱᠤᠳᠠᠭ ᠡᠮᠦᠰᠦᠨ ᠪᠠᠷᠢᠯᠳᠤᠬᠤ ᠪᠦᠭᠡᠳ ᠤᠪᠤᠭ᠋ᠠᠨ ᠲᠠᠬᠢᠯᠭᠠ᠂ ᠵᠥᠩᠵᠢᠷ ᠮᠠᠶ᠋ᠢᠳᠠᠷᠢ ᠵᠡᠷᠭᠡ ᠪᠠᠭᠠ ᠴᠤᠭᠯᠠᠭ᠋ᠠᠨᠳᠤ ᠵᠤᠳᠤᠭ ᠱᠤᠳᠠᠭᠲᠠᠢ ᠪᠦᠬᠡᠴᠦᠳ ᠦᠪᠡᠷᠤᠨᠬᠢᠪᠠᠨ ᠡᠮᠦᠰᠦᠨ ᠪᠠᠷᠢᠯᠳᠤᠵᠤ᠂ ᠵᠤᠳᠤᠭ ᠱᠤᠳᠠᠭ ᠦᠭᠡᠢᠨᠢ ᠦᠮᠦᠳᠦᠪᠠᠨ ᠲᠡᠭᠡᠭᠰᠢ ᠰᠢᠭᠤᠨ ᠪᠦᠰᠡ ᠪᠦᠰᠡᠯᠡᠵᠦ ᠪᠠᠷᠢᠯᠳᠤᠳᠠᠭ ᠪᠠᠶ᠋ᠢᠵᠠᠢ᠂ ᠡᠩᠤᠨ ᠴᠠᠭᠲᠤ ᠬᠤᠶᠠᠷ ᠬᠦᠮᠦᠨ ᠬᠦᠴᠦ ᠲᠡᠩᠭᠡᠭᠡ᠂ ᠤᠪᠰᠤ ᠮᠡᠭᠡᠪᠠᠨ ᠰᠤᠷᠢᠯᠴᠠᠬᠤᠪᠠᠷ ᠨᠤᠤᠯᠳᠤᠬᠤᠳᠤ ᠪᠦᠰᠡ ᠪᠦᠰᠡᠯᠡᠨ ᠪᠠᠷᠢᠯᠳᠤᠳᠠᠭ ᠪᠠᠶ᠋ᠢᠭᠰᠠᠨ ᠭᠡᠵᠦ ᠪᠤᠢ᠂ ᠲᠡᠭᠡᠬᠦᠳᠡᠭᠡᠨ ᠲᠤᠷᠭᠤᠳ ᠪᠦᠬᠡᠲᠠᠢ ᠠᠳᠠᠯᠢ ᠬᠦᠯ ᠨᠢᠴᠦᠭᠦᠨ ᠪᠠᠷᠢᠯᠳᠤᠬᠤ ᠪᠢᠰᠢ᠂ ᠬᠠᠷᠢᠨ ᠪᠤᠯᠢᠭ᠋ᠠᠷᠢ ᠪᠤᠶᠤ ᠺᠦᠮ (ᠰᠢᠷᠢ) ᠭᠤᠳᠤᠯ ᠡᠮᠦᠰᠦᠨ ᠪᠠᠷᠢᠯᠳᠤᠳᠠᠭ᠃ ᠬᠠᠯᠬᠠ ᠪᠦᠬᠡ ᠪᠤᠯ ᠲᠠᠪᠠᠭᠠᠲᠠᠢ ᠪᠦᠬᠡ᠂ ᠲᠠᠷᠤᠢ ᠤᠯᠠᠨ ᠨᠤᠭᠤᠯᠤᠭᠠᠲᠠᠢ ᠪᠦᠬᠡ ᠪᠤᠯᠤᠨᠠ᠃ ᠲᠡᠭᠦᠨᠢ ᠤᠨᠤᠭᠠ ᠲᠠᠭ᠋ᠠᠷᠠᠭᠤᠯᠤᠨ ᠪᠠᠷᠢᠯᠳᠤᠬᠤ ᠪᠦᠭᠡᠳ ᠤᠯᠠᠨ ᠲᠠᠪᠠᠭᠠ ᠲᠠᠪᠠᠭᠰᠠᠨ ᠪᠦᠬᠡ ᠦᠵᠦᠭᠦᠷᠯᠡᠨᠡ᠃ ᠪᠠᠷᠢᠯᠳᠤᠭ᠋ᠠᠨᠤ ᠶᠠᠪᠤᠴᠠᠳᠤ ᠪᠦᠬᠡ ᠵᠢᠨ ᠲᠡᠶ᠋ᠢᠯᠵᠦ ᠲᠡᠶ᠋ᠢᠯᠦᠭᠳᠡᠬᠦ ᠵᠢ ᠪᠡᠶᠡ ᠵᠢᠨ ᠠᠯᠢ ᠨᠢᠭᠡ ᠡᠷᠭᠡᠳᠡᠨ ᠭᠠᠵᠠᠷ ᠬᠦᠷᠦᠭᠰᠡᠨ ᠡᠰᠡᠬᠦᠪᠠᠷ ᠪᠤᠳᠤᠵᠤ᠂ ᠭᠠᠷ ᠭᠠᠵᠠᠷ ᠬᠦᠷᠬᠦ᠂ ᠡᠪᠦᠳᠦᠭ ᠰᠢᠷᠤᠶ᠋ᠢᠳᠠᠬᠤ ᠵᠢ ᠪᠦᠷ ᠲᠡᠶ᠋ᠢᠯᠦᠭᠳᠡᠭᠰᠡᠨ ᠵᠶ᠋ᠠᠷ ᠲᠤᠭ᠋ᠠᠴᠠᠳᠠᠭ ᠪᠠᠶ᠋ᠢᠵᠠᠢ᠂ ᠡᠨᠡ ᠲᠠᠯᠠᠪᠠᠷ ᠲᠤᠷᠭᠤᠳ ᠪᠦᠬᠡ ᠵᠢᠨ ᠢᠯᠠᠵᠤ ᠢᠯᠠᠭᠳᠠᠬᠤ ᠪᠠᠷᠢᠮᠵᠢᠶᠠᠲᠠᠢ ᠡᠷᠡᠰ ᠤᠨᠳᠤᠤ ᠪᠠᠶ᠋ᠢᠭᠠ᠃ ᠪᠦᠬᠡ ᠵᠢᠨ ᠲᠦᠷᠢᠮᠤᠨ ᠲᠠᠯᠠᠪᠠᠷ ᠤᠳᠤᠬᠢ ᠵᠤᠳᠤᠭ ᠪᠦᠬᠡ (ᠲᠠᠷᠤᠢ ᠦᠵᠦᠮᠦᠴᠢᠨ ᠮᠠᠶᠢᠭᠤᠨ ᠪᠦᠬᠡ) ᠬᠦᠯ ᠠᠪᠴᠤ ᠦᠯᠦ ᠪᠤᠯᠬᠤ ᠲᠤᠭᠳᠠᠭ᠋ᠠᠯᠲᠠᠢ ᠪᠠᠶ᠋ᠢᠬᠤᠳᠤ ᠬᠠᠯᠬᠠ ᠪᠦᠬᠡ ᠬᠠᠷᠢᠨ ᠡᠨᠡ ᠲᠠᠯᠠᠪᠠᠷ ᠴᠢᠯᠦᠭᠡᠳᠡᠢ ᠪᠠᠶ᠋ᠢᠬᠤ ᠤᠨᠴᠠᠯᠢᠭᠲᠠᠢ᠃ ᠪᠠᠷᠢᠯᠳᠤᠭ᠋ᠠᠨᠤ ᠶᠠᠪᠤᠴᠠᠳᠤ ᠨᠢᠭᠤᠷ ᠨᠢᠳᠦ ᠰᠠᠮᠤᠷᠳᠠᠬᠤ᠂ ᠲᠤᠯᠤᠭ᠋ᠠᠢ ᠲᠦᠷᠦᠭᠦᠦ ᠤᠷᠤᠭᠤ ᠰᠢᠭ᠋ᠠᠬᠤ᠂ ᠡᠷᠢᠭᠡ ᠬᠤᠷᠢᠭᠠ ᠦᠭᠡᠢ ᠢᠰᠭᠦᠯᠬᠦ ᠵᠡᠷᠭᠡ ᠵᠢ ᠡᠷᠡᠰ ᠴᠠᠭ᠋ᠠᠵᠠᠯᠠᠨᠠ᠃ ᠨᠢᠭᠡ ᠵᠢᠨ ᠲᠠᠪᠠᠭᠠᠳᠤ ᠨᠡᠷᠡᠳᠡᠢ ᠴᠤᠯᠠᠲᠠᠢ ᠪᠦᠬᠡᠴᠦᠳᠲᠤ ᠪᠦᠬᠡ ᠵᠢᠨ ᠠᠮᠠ ᠦᠭᠴᠦ ᠪᠠᠷᠢᠯᠳᠤᠭᠤᠯᠤᠨᠠ᠂ ᠲᠠᠷᠤᠢ ᠪᠠᠷᠢᠯᠳᠤᠬᠤ ᠮᠡᠭᠡ ᠮᠡᠷᠭᠡᠵᠢᠯ ᠵᠶ᠋ᠠᠷ ᠠᠨᠠᠢ ᠪᠦᠬᠡ ᠪᠤᠶᠤ ᠬᠡᠦᠬᠡᠳ ᠪᠦᠬᠡ ᠤᠨᠤᠭ᠋ᠠᠨ ᠪᠠᠷᠢᠯᠳᠤᠭᠤᠯᠳᠠᠭ᠂ ᠡᠭᠦᠨᠢ ᠠᠮᠠ ᠦᠭᠬᠦ ᠶᠤᠰᠤ ᠭᠡᠳᠡᠭ᠃ ᠪᠦᠬᠡ ᠵᠢᠨ ᠤᠴᠢᠷ ᠲᠡᠭᠡᠷᠡ ᠴᠢᠯᠦᠭᠡᠯᠡᠬᠦ ᠪᠤᠯᠳᠠᠯᠠ ᠨᠢᠭᠡ ᠵᠢᠨ ᠲᠠᠪᠠᠭᠠ ᠰᠢᠪᠳᠤᠷᠠᠪᠠ᠂ ᠬᠤᠶᠠᠷᠤᠨ ᠲᠠᠪᠠᠭᠠ ᠡᠬᠢᠯᠡᠬᠦᠪᠠᠷ ᠪᠠᠶ᠋ᠢᠨᠠ ᠭᠡᠬᠦ ᠮᠡᠳᠦᠪᠠᠷ ᠬᠤᠶᠠᠷ ᠬᠢᠶᠠ ᠵᠠᠰᠠᠭ ᠨᠤᠶᠠᠨᠤ ᠡᠮᠦᠨᠡ ᠰᠦᠬᠦᠷᠡᠨ ᠪᠠᠶ᠋ᠢᠵᠤ ᠠᠶ᠋ᠢᠯᠠᠳᠳᠠᠭ ᠪᠠᠶ᠋ᠢᠵᠠᠢ᠃
ᠴᠢᠯᠦᠭᠡᠯᠡᠬᠦᠠᠴᠠ ᠡᠮᠦᠨᠡ ᠪᠦᠬᠡᠴᠦᠳ ᠵᠶ᠋ᠠᠨ ᠮᠦᠨ ᠲᠤᠷᠭᠤᠳ ᠪᠦᠬᠡᠲᠠᠢ ᠠᠳᠠᠯᠢ ᠬᠠᠷᠠ ᠵᠢᠨ ᠲᠠᠯᠠ ᠵᠢᠨ ᠪᠦᠬᠡᠴᠦᠳ᠂ ᠰᠢᠷᠠ ᠵᠢᠨ ᠲᠠᠯᠠ ᠵᠢᠨ ᠪᠦᠬᠡᠴᠦᠳ ᠭᠡᠮᠡᠨ ᠬᠤᠪᠢᠶᠠᠨ ᠲᠡᠩᠰᠡᠯᠡᠵᠦ᠂ ᠬᠠᠷᠠ ᠵᠢᠨ ᠲᠠᠯᠠ ᠵᠢᠨ ᠪᠦᠬᠡ ᠵᠢ ᠪᠠᠷᠠᠭᠤᠨ ᠲᠠᠯᠠᠠᠴᠠ᠂ ᠰᠢᠷᠠ ᠵᠢᠨ ᠲᠠᠯᠠ ᠵᠢᠨ ᠪᠦᠬᠡ ᠵᠢ ᠵᠡᠭᠦᠨ ᠲᠠᠯᠠᠠᠴᠠ ᠭᠠᠷᠭ᠋ᠠᠬᠤ ᠶᠤᠰᠤᠲᠠᠢ ᠪᠠᠶ᠋ᠢᠭᠰᠠᠨ ᠪᠦᠭᠡᠳ ᠪᠦᠬᠡ ᠵᠢᠨ ᠵᠠᠰᠠᠭᠤᠯᠴᠢᠳ ᠲᠤᠰ ᠲᠤᠰᠤᠨ ᠭᠡᠷᠤᠨ ᠡᠭᠦᠳᠡᠨᠳᠤ ᠵᠡᠷᠭᠡᠴᠡᠨ ᠵᠤᠭᠰᠤᠭ᠋ᠠᠳ ᠵᠡᠭᠦᠨ ᠭᠠᠷ ᠵᠶ᠋ᠠᠷ ᠵᠶ᠋ᠠᠨ ᠰᠦᠪᠡᠭᠡᠪᠠᠨ ᠲᠤᠯᠤᠨ᠂ ᠪᠠᠷᠠᠭᠤᠨ ᠭᠠᠷᠲᠠᠭᠠᠨ ᠵᠤᠳᠤᠭ ᠱᠤᠳᠠᠭ ᠪᠠᠷᠢᠨ ᠭᠤᠷᠪᠠᠨ ᠤᠳᠠᠭᠠ ᠨᠠᠷᠠ ᠵᠦᠪ ᠡᠷᠭᠢᠭᠦᠯᠦᠨ ᠬᠤᠷᠤᠶ᠋ᠢᠯᠠᠵᠤ᠂ 《ᠪᠦᠬᠡᠴᠦᠳ ᠴᠤᠭᠯᠠᠷᠠ! ᠪᠦᠬᠡᠴᠦᠳ ᠴᠤᠭᠯᠠᠷᠠ!》 ᠭᠡᠮᠡᠨ ᠦᠨᠳᠦᠷ ᠲᠠᠭᠤᠨ ᠵᠶ᠋ᠠᠷ ᠲᠠᠯᠠᠯᠤᠨ ᠲᠠᠭᠤᠳᠠᠬᠤᠳᠤ ᠪᠦᠬᠡᠴᠦᠳ ᠴᠤᠭᠯᠠᠷᠠᠨ ᠦᠪᠡᠷᠰᠡᠳᠤᠨ ᠭᠡᠷ ᠮᠠᠶ᠋ᠢᠬᠠᠨᠳᠤ ᠤᠷᠤᠨ ᠬᠤᠪᠴᠠᠰᠤᠯᠠᠵᠤ ᠡᠬᠢᠯᠡᠨᠡ᠃ ᠠᠯᠢ ᠲᠠᠯᠠ ᠵᠢᠨ ᠪᠦᠬᠡ ᠪᠡᠯᠡᠳᠬᠡᠵᠦ ᠭᠦᠢ᠍ᠴᠡᠭᠰᠡᠨ ᠪᠤᠯ ᠲᠡᠷᠡ ᠲᠠᠯᠠ ᠵᠢᠨ ᠵᠠᠰᠠᠭᠤᠯᠴᠢᠨᠠᠴᠠ ᠨᠦᠭᠦᠭᠡ ᠲᠠᠯᠠᠳᠠᠭᠠᠨ᠄ 《ᠰᠢᠮᠳᠠᠵᠤ ᠭᠠᠷ ᠡ! ᠪᠦᠬᠡ ᠴᠢᠯᠡᠯᠡ》 ᠭᠡᠨᠡ᠂ ᠲᠡᠭᠡᠬᠦᠳᠤ ᠨᠦᠭᠦᠭᠡ ᠲᠠᠯᠠ ᠵᠢᠨ ᠵᠠᠰᠠᠭᠤᠯᠴᠢᠨᠠᠴᠠ᠄ 《ᠵᠤᠳᠤᠭ ᠱᠤᠳᠠᠭ ᠪᠠᠭᠳᠠᠭ᠋ᠠᠳᠤᠢ ᠪᠠᠶ᠋ᠢᠨᠠ᠂ ᠭᠠᠷᠤᠭ᠋ᠠᠳ ᠢᠷᠡᠬᠦᠳᠤ ᠭᠠᠶ᠋ᠢᠬᠠᠵᠤ ᠦᠵᠡᠭᠡᠷᠡᠢ!》 ᠭᠡᠨᠡ᠃ ᠬᠤᠶᠠᠷ ᠲᠠᠯᠠᠪᠠᠷ ᠵᠶ᠋ᠠᠨ ᠪᠡᠯᠡᠳᠬᠡᠵᠦ ᠪᠠᠷᠠᠪᠠᠯ ᠪᠦᠬᠡᠴᠦᠳ ᠵᠶ᠋ᠠᠨ ᠪᠦᠬᠡ ᠵᠢᠨ ᠲᠠᠯᠠᠪᠠᠢᠳᠤ ᠤᠷᠢᠬᠤ ᠵᠢᠨ ᠬᠠᠮᠳᠤ ᠲᠤᠰ ᠲᠤᠰᠤᠨ ᠪᠦᠬᠡ ᠵᠢᠨ ᠵᠶ᠋ᠠᠨ ᠴᠤᠯᠠ ᠭᠤᠩᠰᠢᠨᠢ ᠲᠠᠭᠤᠳᠠᠨ᠂ ᠲᠡᠳᠡᠨᠤ ᠭᠡᠢ ᠮᠤᠷᠢ ᠰᠦᠯᠳᠡ ᠵᠢ ᠮᠠᠨᠳᠤᠭᠤᠯᠳᠠᠭ ᠪᠠᠶ᠋ᠢᠵᠠᠢ᠃ ᠵᠢᠱ᠌ᠢᠶᠡᠯᠡᠵᠦ ᠬᠡᠯᠡᠪᠡᠯ᠄ ᠬᠠᠷᠠ ᠵᠢᠨ ᠲᠠᠯᠠ ᠵᠢᠨ ᠠᠪᠤᠷᠭᠤ ᠪᠦᠬᠡ ᠴᠠᠭ᠋ᠠᠨᠬᠦᠦ ᠵᠢ ᠲᠠᠯᠪᠢᠬᠤᠳᠠᠭᠠᠨ᠄ 《ᠲᠡᠷᠡ ᠪᠦᠬᠡ ᠬᠡᠨᠤ ᠭᠡᠨ ᠪᠤᠢ? ᠡᠵᠡᠨᠡ ᠬᠠᠭᠤᠴᠢᠨ ᠲᠤᠷᠭᠤᠳ ᠬᠤᠰᠢᠭᠤᠨᠤ ᠵᠠᠰᠠᠭ ᠲᠦᠷᠦ ᠵᠢᠨ ᠵᠢᠶᠦ᠋ᠨ ᠸᠠᠩ᠂ ᠰᠧᠯᠢᠩ ᠨᠤᠶᠠᠨ ᠯᠾᠠᠸᠠᠩᠵᠠᠪ ᠲᠠᠨᠠ ᠪᠦᠬᠡ ᠡ᠂ ᠯᠤᠤ ᠵᠢᠨ ᠴᠠᠬᠢᠯᠭ᠋ᠠᠨ ᠵᠶ᠋ᠠᠷ ᠰᠦᠷᠢ ᠪᠠᠳᠠᠷᠠᠭᠤᠯᠤᠭᠴᠢ ᠦᠨᠡᠨ ᠬᠦᠴᠦᠳᠦ ᠬᠠᠷᠴᠠᠭ᠋ᠠᠢ᠂ ᠨᠠᠴᠢᠨ ᠱᠤᠩᠬᠤᠷ ᠴᠠᠭ᠋ᠠᠨᠬᠦᠦ!》 ᠭᠡᠮᠡᠨ ᠭᠤᠩᠰᠢᠨ ᠴᠤᠯᠠ ᠵᠢ ᠲᠠᠭᠤᠳᠠᠨ ᠭᠠᠷᠭ᠋ᠠᠬᠤᠳᠤ ᠰᠢᠷᠠ ᠵᠢᠨ ᠲᠠᠯᠠ ᠵᠢᠨᠬᠢᠨ ᠴᠤᠯᠠᠲᠠᠢ ᠪᠦᠬᠡᠪᠠᠨ᠄ 《ᠲᠡᠷᠡ ᠪᠦᠬᠡ ᠬᠡᠨᠤ ᠬᠡᠨ ᠪᠤᠢ? ᠡᠵᠡᠨᠡ ᠬᠠᠭᠤᠴᠢᠨ ᠲᠤᠷᠭᠤᠳ ᠬᠤᠰᠢᠭᠤᠨᠤ ᠸᠴᠢᠷ ᠳ᠋ᠠᠷᠠ ᠨᠤᠮᠴᠢ ᠮᠡᠷᠭᠡᠨ ᠺᠠᠮᠪᠤ ᠬᠤᠪᠢᠯᠭ᠋ᠠᠨ ᠡᠵᠡᠢ ᠯᠠᠮᠠ ᠲᠠᠨᠠ ᠨᠠᠴᠢᠨ ᠱᠤᠩᠬᠤᠷ ᠴᠤᠯᠠᠲᠠᠢ ᠪᠦᠬᠡ ᠨᠢᠮᠠ》 ᠭᠡᠮᠡᠨ ᠲᠠᠭᠤᠳᠠᠨ ᠭᠠᠷᠭ᠋ᠠᠨᠠ᠃ ᠪᠦᠬᠡᠴᠦᠳ ᠴᠤ᠌ ᠭᠤᠩᠰᠢᠨ ᠴᠤᠯᠠ ᠵᠢᠨ ᠠᠶᠠ ᠲᠤᠮᠳᠠ ᠠᠷᠢᠶᠠᠳᠠᠨ ᠵᠢᠭᠦᠷᠳᠡᠨᠤ ᠲᠡᠪᠢᠯᠭᠡᠪᠠᠷ ᠲᠠᠯᠠᠪᠤᠷᠲᠤ ᠲᠡᠯᠡᠨ ᠭᠠᠷᠴᠤ᠂ ᠭᠤᠤᠯ ᠠᠰᠠᠷᠤᠨ ᠡᠮᠦᠨᠡ ᠬᠦᠷᠴᠦ ᠨᠤᠶᠠᠳ ᠰᠠᠶ᠋ᠢᠳ ᠭᠡᠭᠡᠨ ᠯᠠᠮᠠᠳᠤ ᠬᠤᠶᠠᠷ ᠠᠯᠠᠭᠠᠪᠠᠨ ᠬᠠᠪᠰᠤᠷᠴᠤ ᠨᠠᠮᠠᠨᠴᠢᠯᠠᠨ ᠮᠦᠷᠭᠦᠭᠡᠳ᠂ ᠪᠦᠬᠡ ᠵᠢᠨ ᠵᠠᠰᠠᠭᠤᠯᠴᠢᠨᠤ ᠲᠤᠬᠢᠶᠠᠪᠠᠷ ᠤᠨᠤᠭ᠋ᠠᠯᠳᠠ ᠵᠢᠨ ᠪᠦᠬᠡᠲᠠᠢᠪᠠᠨ ᠪᠠᠷᠢᠯᠳᠤᠵᠤ ᠡᠬᠢᠯᠡᠨᠡ᠃
ᠦᠷᠡᠰ ᠨᠠᠶ᠋ᠢᠷ᠂ ᠵᠡᠷᠭᠡ ᠰᠢᠷᠠᠬᠤ ᠨᠠᠶ᠋ᠢᠷ ᠵᠡᠷᠭᠡ ᠶᠡᠭᠡ ᠨᠠᠶ᠋ᠢᠷᠲᠤ ᠪᠠᠷᠤᠭ 128 ᠪᠦᠬᠡ᠂ ᠤᠪᠤᠭ᠋ᠠᠨ ᠨᠠᠶ᠋ᠢᠷᠲᠤ ᠪᠠᠷᠤᠭᠲᠠᠭᠠᠨ 64 ᠪᠦᠬᠡ ᠲᠠᠯᠪᠢᠳᠠᠭ ᠪᠠᠶ᠋ᠢᠭᠰᠠᠨ ᠪᠦᠭᠡᠳ ᠮᠦᠷᠦᠶ᠋ᠢᠴᠡᠭᠡᠨᠤ ᠳ᠋ᠦᠩᠳᠤ ᠠᠳᠠᠯᠢ ᠪᠤᠰᠤ ᠲᠠᠪᠠᠭᠠ ᠵᠢᠨ ᠪᠦᠬᠡ ᠪᠠ ᠲᠡᠷᠢᠭᠦᠨ ᠲᠡᠳ᠋ ᠪᠦᠬᠡ ᠢᠯᠭ᠋ᠠᠷᠠᠨ ᠭᠠᠷᠬᠤ ᠪᠤᠯᠤᠨᠠ᠃ ᠲᠡᠷᠢᠭᠦᠨ ᠪᠦᠬᠡ ᠶᠡᠷᠦᠳᠡᠭᠡᠨ ᠵᠢᠷᠭᠤᠭᠠ ᠪᠤᠶᠤ ᠲᠤᠯᠤᠭ᠋ᠠᠨ ᠲᠠᠪᠠᠭᠠ ᠲᠠᠪᠠᠵᠤ ᠪᠠᠶ᠋ᠢᠵᠤ ᠰᠠᠶᠢ ᠮᠠᠩᠨᠠᠢ ᠵᠢᠨ ᠪᠦᠬᠡ ᠪᠤᠯᠳᠠᠭ᠃ ᠲᠠᠪᠠᠭᠠᠲᠠᠢ ᠪᠠᠷᠢᠯᠳᠤᠭ᠋ᠠᠨᠳᠤ ᠠᠬᠠ ᠲᠡᠭᠦᠦ ᠬᠤᠶᠠᠷ ᠤᠨᠤᠭᠤ ᠲᠠᠭ᠋ᠠᠷᠠᠬᠤ ᠪᠤᠶᠤ ᠪᠠᠭᠰᠢ ᠱᠠᠪᠢ ᠬᠤᠶᠠᠷ ᠲᠠᠭ᠋ᠠᠷᠠᠬᠤ ᠦᠶᠡᠳᠤ ᠨᠢᠭᠡᠨᠢ ᠨᠦᠭᠦᠭᠡᠳᠡᠭᠡᠨ ᠨᠠᠶ᠋ᠢᠷ ᠲᠠᠯᠪᠢᠨ ᠪᠠᠭᠤᠵᠤ ᠦᠭᠬᠦ ᠶᠠᠪᠤᠳᠠᠯ ᠲᠤᠬᠢᠶᠠᠯᠳᠤᠳᠠᠭ᠂ ᠡᠨᠡ ᠦᠶᠡᠳᠤ ᠱᠤᠳᠤ ᠰᠠᠭᠤᠬᠤ ᠪᠦᠬᠡᠴᠢᠨ ᠭᠡᠵᠦ ᠭᠠᠷᠤᠨᠠ᠂ ᠲᠡᠶ᠋ᠢᠮᠦ ᠪᠦᠬᠡ ᠨᠢᠭᠡ ᠲᠠᠪᠠᠭᠠᠳᠤ ᠪᠠᠷᠢᠯᠳᠤᠬᠤ ᠦᠭᠡᠢ ᠦᠩᠭᠡᠷᠡᠨ᠂ ᠭᠤᠷᠪᠠ ᠲᠦᠷᠪᠡᠳᠦᠭᠡᠷ ᠨᠡᠷᠡ ᠪᠤᠶᠤ ᠲᠡᠷᠢᠭᠦᠨ ᠲᠡᠳ᠋ᠢ ᠪᠤᠯᠢᠶᠠᠯᠳᠤᠬᠤ ᠵᠠᠪᠰᠢᠶᠠᠨ (ᠲᠤᠬᠢᠶᠠᠯ)ᠲᠠᠢ ᠪᠤᠯᠳᠠᠭ᠃ ᠲᠤᠬᠠᠢ ᠵᠢᠨ ᠬᠤᠶᠠᠷ ᠪᠦᠬᠡ ᠬᠦᠴᠦ ᠲᠡᠩᠴᠡᠨ ᠤᠳᠠᠪᠠᠯ ᠬᠠᠶ᠋ᠢᠮ (ᠲᠡᠩᠴᠡᠬᠦ) ᠪᠤᠯᠤᠭᠰᠠᠨ ᠵᠶ᠋ᠠᠷ ᠪᠤᠳᠤᠭ᠋ᠠᠳ ᠲᠠᠬᠢᠵᠤ ᠪᠠᠷᠢᠯᠳᠤᠭᠤᠯᠤᠨ ᠰᠢᠭᠦᠯᠳᠡ ᠭᠠᠷᠭ᠋ᠠᠨᠠ᠃ ᠪᠦᠬᠡᠴᠢᠨ ᠪᠠᠷᠢᠯᠳᠤᠵᠤ ᠪᠠᠷᠠᠭ᠋ᠠᠳ ᠰᠢᠭᠦᠭᠰᠡᠨ ᠨᠢᠭᠡᠨᠢ ᠰᠢᠭᠦᠭᠳᠡᠭᠰᠡᠨ ᠨᠢᠭᠡᠪᠠᠨ ᠲᠠᠳᠠᠵᠤ ᠪᠤᠰᠬᠠᠭ᠋ᠠᠳ ᠰᠢᠷᠤᠢ ᠵᠢᠨᠢ ᠭᠦᠪᠢᠵᠦ ᠦᠭᠬᠦᠳᠤ ᠤᠨᠠᠭᠰᠠᠨ ᠪᠦᠬᠡ ᠨᠦᠭᠦᠭᠡ ᠪᠦᠬᠡ ᠵᠢᠨ ᠵᠶ᠋ᠠᠨ ᠵᠡᠭᠦᠨ ᠰᠤᠭᠤᠨ ᠲᠤᠤᠭᠤᠷ ᠭᠠᠷᠤᠭ᠋ᠠᠳ ᠲᠠᠯᠠᠪᠤᠷᠠᠴᠠ ᠲᠡᠯᠡᠵᠤ ᠪᠠᠭᠤᠨᠠ᠃ ᠰᠢᠭᠦᠭᠰᠡᠨ ᠪᠦᠬᠡ ᠨᠤᠶᠠᠳ ᠰᠠᠶ᠋ᠢᠳᠲᠤ ᠮᠦᠷᠭᠦᠭᠡᠳ ᠬᠦᠯᠤᠨ ᠰᠠᠶ᠋ᠢᠳᠠᠴᠠ ᠰᠠᠴᠤᠯᠢ ᠵᠢᠨ ᠪᠤᠤᠪᠤ ᠰᠢᠬᠢᠷ ᠠᠪᠴᠤ ᠲᠡᠭᠡᠳᠦ ᠲᠡᠭᠷᠢ ᠲᠡᠷᠭᠡᠳᠡ ᠤᠯᠠᠨᠳᠤ ᠰᠠᠴᠤᠨ ᠦᠭᠳᠡᠭ᠃ ᠪᠠᠷᠢᠯᠳᠤᠭ᠋ᠠᠨ ᠲᠡᠭᠦᠰᠦᠭᠰᠡᠭᠡᠷ ᠪᠦᠬᠡ ᠵᠢᠨ ᠶᠠᠪᠤᠳᠠᠯ ᠬᠠᠮᠢᠶᠠᠷᠤᠭᠴᠢᠳᠠᠴᠠ ᠴᠤᠯᠠᠯᠠᠬᠤ ᠶᠤᠰᠤᠳᠠᠢ ᠪᠦᠬᠡᠴᠦᠳᠲᠤ ᠴᠤᠯᠠ ᠴᠢᠮᠡᠭ ᠤᠯᠭᠤᠬᠤ ᠵᠢᠨ ᠬᠠᠮᠳᠤ ᠲᠡᠷᠢᠭᠦᠨ ᠪᠦᠬᠡᠳᠡᠭᠡᠨ ᠲᠤᠰᠬᠠᠢ ᠢᠷᠦᠭᠡᠯᠴᠢ ᠵᠠᠯᠠᠵᠤ 《ᠪᠦᠬᠡ ᠵᠢᠨ ᠮᠠᠭᠳᠠᠭ᠋ᠠᠯ》 ᠲᠠᠯᠪᠢᠭᠤᠯᠤᠨ ᠪᠦᠬᠡᠴᠦᠳ ᠵᠶ᠋ᠠᠨ ᠮᠠᠭᠳᠠᠵᠤ ᠤᠯᠠᠨ ᠵᠶ᠋ᠠᠨ ᠪᠠᠶᠠᠰᠬᠠᠨᠠ᠃ ᠢᠩᠬᠢᠵᠦ ᠪᠠᠷᠠᠪᠠᠯ ᠬᠤᠰᠢᠭᠤ ᠵᠠᠬᠢᠷᠤᠭᠴᠢᠠᠴᠠ ᠪᠦᠬᠡᠴᠢᠨ ᠵᠶ᠋ᠠᠨ ᠱᠠᠩᠨᠠᠵᠤ ᠡᠬᠢᠯᠡᠨᠡ᠃ ᠪᠦᠬᠦ ᠪᠦᠬᠡᠴᠢᠨᠤ ᠬᠠᠭ᠋ᠠᠰᠢ ᠪᠦᠷ ᠱᠠᠩᠨᠠᠳᠠᠭ ᠮᠦᠷᠳᠡᠭᠡᠨ ᠲᠡᠷᠢᠭᠦᠨ ᠪᠦᠬᠡᠳᠤ ᠤᠯᠠᠩᠬᠢᠳᠠᠭᠠᠨ ᠲᠡᠪᠡᠯᠤᠨ ᠲᠤᠷᠭᠠ᠂ ᠴᠠᠢ ᠬᠠᠳᠠᠭ᠂ ᠨᠢᠭᠡ ᠲᠤᠯᠤᠭ᠋ᠠᠢ ᠲᠤᠷᠳᠤᠮ ᠱᠠᠩᠨᠠᠵᠤ᠂ ᠵᠠᠷᠢᠮ ᠦᠶᠡᠳᠤ ᠮᠤᠷᠢ ᠦᠭᠴᠦ᠂ ᠲᠡᠳ᠋ ᠪᠦᠬᠡᠳᠤ ᠲᠡᠪᠡᠯᠤᠨ ᠲᠤᠷᠭᠠ᠂ ᠴᠠᠢ ᠬᠠᠳᠠᠭ ᠪᠠᠷᠢᠵᠤ᠂ ᠪᠤᠰᠤᠳᠲᠤᠨᠢ ᠲᠠᠪᠠᠭ᠋ᠠᠨᠤ ᠲᠤᠭᠠ ᠵᠢ ᠦᠨᠳᠦᠰᠦᠯᠡᠨ ᠠᠳᠠᠯᠢ ᠪᠤᠰᠤᠪᠠᠷ ᠱᠠᠩᠨᠠᠨᠠ᠂ ᠱᠠᠩᠨᠠᠯᠤᠨ ᠶᠡᠭᠡ ᠪᠠᠭᠠᠨᠢ ᠤᠯᠠᠩᠬᠢ ᠳᠠᠭᠠᠨ ᠡᠳ᠋ᠤᠨ ᠵᠠᠰᠠᠭᠤᠨ ᠪᠠᠶ᠋ᠢᠳᠠᠯ ᠵᠶ᠋ᠠᠷ ᠰᠢᠯᠳᠠᠭ᠋ᠠᠯᠠᠭᠳᠠᠳᠠᠭ ᠪᠠᠶ᠋ᠢᠵᠠᠢ᠃
