ᠪᠠ᠊ · ᠣᠳᠽᠡᠷ

ᠰᠢᠭᠦᠮᠵᠢᠯᠡᠯ ᠪᠣᠯ ᠨᠢᠭᠡ ᠵᠦᠢ᠍ᠯ᠎ᠤᠨ ᠰᠤᠷᠭ᠋ᠠᠨ ᠬᠦᠮᠦᠵᠢᠭᠦᠯᠬᠦ ᠤᠬᠠᠭ᠋ᠠᠨ ᠪᠣᠯᠬᠤ ᠪᠦᠭᠡᠳ ᠮᠦᠨᠴᠦ ᠨᠢᠭᠡ ᠵᠦᠢ᠍ᠯ᠎ᠤᠨ ᠰᠤᠷᠭ᠋ᠠᠨ ᠬᠦᠮᠦᠵᠢᠭᠦᠯᠬᠦ ᠴᠢᠬᠤᠯᠠ ᠠᠷᠭ᠎ᠠ ᠪᠠᠷᠢᠯ ᠪᠣᠯᠤᠨ᠎ᠠ᠃ 《ᠰᠠᠶ᠋ᠢᠨ ᠰᠠᠨᠠᠭ᠋ᠠᠨ᠎ᠤ ᠦᠵᠦᠭᠦᠷ᠎ᠲᠤ ᠰᠦ᠂ ᠮᠠᠭᠤ ᠰᠠᠨᠠᠭ᠋ᠠᠨ᠎ᠤ ᠦᠵᠦᠭᠦᠷ᠎ᠲᠤ ᠬᠥ᠋》 ᠭᠡᠳᠡᠭ ᠵᠶ᠋ᠠᠷ ᠲᠣᠬᠢᠷᠠᠮᠵᠢᠲᠠᠢ ᠰᠢᠬᠦᠮᠵᠢᠯᠡᠯ᠎ᠨᠢ ᠰᠤᠷᠤᠭᠴᠢ ᠵᠢ ᠰᠡᠭᠡᠭᠡᠷᠡᠭᠦᠯᠵᠦ᠂ ᠠᠯᠳᠠᠭ᠎ᠠ ᠳᠤᠳᠠᠭᠲᠠᠯᠢᠨᠢ ᠠ᠋ᠷᠭᠢᠴᠡᠭᠦᠯᠦᠨ ᠪᠣᠳᠤᠭᠤᠯᠵᠤ᠂ ᠠ᠋ᠷᠡᠭᠦᠯ ᠵᠶ᠋ᠠᠷ ᠦᠰᠦᠨ ᠪᠤᠶ᠋ᠢᠵᠢᠬᠤ ᠵᠢ ᠠᠬᠢᠭᠤᠯᠵᠤ᠂ ᠰᠤᠷᠭ᠋ᠠᠨ ᠬᠦᠮᠦᠵᠢᠭᠦᠯᠬᠦ ᠵᠣᠷᠢᠯᠭ᠎ᠠ᠎ᠳᠤ᠎ᠪᠠᠨ ᠦᠨᠡᠨᠬᠦ ᠬᠥᠷᠴᠦ ᠴᠢᠳᠠᠳᠠᠭ ᠶᠤᠮ᠃ ᠲᠡᠭᠡᠪᠡᠯ ᠴᠣᠬᠤᠮ ᠶᠠᠮᠠᠷ ᠠᠷᠭ᠎ᠠ ᠮᠠᠶᠢᠭ ᠵᠶ᠋ᠠᠷ ᠰᠢᠭᠦᠮᠵᠢᠯᠡᠪᠡᠯ ᠰᠠᠶᠢ ᠰᠢᠭᠦᠮᠵᠢᠯᠡᠯ᠎ᠤᠨ ᠦᠢ᠍ᠯᠡᠳᠦᠯ᠎ᠢ ᠭᠦᠢ᠍ᠴᠡᠳ ᠪᠠᠳᠠᠷᠠᠭᠤᠯᠵᠤ ᠴᠢᠳᠠᠭ᠍ᠤ ᠪᠣᠢ ᠭᠡᠪᠡᠯ ᠮᠢᠨᠦ ᠭᠤᠴᠢᠨ ᠭᠤᠷᠪᠠᠨ ᠵᠢᠯ ᠠᠩᠭᠢ ᠵᠢᠨ ᠠ᠋ᠷᠬᠢᠯᠡᠭᠴᠢ ᠵᠢᠨ ᠠᠵᠢᠯ᠎ᠢ ᠬᠢᠭᠰᠡᠨ ᠲᠣᠷᠰᠢᠯᠭ᠎ᠠ᠎ᠠᠴᠠ ᠦᠵᠡᠪᠡᠯ᠄
ᠨᠢᠭᠡ᠂ ᠰᠢᠭᠦᠮᠵᠢᠯᠡᠯ ᠬᠢᠬᠦ᠎ᠳᠤ᠎ᠪᠠᠨ ᠦᠨᠡᠨ ᠬᠦ᠌ ᠪᠤᠳᠠᠲᠠᠢ ᠦᠨᠳᠦᠰᠦ ᠪᠠᠷᠢᠮᠲᠠ ᠵᠢ ᠪᠠᠷᠢᠮᠲᠠᠯᠠᠭ᠍ᠤ ᠬᠡᠷᠡᠭᠲᠡᠢ᠃ ᠰᠤᠷᠤᠭᠴᠢᠳ ᠣᠰᠤᠯ ᠪᠤᠷᠤᠭᠤ ᠭᠠᠷᠭ᠋ᠠᠭᠰᠠᠨ ᠦᠶ᠎ᠡ᠎ᠳᠤ ᠶᠡᠷᠦ᠎ᠳᠡᠭᠡᠨ ᠪᠠᠭᠰᠢ ᠵᠢᠨ ᠰᠢᠭᠦᠮᠵᠢᠯᠡᠯ ᠳᠣᠩᠭᠤᠳᠤᠯᠭᠠᠠᠴᠠ ᠵᠠᠶ᠋ᠢᠯᠠᠰᠭᠢᠬᠦ ᠵᠢᠨ ᠲᠦᠯᠦᠭᠡ ᠥᠪᠡᠷ᠎ᠤᠨ ᠭᠠᠷᠭ᠋ᠠᠭᠰᠠᠨ ᠠᠯᠳᠠᠭ᠎ᠠ ᠪᠤᠷᠤᠭᠤ᠎ᠪᠠᠨ ᠬᠦᠳᠡᠯᠦᠩᠭᠦᠢ᠎ᠪᠠᠷ ᠮᠡᠳᠡᠷᠡᠳᠡᠭ ᠦᠭᠡᠢ᠃ ᠲᠡᠷᠡᠴᠢᠯᠡᠨ ᠬᠤᠳᠠᠯ ᠬᠡᠯᠡᠨ ᠬᠤᠯᠤ ᠳᠡᠯᠡᠰᠴᠦ ᠵᠠᠶ᠋ᠢᠯᠠᠵᠤ ᠳᠤᠲᠠᠭ᠋ᠠᠬᠤ ᠵᠢ ᠪᠣᠳᠤᠳᠠᠭ ᠪᠣᠶᠤ ᠬᠡᠷᠡᠭ᠎ᠠᠴᠠ ᠵᠠᠶ᠋ᠢᠯᠠᠵᠤ ᠶᠠᠪᠤᠬᠤ ᠵᠢ ᠠ᠋ᠷᠢᠳᠡᠭᠨᠢ ᠣᠯᠠᠨ ᠪᠣᠢ᠃ ᠠ᠋ᠶ᠋ᠢᠮᠦᠷᠬᠦᠤ ᠪᠠᠶ᠋ᠢᠳᠠᠯ᠎ᠳᠤ ᠪᠠᠭᠰᠢ᠎ᠠᠴᠠ ᠬᠠᠷ᠎ᠠ ᠴᠠᠭ᠋ᠠᠨ᠎ᠢ ᠢᠯᠭ᠋ᠠᠯ ᠦᠭᠡᠢ᠂ ᠪᠣᠳᠤᠵᠤ ᠰᠠᠨᠠᠭᠰᠠᠨ ᠵᠶ᠋ᠠᠷ ᠵᠶ᠋ᠠᠨ ᠠᠭᠰᠤᠮᠨᠠᠨ ᠵᠠᠩᠳᠤᠷᠴᠤ ᠠᠭ᠋ᠠᠰᠢᠯᠠᠭ᠍ᠤ ᠪᠣᠶᠤ ᠠ᠋ᠰᠡᠭᠦᠯ᠎ᠡ ᠠ᠋ᠰᠡ ᠮᠡᠳᠡᠭᠰᠡᠨ ᠰᠢᠭ ᠬᠡᠨ᠎ᠢ ᠴᠤ᠌ ᠡᠪᠡᠳᠭᠡᠬᠦ ᠦᠭᠡᠢ ᠪᠠᠷ ᠦᠩᠭᠡᠷᠡᠭᠡᠬᠦ᠎ᠨᠢ ᠰᠤᠷᠭ᠋ᠠᠨ ᠬᠦᠮᠦᠵᠢᠭᠦᠯᠬᠦ ᠵᠣᠷᠢᠯᠭ᠎ᠠ᠎ᠳᠤ᠎ᠪᠠᠨ ᠬᠦᠷᠴᠦ ᠴᠢᠳᠠᠭ᠍ᠤ ᠦᠭᠡᠢ ᠶᠤᠮ᠃ ᠨᠡᠩ ᠲᠦᠷ ᠵᠠᠭᠤᠷ᠎ᠠ ᠵᠢᠨ ᠠᠭᠤᠷ ᠭᠢᠯᠢᠩᠳᠤᠪᠠᠨ ᠪᠣᠯᠵᠤ ᠰᠢᠭᠦᠮᠵᠢᠯᠡᠯ ᠬᠢᠬᠦ᠎ᠳᠤ᠎ᠪᠠᠨ ᠮᠠᠭᠤ ᠵᠢ᠎ᠨᠢ ᠮᠠᠯᠲᠠᠨ᠂ ᠬᠤᠱ᠌ᠤᠩᠨᠡᠨ ᠶᠦᠭᠡᠳᠡᠵᠦ᠂ ᠰᠤᠷᠤᠭᠴᠢ ᠵᠢᠨ ᠪᠡᠶ᠎ᠡ ᠰᠡᠳᠭᠢᠯ᠎ᠢ ᠰᠢᠷᠠᠭᠳᠤᠭᠤᠯᠵᠤ ᠪᠣᠯᠬᠤ ᠦᠭᠡᠢ᠃ ᠬᠠᠷᠢᠨ 《ᠳᠠᠮᠤᠨ ᠦᠭᠡ ᠳᠠᠯᠠᠨ ᠬᠤᠳᠠᠯ》 ᠪᠣᠯᠬᠤ᠎ᠠᠴᠠ ᠵᠠᠶ᠋ᠢᠯᠠᠰᠭᠢᠵᠦ ᠣᠰᠤᠯ ᠪᠤᠷᠤᠭᠤ ᠭᠠᠷᠭ᠋ᠠᠭᠰᠠᠨ ᠰᠤᠷᠤᠭᠴᠢ ᠵᠢᠨ ᠦᠨᠡᠨ ᠪᠣᠳᠠᠲᠦ ᠪᠠᠶ᠋ᠢᠳᠠᠯ᠎ᠢ ᠤᠶ᠋ᠢᠯᠠᠭ᠋ᠠᠨ᠂ ᠵᠠᠪᠠᠯ ᠦᠨᠳᠦᠰᠦ ᠪᠠᠷᠢᠮᠲᠠ᠎ᠲᠠᠢ᠎ᠪᠠᠷ ᠰᠢᠭᠦᠮᠵᠢᠯᠡᠯ ᠬᠢᠪᠡᠯ ᠦᠷ᠎ᠡ ᠳ᠋ᠦᠩ ᠵᠶ᠋ᠠᠷ ᠮᠠᠰᠢ ᠰᠠᠶ᠋ᠢᠨ ᠪᠠᠶ᠋ᠢᠳᠠᠭ ᠶᠤᠮ᠃
ᠬᠤᠶᠠᠷ᠂ ᠰᠢᠭᠦᠮᠵᠢᠯᠡᠯ ᠬᠢᠬᠦ᠎ᠳᠤ᠎ᠪᠠᠨ ᠵᠣᠷᠢᠯᠭ᠎ᠠ᠎ᠪᠠᠨ ᠲᠣᠳᠤ ᠪᠠᠶ᠋ᠢᠯᠭ᠋ᠠᠵᠤ᠂ ᠬᠠᠷᠠᠯᠲᠠ᠎ᠲᠠᠢ᠎ᠪᠠᠷ ᠰᠤᠮᠤ ᠬᠠᠷᠪᠤᠬᠤ ᠬᠡᠷᠡᠭᠲᠡᠢ᠃ ᠵᠠᠷᠢᠮ ᠪᠠᠭᠰᠢ ᠶᠡᠷᠦ᠎ᠨᠢ ᠵᠢᠭ᠋ᠠᠬᠤ ᠲᠠᠶ᠋ᠢᠰᠠᠨ ᠳᠡᠭᠡᠷ᠎ᠡ᠎ᠪᠠᠨ ᠭᠠᠷᠬᠤ᠎ᠲᠠᠢ ᠵᠡᠷᠭᠡ ᠦᠨᠳᠦᠷ ᠳᠠᠭᠤᠨ ᠵᠶ᠋ᠠᠷ ᠶᠡᠭᠡ ᠶᠣᠰᠤ ᠵᠢ ᠶᠠᠷᠢᠵᠤ ᠰᠢᠭᠦᠮᠵᠢᠯᠡᠯ ᠬᠢᠵᠦ ᠠ᠋ᠬᠢᠯᠡᠳᠡᠭ᠃ ᠲᠡᠷᠡ᠎ᠨᠢ ᠬᠠᠨᠳᠤᠯᠭ᠋ᠠᠲᠤ ᠴᠢᠨᠠᠷ ᠵᠶ᠋ᠠᠷ ᠳᠤᠲᠠᠮᠠᠭ᠎ᠠᠴᠠ ᠪᠣᠯᠵᠤ ᠠᠯᠳᠠᠭ᠎ᠠ ᠭᠠᠷᠭ᠋ᠠᠭᠰᠠᠨ ᠰᠤᠷᠤᠭᠴᠢ ᠵᠢᠨ ᠠ᠋ᠭ᠌ᠳᠡᠭᠦᠴᠡᠯᠢ ᠬᠥᠷᠭᠡᠬᠦ᠎ᠪᠠᠷ ᠪᠠᠷᠠᠭ᠍ᠤ ᠦᠭᠡᠢ ᠠᠯᠳᠠᠭ᠎ᠠ ᠭᠠᠷᠭ᠋ᠠᠭᠰᠠᠨ ᠰᠤᠷᠤᠭᠴᠢ ᠵᠢ 《ᠲᠣᠬᠤᠢ ᠬᠤᠭᠤᠷᠠᠪᠠᠴᠤ ᠬᠠᠨᠴᠤᠢ ᠳᠣᠳᠤᠷ᠎ᠠ᠎ᠪᠠᠨ᠂ ᠲᠣᠯᠤᠭ᠋ᠠᠢ ᠰᠢᠯᠪᠤᠷᠠᠪᠠᠴᠤ ᠲᠣᠭᠤᠷᠴᠤᠭ ᠳᠣᠳᠤᠷ᠎ᠠ᠎ᠪᠠᠨ》 ᠭᠡᠬᠦ ᠪᠣᠳᠤᠯ᠎ᠲᠠᠢ ᠪᠣᠯᠭ᠋ᠠᠵᠤ ᠶᠣᠰᠤᠲᠠᠢ 《ᠨᠣᠬᠠᠢ ᠬᠤᠴᠠᠭ᠍ᠤᠪᠠᠷ ᠵᠶ᠋ᠠᠨ ᠬᠤᠴᠠᠵᠤ᠂ ᠲᠡᠮᠡᠭᠡ ᠶᠠᠪᠤᠬᠤ᠎ᠪᠠᠷ ᠵᠶ᠋ᠠᠨ ᠶᠠᠪᠤᠬᠤ》 ᠭᠡᠭᠦ ᠶᠠᠪᠤᠳᠠᠯ ᠪᠣᠯᠭ᠋ᠠᠳᠠᠭ᠃ ᠠ᠋ᠶ᠋ᠢᠮᠦ᠎ᠠᠴᠠ ᠰᠢᠭᠦᠮᠵᠢᠯᠡᠯ᠎ᠨᠢ ᠠ᠋ᠷᠬᠡᠪᠰᠢ ᠬᠠᠷᠠᠯᠲᠠ᠎ᠲᠠᠢ᠎ᠪᠠᠷ ᠰᠤᠮᠤ ᠬᠠᠷᠪᠤᠨ᠂ ᠨᠡᠶ᠋ᠢᠲᠡᠯᠢᠭ ᠬᠦᠮᠦᠨ ᠪᠣᠶᠤ ᠬᠡᠷᠡᠭ ᠤᠴᠢᠷ᠎ᠢ ᠵᠦᠪ ᠲᠣᠳᠤᠷᠬᠠᠶ᠋ᠢᠯᠠᠵᠤ᠂ ᠠᠯᠳᠠᠭ᠎ᠠ᠎ᠨᠢ ᠬᠠᠮᠢᠭ᠎ᠠ ᠪᠠᠶ᠋ᠢᠬᠤ᠂ ᠠᠯᠳᠠᠭ᠎ᠠ ᠭᠠᠷᠭ᠋ᠠᠭᠰᠠᠨ ᠤᠴᠢᠷ ᠰᠢᠯᠲᠠᠭ᠋ᠠᠨ᠂ ᠬᠤᠣᠷ ᠬᠦᠨᠦᠭᠡᠯ ᠨᠢ ᠶᠠᠭᠤ ᠪᠣᠯᠬᠤ ᠵᠢ ᠵᠢᠭ᠋ᠠᠨ ᠭᠠᠷᠭ᠋ᠠᠵᠤ᠂ ᠡᠪᠡᠳᠴᠢᠨ᠎ᠳᠤ᠎ᠨᠢ ᠲᠣᠬᠢᠷᠠᠭᠤᠯᠵᠤ ᠡᠮ ᠲᠠᠯᠪᠢᠬᠤ ᠠᠷᠭ᠎ᠠ᠎ᠪᠠᠷ ᠵᠠᠰᠠᠵᠤ ᠰᠤᠷᠭ᠋ᠠᠬᠤ ᠬᠡᠷᠡᠭᠲᠡᠢ᠃
ᠭᠤᠷᠪᠠ᠂ ᠰᠢᠭᠦᠮᠵᠢᠯᠡᠯ ᠬᠢᠬᠦ᠎ᠳᠤ᠎ᠪᠠᠨ ᠵᠣᠬᠢᠬᠤ ᠬᠡᠮᠵᠢᠶᠡᠨ᠎ᠤ ᠴᠢᠯᠦᠭᠡᠲᠦ ᠣᠷᠤᠨ ᠵᠠᠢ ᠵᠢ ᠦᠯᠡᠳᠡᠭᠡᠵᠥ ᠦᠭᠬᠦ ᠬᠡᠷᠡᠭᠲᠡᠢ᠃ ᠪᠠᠭᠰᠢ ᠪᠣᠯᠤᠭᠰᠠᠳ ᠰᠤᠷᠤᠭᠴᠢ ᠵᠢ ᠰᠢᠭᠦᠮᠵᠢᠯᠡᠬᠦ ᠳᠤ᠎ᠪᠠᠨ ᠬᠠᠶ᠋ᠢᠷᠠᠯᠠᠵᠤ ᠬᠦᠨᠳᠦᠳᠭᠡᠬᠦ ᠠ᠋ᠭᠦᠳᠡᠨ᠎ᠠᠴᠠ ᠣᠴᠢᠵᠤ ᠬᠠᠨᠳᠤᠬᠤ ᠬᠡᠷᠡᠭᠲᠡᠢ᠃ ᠠᠯᠳᠠᠭ᠎ᠠ ᠭᠠᠷᠭ᠋ᠠᠭᠰᠠᠨ ᠰᠤᠷᠤᠭᠴᠢ᠎ᠳᠤ ᠠᠯᠳᠠᠭ᠎ᠠ ᠪᠤᠷᠤᠭᠤ᠎ᠪᠠᠨ ᠰᠡᠷᠡᠨ ᠮᠡᠳᠡᠷᠡᠬᠦ᠂ ᠬᠠᠯᠠᠨ ᠰᠠᠶ᠋ᠢᠵᠢᠷᠠᠭᠤᠯᠬᠤ ᠵᠠᠪᠰᠢᠶᠠᠨ ᠳᠣᠬᠢᠶᠠᠯ᠎ᠢ ᠣᠯᠭᠤᠬᠤ ᠬᠡᠷᠡᠭᠲᠡᠢ᠃ ᠰᠤᠷᠤᠭᠴᠢ ᠵᠢᠨ ᠨᠡᠷᠡᠯᠬᠡᠤ ᠰᠡᠳᠭᠢᠯ᠎ᠢ᠎ᠨᠢ ᠬᠦᠨᠳᠦᠳᠭᠡᠨ ᠴᠠᠭ ᠬᠤᠭᠤᠴᠠᠭ᠎ᠠ᠂ ᠭᠠᠵᠠᠷ ᠣᠷᠤᠨ᠂ ᠤᠷᠮ᠎ᠠ ᠰᠡᠳᠭᠢᠯᠭᠡ ᠵᠢ᠎ᠨᠢ ᠠᠩᠬᠠᠷᠴᠤ᠂ ᠬᠠᠮᠲᠦ ᠨᠦᠬᠦᠳ ᠲᠠᠨᠢᠯ ᠳᠠᠰᠤᠯ ᠬᠦᠮᠦᠰ᠎ᠤᠨ ᠠ᠋ᠮᠦᠨ᠎ᠡ ᠰᠢᠭᠦᠮᠵᠢᠯᠡᠬᠦ ᠦᠭᠡᠢ ᠪᠣᠯ ᠬᠠᠮᠤᠭ ᠰᠠᠶ᠋ᠢᠨ ᠪᠠᠶ᠋ᠢᠳᠠᠭ᠃ ᠠᠷᠠᠳ᠎ᠤᠨ ᠵᠦᠢ᠍ᠷ ᠰᠡᠴᠡᠨ ᠦᠭᠡᠨ᠎ᠳᠤ 《ᠤᠬᠠᠭ᠋ᠠᠨ᠎ᠲᠠᠢ ᠬᠦᠮᠦᠨ᠎ᠢ ᠤᠬᠤᠶ᠋ᠢᠵᠤ ᠬᠠᠷᠠᠪᠠᠴᠤ ᠮᠡᠳᠡᠴᠢᠭᠡᠨ᠎ᠡ》 ᠭᠡᠳᠡᠭ ᠵᠶ᠋ᠠᠷ ᠪᠠᠭᠰᠢ ᠬᠦᠮᠦᠨ ᠨᠢᠳᠦᠨ ᠬᠠᠷᠠᠴᠠ᠎ᠪᠠᠷ ᠵᠶ᠋ᠠᠨ ᠬᠠᠶ᠋ᠢᠷ᠎ᠠ᠎ᠪᠠᠨ ᠢᠯᠡᠳᠭᠡᠵᠦ ᠲᠡᠭᠦᠨ᠎ᠳᠤ ᠰᠡᠷᠡᠮᠵᠢ ᠰᠡᠩᠭᠡᠷᠡᠭᠦᠯᠦᠯ ᠦᠭᠴᠦ᠂ ᠬᠤᠵᠢᠮ ᠬᠤᠶ᠋ᠢᠰᠢᠲᠠ ᠳᠠᠪᠰᠢᠵᠤ ᠤᠷᠤᠭᠰᠢᠯᠠᠭ᠍ᠤ ᠵᠣᠷᠢᠬ᠍ᠵᠢᠭᠤᠯᠤᠯ ᠣᠯᠭᠤᠬᠤ ᠬᠡᠷᠡᠭᠲᠡᠢ᠃ 《ᠰᠢᠪᠡᠷᠡᠭᠡ ᠬᠤᠷ᠎ᠠ ᠶᠡᠷᠦ᠎ᠠᠴᠠ᠎ᠪᠠᠨ ᠪᠣᠷᠤᠭ᠋ᠠᠨ᠎ᠠᠴᠠ ᠰᠢᠮ᠎ᠡ᠎ᠲᠠᠢ》 ᠭᠡᠳᠡᠭᠴᠢᠯᠡᠨ ᠴᠦᠬᠡᠨ ᠪᠣᠰᠤ ᠠᠯᠳᠠᠭ᠎ᠠ ᠭᠠᠷᠭ᠋ᠠᠭᠰᠠᠨ ᠰᠤᠷᠤᠭᠴᠢ᠂ ᠪᠠᠭᠰᠢ ᠵᠢᠨ ᠠᠭᠤᠳᠠᠮ ᠪᠠᠭᠳᠠᠭ᠋ᠠᠮᠵᠢ᠎ᠲᠠᠢ ᠰᠡᠳᠭᠢᠯ᠎ᠳᠤ ᠤᠶᠠᠰᠴᠤ ᠭᠡᠮᠰᠢᠨ ᠤᠬᠠᠭ᠋ᠠᠷᠠᠵᠤ᠂ ᠥᠪᠡᠷ᠎ᠢ᠎ᠪᠠᠨ ᠲᠠᠰᠤᠷᠠᠯᠲᠠ ᠦᠭᠡᠢ ᠬᠠᠯᠠᠨ ᠰᠠᠶ᠋ᠢᠵᠢᠷᠠᠭᠤᠯᠬᠤ ᠵᠠᠩ ᠳᠠᠳᠬᠠᠯ᠎ᠲᠠᠢ ᠪᠣᠯᠳᠠᠭ᠃ ᠠ᠋ᠭᠦᠨ᠎ᠤ ᠠ᠋ᠰᠡᠷᠬᠦ᠎ᠪᠠᠷ ᠪᠠᠭᠰᠢ ᠬᠡᠷᠪᠡ ᠰᠤᠷᠤᠭᠴᠢ ᠵᠢᠨ ᠠᠯᠳᠠᠭ᠎ᠠ ᠪᠤᠷᠤᠭᠤ ᠵᠢ ᠢᠯᠳᠠᠷ ᠬᠠᠶᠠᠭ᠍ᠤ ᠦᠭᠡᠢ ᠬᠡᠯᠡᠵᠦ᠂ ᠦᠴᠦᠬᠡᠨ ᠪᠤᠷᠤᠭᠤ ᠵᠢ᠎ᠨᠢ ᠦᠷᠬᠦᠯᠵᠢ ᠳᠣᠩᠭᠤᠳᠤᠭ᠋ᠠᠳ ᠪᠠᠶ᠋ᠢᠳᠠᠭ ᠶᠤᠮ ᠪᠣᠯ ᠲᠡᠳᠡᠨᠡᠷ᠎ᠤᠨ ᠥᠪᠡᠷ᠎ᠢ᠎ᠪᠠᠨ ᠬᠦᠮᠦᠵᠢᠭᠦᠯᠬᠦ ᠴᠢᠳᠠᠪᠤᠷᠢ ᠵᠢ ᠦᠭᠡᠶ᠋ᠢᠰᠭᠡᠵᠦ᠂ ᠠᠯᠳᠠᠭ᠎ᠠ᠎ᠪᠠᠨ ᠵᠠᠯᠠᠷᠠᠭᠤᠯᠬᠤ ᠵᠠᠪᠰᠢᠶᠠᠨ ᠳᠣᠬᠢᠶᠠᠯ ᠣᠯᠭᠤᠬᠤ ᠦᠭᠡᠢ ᠪᠣᠯ ᠲᠡᠳᠡᠨ᠎ᠤ ᠠ᠋ᠭ᠌ᠳᠡᠭᠦᠴᠡᠯᠢ ᠬᠦᠷᠭᠡᠵᠦ ᠰᠦᠷᠭᠡᠦ ᠰᠡᠳᠭᠢᠴᠡ ᠵᠢ ᠠ᠋ᠭᠦᠰᠭᠡᠵᠦ ᠮᠡᠳᠡᠨ᠎ᠡ᠃ ᠠ᠋ᠭᠦᠨ᠎ᠤ ᠳ᠋ᠦᠩ᠎ᠳᠤ ᠵᠣᠷᠢᠯᠭ᠎ᠠ᠎ᠲᠠᠢ᠎ᠪᠠᠷ ᠪᠠᠭᠰᠢ᠎ᠲᠠᠢ ᠦᠰᠢᠯᠳᠦᠵᠦ᠂ ᠬᠡᠷᠡᠭ ᠤᠴᠢᠷ ᠪᠣᠯᠭ᠋ᠠᠨ᠎ᠳᠤ ᠪᠠᠭᠰᠢ ᠵᠢᠨ ᠦᠭᠡ ᠵᠢ ᠰᠤᠨᠤᠰᠬᠤ ᠦᠭᠡᠢ ᠬᠠᠷᠰᠢᠯᠳᠤᠬᠤ ᠪᠠᠶ᠋ᠢᠳᠠᠯ ᠭᠠᠷᠴᠤ ᠮᠡᠳᠡᠨ᠎ᠡ᠃ ᠠ᠋ᠶ᠋ᠢᠮᠦᠷᠬᠦᠦ ᠰᠢᠭᠦᠮᠵᠢᠯᠡᠯ ᠪᠣᠯ ᠶᠠᠮᠠᠷ ᠴᠤ᠌ ᠦᠷ᠎ᠡ ᠳ᠋ᠦᠩ ᠦᠭᠡᠢ ᠮᠦᠷᠳᠡᠭᠡᠨ ᠢᠯᠠᠭᠳᠠᠭᠰᠠᠨ ᠰᠢᠭᠦᠮᠵᠢᠯᠡᠯ᠎ᠳᠤ ᠲᠣᠭ᠋ᠠᠴᠠᠭᠳᠠᠨ᠎ᠠ᠃ ᠵᠢᠱ᠌ᠢᠶᠡᠯᠡᠪᠡᠯ᠂ ᠤᠤᠯ᠎ᠨᠢ ᠮᠠᠨ᠎ᠤ ᠠᠩᠭᠢ ᠵᠢᠨ ᠨᠢᠭᠡ ᠠ᠋ᠷᠡᠭᠲᠡᠢ ᠰᠤᠷᠤᠭᠴᠢ ᠵᠢ ᠬᠠᠮᠲᠦ ᠨᠦᠬᠦᠳ᠎ᠨᠢ ᠵᠦᠪᠬᠡᠨ ᠰᠠᠬᠢᠯᠭ᠎ᠠ ᠪᠠᠲᠤ ᠵᠢᠨ ᠲᠠᠯ᠎ᠠ᠎ᠪᠠᠷ ᠵᠢᠭ᠋ᠠᠬᠠᠨ ᠰᠤᠯᠠ ᠵᠠᠳᠠᠭ᠋ᠠᠢ᠎ᠠᠴᠠ ᠥᠭᠡᠷ᠎ᠡ ᠳᠤᠳᠠᠭᠳᠠᠯ ᠦᠭᠡᠢ ᠭᠡᠵᠦ ᠬᠡᠯᠡᠳᠡᠭ᠃ ᠨᠢᠭᠡ ᠤᠳᠠᠭ᠋ᠠᠨ᠎ᠤ ᠮᠢᠨᠦ ᠮᠣᠩᠭᠤᠯ ᠬᠡᠯᠡᠨ ᠤ ᠬᠢᠴᠢᠶᠡᠯ ᠳᠡᠭᠡᠷ᠎ᠡ ᠪᠢ ᠶᠠᠭ ᠵᠣᠬᠢᠶᠠᠯ᠎ᠤᠨ ᠠᠭᠤᠯᠭ᠎ᠠ ᠲᠠᠶ᠋ᠢᠯᠪᠤᠷᠢᠯᠠᠵᠤ ᠪᠠᠶ᠋ᠢᠲᠠᠯ᠎ᠠ ᠠ᠋ᠭᠦᠳᠡ 《ᠲᠦᠩ》 ᠭᠡᠵᠦ ᠲᠦᠯᠬᠢᠭᠳᠡᠨ ᠨᠡᠭᠡᠭᠡᠭᠳᠡᠵᠦ ᠲᠡᠷᠡ ᠰᠤᠷᠤᠭᠴᠢ ᠣᠷᠤᠵᠤ ᠢᠷᠡᠪᠡ᠃ ᠪᠢ ᠶᠠᠭᠤ ᠴᠤ᠌ ᠮᠡᠳᠡᠭᠰᠡᠨ ᠦᠭᠡᠢ ᠰᠢᠭ ᠲᠡᠭᠦᠨ᠎ᠢ ᠣᠷᠤᠨ᠎ᠳᠤ᠎ᠪᠠᠨ ᠣᠴᠢᠵᠤ ᠰᠠᠭᠤ ᠭᠡᠰᠡᠨ ᠳᠣᠬᠢᠶ᠎ᠠ ᠥᠭᠪᠡ᠃ ᠠᠭᠤᠯᠭ᠎ᠠ᠎ᠪᠠᠨ ᠲᠠᠶ᠋ᠢᠯᠪᠤᠷᠢᠯᠠᠵᠤ ᠪᠠᠷᠠᠭ᠋ᠠᠳ ᠪᠢ ᠵᠣᠷᠢᠯᠭ᠎ᠠ᠎ᠲᠠᠢ᠎ᠪᠠᠷ ᠲᠡᠭᠦᠨ᠎ᠤ ᠳᠡᠷᠭᠡᠳᠡ ᠣᠴᠢᠬᠤ᠎ᠳᠤ ᠲᠡᠷᠡ ᠬᠤᠷᠳᠤᠬᠠᠨ ᠲᠣᠯᠤᠭ᠋ᠠᠢ᠎ᠪᠠᠨ ᠪᠥᠬᠦᠶ᠋ᠢᠯᠭᠡᠪᠡ᠃ ᠠᠩᠬᠠᠨ᠎ᠤ ᠢᠯᠡᠷᠡᠯ ᠪᠠ ᠰᠠᠶᠢ ᠵᠢᠨ ᠬᠦᠳᠡᠯᠦᠯ ᠪᠠᠶ᠋ᠢᠳᠠᠯ᠎ᠠᠴᠠ᠎ᠨᠢ ᠦᠵᠡᠬᠦ᠎ᠳᠤ ᠲᠡᠭᠦᠨ᠎ᠤ ᠪᠤᠷᠤᠭᠤ᠎ᠪᠠᠨ ᠰᠡᠷᠡᠨ ᠮᠡᠳᠡᠷᠡᠭᠰᠡᠨᠢ ᠤᠶ᠋ᠢᠯᠠᠭ᠋ᠠᠭᠰᠠᠨ ᠲᠤᠯᠠ ᠲᠡᠭᠦᠨ᠎ᠢ ᠰᠢᠭᠦᠮᠵᠢᠯᠡᠭᠰᠡᠨ ᠦᠭᠡᠢ᠎ᠪᠠᠷ ᠦᠩᠭᠡᠷᠡᠭᠡᠪᠡ᠃ ᠠ᠋ᠢ᠍ᠢ᠍ᠮᠦᠷᠭᠦᠦ ᠲᠡᠷᠡ ᠰᠤᠷᠤᠭᠴᠢ ᠵᠢᠨ ᠣᠰᠤᠯ ᠪᠤᠷᠤᠭᠤ᠎ᠳᠤ 《ᠴᠢᠯᠦᠭᠡᠲᠦ ᠣᠷᠤᠨ ᠵᠠᠢ ᠵᠢ ᠦᠯᠡᠳᠡᠭᠡᠬᠦ》᠎ᠨᠢ ᠳᠠᠭᠤᠨ᠎ᠲᠠᠢ ᠰᠢᠭᠦᠮᠵᠢᠯᠡᠯ ᠬᠢᠭᠰᠡᠨ᠎ᠠᠴᠠ ᠨᠡᠩ ᠰᠠᠶ᠋ᠢᠨ ᠦᠷ᠎ᠡ ᠳ᠋ᠦᠩ᠎ᠢ ᠣᠯᠳᠠᠭ ᠪᠠᠶ᠋ᠢᠨ᠎ᠠ᠃
ᠳᠥᠷᠪᠡ᠂ ᠰᠢᠭᠦᠮᠵᠢᠯᠡᠯ ᠬᠢᠬᠦ᠎ᠳᠤ᠎ᠪᠠᠨ ᠳᠤᠲᠠᠭᠤ ᠰᠢᠭᠦᠮᠵᠢᠯᠡᠵᠦ ᠢᠯᠡᠭᠦᠦ ᠵᠣᠷᠢᠬ᠍ᠵᠢᠭᠤᠯᠬᠤ ᠠᠷᠭ᠎ᠠ ᠵᠢ ᠤᠶᠠᠯᠳᠤᠭᠤᠯᠤᠨ ᠬᠡᠷᠡᠭᠯᠡᠬᠦ ᠬᠡᠷᠡᠭᠲᠡᠢ᠃ ᠰᠢᠭᠦᠮᠵᠢᠯᠡᠯ ᠪᠠ ᠵᠣᠷᠢᠬ᠍ᠵᠢᠭᠤᠯᠤᠯ᠎ᠳᠤ ᠵᠦᠢ ᠵᠣᠬᠢᠰᠲᠠᠢ ᠰᠢᠭᠦᠮᠵᠢᠯᠡᠯ ᠴᠠᠭ ᠢᠮᠠᠭᠲᠠ ᠪᠠᠶ᠋ᠢᠬᠤ᠎ᠪᠠᠷ ᠪᠠᠷᠠᠭ᠍ᠤ ᠦᠭᠡᠢ᠂ ᠵᠦᠢ ᠵᠣᠬᠢᠰᠲᠠᠢ ᠵᠣᠷᠢᠬ᠍ᠵᠢᠭᠤᠯᠤᠯ᠎ᠨᠢ ᠨᠡᠩ ᠴᠤ᠌ ᠴᠠᠭ ᠢᠮᠠᠭᠲᠠ ᠪᠠᠶ᠋ᠢᠬᠤ ᠬᠡᠷᠡᠭᠲᠡᠢ᠃ ᠣᠳᠣ ᠵᠢᠨ ᠪᠣᠲᠠᠳᠠᠢ ᠪᠠᠶ᠋ᠢᠳᠠᠯ᠎ᠠᠴᠠ ᠦᠵᠡᠪᠡᠯ᠂ ᠣᠯᠠᠩᠬᠢ ᠪᠠᠭᠰᠢ ᠨᠠᠷ ᠰᠤᠷᠤᠭᠴᠢᠳ᠎ᠢ ᠰᠤᠷᠭ᠋ᠠᠨ ᠬᠦᠮᠦᠵᠢᠭᠦᠯᠬᠦ᠎ᠳᠤ᠎ᠪᠠᠨ ᠰᠢᠭᠦᠮᠵᠢᠯᠡᠯ᠎ᠢ ᠢᠯᠡᠬᠦᠦ ᠠᠪᠬᠤ ᠳᠤᠷᠠᠲᠠᠢ ᠪᠠᠶ᠋ᠢᠵᠤ᠂ ᠢᠯᠡᠭᠦᠦ ᠵᠣᠷᠢᠬ᠍ᠵᠢᠭᠤᠯᠵᠤ ᠰᠤᠷᠭ᠋ᠠᠬᠤ ᠠᠷᠭ᠎ᠠ ᠵᠢ ᠤᠮᠳᠤᠭ᠋ᠠᠶ᠋ᠢᠯᠠᠵᠤ ᠪᠠᠶ᠋ᠢᠳᠠᠭ᠃ ᠰᠢᠭᠦᠮᠵᠢᠯᠡᠯ᠎ᠢ ᠢᠯᠡᠭᠦᠦ ᠬᠡᠷᠡᠭᠯᠡᠭᠡᠳ ᠪᠠᠶ᠋ᠢᠪᠠᠯ ᠰᠤᠷᠤᠭᠴᠢᠳ᠎ᠤᠨ ᠰᠤᠷᠤᠯᠴᠠᠭ᠍ᠤ ᠤᠷᠮ᠎ᠠ ᠵᠣᠷᠢᠭ᠎ᠢ᠎ᠨᠢ ᠬᠤᠭᠤᠯᠵᠤ᠂ ᠪᠠᠭᠰᠢ ᠰᠤᠷᠤᠭᠴᠢᠳ᠎ᠤᠨ ᠬᠠᠷᠢᠴᠠᠭ᠎ᠠ ᠵᠢ ᠬᠡᠪ᠎ᠤᠨ ᠪᠣᠰᠤ ᠪᠠᠶ᠋ᠢᠳᠠᠯ᠎ᠳᠤ ᠣᠷᠤᠭᠤᠯᠳᠠᠭ ᠲᠤᠯᠠ ᠠ᠋ᠶ᠋ᠢᠮᠦᠷᠬᠦᠤ ᠠᠷᠭ᠎ᠠ ᠵᠢ ᠬᠡᠷᠡᠭᠯᠡᠵᠦ ᠪᠣᠯᠬᠤ ᠦᠭᠡᠢ᠃ ᠮᠠᠨ᠎ᠤ ᠵᠠᠷᠢᠮ ᠪᠠᠭᠰᠢ ᠣᠰᠤᠯ ᠪᠤᠷᠤᠭᠤ ᠭᠠᠷᠭ᠋ᠠᠭᠰᠠᠨ ᠰᠤᠷᠤᠭᠴᠢ ᠵᠢ ᠠᠵᠢᠯᠯᠠᠭ᠍ᠤ ᠭᠡᠷ᠎ᠲᠤ᠎ᠪᠠᠨ ᠠᠪᠠᠴᠢᠵᠤ ᠠᠰᠠᠭᠤᠯᠲᠠ ᠵᠢᠨ ᠮᠠᠶᠢᠭ ᠵᠶ᠋ᠠᠷ ᠰᠢᠭᠦᠮᠵᠢᠯᠡᠳᠡᠭ᠃ ᠪᠠᠭᠰᠢ᠎ᠠᠴᠠ ᠨᠢᠭᠡ ᠪᠣᠶᠤ ᠬᠡᠳᠦᠨ ᠰᠤᠷᠤᠭᠴᠢ ᠵᠢᠨ ᠠᠯᠳᠠᠭ᠎ᠠ ᠳᠤᠳᠠᠭᠳᠠᠯ ᠭᠠᠷᠭ᠋ᠠᠭᠰᠠᠨ᠎ᠢ ᠰᠣᠨᠤᠰᠤᠮᠠᠭᠴᠠ ᠠᠩᠭᠢ ᠵᠢᠨ ᠳᠠᠷᠤᠭ᠎ᠠ᠎ᠪᠠᠷ ᠵᠶ᠋ᠠᠨ ᠳᠠᠭᠤᠳᠠᠭᠤᠯᠵᠤ᠂ ᠰᠤᠷᠤᠭᠴᠢ᠎ᠲᠠᠢ ᠨᠢᠭᠤᠷ ᠤᠴᠠᠷᠠᠮᠠᠭᠴᠠ᠄ 《ᠴᠢ ᠶᠠᠭᠤᠨ᠎ᠳᠤ ᠢᠩᠭᠢᠵᠦ ᠠᠭ᠋ᠠᠰᠢᠯᠠᠵᠤ ᠪᠠᠶ᠋ᠢᠬᠤ ᠪᠣᠢ? ᠢᠩᠭᠢᠭᠡᠳ ᠲᠠᠭ᠋ᠠᠷᠠᠨ᠎ᠠ ᠤᠤ?》 ᠭᠡᠵᠦ ᠤᠭᠰᠠᠷᠠᠭᠤᠯᠤᠨ ᠠᠰᠠᠭᠤᠵᠤ᠂ ᠴᠢᠷᠠᠢ ᠪᠠᠷᠤᠶ᠋ᠢᠯᠭ᠋ᠠᠨ ᠳᠡᠭᠡᠷ᠎ᠡ ᠳᠠᠭᠤ᠎ᠪᠠᠷ ᠰᠢᠭᠦᠮᠵᠢᠯᠡᠨ ᠭᠠᠷᠳᠠᠭ᠃ ᠠ᠋ᠨᠡ᠎ᠨᠢ ᠬᠡᠷᠡᠭ ᠳᠡᠭᠡᠷ᠎ᠡ ᠪᠠᠨ ᠠᠭ᠋ᠠᠰᠢᠯᠠᠭᠰᠠᠨ ᠰᠤᠷᠤᠭᠴᠢ ᠵᠢ ᠲᠣᠬᠠᠢ ᠵᠢᠨ ᠴᠠᠭᠲᠤᠨᠢ ᠣᠯᠠᠨ᠎ᠤ ᠳᠤᠮᠳᠠ᠎ᠠᠴᠠ ᠪᠠᠶ᠋ᠢᠴᠠᠭ᠋ᠠᠨ ᠰᠣᠳᠤᠯᠤᠭᠰᠠᠨ ᠦᠭᠡᠢ ᠲᠤᠯᠠ ᠪᠠᠭᠰᠢ ᠠᠰᠠᠭᠤᠨ ᠰᠤᠷᠤᠭᠴᠢ ᠬᠠᠷᠢᠭᠤᠯᠤᠨ ᠬᠡᠷᠡᠭ ᠶᠠᠪᠤᠳᠠᠯ ᠲᠣᠳᠤᠷᠬᠠᠢ ᠦᠭᠡᠢ ᠪᠣᠯᠳᠠᠭ᠃ ᠵᠠᠷᠢᠮ ᠳᠤ᠎ᠪᠠᠨ ᠬᠡᠯᠡ ᠠᠮᠠ᠎ᠨᠢ ᠬᠤᠷᠴᠠ ᠰᠢᠬ ᠰᠤᠷᠤᠭᠴᠢ ᠠᠯᠢᠪᠠ ᠬᠡᠷᠡᠭ᠎ᠢ ᠪᠣᠰᠤᠳ᠎ᠤᠨ ᠵᠦᠭ ᠲᠦᠯᠬᠢᠵᠦ᠂ ᠪᠠᠯᠠᠷᠬᠠᠢ ᠪᠣᠯᠭ᠋ᠠᠨ ᠬᠠᠶᠠᠵᠤ᠂ ᠰᠤᠷᠤᠭᠴᠢ ᠰᠤᠷᠤᠭᠴᠢ ᠬᠤᠭᠤᠷᠤᠨᠳᠤ᠎ᠪᠠᠨ ᠶᠠᠮᠠᠷ ᠨᠢᠭᠡᠨ ᠪᠤᠷᠤᠭᠤ ᠶᠠᠪᠤᠳᠠᠯ᠎ᠢ ᠬᠦᠯᠢᠶᠡᠨ ᠠᠪᠬᠤ ᠬᠦᠮᠦᠨ ᠦᠭᠡᠢ ᠪᠣᠯᠵᠤ ᠮᠠᠷᠭᠤᠭ᠋ᠠᠨ ᠠ᠋ᠭᠦᠰᠴᠦ ᠠ᠋ᠬᠢᠯᠡᠳᠡᠭ᠃ ᠢᠩᠭᠢᠬᠦ ᠲᠣᠰᠤᠮ ᠪᠠᠭᠰᠢ᠎ᠠᠴᠠ ᠤᠯᠠᠮ ᠰᠠᠨᠳᠤᠷᠴᠤ᠄ 《ᠴᠣᠬᠤᠮ ᠬᠡᠨ᠎ᠨᠢ ᠤᠷᠢᠳᠠᠪᠠᠷ ᠬᠡᠷᠡᠭ᠎ᠢ ᠰᠡᠲᠦᠭᠰᠡᠨ ᠪᠣᠢ?》 ᠭᠡᠵᠦ ᠮᠦᠨ ᠯᠡ ᠠᠰᠠᠭᠤᠯᠲᠠ ᠳᠤᠷᠠᠳᠤᠨ ᠠ᠋ᠬᠢᠯᠡᠳᠡᠭ᠃ ᠠ᠋ᠰᠡᠭᠦᠯ᠎ᠡ ᠶᠡᠷᠦ ᠵᠢᠨ ᠴᠠᠭ᠎ᠲᠤ ᠠᠯᠢᠶ᠎ᠠ ᠰᠢᠬ ᠰᠤᠷᠤᠭᠴᠢ ᠵᠢ ᠠ᠋ᠨᠡ ᠤᠳᠠᠭ᠋ᠠᠨ᠎ᠤ ᠵᠦᠪ ᠪᠤᠷᠤᠭᠤ ᠵᠢ ᠬᠠᠶ᠋ᠢᠬᠤᠷᠤᠯ ᠦᠭᠡᠢ 《ᠪᠠᠰᠠ ᠯᠠ ᠴᠢ ᠬᠡᠷᠡᠭ᠎ᠢ ᠲᠠᠲᠠᠪᠠ?》 ᠭᠡᠵᠦ ᠳ᠋ᠦᠩᠨᠡᠯᠲᠡ ᠦᠭᠴᠢᠭᠡᠳᠡᠭ᠃ ᠬᠤᠷᠴᠠ ᠰᠢᠷᠦᠭᠦᠨ ᠠᠰᠠᠭᠤᠯᠲᠠ ᠬᠠᠷᠢᠭᠤᠯᠲᠠ ᠵᠢᠨ 《ᠰᠢᠭᠦᠯᠲᠡ》᠎ᠪᠠᠷ ᠳᠠᠮᠵᠢᠵᠤ᠂ ᠬᠡᠷᠡᠭ ᠶᠠᠪᠤᠳᠠᠯ ᠪᠠᠭ᠍ᠠᠨ ᠲᠣᠳᠣᠷᠬᠠᠢ ᠪᠣᠯᠤᠭᠰᠠᠨ᠎ᠤ ᠰᠡᠭᠦᠯᠡᠷ᠂ ᠮᠠᠨ᠎ᠤ ᠵᠠᠷᠢᠮ ᠴᠦᠬᠡᠨ ᠲᠣᠭ᠋ᠠᠨ᠎ᠤ ᠪᠠᠭᠰᠢ᠎ᠠᠴᠠ ᠠᠯᠳᠠᠭ᠎ᠠ ᠶᠡᠬᠡᠲᠡᠢ ᠰᠤᠷᠤᠭᠴᠢ ᠵᠢ ᠶᠡᠷᠦᠩᠬᠡᠢ ᠳᠤ᠎ᠪᠠᠨ 《ᠨᠢᠰᠤ᠎ᠪᠠᠨ ᠭᠤᠭᠤᠵᠢᠭᠤᠯᠤᠭ᠋ᠠᠳ᠂ ᠲᠣᠯᠤᠭ᠋ᠠᠢ ᠤᠨᠵᠠᠶ᠋ᠢᠯᠭ᠋ᠠᠭ᠋ᠠᠳ ᠁》᠂ 《ᠳᠦᠷᠪᠡᠨ ᠮᠦᠴᠢ ᠴᠢᠨᠢ ᠬᠦᠭᠵᠢᠬᠦ᠎ᠠᠴᠠ ᠪᠢᠰᠢ ᠲᠠᠷᠢᠬᠢ᠎ᠨᠢ ᠬᠦᠭᠵᠢᠬᠦ ᠦᠭᠡᠢ ᠁》 ᠭᠡᠵᠦ ᠰᠢᠭᠦᠮᠵᠢᠯᠡᠬᠦ ᠪᠣᠶᠤ ᠠ᠋ᠰᠡᠭᠦᠯ᠎ᠡ ᠦᠭᠡ ᠳᠠᠭᠤᠨ ᠦᠭᠡᠢ᠎ᠪᠠᠷ ᠠᠯᠪᠠᠨ ᠭᠡᠷ᠎ᠤᠨ ᠵᠶ᠋ᠠᠨ ᠭᠤᠲᠤᠮᠵᠢ᠎ᠳᠤ ᠤᠷᠲᠤ ᠴᠠᠭ ᠵᠶ᠋ᠠᠷ ᠵᠣᠭᠰᠤᠭ᠋ᠠᠬᠤ᠂ ᠪᠠᠭᠰᠢ ᠨᠠᠷ᠎ᠤᠨ ᠠ᠋ᠮᠦᠨ᠎ᠡ ᠰᠢᠨ᠎ᠡ ᠬᠠᠭᠤᠴᠢᠨ ᠶᠠᠷ᠎ᠠ ᠰᠢᠷᠬ᠎ᠠ ᠵᠢ᠎ᠨᠢ ᠮᠠᠯᠲᠠᠵᠤ ᠨᠢᠭᠤᠷ᠎ᠢ᠎ᠨᠢ ᠤᠯᠠᠶ᠋ᠢᠯᠭ᠋ᠠᠵᠤ ᠨᠠᠰᠢ ᠴᠠᠰᠢ ᠴᠢᠴᠢᠵᠦ ᠮᠠᠭᠤ ᠣᠪᠤᠷ ᠰᠤᠷᠲᠠᠯ ᠵᠶ᠋ᠠᠷ ᠬᠠᠨᠳᠤᠳᠠᠭ᠃ ᠳᠡᠭᠡᠷᠡᠬᠢ ᠮᠡᠲᠦ ᠵᠢᠨ ᠦᠵᠡᠭᠳᠡᠯ᠎ᠢ ᠰᠤᠷᠭ᠋ᠠᠨ ᠬᠦᠮᠦᠵᠢᠯ᠎ᠤᠨ ᠬᠠᠮᠢᠶ᠎ᠠ ᠪᠦᠬᠦᠢ ᠨᠣᠮ ᠪᠢᠴᠢᠭ᠎ᠲᠤ ᠠᠯᠢ ᠬᠡᠳᠦ᠎ᠶ᠋ᠢᠨ ᠦᠭᠡᠶ᠋ᠢᠰᠭᠡᠬᠦ ᠬᠡᠷᠡᠭᠲᠡᠢ ᠭᠡᠵᠦ ᠲᠣᠳᠤᠷᠬᠠᠢ ᠳᠤᠷᠠᠳᠴᠤ ᠦᠩᠭᠡᠷᠡᠭᠰᠡᠨ ᠪᠣᠯᠪᠠᠴᠤ ᠠ᠋ᠶ᠋ᠢᠮᠦᠷᠬᠦᠤ ᠦᠵᠡᠭᠳᠡᠯ ᠣᠳᠣ ᠪᠣᠯᠲᠠᠯ᠎ᠠ ᠤᠭ ᠦᠨᠳᠦᠰᠦ᠎ᠨᠢ ᠲᠠᠰᠤᠷᠠᠭ᠋ᠠᠳᠤᠢ ᠮᠦᠨ ᠯᠡ ᠨᠡᠶ᠋ᠢᠲᠡᠮ ᠣᠷᠤᠰᠢᠭᠰᠠᠭ᠋ᠠᠷ ᠪᠠᠶ᠋ᠢᠨ᠎ᠠ᠃ ᠪᠠᠭᠰᠢ᠎ᠠᠴᠠ ᠬᠠᠮᠤᠭ ᠡᠴᠦᠰ᠎ᠲᠤ᠄ 《ᠳᠠᠬᠢᠵᠤ ᠢᠩᠭᠢᠵᠦ ᠪᠣᠯᠬᠤ ᠦᠭᠡᠢ! ᠴᠢᠩᠭᠢᠵᠦ ᠪᠣᠯᠬᠤ ᠦᠭᠡᠢ!》