ᠲᠡᠮᠡᠭᠡ ᠤᠷᠤᠯᠳᠤᠬᠤ
ᠨᠡᠶᠢᠲᠡᠯᠡᠭᠰᠡᠨ ᠴᠠᠭ᠄
2019/1/2
   
    ᠲᠡᠮᠡᠭᠡ ᠪᠤᠯ ᠮᠤᠩᠭᠤᠯᠴᠤᠳ ᠤᠨ ᠲᠠᠪᠤᠨ ᠬᠤᠰᠢᠭᠤ ᠮᠠᠯ ᠤᠨ ᠨᠢᠭᠡ ᠨᠢ ᠪᠦᠭᠡᠳ ᠠᠷᠪᠠᠨ ᠬᠤᠶᠠᠷ ᠵᠦᠢᠯ ᠤᠨ ᠡᠰᠢ ᠡᠷᠬᠡᠲᠡᠨ ᠢ ᠭᠠᠭᠴᠠ ᠪᠡᠶ᠎ᠡ ᠳᠤ ᠪᠠᠨ ᠪᠦᠷᠢᠳᠦᠭᠦᠯᠦᠭᠰᠡᠨ᠂ ᠭᠤᠪᠢ ᠨᠤᠳᠤᠬ ᠤᠨ ᠴᠢᠮᠡᠭ ᠪᠤᠯᠤᠬᠰᠠᠨ ᠭᠤᠶᠢᠳᠠ ᠰᠠᠶᠢᠬᠠᠨ ᠠᠮᠢᠳᠠᠨ ᠶᠤᠮ᠃ ᠲᠡᠮᠡᠭᠡ ᠶᠢ ᠬᠦᠮᠦᠰ ᠠᠩᠭᠢᠷ ᠲᠦᠭᠡᠷᠢᠮ᠎ᠡ ᠮᠠᠨᠠᠨ ᠳᠤ ᠲᠦᠭᠡᠷᠢᠳᠡᠭ ᠦᠭᠡᠢ᠂ ᠠᠷᠭᠠᠯᠢ ᠴᠠᠩᠭᠠᠮ᠎ᠠ ᠬᠠᠯᠠᠭᠤᠨ ᠳᠤ ᠴᠠᠩᠭᠠᠳᠠᠬ ᠦᠭᠡᠢ᠂ ᠬᠠᠨ᠎ᠠ ᠬᠤᠭᠤᠷᠠᠮ᠎ᠠ ᠰᠠᠯᠬᠢᠨ ᠳᠤ ᠨᠦᠮᠦᠷᠢ ᠡᠷᠢᠳᠡᠭ ᠦᠭᠡᠢ᠂ ᠬᠠᠳᠠ ᠬᠠᠭᠠᠷᠠᠮ᠎ᠠ ᠬᠦᠢᠳᠡᠨ ᠳᠤ ᠤᠷᠤᠭᠤᠳᠠᠳᠠᠬ ᠦᠭᠡᠢ ᠠᠮᠢᠳᠠᠨ᠂ ᠲᠡᠮᠡᠭᠡ ᠭᠡᠭᠴᠢ ᠲᠡᠭᠷᠢ ᠶᠢᠨ ᠪᠤᠳᠤᠭᠤ ᠭᠡᠳᠡᠭ᠃ ᠲᠡᠮᠡᠭᠡ ᠠᠬᠯᠠᠬ ᠴᠦᠯ᠂ ᠡᠯᠡᠰᠦᠨ ᠭᠤᠪᠢ᠂ ᠤᠰᠤ ᠪᠡᠯᠴᠢᠭᠡᠷ ᠴᠤᠬᠠᠬ ᠭᠠᠵᠠᠷ ᠴᠦ ᠤᠷᠤᠰᠢᠨ ᠠᠮᠢᠳᠤᠷᠠᠵᠦ ᠴᠢᠳᠠᠳᠠᠬ ᠲᠡᠰᠪᠦᠷᠢ ᠰᠠᠶᠢᠲᠠᠢ ᠠᠮᠢᠳᠠᠨ ᠪᠤᠯᠬᠤᠷ ᠮᠤᠩᠭᠤᠯᠴᠤᠳ ᠲᠡᠮᠡᠭᠡ ᠶᠢ ᠤᠨᠤᠰᠢ᠂ ᠬᠦᠯᠦᠰᠢ᠂ ᠠᠶᠠᠨ ᠤ ᠲᠡᠭᠡᠭᠡᠪᠦᠷᠢ ᠳᠤ ᠶᠡᠬᠡᠬᠡᠨ ᠬᠡᠷᠡᠭᠯᠡᠳᠡᠭ ᠶᠤᠮ᠃ᠮᠤᠩᠭᠤᠯᠴᠤᠳ ᠤᠨ ᠲᠡᠮᠡᠭᠡ ᠤᠷᠤᠯᠳᠤᠵᠦ ᠪᠠᠶᠢᠬᠰᠠᠨ ᠢ ︽ᠵᠡᠭᠦᠨ ᠬᠠᠨ ᠤᠯᠤᠰ ᠤᠨ ᠲᠡᠤᠬᠡ︾ ᠳᠤ ᠾᠦᠡᠭᠨᠦᠴᠤᠳ ᠲᠡᠮᠡᠭᠡ ᠤᠷᠤᠯᠳᠤᠵᠦ ᠪᠠᠶᠢᠬᠰᠠᠨ ᠭᠡᠬᠦ ᠬᠡᠰᠡᠭ ᠠᠴᠠ ᠤᠯᠵᠦ ᠬᠠᠷᠠᠳᠠᠬ᠃     ᠦᠪᠦᠷ ᠮᠤᠩᠭᠤᠯ ᠤᠨ ᠪᠠᠷᠠᠭᠤᠨ ᠬᠡᠰᠡᠭ ᠤᠨ ᠠᠯᠠᠱᠠ᠂ ᠡᠵᠡᠨ᠎ᠡ᠂ ᠤᠶᠢᠷᠠᠳ᠂ ᠤᠷᠳᠤᠰ ᠵᠡᠷᠭᠡ ᠤᠷᠤᠨ ᠳᠤ ᠲᠡᠮᠡᠭᠡ ᠤᠷᠤᠯᠳᠤᠬᠤ ᠨᠢ ᠡᠷᠳᠡ ᠠᠴᠠ ᠤᠯᠠᠮᠵᠢᠯᠠᠵᠦ ᠢᠷᠡᠭᠰᠡᠨ ᠪᠦᠭᠡᠳ ᠦᠷᠬᠦᠯᠵᠢ ᠶᠠᠪᠤᠭᠤᠯᠳᠠᠬ ᠬᠦᠳᠡᠯᠭᠡᠭᠡᠨ ᠪᠤᠯᠵᠠᠢ᠃ ᠲᠡᠳᠡ ᠤᠪᠤᠭ᠎ᠠ ᠱᠠᠩᠰᠢ ᠲᠠᠬᠢᠬᠤ᠂ ᠨᠠᠶᠢᠷ ᠬᠤᠷᠢᠮ᠂ ᠪᠠᠶᠠᠷ ᠪᠡᠯᠭᠡ ᠲᠠᠢ ᠡᠳᠦᠷ ᠤᠷᠤᠯᠳᠤᠵᠠᠭᠠᠵᠦ᠂ ᠲᠡᠮᠡᠭᠡᠨ ᠨᠠᠶᠢᠷ ᠲᠠᠯᠪᠢᠵᠦ᠂ ᠢᠷᠦᠭᠡᠯ ᠮᠠᠬᠲᠠᠭᠠᠯ ᠤᠡᠭᠰᠢᠵᠦ᠂ ᠦᠨᠳᠦᠰᠦᠲᠡᠨ ᠤ ᠤᠯᠠᠮᠵᠢᠯᠠᠯᠲᠦ ᠤᠤᠭᠠᠯ ᠰᠤᠶᠤᠯ ᠢᠶᠠᠨ ᠠᠮᠳᠠᠷᠬᠠᠳᠠᠬ᠃     ᠲᠡᠮᠡᠭᠡᠨ ᠤᠷᠤᠯᠳᠤᠭᠠᠨ ᠢ ᠭᠤᠤᠯᠳᠠᠭᠤ ᠬᠤᠯᠠ ᠶᠢᠨ ᠤᠷᠤᠯᠳᠤᠭᠠᠨ᠂ ᠤᠶᠢᠷ᠎ᠠ ᠵᠠᠢ ᠶᠢᠨ ᠤᠷᠤᠯᠳᠤᠭᠠᠨ᠂ ᠪᠤᠤᠷ᠎ᠠ ᠶᠢᠨ ᠤᠷᠤᠯᠳᠤᠭᠠᠨ ᠭᠡᠵᠦ ᠬᠤᠪᠢᠶᠠᠳᠠᠬ᠃ ᠬᠤᠯᠠ ᠶᠢᠨ ᠤᠷᠤᠯᠳᠤᠭᠠᠨ ᠳᠤ 30-70 ᠭᠠᠵᠠᠷ ᠲᠠᠯᠪᠢᠵᠦ᠂ ᠤᠶᠢᠷ᠎ᠠ ᠵᠠᠢ ᠶᠢᠨ ᠤᠷᠤᠯᠳᠤᠭᠠᠨ ᠢ 4-10 ᠭᠠᠵᠠᠷ ᠤᠨ ᠬᠡᠮᠵᠢᠶ᠎ᠡ ᠲᠠᠢ ᠲᠠᠯᠪᠢᠳᠠᠬ᠃ ᠵᠤᠷᠰᠢᠯ ᠢᠶᠠᠷ ᠪᠤᠯ ᠲᠠᠯᠪᠢᠬᠤ ᠲᠡᠮᠡᠭᠡᠨ ᠤ ᠨᠠᠰᠦ ᠵᠢᠯ ᠢ ᠢᠯᠭᠠᠬᠤ ᠦᠭᠡᠢ᠂ ᠤᠷᠤᠯᠴᠠᠬᠤ ᠲᠡᠮᠡᠭᠡᠨ ᠲᠤᠭ᠎ᠠ ᠶᠢ ᠬᠢᠵᠠᠭᠠᠷᠯᠠᠳᠠᠬ ᠦᠭᠡᠢ᠃
 
ᠢᠷᠡᠯᠲᠡ᠄ ᠪᠦᠬᠦ ᠠᠷᠠᠳ ᠢᠶᠠᠷ ᠢᠶᠠᠨ ᠪᠡᠶ᠎ᠡ ᠴᠢᠬᠢᠷᠠᠭᠵᠢᠭᠤᠯᠬᠤ ᠨᠠᠶᠢᠳᠠ ᠶᠢᠨ ᠦᠢᠯᠡᠴᠢᠯᠡᠭᠡᠨ ᠤ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备18004690号