ᠬᠠᠯᠬᠠ ᠪᠦᠬᠡ ᠵᠢᠨ ᠤᠪᠰᠤ ᠮᠡᠷᠭᠡᠵᠢᠯ ᠠᠯᠢ ᠤᠯᠠᠨ ᠪᠠᠶ᠋ᠢᠵᠤ᠂ ᠲᠡᠳᠡᠭᠡᠷᠤᠨ ᠲᠤᠳᠤᠷᠠᠠᠴᠠ ᠦᠷᠭᠦᠯᠵᠢ ᠬᠡᠷᠡᠭᠯᠡᠭᠳᠡᠳᠡᠭ ᠤᠪᠰᠤ ᠭᠡᠪᠡᠯ᠄ ᠡᠭᠦᠷᠬᠦ (ᠠᠴᠢᠬᠤ)᠂ ᠲᠤᠩᠭᠤᠷᠠᠬᠤ᠂ ᠬᠠᠪᠰᠤᠷᠬᠤ᠂ ᠲᠡᠭᠡᠭᠡᠳᠡᠬᠦ᠂ ᠲᠠᠰᠢᠬᠤ᠂ ᠰᠤᠶ᠋ᠢᠯᠠᠬᠤ᠂ ᠬᠡᠢ ᠡᠷᠭᠢᠭᠦᠯᠬᠦ (ᠡᠷᠭᠦᠬᠦ)᠂ ᠰᠢᠷᠭᠤᠬᠤ᠂ ᠲᠤᠭᠳᠤᠷᠬᠤ᠂ ᠭᠤᠬᠠᠳᠠᠬᠤ᠂ ᠬᠦᠶᠦᠬᠦ᠂ ᠮᠤᠰᠭᠢᠬᠤ᠂ ᠲᠠᠷᠤᠬᠤ ᠵᠡᠷᠭᠡ ᠪᠤᠯᠬᠤ ᠪᠦᠭᠡᠳ ᠡᠳᠡᠭᠡᠷ ᠮᠡᠭᠡᠨᠦᠭᠦᠳᠢ ᠬᠠᠮᠳᠤᠷᠠᠭᠤᠯᠤᠨ ᠠᠮᠢᠳᠤᠯᠢᠭ ᠬᠡᠷᠡᠭᠯᠡᠳᠡᠭᠨᠢ ᠤᠯᠠᠨ ᠪᠠᠶ᠋ᠢᠵᠠᠢ᠃
ᠰᠠᠶ᠋ᠢᠨ ᠪᠦᠬᠡᠴᠢᠨ ᠵᠶ᠋ᠠᠨ ᠴᠤᠯᠠᠯᠠᠳᠠᠭ ᠵᠠᠩᠰᠢᠯᠲᠠᠢ ᠪᠠᠶ᠋ᠢᠵᠤ᠂ ᠭᠤᠤᠯᠳᠠᠭᠤ ᠬᠦᠴᠦ ᠶᠡᠬᠡᠳᠡᠢ ᠠᠷᠢᠶᠠᠳᠠᠨ ᠵᠢᠭᠦᠷᠳᠡᠨᠤ ᠨᠡᠷᠡᠪᠠᠷ ᠨᠡᠷᠡᠶ᠋ᠢᠳᠴᠦ ᠵᠢᠩᠬᠢᠨᠢ ᠴᠤᠯᠠ ᠪᠤᠯᠭ᠋ᠠᠳᠠᠭ ᠪᠠᠶ᠋ᠢᠵᠠᠢ᠃ ᠬᠤᠰᠢᠭᠤ ᠨᠠᠶ᠋ᠢᠷᠤᠨ ᠲᠠᠪᠠᠭ᠋ᠠᠨᠤ ᠲᠤᠭᠠ ᠪᠠ ᠦᠵᠦᠭᠦᠷᠯᠡᠭᠰᠡᠨ ᠪᠠᠶ᠋ᠢᠳᠠᠯᠢ ᠦᠨᠳᠦᠰᠦᠯᠡᠨ 《ᠬᠠᠷᠴᠠᠭ᠋ᠠᠢ》᠂ 《ᠱᠤᠩᠬᠤᠷ》᠂ 《ᠨᠠᠴᠢᠨ》᠂ 《ᠵᠠᠭ᠋ᠠᠨ》᠂ 《ᠠᠷᠰᠯᠠᠨ》᠂ 《ᠠᠪᠤᠷᠭᠤ》 (ᠬᠠᠮᠤᠭ ᠦᠨᠳᠦᠷ ᠴᠤᠯᠠ) ᠵᠡᠷᠭᠡ ᠵᠢᠩᠬᠢᠨᠢ ᠴᠤᠯᠠ ᠤᠯᠭᠤᠵᠤ᠂ ᠠᠪᠤᠷᠭᠤ ᠴᠤᠯᠠᠲᠠᠢ ᠪᠦᠬᠡ ᠪᠠᠷᠢᠯᠳᠤᠬᠤ ᠦᠭᠡᠢ ᠪᠠᠶ᠋ᠢᠳᠠᠯ ᠲᠤᠤᠷᠠ ᠴᠤ᠌ ᠨᠠᠶ᠋ᠢᠷ ᠨᠠᠭ᠋ᠠᠳᠤᠮᠤᠨ ᠲᠡᠷᠢᠭᠦᠨ ᠪᠦᠬᠡ ᠵᠢᠨ ᠱᠠᠩᠢ ᠤᠯᠭᠤᠳᠠᠭ ᠶᠤᠰᠤᠲᠠᠢ ᠪᠠᠶ᠋ᠢᠭᠰᠠᠨ ᠪᠦᠭᠡᠳ ᠵᠢᠩᠬᠢᠨᠢ ᠴᠤᠯᠠ ᠵᠢᠨ ᠲᠡᠭᠡᠷᠡ ᠬᠤᠷᠰᠢᠶᠠ ᠦᠭᠡ᠂ ᠭᠤᠷᠪᠠᠨ ᠦᠭᠡ᠂ ᠲᠦᠷᠪᠡᠨ ᠦᠭᠡ ᠵᠢᠨ ᠴᠢᠮᠡᠭ ᠴᠤᠯᠠ ᠨᠡᠮᠡᠵᠦ᠂ ᠪᠦᠬᠡ ᠵᠢᠨ ᠠᠯᠳᠠᠷ ᠴᠤᠯᠠ ᠵᠢ ᠲᠠᠭᠤᠷᠢᠰᠬᠠᠳᠠᠭ ᠪᠠᠶ᠋ᠢᠵᠠᠢ᠃ ᠪᠦᠬᠡ ᠵᠢᠨ ᠪᠦᠬᠦ ᠶᠠᠪᠤᠳᠠᠯ ᠲᠠᠭᠤᠰᠤᠭᠰᠠᠨᠤ ᠲᠠᠷᠠᠭᠠ ᠪᠦᠬᠡᠴᠦᠳ ᠵᠶ᠋ᠠᠨ ᠴᠤᠭᠯᠠᠭᠤᠯᠤᠨ ᠴᠠᠶ᠋ᠢᠯᠠᠵᠤ ᠬᠤᠭᠤᠯᠠᠯᠠᠭᠤᠯᠬᠤᠳᠤ ᠤᠭᠤᠴᠠ ᠪᠤᠶᠤ ᠲᠠᠯᠤᠪᠠᠷ ᠠᠬᠠᠯᠠᠭᠤᠯᠤᠭᠰᠠᠨ ᠮᠢᠬᠠᠨᠳᠤ ᠪᠦᠬᠦᠯᠢᠪᠠᠷ ᠴᠢᠨᠠᠭᠰᠠᠨ ᠬᠦᠵᠦᠭᠦᠦ ᠲᠠᠯᠪᠢᠵᠤ᠂ ᠨᠡᠷᠡᠳᠡᠢ ᠴᠤᠯᠠᠲᠠᠢ ᠪᠦᠬᠡᠴᠢᠨ ᠵᠶ᠋ᠠᠷ ᠭᠦᠵᠦᠭᠦᠦ ᠮᠤᠰᠭᠢᠭᠤᠯᠤᠨ ᠰᠠᠯᠭ᠋ᠠᠭᠤᠯᠵᠤ᠂ ᠤᠯᠠᠨ ᠪᠦᠬᠡᠴᠢᠨᠳᠡᠭᠡᠨ ᠬᠤᠪᠢᠶᠠᠨ ᠢᠳᠡᠭᠦᠯᠬᠦ ᠵᠠᠩᠰᠢᠯᠲᠠᠢ ᠪᠠᠶ᠋ᠢᠵᠠᠢ᠃
ᠬᠠᠯᠬᠠ ᠪᠦᠬᠡᠨᠢ ᠬᠤᠷᠢᠳᠤᠭ᠋ᠠᠷ ᠵᠠᠭᠤᠨᠤ ᠭᠤᠴᠢᠭ᠋ᠠᠳ ᠤᠨᠠᠴᠠ ᠲᠠᠯᠠᠭ᠋ᠠᠳ ᠤᠨ ᠪᠤᠯᠳᠠᠯᠠ ᠲᠠᠪᠢᠭ᠋ᠠᠳ ᠵᠢᠯ ᠤᠯᠠᠮᠵᠢᠯᠠᠨ ᠲᠡᠯᠭᠡᠷᠡᠬᠦ ᠶᠠᠪᠤᠴᠠᠳᠤ ᠠᠯᠢ ᠤᠯᠠᠨ ᠰᠠᠶ᠋ᠢᠨ ᠪᠦᠬᠡ ᠴᠤᠯᠭᠤᠷᠠᠨ ᠭᠠᠷᠴᠤ᠂ ᠬᠤᠰᠢᠭᠤ ᠨᠤᠳᠤᠭ᠂ ᠴᠢᠨᠠᠭᠰᠢᠯᠠᠨ ᠬᠦᠷᠰᠢ ᠵᠡᠷᠭᠡᠯᠡᠳᠡᠭᠡ ᠠᠶ᠋ᠢᠮᠠᠭ ᠤᠷᠤᠨᠳᠤ ᠴᠤ᠌ ᠠᠯᠳᠠᠷ ᠨᠡᠷᠡᠪᠠᠨ ᠮᠠᠨᠳᠤᠭᠤᠯᠵᠤ ᠶᠠᠪᠤᠭᠰᠠᠨ ᠶᠤᠮ᠃ ᠲᠡᠳᠡᠨᠤ ᠲᠤᠳᠤᠷᠠᠠᠴᠠ ᠴᠢᠮᠡᠳᠳᠤᠤ᠂ ᠰᠡᠩᠭᠡ᠂ ᠴᠠᠭ᠋ᠠᠨᠬᠦᠦ (ᠪᠦᠬᠡᠴᠠᠭ᠋ᠠᠨ)᠂ ᠡᠪᠦᠭᠡᠨᠬᠦᠦ᠂ ᠯᠤᠤᠬᠤ᠂ ᠯᠠᠯᠢ ᠵᠢᠨ ᠭᠤᠮᠪᠤ᠂ ᠴᠡᠪᠡᠭᠮᠢᠳ᠂ ᠽᠠᠨᠳᠠᠨᠮᠢᠳᠠᠭ᠂ ᠴᠡᠸᠡᠩᠳᠤᠷᠵᠢ᠂ ᠨᠢᠮᠠ (ᠲᠡᠮᠴᠢ ᠯᠠᠮᠠ)᠂ ᠴᠤᠶ᠋ᠢᠮᠪᠤᠯ ᠯᠠᠮᠠ᠂ ᠺᠤᠯᠢ᠂ ᠲᠡᠯᠢᠭᠬᠥ᠋ᠨᠵᠢ᠂ ᠷᠢᠨᠴᠢᠨᠳᠠᠸᠠ᠂ ᠬᠡᠯᠢᠭᠵᠡᠮᠰᠤ ᠨᠠᠷ ᠲᠤᠷᠠᠳᠤᠭᠳᠠᠬᠤ ᠶᠤᠰᠤᠳᠠᠢ᠃