ᠡᠮᠡᠭᠲᠡᠢ ᠶᠢᠨ 20 ᠺᠢᠯᠣᠮᠧᠲᠷ ᠤᠨ ᠠᠯᠬᠤᠬᠤ ᠤᠷᠤᠯᠳᠤᠭᠠᠨ ᠤ ᠳᠡᠯᠡᠬᠡᠢ ᠶᠢᠨ ᠲᠡᠮᠳᠡᠭᠯᠡᠯ ᠢ ᠬᠠᠮᠠᠭᠠᠯᠠᠭᠴᠢ᠂ | ᠳᠡᠯᠡᠬᠡᠢ ᠶᠢᠨ ᠮᠠᠩᠯᠠᠢ ᠶᠠᠩ ᠵᠢᠶᠠ ᠢᠦᠢ 5 ᠤ ᠡᠳᠦᠷ ᠰᠣᠷᠪᠤᠯᠵᠢᠯᠠᠭ᠎ᠠ ᠬᠦᠯᠢᠶᠡᠬᠦ ᠳᠡᠭᠡᠨ᠂ ᠡᠨᠡ ᠵᠢᠯ ᠤᠨ ᠬᠠᠷᠠᠯᠲᠠ | ᠪᠣᠯ ᠪᠠᠶᠢᠳᠠᠯ ᠢᠶᠠᠨ ᠲᠣᠬᠢᠷᠠᠭᠤᠯᠵᠤ᠂ ᠫᠠᠷᠢᠰ ᠤᠨ ᠣᠯᠢᠮᠫᠢᠺ ᠤᠨ ᠲᠠᠮᠢᠷ ᠤᠨ ᠴᠤᠭᠯᠠᠭᠠᠨ ᠳᠤ ᠪᠡᠯᠡᠳᠬᠡᠬᠦ ᠶᠠᠪᠤᠳᠠᠯ | ᠪᠣᠯᠣᠨ᠎ᠠ ᠭᠡᠵᠡᠢ᠃ | ᠨᠢᠳᠤᠨᠤᠨ ᠤ 3 ᠰᠠᠷ᠎ᠠ ᠳᠤ᠂ 25 ᠨᠠᠰᠤᠲᠠᠢ ᠶᠠᠩ ᠵᠢᠶᠠ ᠢᠦᠢ ᠪᠦᠬᠦ ᠤᠯᠤᠰ ᠤᠨ ᠠᠯᠬᠤᠭ᠎ᠠ ᠮᠠᠩᠯᠠᠢ | ᠰᠢᠯᠭᠠᠷᠠᠭᠤᠯᠬᠤ ᠤᠷᠤᠯᠳᠤᠭᠠᠨ ᠵᠢᠴᠢ ᠣᠯᠢᠮᠫᠢᠺ ᠤᠨ ᠲᠠᠮᠢᠷ ᠤᠨ ᠴᠤᠭᠯᠠᠭᠠᠨ ᠤ ᠰᠢᠯᠭᠠᠷᠠᠭᠤᠯᠬᠤ ᠤᠷᠤᠯᠳᠤᠭᠠᠨ ᠳᠤ | 1 ᠴᠠᠭ 23 ᠮᠢᠨᠦ᠋ᠲ 49 ᠰᠧᠺᠦ᠋ᠨ᠋ᠳ᠋ ᠤᠨ ᠬᠢᠷᠢ ᠪᠦᠲᠦᠮᠵᠢ ᠪᠠᠷ ᠡᠮᠡᠭᠲᠡᠢ ᠶᠢᠨ 20 ᠺᠢᠯᠣᠮᠧᠲᠷ ᠤᠨ ᠳᠡᠯᠡᠬᠡᠢ ᠶᠢᠨ | ᠲᠡᠮᠳᠡᠭᠯᠡᠯ ᠢ ᠡᠭᠦᠳᠪᠡ᠃ ᠲᠤᠤᠺᠢᠤ᠋ ᠶᠢᠨ ᠣᠯᠢᠮᠫᠢᠺ ᠤᠨ ᠲᠠᠮᠢᠷ ᠤᠨ ᠴᠤᠭᠯᠠᠭᠠᠨ ᠳᠡᠭᠡᠷ᠎ᠡ᠂ ᠶᠠᠩ ᠵᠢᠶᠠ ᠢᠦᠢ | ᠡᠮᠡᠭᠲᠡᠢ ᠶᠢᠨ 20 ᠺᠢᠯᠣᠮᠧᠲᠷ ᠤᠨ ᠠᠯᠬᠤᠬᠤ ᠤᠷᠤᠯᠳᠤᠭᠠᠨ ᠳᠤ ᠭᠤᠷᠪᠠᠨ ᠤᠯᠠᠭᠠᠨ ᠺᠠᠷᠲ ᠢᠶᠠᠷ ᠬᠤᠶᠠᠷ ᠮᠢᠨᠦ᠋ᠲ | ᠲᠣᠷᠭᠠᠭᠳᠠᠵᠤ᠂ ᠮᠠᠩᠯᠠᠢ ᠶᠢ ᠪᠤᠯᠢᠶᠠᠯᠳᠤᠬᠤ ᠵᠠᠪᠰᠢᠶᠠᠨ ᠢᠶᠠᠨ ᠠᠯᠳᠠᠵᠤ᠂ ᠡᠴᠦᠰ ᠲᠡᠭᠡᠨ 12 ᠳ᠋ᠤᠭᠠᠷ ᠲᠤ | ᠵᠢᠭᠰᠠᠭᠠᠭᠳᠠᠵᠠᠢ᠃ ᠰᠠᠷ᠎ᠠ ᠭᠠᠷᠤᠢ ᠶᠢᠨ ᠳᠠᠷᠠᠭ᠎ᠠ᠂ ᠲᠡᠷᠡ ᠱᠠᠨᠰᠢ ᠶᠢᠨ ᠪᠦᠬᠦ ᠤᠯᠤᠰ ᠤᠨ ᠲᠠᠮᠢᠷ ᠤᠨ ᠴᠤᠭᠯᠠᠭᠠᠨ | ᠳᠡᠭᠡᠷ᠎ᠡ ᠮᠠᠩᠯᠠᠶᠢᠯᠠᠪᠠ᠃ | 5 ᠤ ᠡᠳᠦᠷ᠂ ᠶᠠᠩ ᠵᠢᠶᠠ ᠢᠦᠢ ᠪᠡᠭᠡᠵᠢᠩ ᠳᠤ ᠲᠧ ᠪᠦ᠋ ᠨᠠᠷᠠᠲᠤ ᠲᠥᠷᠥᠯ ᠲᠡᠮᠳᠡᠭᠲᠦ ᠶᠢᠨ ᠪᠠᠶᠢᠯᠳᠤᠬᠤ | ᠪᠣᠳᠣᠯᠭ᠎ᠠ ᠶᠢᠨ ᠲᠠᠰ ᠳᠡᠪᠰᠢᠭᠦᠯᠬᠦ ᠰᠣᠨᠢᠨ ᠮᠡᠳᠡᠭᠡ ᠨᠡᠶᠢᠲᠡᠯᠡᠬᠦ ᠬᠤᠷᠠᠯ ᠳᠤ ᠣᠷᠤᠯᠴᠠᠬᠤ ᠠᠴᠠ ᠡᠮᠦᠨ᠎ᠡ | ᠰᠤᠷᠪᠤᠯᠵᠢᠯᠠᠭᠴᠢ ᠶᠢᠨ ᠰᠣᠷᠪᠤᠯᠵᠢᠯᠠᠭ᠎ᠠ ᠶᠢ ᠬᠦᠯᠢᠶᠡᠵᠦ᠂ ︽ᠲᠤᠤᠺᠢᠤ᠋ ᠶᠢᠨ ᠤᠯᠢᠮᠫᠢᠺ ᠤᠨ ᠳᠠᠷᠠᠭ᠎ᠠ ᠠᠯᠤᠰ ᠬᠤᠯᠠ | ᠶᠢ ᠪᠣᠳᠣᠯᠬᠢᠯᠠᠨ᠂ ᠥᠪᠡᠷ ᠤᠨ ᠪᠡᠶ᠎ᠡ ᠶᠢᠨ ᠪᠠᠶᠢᠳᠠᠯ ᠢᠶᠠᠨ ᠲᠣᠬᠢᠷᠠᠭᠤᠯᠵᠤ᠂ ᠡᠨᠡ ᠵᠢᠯ ᠤᠨ ᠡᠪᠦᠯ ᠤᠨ ᠪᠣᠯᠪᠠᠰᠤᠷᠠᠯ | ᠠᠴᠠ ᠡᠬᠢᠯᠡᠨ ᠰᠤᠷᠭᠠᠭᠤᠯᠢᠯᠠᠯ ᠢᠶᠠᠨ ᠰᠡᠷᠭᠦᠭᠡᠵᠦ᠂ ᠫᠠᠷᠢᠰ ᠤᠨ ᠣᠯᠢᠮᠫᠢᠺ ᠤᠨ ᠴᠤᠭᠯᠠᠭᠠᠨ ᠳᠤ ᠪᠡᠯᠡᠳᠬᠡᠬᠦ ᠪᠠᠷ | ᠲᠥᠯᠥᠪᠯᠡᠵᠦ ᠪᠠᠶᠢᠨ᠎ᠠ︾ ᠭᠡᠪᠡ᠃ | ᠡᠨᠡ ᠵᠢᠯ ᠶᠠᠩ ᠵᠢᠶᠠ ᠢᠦᠢ ᠤᠷᠤᠯᠳᠤᠭᠠᠨ ᠳᠤ ᠤᠯᠠᠨ ᠣᠷᠣᠯᠴᠠᠭᠰᠠᠨ ᠦᠭᠡᠢ᠂ ᠤᠷᠧᠭᠠᠨ ᠤ ᠳᠡᠯᠡᠬᠡᠢ ᠶᠢᠨ | ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠴᠦ ᠣᠷᠣᠯᠴᠠᠭᠰᠠᠨ ᠦᠭᠡᠢ᠃ 3 ᠰᠠᠷ᠎ᠠ ᠳᠤ ᠤᠮᠠᠨ ᠳᠤ ᠶᠠᠪᠤᠭᠳᠠᠭᠰᠠᠨ | ᠳᠡᠯᠡᠬᠡᠢ ᠶᠢᠨ ᠠᠯᠬᠤᠭ᠎ᠠ ᠤᠷᠤᠯᠳᠤᠭᠠᠨ ᠤ ᠪᠠᠭ ᠤᠨ ᠮᠠᠩᠯᠠᠢ ᠰᠢᠯᠭᠠᠷᠠᠭᠤᠯᠬᠤ ᠤᠷᠤᠯᠳᠤᠭᠠᠨ ᠳᠤ ᠶᠠᠩ ᠵᠢᠶᠠ ᠢᠦᠢ | ᠡᠮᠡᠭᠲᠡᠢ ᠶᠢᠨ 20 ᠺᠢᠯᠣᠮᠧᠲᠷ ᠤᠨ ᠮᠥᠩᠭᠦᠨ ᠮᠧᠳᠠᠯ ᠭᠠᠷᠳᠠᠪᠠ᠃ ︽ᠡᠨᠡ ᠵᠢᠯ ᠤᠨ ᠬᠠᠮᠤᠭ ᠤᠨ ᠭᠤᠣᠯ ᠬᠠᠷᠠᠯᠲᠠ | ᠪᠣᠯ ᠳᠠᠷᠤᠢ ᠪᠡᠶ᠎ᠡ ᠢᠶᠠᠨ ᠲᠣᠬᠢᠷᠠᠭᠤᠯᠬᠤ ᠶᠠᠪᠤᠳᠠᠯ ᠪᠣᠯᠣᠨ᠎ᠠ᠂ ᠪᠣᠯᠪᠠᠰᠤᠷᠠᠯ ᠨᠢ ᠥᠩᠭᠡᠷᠡᠭᠰᠡᠨ ᠤ ᠬᠢ ᠰᠢᠭ ᠲᠡᠶᠢᠮᠦ | ᠰᠢᠰᠲ᠋ᠧᠮ ᠲᠠᠢ ᠪᠢᠰᠢ ᠪᠠᠶᠢᠵᠤ ᠮᠡᠳᠡᠨ᠎ᠡ᠂ ᠪᠢ ᠪᠡᠶ᠎ᠡ ᠮᠠᠬᠠᠪᠤᠳ ᠪᠠ ᠰᠡᠳᠬᠢᠯ ᠰᠠᠨᠠᠭᠠᠨ ᠤ ᠲᠠᠯ᠎ᠠ ᠪᠠᠷ ᠠᠭᠤᠵᠢᠭᠤ | ᠲᠠᠯᠪᠢᠭᠤ ᠪᠠᠶᠢᠵᠤ᠂ ᠬᠦᠴᠦᠨ ᠴᠢᠳᠠᠯ ᠢᠶᠠᠨ ᠰᠠᠶᠢᠲᠤᠷ ᠨᠥᠭᠡᠴᠡᠯᠡᠵᠦ᠂ ᠵᠠᠯᠭᠠᠭᠠᠳ ᠡᠪᠦᠯ ᠤᠨ ᠪᠣᠯᠪᠠᠰᠤᠷᠠᠯ ᠪᠠ | ᠪᠡᠯᠡᠳᠬᠡᠯ ᠢ ᠰᠠᠶᠢᠲᠤᠷ ᠬᠢᠨ᠎ᠡ︾ ᠭᠡᠵᠦ ᠪᠠᠶᠢᠯ᠎ᠠ᠃ |