ᠨᠠᠷᠠᠰᠤ ᠵᠢᠨ ᠢᠵᠠᠭᠤᠷ
ᠮᠥᠩᠬᠡ ᠨᠣᠭᠣᠭ᠋ᠠᠨ ᠲᠤᠷᠤᠭ ᠮᠣᠳᠣ᠂ 50m ᠬᠢᠷᠢ ᠥᠨᠳᠥᠷ᠂ ᠬᠠᠷᠠᠪᠲᠤᠷ ᠦᠨᠡᠰᠦᠨ ᠥᠩᠭᠡᠲᠦ ᠬᠣᠯᠲᠣᠰᠣ᠎ᠲᠠᠢ᠃ ᠮᠥᠴᠢᠷ᠎ᠨᠢ ᠨᠠᠷᠢᠨ ᠪᠥᠭᠡᠳ ᠰᠠᠭᠯᠠᠢ᠍ᠨ ᠤᠷᠭᠤᠨ᠎ᠠ᠃ ᠨᠠᠪᠴᠢ᠎ᠨᠢ ᠪᠦᠰᠡ ᠬᠡᠯᠪᠡᠷᠢᠲᠡᠢ᠂ ᠱᠤᠷᠠᠭᠯᠠᠨ ᠤᠷᠭᠤᠬᠤ ᠪᠣᠯᠪᠠᠴᠤ ᠤᠭ ᠵᠶ᠋ᠠᠷ ᠵᠶ᠋ᠠᠨ ᠮᠤᠰᠬᠢᠷᠠᠵᠤ ᠬᠣᠶᠠᠷ ᠮᠥᠷ ᠪᠣᠯᠵᠤ ᠵᠡᠷᠭᠡᠴᠡᠨ᠎ᠡ᠂ 1.2 — 2.7cm ᠤᠷᠲᠤ 2 — 2.5mm ᠥᠷᠭᠡᠨ᠂ ᠬᠣᠲᠣᠭᠣᠷ ᠣᠷᠣᠢ᠎ᠲᠠᠢ᠂ ᠪᠦᠲᠦᠨ ᠬᠥᠪᠡᠭᠡ᠎ᠲᠠᠢ᠂ ᠠᠷᠤ ᠵᠢᠨ ᠬᠦᠷᠡᠢ᠍ᠭᠰᠡᠨ ᠭᠣᠣᠯ ᠰᠤᠳᠠᠯ᠎ᠤᠨ ᠬᠢᠨᠢ ᠬᠣᠶᠠᠷ ᠲᠠᠯ᠎ᠠ᠎ᠳᠤ ᠭᠦᠢ᠍ᠬᠡᠨ ᠨᠣᠭᠣᠭ᠋ᠠᠨ ᠥᠩᠭᠡᠲᠦ ᠬᠡᠢ ᠵᠢᠨ ᠠᠮᠠᠰᠠᠷ᠎ᠤᠨ ᠴᠤᠪᠤᠭ᠎ᠠ ᠲᠤᠰ ᠪᠦᠷᠢ ᠨᠢᠭᠡ ᠮᠥᠷ ᠪᠣᠢ᠃ ᠡᠷ᠎ᠡ ᠪᠠᠭ ᠴᠡᠴᠡᠭ᠎ᠨᠢ ᠨᠠᠪᠴᠢᠨ᠎ᠤ ᠥᠪᠥᠷ᠎ᠲᠤ ᠭᠠᠭᠴᠠᠭ᠋ᠠᠷ ᠤᠷᠭᠤᠨ᠎ᠠ᠃ ᠴᠡᠴᠡᠭ᠎ᠤᠨ ᠲᠣᠭᠣᠰᠣ᠎ᠨᠢ ᠬᠡᠢ ᠵᠢᠨ ᠤᠭᠤᠲᠠ ᠦᠭᠡᠢ᠃ ᠪᠣᠷᠭᠣᠴᠣᠭ᠎ᠨᠢ ᠥᠨᠳᠡᠭᠡᠯᠵᠢᠨ ᠪᠤᠶᠤ ᠤᠷᠲᠤᠯᠢᠭ ᠥᠨᠳᠡᠭᠡᠯᠵᠢᠨ᠂ 1.5 — 2.7cm᠂ ᠳ᠋ᠢᠶᠠᠮᠧᠲᠷ᠎ᠨᠢ 0.8 — 1.5cm᠂ ᠣᠬᠣᠷᠬᠠᠨ ᠪᠠᠷᠢᠭᠤᠯ᠎ᠲᠠᠢ᠃ ᠦᠷ᠎ᠡ ᠵᠢᠨ ᠬᠠᠢ᠍ᠷᠰᠤᠨᠢ ᠲᠠᠪᠤᠯᠵᠢᠨ ᠰᠢᠭ᠋ ᠳᠤᠭᠤᠷᠢᠭᠬᠠᠨ ᠪᠤᠶᠤ ᠲᠣᠭᠣᠷᠢᠭ᠂ ᠣᠷᠣᠢ᠎ᠨᠢ ᠨᠢᠮᠭᠡᠨ ᠪᠥᠭᠡᠳ ᠳᠣᠲᠣᠭᠰᠢ᠎ᠪᠠᠨ ᠬᠤᠮᠢᠭ᠋ᠠᠷ᠂ ᠦᠷ᠎ᠡ ᠵᠢᠨ ᠳᠣᠣᠷᠠᠲᠤ ᠲᠠᠯ᠎ᠠ ᠵᠢᠨ ᠭᠠᠳᠠᠷᠭᠤ᠎ᠳᠤ ᠲᠣᠰᠣᠨ ᠲᠣᠯᠪᠣ ᠪᠣᠢ᠃ ᠦᠷ᠎ᠡ᠎ᠨᠢ ᠳᠠᠯᠠᠪᠴᠢ᠎ᠲᠠᠢ᠎ᠪᠠᠨ ᠨᠡᠢ᠍ᠯᠡᠭᠡᠳ 7 — 9mm ᠤᠷᠲᠤ᠃ ᠪᠠᠭᠯᠠᠭᠴᠢ ᠢᠯᠲᠠᠰᠤ᠎ᠨᠢ ᠮᠠᠰᠢ ᠣᠬᠣᠷ᠂ ᠢᠯᠡ ᠪᠢᠰᠢ᠃
ᠪᠣᠷᠣᠭ᠋ᠠᠨ ᠬᠤᠷ᠎ᠠ ᠡᠯᠪᠡᠭ ᠰᠡᠷᠢᠭᠦᠨ ᠠᠭᠤᠷ ᠠᠮᠢᠰᠬᠤᠯ᠎ᠲᠠᠢ ᠭᠠᠵᠠᠷ᠎ᠤᠨ ᠬᠦᠴᠢᠯᠯᠢᠭ ᠬᠥᠷᠥᠰᠥᠲᠦ ᠤᠰᠤ ᠲᠣᠭᠲᠠᠬᠤ ᠦᠭᠡᠢ ᠠᠭᠤᠯᠠ ᠵᠢᠨ ᠬᠠᠵᠠᠭᠤ᠂ ᠨᠢᠷᠤᠭᠤ ᠬᠢᠭᠡᠳ ᠭᠣᠣ ᠵᠢᠯᠠᠭ᠎ᠠ᠎ᠪᠠᠷ ᠤᠷᠭᠤᠨ᠎ᠠ᠃
ᠮᠠᠨ᠎ᠤ ᠤᠯᠤᠰ᠎ᠤᠨ ᠾᠧᠨᠠᠨ᠂ ᠱᠠᠨᠰᠢ᠂ ᠭᠠᠨᠰᠦ᠂ ᠬᠤᠪᠧᠢ᠂ ᠰᠧᠴᠤᠸᠠᠨ᠂ ᠭᠦᠢ᠍ᠵᠧᠦ᠂ ᠲᠠᠢ᠍ᠸᠠᠨ ᠵᠡᠷᠭᠡ ᠮᠣᠵᠢ ᠣᠷᠣᠨ᠎ᠳᠤ ᠤᠷᠭᠤᠳᠠᠭ᠃ ᠬᠣᠯᠲᠣᠰᠣ᠎ᠨᠢ ᠡᠯᠳᠡᠭᠦᠷᠢ ᠵᠢᠨ ᠲᠦᠭᠦᠬᠡᠢ ᠡᠳ᠋᠂ ᠬᠣᠯᠲᠣᠰᠣᠠᠴᠠᠨᠢ ᠪᠠᠰᠠ ᠳᠠᠪᠠᠷᠬᠠᠢ ᠠᠪᠴᠤ ᠪᠣᠯᠤᠨ᠎ᠠ᠃ ᠦᠷ᠎ᠡ᠎ᠠᠴᠠ᠎ᠨᠢ ᠲᠣᠰᠣ ᠰᠢᠬᠠᠵᠤ ᠠᠵᠤ ᠦᠢ᠍ᠯᠡᠳᠪᠦᠷᠢ᠎ᠳᠤ ᠬᠡᠷᠡᠭᠯᠡᠨ᠎ᠡ᠃ ᠮᠣᠳᠣ ᠵᠢ᠎ᠨᠢ ᠪᠠᠷᠢᠯᠭ᠎ᠠ᠂ ᠳᠡᠷᠡ ᠮᠣᠳᠣ᠂ ᠲᠡᠷᠭᠡ ᠵᠡᠷᠭᠡ᠎ᠳᠤ ᠬᠡᠷᠡᠭᠯᠡᠨ᠎ᠡ᠃ ᠬᠢᠲᠠᠳ ᠨᠡᠷ᠎ᠡ᠄ 铁杉
ᠠᠩᠭ᠍ᠯᠢ ᠨᠡᠷ᠎ᠡ᠄ Tsuga chinensis (Franch.) pritz.
ᠦᠰᠦᠭ ᠠᠮᠢᠯᠠᠭᠤᠯᠤᠭᠴᠢ᠄ ᠣ ᠰᠡᠴᠡᠨᠲᠦ
ᠬᠢᠨᠠᠭᠴᠢ᠄ ᠫᠤ · ᠴᠠᠭ᠋ᠠᠨ