᠂ 《ᠠᠩᠬᠠᠨ᠎ᠳᠤ᠎ᠪᠠᠨ ᠰᠤᠷᠤᠯᠭ᠎ᠠ ᠴᠢᠨᠢ ᠨᠡᠯᠢᠶᠡᠳ ᠰᠠᠢ᠍ᠢ᠍ᠨ ᠪᠠᠶ᠋ᠢᠭᠰᠠᠨ ᠶᠤᠮ᠂ ᠣᠳᠣ ᠠᠭ᠋ᠠᠰᠢᠯᠠᠭᠰᠠᠭ᠋ᠠᠷ ᠪᠠᠶ᠋ᠢᠭ᠋ᠠᠳ ᠳᠡᠭᠡᠷ᠎ᠡ ᠤᠳᠠᠭ᠋ᠠᠨ᠎ᠤ ᠰᠢᠯᠭ᠋ᠠᠯᠲᠠ᠎ᠠᠴᠠ᠎ᠪᠠᠨ ᠮᠠᠭᠤ ᠰᠢᠯᠭ᠋ᠠᠭᠰᠠᠨ ᠦᠭᠡᠢ ᠤᠤ?》 ᠁ ᠭᠡᠬᠦ ᠮᠡᠲᠦ ᠵᠢᠨ ᠬᠠᠭ᠋ᠠᠰ ᠰᠢᠭᠦᠮᠵᠢᠯᠡᠯ ᠬᠠᠭ᠋ᠠᠰ ᠵᠣᠷᠢᠬ᠍ᠵᠢᠭᠤᠯᠤᠯ ᠬᠡᠮᠡᠷ ᠶᠠᠭᠤᠮ᠎ᠠ ᠬᠡᠯᠡᠭᠡᠳ ᠠᠩᠭᠢ᠎ᠳᠤᠨᠢ ᠪᠤᠴᠠᠭ᠋ᠠᠴᠢᠬᠠᠳᠠᠭ᠃
ᠮᠠᠨ᠎ᠤ ᠵᠠᠷᠢᠮ ᠴᠦᠬᠡᠨ ᠲᠣᠭ᠋ᠠᠨ᠎ᠤ ᠪᠠᠭᠰᠢ ᠬᠢᠴᠢᠶᠡᠯ᠎ᠤᠨ ᠴᠠᠭ᠎ᠲᠤ ᠵᠣᠬᠢᠰ ᠦᠭᠡᠢ ᠦᠭᠡᠰ ᠵᠶ᠋ᠠᠷ ᠣᠰᠤᠯ ᠪᠤᠷᠤᠭᠤ ᠭᠠᠷᠭ᠋ᠠᠭᠰᠠᠨ ᠰᠤᠷᠤᠭᠴᠢ ᠵᠢ ᠰᠢᠭᠦᠮᠵᠢᠯᠡᠳᠡᠭ᠃ ᠵᠠᠷᠢᠮ ᠪᠠᠭᠰᠢ᠎ᠠᠴᠠ ᠠᠰᠠᠭᠤᠳᠠᠯ᠎ᠢ ᠬᠠᠷᠢᠭᠤᠯᠵᠤ ᠴᠢᠳᠠᠭ᠍ᠤ ᠦᠭᠡᠢ ᠪᠣᠶᠤ ᠠ᠋ᠰᠡᠭᠦᠯ᠎ᠡ 《ᠪᠠᠭ᠎ᠠ ᠬᠦᠳᠡᠯᠭᠡᠭᠡᠨ》 ᠬᠢᠵᠦ ᠪᠠᠶ᠋ᠢᠭ᠎ᠠ ᠰᠤᠷᠤᠭᠴᠢ ᠵᠢ ᠬᠢᠴᠢᠶᠡᠯ᠎ᠤᠨ ᠴᠠᠭ᠎ᠲᠤ ᠲᠡᠷᠡ ᠳᠠᠷᠤᠢ᠎ᠳᠤ᠎ᠨᠢ ᠨᠡᠷ᠎ᠡ ᠵᠢ᠎ᠨᠢ ᠵᠢᠭ᠋ᠠᠵᠤ ᠵᠣᠭᠰᠣᠭ᠋ᠠᠨ ᠰᠢᠭᠦᠮᠵᠢᠯᠡᠳᠡᠭ᠃ ᠵᠢᠱ᠌ᠢᠶᠡᠯᠡᠪᠡᠯ᠂ 《ᠴᠢ ᠶᠠᠭ᠋ᠠᠬᠢᠭ᠋ᠠᠳ ᠬᠡᠯᠡᠭᠡᠳ ᠮᠡᠳᠡᠬᠦ ᠦᠭᠡᠢ ᠪᠣᠢ?》᠂ 《ᠶᠠᠭ᠋ᠠᠬᠢᠵᠤ ᠠᠭ᠋ᠠᠰᠢᠯᠠᠵᠤ ᠪᠠᠶ᠋ᠢᠬᠤ ᠪᠣᠢ?》 ᠁ ᠭᠡᠵᠦ ᠨᠢᠭᠡ ᠵᠡᠷᠭᠡ ᠠᠰᠠᠭᠤᠴᠢᠬᠠᠭ᠋ᠠᠳ ᠦᠷᠭᠦᠯᠵᠢᠯᠡᠨ ᠬᠢᠴᠢᠶᠡᠯ ᠲᠠᠶ᠋ᠢᠯᠪᠤᠷᠢᠯᠠᠭ᠍ᠤ ᠵᠢᠨ ᠳᠠᠭ᠋ᠠᠤ ᠲᠡᠳᠡᠭᠡᠷ ᠰᠤᠷᠤᠭᠴᠢ᠎ᠠᠴᠠ ᠵᠣᠷᠢᠭᠤᠳᠠ ᠶᠠᠮᠠᠷ ᠨᠢᠭᠡᠨ ᠠᠰᠠᠭᠤᠳᠠᠯ᠎ᠢ ᠠᠰᠠᠭᠤᠭ᠋ᠠᠳ ᠠᠪᠳᠠᠭ᠃ ᠬᠠᠷᠢᠭᠤᠯᠤᠭ᠋ᠠᠳ ᠴᠢᠳᠠᠴᠢᠬᠠᠪᠠᠯ ᠪᠠᠰᠠ ᠭᠠᠶ᠋ᠢᠭᠤᠢ᠂ ᠬᠡᠷᠪᠡ ᠬᠠᠷᠢᠭᠤᠯᠵᠤ ᠴᠢᠳᠠᠭ᠍ᠤ ᠦᠭᠡᠢ ᠪᠣᠯ ᠪᠠᠭᠰᠢ᠎ᠠᠴᠠ ᠠᠭᠤᠷ ᠭᠢᠯᠢᠩ ᠪᠠᠳᠠᠷᠠᠨ᠄ 《ᠬᠢᠵᠦ ᠪᠠᠶ᠋ᠢᠭ᠎ᠠ ᠶᠠᠪᠤᠳᠠᠯ ᠵᠶ᠋ᠠᠨ ᠦᠵᠡ!》᠂ 《ᠶᠠᠭᠤ ᠴᠤ᠌ ᠴᠢᠳᠠᠭ᠍ᠤ ᠦᠭᠡᠢ ᠪᠠᠶ᠋ᠢᠭ᠋ᠠᠳ ᠠᠭ᠋ᠠᠰᠢᠯᠠᠭ᠍ᠤ ᠵᠢ ᠯᠡ ᠮᠡᠳᠡᠨ᠎ᠡ!》 ᠭᠡᠵᠦ ᠠᠭᠰᠤᠮᠨᠠᠨ ᠭᠠᠷᠳᠠᠭ᠃ ᠦᠨᠡᠨ᠎ᠳᠤ᠎ᠪᠠᠨ ᠪᠠᠭ᠎ᠠ ᠰᠤᠷᠭ᠋ᠠᠭᠤᠯᠢ ᠪᠤᠯᠤᠨ ᠠᠨᠭ᠌ᠬ᠎ᠠ ᠲᠤᠮᠳᠠᠳᠤ ᠵᠢᠨ ᠰᠤᠷᠤᠭᠴᠢᠳ ᠬᠢᠴᠢᠶᠡᠯ᠎ᠤᠨ ᠴᠠᠭ᠎ᠲᠤ ᠰᠡᠳᠭᠢᠯ ᠲᠦᠪᠯᠡᠷᠡᠭᠦᠯᠵᠦ ᠰᠣᠨᠤᠰᠬᠤ ᠬᠤᠭᠤᠴᠠᠭ᠎ᠠ ᠵᠦᠪᠬᠡᠨ 15 — 20 ᠮᠢᠨᠦ᠋ᠲ ᠯᠡ ᠪᠠᠶ᠋ᠢᠳᠠᠭ ᠭᠡᠳᠡᠭ᠎ᠢ ᠰᠠᠨᠠᠭ᠋ᠠᠨ᠎ᠳᠤ᠎ᠪᠠᠨ ᠠᠪᠬᠤ ᠬᠡᠷᠡᠭᠲᠡᠢ᠃ ᠶᠠᠭ ᠠ᠋ᠶ᠋ᠢᠮᠦ᠎ᠠᠴᠠ ᠪᠠᠭ᠎ᠠ ᠬᠡᠦᠬᠡᠳ᠎ᠤᠨ ᠵᠣᠬᠢᠬᠤ ᠬᠡᠪᠴᠢᠶᠡᠨ ᠳᠣᠳᠤᠷ᠎ᠠ 《ᠪᠠᠭ᠎ᠠ ᠬᠦᠳᠡᠯᠭᠡᠭᠡᠨ》 ᠬᠢᠬᠦ ᠵᠢ ᠵᠦᠪᠰᠢᠶᠡᠷᠡᠬᠦ ᠪᠣᠯ ᠵᠦᠢ ᠵᠣᠬᠢᠰᠲᠠᠢ ᠬᠡᠷᠡᠭ ᠶᠤᠮ᠃ ᠠ᠋ᠨᠡ ᠬᠦ᠌ ᠣᠬᠤᠷᠬᠠᠨ ᠬᠤᠭᠤᠴᠠᠭ᠋ᠠᠨ ᠳᠣᠳᠤᠷ᠎ᠠ ᠤᠯᠠᠮᠵᠢᠯᠠᠭ᠍ᠤ ᠮᠡᠳᠡᠯᠭᠡ᠎ᠪᠠᠨ ᠰᠢᠭᠦᠮᠵᠢᠯᠡᠯᠲᠡ ᠪᠠ ᠲᠠᠶ᠋ᠢᠯᠪᠤᠷᠢᠯᠠᠯᠲᠠ ᠵᠢᠨ ᠬᠤᠯᠢᠮᠠᠭ ᠴᠠᠭ ᠪᠣᠯᠭ᠋ᠠᠬᠤ᠎ᠳᠤ ᠬᠦᠷᠪᠡᠯ ᠬᠢᠴᠢᠶᠡᠯ ᠴᠢᠨᠢ ᠦᠨᠡᠬᠡᠷ ᠭᠠᠰᠢᠭᠤᠨ ᠴᠤ᠌ ᠪᠢᠰᠢ ᠰᠢᠬᠢᠷᠯᠢᠭ ᠴᠤ᠌ ᠪᠢᠰᠢ ᠪᠣᠯᠬᠤ᠎ᠨᠢ ᠭᠠᠷᠴᠠᠭ᠎ᠠ ᠦᠭᠡᠢ ᠶᠤᠮ᠃ ᠬᠢᠴᠢᠶᠡᠯ᠎ᠤᠨ ᠴᠠᠭ᠎ᠲᠤ ᠠᠩᠬᠠᠷᠤᠯ᠎ᠨᠢ ᠲᠦᠪᠯᠡᠷᠡᠬᠦ ᠦᠭᠡᠢ ᠪᠠᠶ᠋ᠢᠭ᠎ᠠ ᠠᠯᠢᠶ᠎ᠠ ᠰᠤᠷᠤᠭᠴᠢᠳ᠎ᠢ ᠶᠠᠮᠠᠷ ᠨᠢᠭᠡᠨ ᠤᠷᠠᠯᠢᠭ ᠠᠷᠭ᠎ᠠ᠎ᠪᠠᠷ ᠪᠡᠶ᠎ᠡ ᠥᠭᠡᠳᠡ᠎ᠪᠠᠨ ᠲᠠᠲᠠᠵᠤ᠂ ᠲᠡᠳᠡᠨᠠᠷᠢ ᠪᠠᠶᠠᠰᠤᠩᠭᠤᠢ᠂ ᠵᠣᠷᠢᠬ᠍ᠵᠢᠭᠤᠯᠬᠤ᠎ᠪᠠᠷ ᠭᠤᠣᠯ ᠪᠣᠯᠭ᠋ᠠᠵᠤ ᠵᠢᠭ᠋ᠠᠬᠤ ᠪᠣᠯ ᠪᠠᠭᠰᠢ ᠪᠣᠯᠤᠭᠰᠠᠳ᠎ᠤᠨ ᠴᠢᠳᠠᠪᠤᠷᠢ ᠵᠢᠨ ᠠᠰᠠᠭᠤᠳᠠᠯ ᠮᠦᠨ᠃ ᠪᠠᠭᠰᠢ ᠵᠣᠷᠢᠯᠭ᠎ᠠ᠎ᠲᠠᠢ᠎ᠪᠠᠷ ᠦᠯᠡᠮᠵᠢ ᠮᠡᠳᠡᠯᠭᠡ᠎ᠳᠤ᠎ᠪᠠᠨ ᠲᠦᠰᠢᠭᠯᠡᠨ ᠲᠡᠳᠡᠨ᠎ᠳᠤ ᠬᠦᠮᠦᠨ ᠪᠣᠯᠬᠤ ᠵᠢᠨ ᠭᠦᠨ ᠭᠦᠨᠵᠡᠭᠡᠢ ᠶᠣᠰᠤ ᠤᠴᠢᠷ᠎ᠢ ᠲᠠᠶ᠋ᠢᠯᠪᠤᠷᠢᠯᠠᠨ ᠦᠭᠴᠦ᠂ ᠦᠨᠡᠨᠬᠦ ᠲᠡᠳᠡᠨ᠎ᠢ ᠪᠢᠰᠢᠷᠡᠭᠦᠯᠵᠦ᠂ ᠰᠡᠳᠭᠢᠯ ᠤᠨ ᠬᠦᠪᠴᠢ ᠵᠢ᠎ᠨᠢ ᠳᠣᠷᠭᠢᠭᠤᠯᠵᠤ ᠴᠢᠳᠠᠭᠰᠠᠨ ᠪᠠᠶ᠋ᠢᠪᠠᠯ ᠰᠠᠶᠢ ᠲᠡᠳᠡᠨ᠎ᠤ ᠳᠣᠲᠤᠭ᠋ᠠᠲᠦ ᠰᠡᠳᠭᠢᠯᠭᠡ᠎ᠳᠤ ᠨᠢ ᠬᠤᠪᠢᠷᠠᠯᠲᠠ ᠭᠠᠷᠭ᠋ᠠᠵᠤ᠂ ᠤᠬᠠᠮᠰᠠᠷᠲᠤ ᠴᠢᠨᠠᠷ᠎ᠢ᠎ᠨᠢ ᠳᠡᠭᠡᠭᠰᠢᠯᠡᠭᠦᠯᠵᠦ᠂ ᠪᠦᠬᠦ ᠲᠠᠯ᠎ᠠ᠎ᠪᠠᠷ ᠬᠦᠮᠦᠵᠢᠭᠳᠡᠭᠰᠡᠨ ᠴᠢᠳᠠᠪᠤᠷᠢᠲᠠᠨ ᠪᠣᠯᠭ᠋ᠠᠵᠤ ᠴᠢᠳᠠᠨ᠎ᠠ ᠭᠡᠰᠡᠨ᠎ᠢ ᠪᠠᠭᠰᠢ ᠪᠣᠯᠤᠭᠰᠠᠳ ᠠᠩᠬᠠᠷᠤᠯ᠎ᠳᠤ᠎ᠪᠠᠨ ᠠᠪᠤᠪᠠᠯ ᠵᠣᠬᠢᠨ᠎ᠠ᠃
ᠲᠠᠪᠤ᠂ ᠰᠢᠭᠦᠮᠵᠢᠯᠡᠯ ᠬᠢᠬᠦ᠎ᠳᠤ᠎ᠪᠠᠨ ᠬᠠᠲᠠᠭᠤ ᠵᠦᠭᠡᠯᠡᠨ ᠠᠷᠭ᠎ᠠ ᠵᠢ ᠠᠮᠢᠲᠤᠯᠢᠭ ᠵᠶ᠋ᠠᠷ ᠤᠶᠠᠯᠳᠤᠭᠤᠯᠬᠤ ᠬᠡᠷᠡᠭᠲᠡᠢ᠃ ᠠ᠋ᠨᠡ ᠪᠣᠯ ᠰᠤᠷᠤᠭᠴᠢ ᠵᠢᠨ ᠹᠢᠽᠢᠤᠯᠣᠬᠢ ᠬᠢᠭᠡᠳ ᠰᠡᠳᠭᠢᠴᠡ ᠵᠢᠨ ᠣᠨᠴᠠᠯᠢᠭ᠎ᠠᠴᠠ ᠠ᠋ᠭᠦᠰᠦᠭᠰᠡᠨ ᠨᠢᠭᠡ ᠵᠦᠢ᠍ᠯ᠎ᠤᠨ ᠬᠦᠮᠦᠨ᠎ᠢ ᠬᠦᠮᠦᠵᠢᠭᠦᠯᠬᠦ ᠠᠷᠭ᠎ᠠ ᠪᠠᠷᠢᠯ ᠪᠣᠯᠬᠤ ᠶᠤᠮ᠃ ᠶᠡᠷᠦ ᠵᠢᠨ ᠦᠭᠡᠨ᠎ᠳᠤ 《ᠨᠢᠭᠡ ᠲᠦᠯᠬᠢᠭᠦᠷ ᠨᠢᠭᠡ ᠣᠨᠢᠰᠤ ᠵᠢ ᠨᠡᠭᠡᠭᠡᠨ᠎ᠡ》 ᠭᠡᠳᠡᠭ ᠵᠶ᠋ᠠᠷ ᠬᠠᠲᠠᠭᠤ᠎ᠪᠠᠷ ᠵᠦᠭᠡᠯᠡᠨᠢ ᠲᠠᠶ᠋ᠢᠯᠵᠤ᠂ ᠵᠦᠭᠡᠯᠡᠨ ᠵᠶ᠋ᠠᠷ ᠬᠠᠲᠠᠭᠤ ᠵᠢ ᠤᠶᠠᠷᠠᠭᠤᠯᠬᠤ ᠠᠷᠭ᠎ᠠ ᠮᠠᠶᠢᠭ᠎ᠤᠨ ᠰᠢᠭᠦᠮᠵᠢᠯᠡᠯ᠎ᠨᠢ ᠦᠷ᠎ᠡ ᠳ᠋ᠦᠩ ᠵᠶ᠋ᠠᠷ ᠬᠠᠮᠤᠭ ᠰᠠᠶ᠋ᠢᠨ ᠪᠠᠶ᠋ᠢᠳᠠᠭ᠃ ᠵᠢᠱ᠌ᠢᠶᠡᠯᠡᠪᠡᠯ᠂ ᠠ᠋ᠮᠡᠭᠲᠡᠢ ᠰᠤᠷᠤᠭᠴᠢ ᠵᠢ ᠰᠢᠭᠦᠮᠵᠢᠯᠡᠬᠦ᠎ᠳᠤ᠎ᠪᠠᠨ ᠵᠦᠭᠡᠯᠡᠨ᠎ᠳᠤ ᠬᠠᠲᠠᠭᠤ ᠵᠢ ᠤᠶᠠᠯᠳᠤᠭᠤᠯᠪᠠᠯ ᠡᠪᠬᠡᠷᠡᠭᠦᠯᠬᠦ ᠦᠢ᠍ᠯᠡᠳᠦᠯ᠎ᠢ ᠭᠠᠷᠭ᠋ᠠᠳᠠᠭ᠃ ᠣᠯᠠᠩᠬᠢ ᠠ᠋ᠮᠡᠭᠲᠡᠢ ᠰᠤᠷᠤᠭᠴᠢ ᠨᠣᠮᠤᠬᠠᠨ ᠵᠦᠭᠡᠯᠡᠨ ᠪᠠᠶ᠋ᠢᠳᠠᠭ᠎ᠠᠴᠠ ᠡᠴᠢᠭᠡ ᠬᠦᠮᠦᠨ ᠰᠢᠭ ᠠ᠋ᠷᠬᠡ ᠰᠦᠷ᠎ᠲᠠᠢ᠂ 《ᠬᠠᠯᠠ᠎ᠨᠢ ᠭᠠᠳᠠᠨ᠎ᠠ᠎ᠪᠠᠨ᠂ ᠬᠠᠶ᠋ᠢᠷ᠎ᠠ᠎ᠨᠢ ᠳᠣᠲᠤᠨ᠎ᠠ᠎ᠪᠠᠨ》 ᠪᠠᠶ᠋ᠢᠬᠤ ᠮᠠᠶᠢᠭ ᠵᠶ᠋ᠠᠷ ᠰᠢᠭᠦᠮᠵᠢᠯᠡᠯ ᠬᠢᠪᠡᠯ ᠵᠣᠬᠢᠨ᠎ᠠ᠃ ᠠ᠋ᠰᠡᠷᠬᠦ᠎ᠪᠠᠷ ᠠ᠋ᠷᠡᠭᠲᠡᠢ ᠰᠤᠷᠤᠭᠴᠢ ᠵᠢ ᠰᠢᠭᠦᠮᠵᠢᠯᠡᠬᠦ᠎ᠳᠤ᠎ᠪᠠᠨ ᠬᠠᠷᠢᠨ ᠬᠠᠲᠠᠭᠤ ᠵᠢᠨ ᠳᠣᠲᠤᠷ᠎ᠠ ᠵᠦᠭᠡᠯᠡᠨᠢ ᠤᠶᠠᠯᠳᠤᠭᠤᠯᠪᠠᠯ ᠮᠣᠵᠢᠭᠤᠳᠠ ᠪᠣᠳᠤᠯᠢᠨᠢ ᠤᠶᠠᠷᠠᠭᠤᠯᠤᠨ ᠵᠦᠭᠡᠯᠡᠷᠡᠭᠦᠯᠬᠦ ᠦᠢ᠍ᠯᠡᠳᠦᠯ ᠭᠠᠷᠭ᠋ᠠᠳᠠᠭ᠃ ᠣᠯᠠᠩᠬᠢ ᠠ᠋ᠷᠡᠭᠲᠡᠢ ᠰᠤᠷᠤᠭᠴᠢ ᠠ᠋ᠷᠡᠰ ᠬᠠᠲᠠᠭᠤ ᠬᠤᠭᠤᠷᠠᠭ᠍ᠤᠠᠴᠠ ᠪᠢᠰᠢ ᠨᠤᠭᠤᠷᠠᠭ᠍ᠤ ᠦᠭᠡᠢ ᠰᠢᠭ ᠪᠠᠶ᠋ᠢᠳᠠᠭ ᠪᠣᠯᠪᠠᠴᠤ ᠲᠡᠭᠦᠨ ᠳᠤ ᠠ᠋ᠬᠡ ᠬᠦᠮᠦᠨ᠎ᠤ ᠠ᠋ᠯᠢᠭᠡᠰᠡᠭ ᠳᠣᠲᠤᠨᠤ ᠬᠠᠶ᠋ᠢᠷ᠎ᠠ ᠵᠢ ᠬᠦᠷᠲᠡᠭᠡᠪᠡᠯ ᠰᠡᠳᠭᠢᠯ᠎ᠨᠢ ᠬᠥᠳᠡᠯᠦᠨ ᠠᠯᠳᠠᠭ᠎ᠠ ᠪᠤᠷᠤᠭᠤ᠎ᠪᠠᠨ ᠬᠦᠳᠡᠯᠦᠩᠭᠦᠢ᠎ᠪᠠᠷ ᠮᠡᠳᠡᠷᠡᠨ ᠬᠠᠯᠠᠵᠤ ᠥᠭᠡᠷᠡᠴᠢᠯᠡᠳᠡᠭ᠃ ᠪᠠᠭᠰᠢ ᠪᠣᠯᠤᠭᠰᠠᠳ ᠰᠢᠭᠦᠮᠵᠢᠯᠡᠯ ᠬᠢᠬᠦ᠎ᠳᠤ᠎ᠪᠠᠨ ᠠ᠋ᠷᠬᠡᠪᠰᠢ ᠰᠤᠷᠤᠭᠴᠢ ᠵᠢᠨ ᠪᠡᠶ᠎ᠡ᠎ᠪᠠᠨ ᠬᠦᠨᠳᠦᠳᠭᠡᠬᠦ ᠨᠡᠷᠡᠯᠬᠡᠦ ᠰᠡᠳᠭᠢᠯᠭᠡ ᠵᠢ ᠰᠢᠷᠠᠭᠲᠤᠭᠤᠯᠬᠤ ᠦᠭᠡᠢ᠎ᠪᠠᠷ ᠰᠢᠭᠦᠮᠵᠢᠯᠡᠯ ᠬᠢᠪᠡᠯ ᠰᠠᠶᠢ ᠨᠦᠬᠦᠷᠰᠡᠭ ᠬᠠᠷᠢᠴᠠᠭ᠎ᠠ ᠵᠢ ᠵᠤᠵᠠᠭ᠋ᠠᠳᠬᠠᠵᠤ ᠴᠢᠳᠠᠨ᠎ᠠ᠃ ᠠᠷᠠᠳ᠎ᠤᠨ ᠵᠦᠢ᠍ᠷ ᠰᠡᠴᠡᠨ ᠦᠭᠡᠨ᠎ᠳᠤ 《ᠡᠮ ᠭᠠᠰᠢᠭᠤᠨ ᠪᠣᠯᠪᠠᠴᠤ ᠡᠪᠡᠳᠴᠢᠨ᠎ᠳᠤ ᠲᠤᠰᠠᠲᠠᠢ᠂ ᠦᠭᠡ ᠬᠠᠲᠠᠭᠤ ᠪᠣᠯᠪᠠᠴᠤ ᠶᠠᠪᠤᠳᠠᠯ᠎ᠳᠤ ᠲᠤᠰᠠᠲᠠᠢ》 ᠭᠡᠳᠡᠭᠴᠢᠯᠡᠨ ᠰᠢᠭᠦᠮᠵᠢᠯᠡᠯ᠎ᠢ ᠵᠣᠬᠢᠰᠲᠠᠢ ᠰᠠᠶ᠋ᠢᠬᠠᠨ ᠬᠡᠷᠡᠭᠯᠡᠵᠦ ᠴᠢᠳᠠᠪᠠᠯ ᠰᠤᠷᠤᠭᠴᠢ ᠵᠢᠨ ᠪᠡᠶ᠎ᠡ ᠳᠡᠭᠡᠷᠡᠬᠢ ᠠᠷᠬᠠᠭ ᠭᠡᠮ᠎ᠢ ᠠᠷᠢᠯᠭ᠋ᠠᠨ ᠵᠠᠰᠠᠭ᠍ᠤ᠎ᠪᠠᠷ ᠪᠠᠷᠠᠭ᠍ᠤ ᠦᠭᠡᠢ ᠠᠯᠤᠰ ᠢᠷᠡᠭᠡᠳᠦᠢ᠎ᠳᠤᠨᠢ ᠰᠠᠶ᠋ᠢᠨ ᠰᠠᠶ᠋ᠢᠬᠠᠨ ᠮᠤᠷᠠᠯ ᠰᠤᠷᠲᠠᠯ᠎ᠤᠨ ᠰᠠᠭᠤᠷᠢ ᠲᠠᠯᠪᠢᠵᠤ᠂ ᠪᠠᠭᠰᠢ ᠰᠤᠷᠤᠭᠴᠢ ᠵᠢᠨ ᠬᠠᠶ᠋ᠢᠷ᠎ᠠ ᠰᠡᠳᠭᠢᠯᠭᠡ ᠪᠠ ᠨᠦᠬᠦᠷᠯᠡᠯ᠎ᠢ ᠵᠤᠵᠠᠭ᠋ᠠᠳᠬᠠᠳᠠᠭ᠂ ᠰᠢᠭᠦᠮᠵᠢᠯᠡᠯ᠎ᠨᠢ ᠰᠠᠶ᠋ᠢᠰᠢᠶᠠᠯ᠎ᠲᠠᠢ ᠠᠳᠠᠯᠢ᠎ᠪᠠᠷ ᠪᠦᠷ ᠯᠡ ᠰᠤᠷᠭ᠋ᠠᠨ ᠬᠦᠮᠦᠵᠢᠭᠦᠯᠬᠦ ᠠᠷᠭ᠎ᠠ ᠠᠪᠴᠠᠯ ᠪᠣᠯᠤᠭᠰᠠᠨ᠎ᠤ ᠬᠤᠪᠢ᠎ᠳᠤ ᠰᠠᠶ᠋ᠢᠨ ᠦᠷ᠎ᠡ ᠳ᠋ᠥᠩ ᠣᠯᠬᠤ ᠠ᠋ᠰᠡᠬᠦ᠎ᠨᠢ ᠪᠠᠭᠰᠢ ᠵᠢᠨ ᠰᠢᠭᠦᠮᠵᠢᠯᠡᠯ ᠪᠠ ᠬᠠᠶ᠋ᠢᠷ᠎ᠠ ᠵᠢ ᠬᠡᠷᠬᠢᠨ ᠤᠶᠠᠯᠳᠤᠭᠤᠯᠵᠤ ᠴᠢᠳᠠᠭ᠍ᠤ ᠠ᠋ᠰᠡᠬᠦ᠎ᠲᠠᠢ ᠰᠢᠭᠤᠳ ᠬᠤᠯᠪᠤᠭᠳᠠᠨ᠎ᠠ᠃ ᠪᠠᠭᠰᠢ ᠪᠣᠯᠤᠭᠰᠠᠳ ᠠ᠋ᠳᠦᠷ ᠲᠣᠳᠤᠮ᠎ᠤᠨ ᠰᠤᠷᠤᠭᠴᠢ ᠵᠢ ᠬᠦᠮᠦᠵᠢᠭᠦᠯᠵᠦ ᠰᠤᠷᠭ᠋ᠠᠬᠤ ᠳᠤᠮᠳᠠ᠎ᠪᠠᠨ ᠰᠢᠭᠦᠮᠵᠢᠯᠡᠯ᠎ᠢ ᠵᠣᠬᠢᠰᠲᠠᠢ ᠰᠠᠶ᠋ᠢᠬᠠᠨ ᠬᠦᠨᠳᠦ ᠬᠦᠩᠭᠡᠨᠢᠨᠢ ᠠᠳᠬᠤᠵᠤ ᠬᠡᠷᠡᠭᠯᠡᠵᠦ ᠴᠢᠳᠠᠪᠠᠯ ᠲᠡᠷᠡ᠎ᠨᠢ ᠰᠤᠷᠭ᠋ᠠᠨ ᠬᠦᠮᠦᠵᠢᠭᠦᠯᠬᠦ ᠠᠵᠢᠯ᠎ᠳᠤ ᠳᠤᠳᠠᠭᠳᠠᠵᠤ ᠪᠣᠯᠤᠰᠢ ᠦᠭᠡᠢ ᠦᠨ᠎ᠡ ᠴᠡᠨ᠎ᠡ᠎ᠲᠠᠢ ᠠ᠋ᠷᠳᠡᠨᠢ ᠡᠮ ᠪᠣᠯᠤᠨ᠎ᠠ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠲᠦᠨᠭᠯᠢᠶᠤᠤ ᠬᠤᠳᠠ ᠵᠢᠨ ᠾᠸᠩ ᠬᠦᠢ
ᠬᠤᠸᠠ ᠴᠧᠩ ᠣᠷᠤᠨ ᠰᠠᠭᠤᠴᠠ ᠵᠢᠨ ᠬᠤᠷᠢᠶ᠎ᠠ
(ᠠᠯᠳᠠᠨᠰᠦᠢ᠍ᠭᠡ ᠨᠠᠢ᠍ᠢ᠍ᠷᠠᠭᠤᠯᠪᠠ)