ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠨᠡᠷᠡᠲᠦ᠍ ᠮᠣᠳᠣ
ᠢᠳᠡᠷᠡᠬᠦᠨ ᠤᠯᠢᠶᠠᠰᠤ
ᠨᠡᠶ᠋ᠢᠲᠡᠯᠡᠭᠰᠡᠨ ᠴᠠᠭ᠄ 2024-07-29


    ᠢᠳᠡᠷᠡᠬᠦᠨ ᠤᠯᠢᠶᠠᠰᠤ ᠪᠤᠯ ᠭᠡᠷᠡᠯᠰᠡᠭ ᠮᠤᠳᠤ᠂ ᠤᠷᠭᠤᠯᠳᠠ᠎ᠳᠤ᠎ᠨᠢ ᠬᠦᠷᠦᠯᠴᠡᠬᠦᠢ᠌ᠴᠡ ᠤᠰᠤ ᠴᠢᠭᠢᠭ᠂ ᠬᠠᠩᠭ᠋ᠠᠮᠵᠢᠳᠠᠢ ᠬᠡᠷᠡᠯ᠎ᠤᠨ ᠲᠤᠰᠤᠯᠳᠠ ᠪᠠ ᠳᠤᠬᠢᠷᠠᠮᠵᠢᠳᠠᠢ ᠲᠤᠯᠠᠭ᠋ᠠᠨ᠎ᠤ ᠬᠡᠮᠵᠢᠶ᠎ᠡ ᠱᠠᠭ᠋ᠠᠷᠳᠠᠭᠳᠠᠳᠠᠭ᠃ ᠲᠡᠮᠡᠢ ᠬᠦᠷᠦᠰᠦ ᠰᠢᠷᠤᠢ ᠰᠢᠯᠭ᠋ᠠᠬᠤ ᠦᠭᠡᠢ᠂ ᠡᠯᠳᠡᠪ ᠬᠦᠷᠦᠰᠦᠨ᠎ᠳᠤ ᠪᠦᠷ ᠤᠷᠭᠤᠳᠠᠭ᠃ ᠢᠩᠭᠢᠬᠦᠯᠡᠷ ᠦᠷᠭᠡᠨ ᠳᠡᠯᠭᠡᠷ ᠲᠠᠷᠬᠠᠯᠳᠠ᠎ᠲᠠᠢ ᠪᠠᠢ᠌ᠳᠠᠭ ᠶᠤᠮ᠃ ᠭᠡᠮᠳᠤᠯ ᠬᠤᠷᠤᠬᠠᠢ᠌ᠳᠤᠯ᠎ᠢ ᠪᠠᠰᠠ ᠡᠰᠡᠷᠬᠦᠴᠡᠬᠦ ᠴᠢᠳᠠᠯ᠎ᠲᠠᠢ᠃ ᠦᠪᠦᠷ ᠮᠤᠩᠭᠤᠯ᠎ᠤᠨ ᠤᠯᠠᠭ᠋ᠠᠨ ᠬᠠᠳᠠ ᠬᠤᠳᠠ ᠵᠢᠨ ᠲᠤᠷᠰᠢᠯᠳᠠ ᠵᠢᠨ ᠤᠢ᠎ᠳᠤ ᠪᠠᠢ᠌ᠴᠠᠭ᠋ᠠᠯᠳᠠ ᠬᠢᠭᠰᠡᠨ᠎ᠢ ᠦᠨᠳᠦᠰᠦᠯᠡᠪᠡᠯ᠂ 8 ᠨᠠᠰᠤᠳᠠᠢ ᠢᠳᠡᠷᠡᠬᠦᠨ ᠤᠯᠢᠶᠠᠰᠤ ᠵᠢᠨ ᠨᠠᠪᠴᠢ ᠰᠢᠷᠠᠯᠠᠬᠤ ᠭᠡᠮ᠎ᠳᠤ ᠦᠷᠳᠦᠭᠰᠡᠨ ᠬᠠᠷᠢᠴᠠᠯ᠎ᠤᠨ ᠲᠤᠭ᠎ᠠ 10 %᠂ ᠨᠢᠭᠤᠮᠠᠬᠠᠢ ᠢᠳᠤᠬᠠᠨ ᠡᠷᠪᠡᠬᠡᠢ ᠵᠢᠨ ᠬᠦᠨᠦᠭᠡᠯ᠎ᠳᠤ ᠳᠠᠭ᠋ᠠᠷᠢᠭᠳᠠᠭᠰᠠᠨ ᠨᠤᠷᠮ᠎ᠠ 30 % ᠪᠠᠢ᠌ᠬᠤ᠎ᠳᠤ 8  ᠨᠠᠰᠤᠳᠠᠢ ᠪᠤᠷᠤ ᠤᠯᠢᠶᠠᠰᠤ ᠵᠢᠨ ᠨᠠᠪᠴᠢᠨ᠎ᠤ ᠵᠢᠪᠡᠷᠡᠬᠦ ᠭᠡᠮ᠎ᠳᠤ ᠦᠷᠲᠦᠭᠰᠡᠨ ᠬᠠᠷᠢᠴᠠᠯ᠎ᠤᠨ ᠲᠤᠭ᠎ᠠ 48.2%᠂ ᠨᠢᠭᠤᠮᠠᠬᠠᠢ ᠢᠳᠦᠬᠠᠨ ᠡᠷᠪᠡᠬᠡᠢ ᠵᠢᠨ ᠬᠦᠨᠦᠭᠡᠯ᠎ᠳᠤ ᠲᠠᠭ᠋ᠠᠷᠢᠭᠳᠠᠭᠰᠠᠨ ᠨᠤᠷᠮ᠎ᠠ 34 %᠎ᠳᠤ ᠬᠦᠷᠴᠡᠢ᠃
    ᠢᠳᠡᠷᠡᠬᠦᠨ ᠤᠯᠢᠶᠠᠰᠤᠨ᠎ᠤ ᠤᠷᠭᠤᠯᠳᠠ ᠵᠢᠨ ᠬᠤᠭᠤᠴᠠᠭ᠋ᠠᠨ᠎ᠤ ᠤᠷᠲᠤ ᠤᠬᠤᠷ ᠪᠠ ᠴᠡᠴᠡᠭᠯᠡᠬᠦ ᠬᠤᠭᠤᠴᠠᠭ᠎ᠠ ᠵᠢᠨ ᠡᠷᠲᠡ ᠤᠷᠤᠢ ᠬᠠᠷᠢᠨ ᠭᠠᠵᠠᠷ ᠤᠷᠤᠨ᠎ᠤ ᠠᠳᠠᠯᠢ ᠦᠭᠡᠢ ᠪᠠᠢ᠌ᠳᠠᠯ᠎ᠢ ᠳᠠᠭ᠋ᠠᠯᠳᠤᠨ ᠵᠦᠷᠢᠶ᠎ᠡ᠎ᠲᠠᠢ ᠪᠠᠢ᠌ᠳᠠᠭ᠃ ᠦᠪᠦᠷ ᠮᠤᠩᠭᠤᠯ᠎ᠤᠨ ᠤᠯᠠᠭ᠋ᠠᠨᠬᠠᠳᠠ᠎ᠳᠤ ᠤᠷᠭᠤᠯᠳᠠ ᠵᠢᠨ ᠬᠤᠭᠤᠴᠠᠭ᠎ᠠ᠎ᠨᠢ 130 ᠬᠤᠨᠤᠭ᠃
    ᠢᠳᠡᠷᠡᠬᠦᠨ ᠤᠯᠢᠶᠠᠰᠤ ᠪᠠᠰᠠ ᠮᠠᠰᠢ ᠲᠦᠷᠭᠡᠨ ᠤᠷᠭᠤᠳᠠᠭ ᠤᠨᠴᠠᠯᠢᠭ᠎ᠲᠠᠢ᠂ ᠵᠤᠬᠢᠴᠠᠭᠰᠠᠨ ᠤᠢ ᠵᠢᠨ ᠲᠤᠭᠤᠷᠢᠨ ᠨᠦᠬᠦᠴᠡᠯ ᠲᠤᠤᠷ᠎ᠠ ᠶᠡᠷᠦ᠎ᠳᠤ᠎ᠪᠠᠨ 10—15 ᠵᠢᠯ ᠪᠤᠯᠪᠠᠯ ᠬᠡᠷᠡᠭᠴᠡᠭᠡᠨ᠎ᠳᠤ ᠤᠷᠤᠴᠢᠬᠠᠳᠠᠭ᠃ ᠵᠢᠱ᠌ᠢᠶᠡᠯᠡᠪᠡᠯ ᠯᠢᠶᠤᠤᠨᠢᠩ ᠮᠤᠵᠢ ᠵᠢᠨ ᠭᠠᠢ ᠰᠢᠶᠠᠨ᠎ᠤ ᠰᠢ ᠬᠠᠢ ᠲᠠᠷᠢᠶᠠᠯᠠᠩ᠎ᠤᠨ ᠲᠠᠯᠠᠪᠠᠢ ᠵᠢᠨ ᠬᠠᠪᠢ᠎ᠳᠠᠬᠢ ᠳ᠋ᠠ ᠴᠢᠩ ᠡᠾᠸ ᠭᠤᠤᠯ᠎ᠤᠨ ᠬᠤᠶᠠᠷ ᠬᠦᠪᠡᠭᠡ ᠵᠢᠨ ᠬᠤᠷᠠᠮᠠᠯ ᠬᠦᠷᠦᠰᠦᠨ᠎ᠳᠠᠬᠢ 10 ᠨᠠᠰᠤᠳᠠᠢ ᠢᠳᠡᠷᠡᠬᠦᠨ ᠤᠯᠢᠶᠠᠰᠤᠨ᠎ᠤ ᠦᠨᠳᠦᠷ 22.68m᠂ ᠴᠡᠭᠡᠵᠢᠨ᠎ᠤ  ᠳ᠋ᠢᠶᠠᠮᠧᠲᠷ 25.1cm᠂ ᠲᠠᠩ ᠰᠠᠭᠤᠷᠢ ᠵᠢᠨ ᠮᠤᠳᠤᠨ ᠮᠠᠲᠸᠷᠢᠶᠠᠯ᠎ᠤᠨ ᠡᠵᠡᠯᠡᠬᠦᠨ᠎ᠨᠢ 0.4714m³᠂ ᠬᠠᠷᠢᠨ ᠠᠳᠠᠯᠢ ᠨᠠᠰᠤᠳᠠᠢ ᠠᠳᠠᠯᠢᠬᠠᠨ ᠬᠡᠰᠡᠭ ᠭᠠᠵᠠᠷ᠎ᠤᠨ ᠺᠠᠨᠠᠳᠠ ᠤᠯᠢᠶᠠᠰᠤ ᠵᠢᠨ ᠲᠠᠩ ᠰᠠᠭᠤᠷᠢ ᠵᠢᠨ ᠮᠤᠳᠤᠨ ᠮᠠᠲᠸᠷᠢᠶᠠᠯ᠎ᠤᠨ ᠡᠵᠡᠯᠡᠬᠦᠨ᠎ᠤ 61.4 ᠲᠠᠬᠢᠨ᠃ ᠠᠳᠠᠯᠢ ᠪᠤᠰᠤ ᠤᠢ ᠵᠢᠨ ᠲᠤᠭᠤᠷᠢᠨ ᠨᠦᠬᠦᠴᠡᠯ ᠲᠤᠤᠷ᠎ᠠ ᠤᠷᠭᠤᠴᠠ ᠵᠢᠨ ᠬᠡᠮᠵᠢᠶ᠎ᠡ᠎ᠨᠢ ᠴᠦ᠍ ᠶᠡᠬᠡ ᠵᠦᠷᠢᠨ᠎ᠡ᠃ ᠢᠳᠡᠷᠡᠬᠦᠨ ᠤᠯᠢᠶᠠᠰᠤ ᠡᠬᠢᠨ᠎ᠤ ᠬᠤᠭᠤᠴᠠᠭ᠋ᠠᠨ᠎ᠳᠤ᠎ᠪᠠᠨ ᠲᠦᠷᠭᠡᠨ ᠦᠰᠳᠡᠭ᠃ ᠵᠠᠷᠢᠮ ᠭᠠᠵᠠᠷ᠎ᠤᠨ ᠵᠠᠳᠠᠯᠤᠯᠳᠠ ᠵᠢ ᠦᠨᠳᠦᠰᠦᠯᠡᠪᠡᠯ ᠶᠡᠷᠦᠩᠬᠡᠢ᠎ᠳᠡᠭᠡᠨ 4 ᠨᠠᠰᠤᠨ᠎ᠠᠴᠠ ᠡᠮᠦᠨ᠎ᠡ ᠮᠠᠰᠢ ᠲᠦᠷᠭᠡᠨ ᠤᠷᠭᠤᠵᠤ᠂ ᠪᠦᠬᠦ ᠦᠨᠳᠦᠷ᠎ᠤᠨ ᠦᠰᠦᠯᠳᠠ 13.6m᠂ ᠵᠢᠯ᠎ᠤᠨ ᠲᠤᠮᠳᠠᠴᠢ ᠦᠨᠳᠦᠷ᠎ᠤᠨ ᠦᠰᠦᠯᠲᠡ 3.4m ᠬᠦᠷᠳᠡᠭ ᠶᠤᠮ᠃ 5 ᠨᠠᠰᠣᠳᠠᠢ ᠪᠠ 8 ᠨᠠᠰᠤᠳᠠᠢ ᠮᠤᠳᠤᠨ᠎ᠤ ᠲᠤᠮᠳᠠᠴᠢ ᠦᠰᠦᠯᠳᠠ ᠲᠤᠰ ᠪᠦᠷᠢ 3.12m ᠬᠢᠭᠡᠳ 2.7m᠂ 10 ᠨᠠᠰᠣᠳᠠᠢ᠎ᠳᠤᠨᠢ ᠲᠤᠮᠳᠠᠴᠢ ᠦᠨᠳᠦᠷ᠎ᠤᠨ ᠦᠰᠦᠯᠲᠡ ᠳᠤᠷᠤᠭᠰᠢᠯᠠᠭ᠋ᠠᠳ 2.27m  ᠪᠤᠯᠤᠨ᠎ᠠ᠃ ᠴᠡᠭᠡᠵᠢᠨ᠎ᠤ ᠳ᠋ᠢᠶᠠᠮᠧᠲᠷ᠎ᠤᠨ ᠦᠰᠦᠯᠲᠡ᠎ᠨᠢ 6 ᠨᠠᠰᠤᠨ᠋ᠣ᠋ᠨᠢᠰᠤ᠎ᠠᠴᠠ ᠡᠮᠦᠨ᠎ᠡ ᠨᠡᠯᠢᠶᠠᠳ ᠲᠦᠷᠬᠡᠨ᠂ ᠵᠢᠯ᠎ᠤᠨ ᠲᠤᠮᠳᠠᠴᠢ ᠦᠰᠦᠯᠳᠠ᠎ᠨᠢ 2.9cm᠂ 7 ᠨᠠᠰᠤᠨ᠎ᠠᠴᠠ ᠰᠡᠭᠦᠯᠡᠷ ᠦᠰᠦᠯᠲᠡ᠎ᠨᠢ ᠪᠠᠬᠠᠨ ᠤᠳᠠᠭ᠋ᠠᠰᠢᠷᠠᠬᠤ ᠵᠢᠨ ᠤᠯᠠᠮ᠎ᠠᠴᠠ ᠲᠤᠮᠳᠠᠴᠢ ᠦᠰᠦᠯᠳᠠ᠎ᠨᠢ 2.2cm  ᠪᠤᠯᠳᠠᠭ᠃ ᠮᠠᠲᠸᠷᠢᠶᠠᠯ᠎ᠤᠨ ᠡᠵᠡᠯᠡᠬᠦᠨ᠎ᠤ ᠦᠰᠦᠯᠳᠠ᠎ᠨᠢ 4 ᠨᠠᠰᠤᠨ᠎ᠤ ᠲᠤᠳᠤᠷ᠎ᠠ ᠨᠡᠯᠢᠶᠠᠳ ᠤᠳᠠᠭ᠋ᠠᠨ᠂ 5-10 ᠨᠠᠰᠤᠨ᠎ᠳᠤ᠎ᠨᠢ ᠲᠦᠷᠭᠡᠰᠴᠦ᠂ ᠵᠢᠯ ᠪᠦᠷᠢ ᠵᠢᠨ ᠦᠰᠦᠯᠲᠡ᠎ᠨᠢ 0.583 m³ ᠬᠦᠷᠳᠡᠭ ᠶᠤᠮ᠃
    ᠵᠠᠢ᠌ᠯᠠᠳᠠᠰᠤᠨ ᠬᠦᠷᠢᠶᠡᠯᠡᠩ ᠪᠠᠢ᠌ᠭᠤᠯᠵᠤ᠂ 1 ᠨᠠᠰᠤᠳᠠᠢ ᠰᠤᠶᠤᠭ᠎ᠠ ᠪᠤᠶᠤ ᠵᠠᠢ᠌ᠯᠠᠳᠠᠰᠤ  (18-20cm ᠤᠷᠲᠤ᠂ 1-1.5cm ᠪᠦᠳᠦᠬᠦᠨ) ᠵᠠᠢ᠌ᠯᠠᠳᠠᠰᠤ ᠬᠡᠷᠡᠭᠯᠡᠨ᠂ ᠰᠠᠭᠤᠷᠢ ᠬᠢᠭᠡᠳ ᠮᠦᠷ᠎ᠤᠨ ᠵᠠᠢ ᠵᠢ 70×70 cm ᠵᠶ᠋ᠡᠷ ᠵᠠᠢ᠌ᠯᠠᠭ᠋ᠠᠳ ᠪᠠᠷᠢᠨ ᠣᠰᠤᠯᠠᠨ᠎ᠠ᠃ ᠨᠠᠬᠢᠶ᠎ᠠ᠎ᠨᠢ 10-12cm ᠤᠷᠲᠤ ᠪᠤᠯᠪᠠᠯ ᠬᠢᠷᠭ᠋ᠠᠨ᠎ᠠ᠃ 1  ᠳ᠋ᠦ᠍ᠭᠡᠷ ᠵᠢᠯ᠎ᠳᠤ 2-3 ᠲᠤᠷᠪᠢᠯᠢᠭ ᠨᠠᠢ᠌ᠯᠵᠠᠭᠤᠷ ᠦᠯᠡᠳᠡᠭᠡᠵᠦ ᠪᠤᠰᠤᠳ᠎ᠢ᠎ᠨᠢ ᠬᠢᠷᠭ᠋ᠠᠵᠤ ᠬᠠᠶᠠᠨ᠎ᠠ᠃2 ᠳ᠋ᠤᠭ᠋ᠠᠷ ᠵᠢᠯ᠎ᠳᠤ 6-7 ᠨᠠᠢ᠌ᠯᠵᠠᠭᠤᠷ ᠰᠤᠩᠭᠤᠨ ᠦᠯᠡᠳᠡᠭᠡᠵᠦ᠂ 3 ᠳ᠋ᠤᠭ᠋ᠠᠷ ᠵᠢᠯ᠎ᠳᠤ 8-12 ᠰᠤᠩᠭᠤᠨ ᠦᠯᠡᠳᠡᠭᠡᠵᠦ᠂ 4 ᠳ᠋ᠦ᠍ᠭᠡᠷ ᠵᠢᠯ᠎ᠳᠤ 18-20 ᠰᠤᠩᠭᠤᠨ ᠦᠯᠡᠳᠡᠭᠡᠵᠦ᠂ 5 ᠳ᠋ᠤᠭ᠋ᠠᠷ ᠵᠢᠯ᠎ᠤᠨ ᠰᠡᠭᠦᠯᠡᠷ ᠶᠡᠷᠦ 20 ᠤᠷᠴᠢᠮ ᠪᠠᠢ᠌ᠯᠭ᠋ᠠᠨ᠎ᠠ᠃ ᠡᠬᠡ ᠪᠤᠲᠠ ᠵᠢᠨ ᠤᠷᠭᠤᠯᠳᠠ ᠵᠢᠨ ᠪᠠᠢ᠌ᠳᠠᠯ᠎ᠢ ᠦᠨᠳᠦᠰᠦᠯᠡᠵᠦ᠂ ᠤᠭ ᠵᠶ᠋ᠠᠷ᠎ᠨᠢ ᠬᠢᠷᠭ᠋ᠠᠭ᠋ᠠᠳ ᠲᠠᠬᠢᠨ ᠲᠤᠷᠪᠢᠵᠢᠭᠤᠯᠵᠤ ᠪᠤᠯᠬᠤ ᠶᠤᠮ᠃ ᠶᠡᠷᠦᠩᠬᠡᠢ᠎ᠳᠤ᠎ᠪᠠᠨ  ᠲᠠᠷᠢᠭ᠋ᠠᠳ 7-8 ᠵᠢᠯ ᠪᠤᠯᠪᠠᠯ ᠪᠠᠭ᠎ᠠ ᠴᠠᠰᠤ᠎ᠠᠴᠠ ᠰᠡᠭᠦᠯᠡᠷ ᠤᠭ ᠵᠶ᠋ᠠᠷ᠎ᠨᠢ ᠴᠠᠪᠴᠢᠵᠦ ᠬᠠᠶᠠᠳᠠᠭ᠃
    ᠤᠰᠤᠯᠠᠬᠤ ᠲᠠᠳᠠᠷᠠᠭᠤᠯᠬᠤ᠎ᠳᠤ ᠲᠦᠬᠦᠮ ᠭᠠᠵᠠᠷ᠂ ᠦᠩ ᠰᠢᠮᠡᠯᠢᠭ ᠰᠡᠪᠰᠡᠭᠡᠷ ᠵᠦᠭᠡᠯᠡᠨ ᠡᠯᠡᠰᠦᠷᠬᠡᠭ ᠬᠦᠷᠦᠰᠦ᠂ ᠬᠦᠷᠦᠰᠦᠨ ᠲᠠᠪᠬᠤᠷᠭ᠎ᠠ᠎ᠨᠢ 60cm᠎ᠠᠴᠠ ᠳᠡᠭᠡᠭᠰᠢ ᠭᠠᠵᠠᠷ᠎ᠤᠨ  PH ᠬᠡᠮᠵᠢᠭᠳᠡᠯ᠎ᠨᠢ 6.5-7.5 ᠪᠦᠬᠦᠢ ᠭᠠᠵᠠᠷ᠎ᠢ ᠰᠤᠩᠭᠤᠵᠤ ᠴᠢᠬᠢ ᠪᠤᠢ᠌ᠵᠢᠭᠤᠯᠳᠠᠭ᠃ ᠨᠠᠮᠤᠷ᠎ᠤᠨ ᠰᠡᠭᠦᠯᠴᠢ᠎ᠪᠠᠷ ᠴᠢᠬᠢ ᠮᠤᠳᠤ᠎ᠪᠠᠨ ᠤᠬᠤᠵᠤ ᠠᠪᠬᠤ ᠪᠤᠶᠤ ᠬᠠᠳᠤᠵᠤ ᠠᠪᠤᠭᠰᠠᠨ᠎ᠤ ᠬᠤᠢ᠌ᠨ᠎ᠠ 22 -28cm ᠬᠦᠨ ᠤᠷᠪᠠᠭᠤᠯᠤᠭ᠋ᠠᠳ ᠲᠡᠭᠰᠢᠯᠡᠵᠦ ᠳᠠᠷᠤᠨ᠎ᠠ᠃ ᠬᠠᠪᠤᠷ 15 -18 cm ᠬᠦᠨ ᠬᠠᠭ᠋ᠠᠯᠪᠤᠷᠢᠯᠠᠵᠤ᠂ ᠨᠠᠷᠠᠭᠳᠠᠨ ᠳᠠᠷᠤᠭ᠋ᠠᠳ ᠬᠡᠰᠡᠭᠯᠡᠨ ᠲᠡᠭᠰᠢᠯᠡᠵᠦ᠂ ᠡᠪᠡᠰᠦᠨ ᠦᠨᠳᠦᠰᠦ᠂ ᠴᠢᠯᠠᠭᠤ ᠵᠢ ᠠᠷᠢᠯᠭ᠋ᠠᠵᠤ ᠬᠠᠶᠠᠨ᠎ᠠ᠃ ᠭᠠᠵᠠᠷ ᠤᠷᠪᠠᠭᠤᠯᠬᠤ᠎ᠲᠠᠢ ᠤᠶᠠᠯᠳᠤᠭᠤᠯᠵᠤ ᠪᠠᠢ᠌ᠭ᠋ᠠᠳ ᠮᠦ᠍ ᠪᠦᠷᠢ᠎ᠳᠤ 5000kg ᠤᠷᠴᠢᠮ ᠬᠠᠷ᠎ᠠ ᠪᠤᠷᠳᠤᠭᠤᠷ᠂ 20kg ᠬᠡᠳᠦ ᠹᠤᠰᠹᠤᠷ ᠬᠦᠴᠢᠯ᠎ᠤᠨ ᠺᠠᠯᠼ᠎ᠢ ᠬᠠᠪᠤᠷ ᠨᠠᠮᠤᠷ ᠬᠤᠶᠠᠷ ᠤᠳᠠᠭ᠎ᠠ ᠤᠷᠤᠭᠤᠯᠳᠠᠭ᠃
    ᠤᠷᠭᠤᠭᠤᠯᠬᠤ ᠠᠷᠭ᠎ᠠ᠎ᠳᠤ ᠵᠠᠢ᠌ᠯᠠᠳᠠᠰᠤ᠎ᠪᠠᠷ ᠤᠷᠭᠤᠭᠤᠯᠬᠤ ᠪᠠ ᠤᠷᠲᠤ᠎ᠪᠠᠷ᠎ᠨᠢ ᠪᠤᠯᠠᠵᠤ ᠤᠷᠭᠤᠭᠤᠯᠬᠤ ᠬᠤᠶᠠᠷ ᠵᠦᠢ᠍ᠯ᠎ᠤᠨ ᠠᠷᠭ᠎ᠠ ᠪᠤᠢ᠃
     ᠵᠠᠢ᠌ᠯᠠᠳᠠᠰᠤ᠎ᠪᠠᠷ ᠤᠷᠭᠤᠭᠤᠯᠬᠤ᠎ᠳᠤ ᠪᠤᠢ᠌ᠵᠢᠯᠲᠠ᠎ᠪᠠᠷ ᠰᠠᠢ᠌ᠨ 1 ᠨᠠᠰᠤᠳᠠᠢ ᠲᠤᠷᠪᠢ ᠮᠦᠴᠢᠷ (ᠵᠤᠯᠵᠠᠭ᠎ᠠ ᠮᠤᠳᠤᠨ᠎ᠤ ᠬᠦᠷᠢᠶᠡᠯᠡᠩ᠎ᠳᠤ ᠪᠤᠢ᠌ᠵᠢᠭᠤᠯᠤᠭᠰᠠᠨ 1 ᠨᠠᠰᠤᠳᠠᠢ ᠮᠦᠴᠢᠷ ᠪᠠᠭᠲᠠᠨ᠎ᠠ) ᠰᠤᠩᠭᠤᠵᠤ ᠬᠡᠷᠡᠭᠯᠡᠨ᠎ᠡ᠃ ᠨᠠᠮᠤᠷ ᠮᠤᠳᠤᠨ ᠨᠠᠪᠴᠢ ᠵᠤᠯᠭ᠋ᠠᠷᠠᠭᠰᠠᠨ ᠬᠤᠢ᠌ᠨ᠎ᠠ ᠮᠦᠴᠢᠷ ᠴᠤᠭᠯᠠᠭᠤᠯᠳᠠᠭ ᠪᠦᠭᠡᠳ ᠬᠤᠯᠳᠤᠰᠦ ᠪᠠ ᠡᠪᠤᠯ᠎ᠤᠨ ᠮᠦᠴᠢᠷ᠎ᠨᠢ ᠭᠡᠮᠳᠦᠬᠦ ᠵᠢ ᠤᠨᠴᠠ ᠬᠢᠴᠢᠶᠡᠳᠡᠭ ᠶᠤᠮ᠃ ᠮᠦᠴᠢᠷ ᠵᠶ᠋ᠡᠨ ᠴᠤᠭᠯᠠᠭᠤᠯᠤᠭ᠋ᠠᠳ ᠤᠭᠲᠤᠯᠠᠬᠤ ᠦᠭᠡᠢ ᠭᠡᠪᠡᠯ ᠤᠷᠤᠢ ᠵᠢ᠎ᠨᠢ ᠬᠢᠷᠭ᠋ᠠᠭ᠋ᠠᠳ ᠲᠦᠷ ᠵᠠᠢ᠌ᠯᠠᠬᠤ ᠭᠤᠤ᠎ᠳᠤ ᠬᠡᠪᠳᠡᠭᠡ᠎ᠪᠠᠷ ᠪᠤᠯᠠᠵᠤ ᠲᠠᠯᠪᠢᠨ᠎ᠠ᠂ ᠲᠡᠭᠡᠬᠦ᠎ᠳᠤ ᠮᠦᠴᠢᠷ ᠵᠶ᠋ᠡᠨ ᠰᠢᠷᠤᠢ᠎ᠲᠠᠢ ᠶᠠᠭ ᠨᠠᠭ᠋ᠠᠯᠳᠤᠭᠤᠯᠵᠤ 20-30 cm ᠵᠤᠵᠠᠭ᠋ᠠᠨ ᠰᠢᠷᠤᠢ ᠬᠤᠴᠢᠨ᠎ᠠ᠃ ᠡᠪᠤᠯ᠎ᠤᠨ ᠰᠡᠯᠡᠬᠦᠦ᠎ᠳᠤ ᠮᠦᠴᠢᠷ ᠵᠶ᠋ᠡᠨ ᠠᠪᠴᠤ ᠭᠠᠷᠭ᠋ᠠᠨ 15-20cm ᠤᠷᠲᠤ ᠵᠠᠢ᠌ᠯᠠᠳᠠᠰᠤ ᠪᠤᠯᠭ᠋ᠠᠨ ᠤᠭᠲᠤᠯᠤᠨ᠎ᠠ᠃ ᠤᠭᠲᠤᠯᠠᠬᠤ᠎ᠳᠤ ᠤᠭᠲᠤᠯᠤᠭ᠋ᠠᠰᠤ᠎ᠨᠢ ᠭᠦᠯᠢᠭᠡᠷ ᠭᠠᠷᠬᠤ ᠬᠡᠷᠡᠭᠳᠡᠢ᠂ ᠲᠡᠷᠡᠴᠢᠯᠡᠨ ᠮᠦᠴᠢᠷ᠎ᠤᠨ ᠪᠦᠳᠦᠬᠦᠨ ᠨᠠᠷᠢᠨ ᠪᠤᠯᠤᠨ ᠪᠠᠢ᠌ᠷᠢ ᠵᠢ ᠦᠨᠳᠦᠰᠦᠯᠡᠵᠦ ᠪᠠᠢ᠌ᠭ᠋ᠠᠳ ᠲᠡᠰ ᠬᠤᠪᠢᠶᠠᠵᠤ᠂ ᠠᠰ ᠠᠰ ᠵᠶ᠋ᠠᠷ᠎ᠨᠢ ᠤᠭᠲᠤᠯᠠᠬᠤ ᠪᠠ ᠵᠠᠢ᠌ᠯᠠᠪᠠᠯ ᠵᠤᠬᠢᠨ᠎ᠠ᠃ ᠵᠠᠢ᠌ᠯᠠᠳᠠᠰᠤ᠎ᠪᠠᠨ 30-50 ᠰᠠᠭᠤᠷᠢ᠎ᠪᠠᠷ ᠨᠢᠭᠡ ᠪᠤᠭᠤᠵᠢᠯᠠᠵᠤ ᠲᠠᠯᠪᠢᠪᠠᠯ ᠬᠠᠮᠤᠭ ᠰᠠᠢ᠌ᠨ᠂ ᠵᠠᠢ᠌ᠯᠠᠳᠠᠰᠤ ᠲᠤᠩᠭᠤᠷᠠᠬᠤ᠎ᠠᠴᠠ ᠰᠡᠷᠭᠡᠢ᠌ᠯᠡᠬᠦ ᠵᠢᠨ ᠲᠤᠰᠠᠳᠠ ᠲᠤᠤᠷᠠᠷᠤ ᠬᠡᠰᠡᠭ᠎ᠢ᠎ᠨᠢ 1%᠎ᠤᠨ ᠬᠡᠳᠦ ᠮᠠᠩᠭ᠋ᠠᠨ ᠬᠦᠴᠢᠯ᠎ᠤᠨ ᠺᠠᠯᠢ ᠵᠢᠨ ᠠᠭᠤᠰᠤᠮᠠᠯ ᠪᠤᠶᠤ ᠰᠢᠩᠭᠡᠨ ᠰᠢᠪᠠᠷ᠎ᠲᠤ ᠲᠦᠷᠦᠵᠦ ᠪᠤᠯᠤᠨ᠎ᠠ᠃ ᠲᠦᠷ ᠵᠠᠢ᠌ᠯᠠᠬᠤ᠎ᠳᠤ ᠭᠤᠤ᠎ᠳᠠᠭᠠᠨ ᠡᠯᠡᠰᠦ ᠳᠡᠪᠢᠰᠴᠤ ᠵᠠᠢ᠌ᠯᠠᠳᠠᠰᠤ᠎ᠪᠠᠨ ᠪᠤᠭᠤᠵᠢ ᠪᠤᠭᠤᠵᠢ᠎ᠪᠠᠷ ᠪᠤᠰᠬᠠᠨ ᠲᠠᠯᠪᠢᠵᠤ ᠰᠢᠷᠤᠢ᠎ᠪᠠᠷ ᠪᠤᠯᠠᠭ᠋ᠠᠳ ᠡᠪᠤᠯᠵᠢᠬᠦᠯᠦᠨ᠎ᠡ᠃
    ᠵᠠᠢ᠌ᠯᠠᠳᠠᠰᠤ᠎ᠪᠠᠷ ᠴᠢᠬᠢ ᠪᠤᠢ᠌ᠵᠢᠭᠤᠯᠬᠤ᠎ᠳᠤ ᠮᠦ᠍ ᠪᠦᠷᠢ᠎ᠳᠤ ᠶᠡᠷᠦ᠎ᠳᠡᠭᠡᠨ 5000 ᠰᠠᠭᠤᠷᠢ ᠤᠷᠴᠢᠮ ᠬᠡᠷᠡᠭᠯᠡᠳᠡᠭ᠃ ᠡᠳᠡᠭᠡᠷᠡᠯᠳᠡ᠎ᠨᠢ 90 %᠎ᠠᠴᠠ ᠳᠡᠭᠡᠭᠰᠢ᠃ ᠵᠠᠢ᠌ᠯᠠᠳᠠᠰᠤ᠎ᠪᠠᠷ ᠴᠢᠬᠢ ᠪᠤᠢ᠌ᠵᠢᠭᠤᠯᠬᠤ᠎ᠳᠤ ᠵᠤᠷᠠᠭᠯᠠᠨ ᠰᠠᠭᠤᠯᠭ᠋ᠠᠬᠤ ᠪᠤᠶᠤ ᠤᠩᠭᠤᠴᠠᠯᠠᠨ ᠰᠠᠭᠤᠯᠭ᠋ᠠᠵᠤ ᠪᠦᠷ ᠪᠤᠯᠤᠨ᠎ᠠ᠃ ᠭᠠᠵᠠᠷ᠎ᠤᠨ ᠪᠠᠢ᠌ᠴᠠ ᠨᠠᠮ ᠲᠤᠤᠷ᠎ᠠ᠂ ᠵᠤᠨ ᠪᠤᠷᠤᠭ᠋ᠠᠨ ᠡᠯᠪᠡᠭ ᠤᠷᠤᠨ᠎ᠳᠤ ᠶᠡᠷᠦ᠎ᠳᠤ᠎ᠪᠠᠨ ᠵᠤᠷᠠᠭᠯᠠᠨ ᠰᠠᠭᠤᠯᠭ᠋ᠠᠪᠠᠯ ᠬᠠᠮᠤᠭ ᠰᠠᠢ᠌ᠨ᠃ ᠴᠢᠬᠢ ᠮᠤᠳᠤ ᠵᠤᠯᠭ᠋ᠠᠷᠠᠭᠰᠠᠨ ᠬᠤᠢ᠌ᠨ᠎ᠠ ᠪᠤᠶᠤ ᠨᠠᠬᠢᠶᠠᠯᠠᠬᠤ᠎ᠠᠴᠠ ᠡᠮᠦᠨ᠎ᠡ ᠤᠭᠲᠤᠯᠤᠨ ᠰᠠᠭᠤᠯᠭ᠋ᠠᠵᠤ ᠪᠦᠷ ᠪᠤᠯᠬᠤ ᠪᠤᠯᠪᠠᠴᠤ ᠢᠷᠡᠬᠦ ᠵᠢᠯ᠎ᠤᠨ᠎ᠬᠢᠨ 3 ᠳ᠋ᠤᠭ᠋ᠠᠷ ᠰᠠᠷ᠎ᠠ᠎ᠳᠤ ᠭᠠᠵᠠᠷ ᠬᠡᠰᠦᠭᠰᠡᠨ ᠬᠤᠢ᠌ᠨ᠎ᠠ ᠪᠤᠯ ᠲᠤᠬᠢᠷᠠᠮᠵᠢᠳᠡᠢ᠃ ᠳᠡᠭᠡᠬᠦ᠎ᠳᠤ᠎ᠪᠠᠨ ᠡᠩ᠎ᠤᠨ ᠬᠠᠳᠬᠤᠨ ᠰᠠᠭᠤᠯᠭ᠋ᠠᠵᠤ ᠴᠢᠬᠢ ᠪᠤᠢ᠌ᠵᠢᠭᠤᠯᠬᠤ ᠠᠷᠭ᠎ᠠ᠎ᠪᠠᠷ ᠦᠢ᠍ᠯᠡᠳᠪᠡᠯ ᠪᠤᠯᠴᠢᠬᠠᠨ᠎ᠠ᠃ ᠶᠡᠷᠦ᠎ᠳᠤ᠎ᠪᠠᠨ ᠨᠢᠭᠡ ᠵᠠᠢ᠌ᠯᠠᠳᠠᠰᠤᠨ᠎ᠳᠤ ᠬᠡᠳᠦᠨ ᠨᠠᠬᠢᠶ᠎ᠠ ᠭᠠᠷᠳᠠᠭ ᠶᠤᠮ᠃ 10cm  ᠤᠷᠴᠢᠮ ᠪᠤᠯᠲᠠᠯ᠎ᠠ ᠦᠰᠦᠭᠰᠡᠨ ᠬᠤᠢ᠌ᠨ᠎ᠠ ᠨᠢᠭᠡ ᠯᠡ ᠨᠠᠬᠢᠶ᠎ᠠ ᠦᠯᠡᠳᠡᠭᠡᠵᠦ ᠪᠤᠰᠤᠳ᠎ᠢ᠎ᠨᠢ ᠠᠪᠴᠦ ᠬᠠᠶᠠᠬᠤ ᠬᠡᠷᠡᠭᠳᠡᠢ᠃ ᠦᠯᠡᠳᠡᠭᠡᠭᠰᠡᠨ ᠨᠠᠬᠢᠶ᠎ᠠ᠎ᠠᠴᠠ ᠪᠠᠰᠠ ᠠᠷᠪᠢᠨ ᠬᠠᠵᠠᠭᠤ ᠵᠢᠨ ᠨᠠᠬᠢᠶ᠎ᠠ ᠭᠠᠷᠴᠤ ᠭᠤᠤᠯ ᠡᠰᠢᠨ᠎ᠤ ᠤᠷᠭᠤᠴᠠ ᠵᠢ ᠨᠦᠯᠦᠭᠡᠯᠡᠳᠡᠭ ᠲᠤᠯᠠ ᠴᠠᠭ ᠲᠤᠬᠠᠢ᠎ᠳᠤ᠎ᠨᠢ ᠠᠪᠴᠤ ᠬᠠᠶᠠᠪᠠᠯ ᠰᠠᠢ᠌ᠨ ᠶᠤᠮ᠃
    ᠵᠤᠯᠵᠠᠭ᠎ᠠ ᠮᠤᠳᠤᠨ᠎ᠤ ᠬᠦᠷᠢᠶᠡᠯᠡᠩ᠎ᠤᠨ ᠭᠠᠵᠠᠷ᠎ᠲᠤ᠎ᠪᠠᠨ ᠤᠯᠠ ᠪᠤᠷᠳᠤᠭᠤᠷ ᠬᠦᠢ᠍ᠴᠡᠳ ᠤᠷᠤᠭᠤᠯᠬᠤ ᠬᠡᠷᠡᠭᠳᠡᠢ᠂ ᠲᠡᠷᠡᠴᠢᠯᠡᠨ ᠴᠠᠭ ᠲᠤᠬᠠᠢ᠎ᠳᠤ᠎ᠨᠢ ᠨᠡᠮᠡᠯᠳᠡ ᠪᠤᠷᠳᠤᠭᠤᠷ ᠤᠷᠤᠭᠤᠯᠵᠤ᠂ ᠤᠰᠤᠯᠠᠵᠤ᠂ ᠠᠷᠴᠢᠵᠤ᠂ ᠲᠡᠩᠨᠡᠪᠡᠯ ᠵᠤᠬᠢᠨ᠎ᠠ᠃ 1 ᠨᠠᠰᠤᠳᠠᠢ ᠬᠠᠳᠬᠤᠵᠤ ᠰᠠᠭᠤᠯᠭ᠋ᠠᠭᠰᠠᠨ ᠴᠢᠬᠢ 2-3m ᠦᠨᠳᠦᠷ ᠪᠤᠯᠪᠠᠯ ᠬᠦᠷᠢᠶᠡᠯᠡᠩ᠎ᠠᠴᠠ ᠭᠠᠷᠭ᠋ᠠᠨ ᠤᠢ᠌ᠵᠢᠭᠤᠯᠵᠤ ᠪᠤᠯᠳᠠᠭ᠃ ᠵᠠᠢ᠌ᠯᠠᠳᠠᠰᠤ ᠠᠪᠬᠤ ᠬᠦᠷᠢᠶᠡᠯᠡᠩ᠎ᠳᠤ ᠬᠡᠷᠡᠭᠯᠡᠬᠦ ᠪᠤᠶᠤ ᠬᠢᠷᠭ᠋ᠠᠵᠤ ᠦᠨᠳᠦᠰᠦ ᠦᠯᠡᠳᠡᠭᠡᠭᠡᠳ ᠲᠤᠮᠤ ᠴᠢᠬᠢ ᠪᠤᠢ᠌ᠵᠢᠭᠤᠯᠤᠭᠰᠠᠨ ᠴᠤ᠌ ᠪᠤᠯᠤᠨ᠎ᠠ᠃ ᠪᠤᠳᠠᠳᠠᠢ ᠠᠷᠭ᠎ᠠ ᠭᠡᠪᠡᠯ ᠢᠴᠡᠭᠡᠯᠡᠯᠲᠡ ᠵᠢᠨ ᠬᠤᠭᠤᠴᠠᠭ᠋ᠠᠨ᠎ᠳᠤᠨᠢ ᠴᠢᠬᠢ ᠮᠤᠳᠤ ᠵᠢ ᠤᠭ ᠵᠶ᠋ᠠᠷ᠎ᠨᠢ ᠤᠭᠲᠤᠯᠠᠵᠤ ᠠᠪᠤᠭ᠋ᠠᠳ ᠵᠠᠢ᠌ᠯᠠᠳᠠᠰᠤ ᠪᠤᠯᠭ᠋ᠠᠨ᠎ᠠ᠃ ᠮᠦ᠍ ᠪᠦᠷᠢ᠎ᠠᠴᠠ ᠵᠢᠯ᠎ᠳᠤ 50 cm ᠤᠷᠲᠤ ᠵᠠᠢ᠌ᠯᠠᠳᠠᠰᠤ 2 ᠲᠦᠮᠡᠨ ᠰᠠᠭᠤᠷᠢ ᠤᠯᠲᠠᠭ᠃ ᠦᠯᠡᠳᠡᠭᠡᠭᠰᠡᠨ ᠭᠤᠤᠷᠰᠤ ᠲᠠᠬᠢᠵᠤ ᠰᠤᠶᠤᠭ᠋ᠠᠯᠠᠭ᠋ᠠᠳ ᠨᠡᠩ ᠪᠠᠳᠠᠷᠠᠭᠤᠨ ᠤᠷᠭᠤᠵᠤ ᠨᠢᠭᠡ ᠵᠢᠯ᠎ᠳᠤ 3-4m ᠦᠨᠳᠦᠷ ᠪᠤᠯᠤᠨ᠎ᠠ᠃ ᠤᠷᠲᠤ᠎ᠪᠠᠷ᠎ᠨᠢ ᠪᠤᠯᠠᠵᠤ ᠤᠷᠭᠤᠭᠤᠯᠬᠤ᠎ᠳᠤ ᠨᠠᠮᠤᠷ᠎ᠤᠨ ᠰᠡᠭᠦᠯᠴᠢ᠂ ᠡᠪᠤᠯ᠎ᠤᠨ ᠡᠬᠢ᠎ᠪᠠᠷ ᠨᠠᠪᠴᠢ ᠵᠤᠯᠭ᠋ᠠᠷᠠᠭᠰᠠᠨ ᠬᠤᠢ᠌ᠨ᠎ᠠ ᠪᠤᠶᠤ ᠢᠷᠡᠬᠦ ᠬᠠᠪᠤᠷ ᠮᠤᠳᠤ ᠬᠦᠯᠦᠭᠡᠯᠡᠬᠦ᠎ᠠᠴᠠ ᠡᠮᠦᠨ᠎ᠡ 2-3cm ᠪᠦᠳᠦᠬᠦᠨ ᠰᠠᠯᠠᠭ᠎ᠠ ᠵᠢ ᠤᠭᠲᠤᠯᠤᠨ ᠠᠪᠴᠤ᠂ ᠡᠰᠡᠭᠦᠯ᠎ᠡ ᠤᠳᠠᠭ᠋ᠠᠨ ᠵᠢᠯ᠎ᠤᠨ ᠰᠠᠯᠠᠭ᠎ᠠ ᠮᠦᠴᠢᠷ᠎ᠢ ᠱᠤᠯᠤᠨ ᠠᠪᠴᠤ ᠪᠦᠳᠦᠬᠦᠨ ᠨᠠᠷᠢᠨ᠎ᠢ᠎ᠨᠢ ᠦᠵᠡᠵᠦ ᠪᠠᠢ᠌ᠭ᠋ᠠᠳ 20-25cm ᠤᠷᠲᠤ᠎ᠪᠠᠷ ᠤᠭᠲᠤᠯᠤᠨ᠎ᠠ᠃ ᠳᠡᠭᠡᠭᠡᠳ ᠵᠤᠷᠬᠠᠨ ᠳᠡᠭᠡᠷ᠎ᠡ ᠪᠤᠯᠠᠵᠤ 4cm ᠤᠷᠴᠢᠮ ᠵᠤᠵᠠᠭ᠋ᠠᠨ ᠰᠢᠷᠤᠢ ᠬᠤᠴᠢᠨ ᠬᠢᠰᠬᠢᠵᠦ  ᠴᠢᠩᠭ᠋ᠠᠷᠠᠭᠤᠯᠤᠭ᠋ᠠᠳ ᠤᠰᠤᠯᠠᠨ᠎ᠠ᠃ ᠬᠤᠵᠢᠮ᠎ᠨᠢ ᠨᠢᠮᠪᠠᠢ ᠠᠷᠠᠴᠢᠯᠠᠬᠤ ᠬᠡᠷᠡᠭᠳᠡᠢ᠃
     ᠢᠳᠡᠷᠡᠬᠦᠨ ᠤᠯᠢᠶᠠᠰᠤ ᠲᠤᠬᠢᠷᠠᠮᠵᠢᠳᠡᠢ ᠨᠦᠬᠦᠴᠡᠯ ᠲᠤᠤᠷ᠎ᠠ ᠲᠦᠷᠭᠡᠨ ᠤᠷᠭᠤᠵᠤ᠂ ᠲᠤᠬᠢᠷᠠᠮᠵᠢ ᠦᠭᠡᠢ ᠨᠦᠬᠦᠴᠡᠯ ᠲᠤᠤᠷ᠎ᠠ ᠤᠳᠠᠭ᠋ᠠᠨ ᠤᠷᠭᠤᠳᠠᠭ᠂ ᠤᠷᠭᠤᠯᠳᠠ᠎ᠳᠤ᠎ᠨᠢ ᠬᠠᠩᠭ᠋ᠠᠮᠵᠢᠳᠡᠢ ᠤᠰᠤ ᠬᠡᠷᠡᠯ ᠲᠤᠯᠠᠭ᠋ᠠᠨ ᠪᠠ ᠬᠦᠴᠦ ᠰᠢᠮ᠎ᠡ ᠱᠠᠭ᠋ᠠᠷᠳᠠᠭᠳᠠᠨ᠎ᠠ᠃ ᠡᠢ᠌ᠮᠦ ᠪᠤᠯᠬᠤᠷ ᠤᠢ᠌ᠵᠢᠭᠤᠯᠬᠤ᠎ᠳᠤ᠎ᠪᠠᠨ ᠰᠢᠮ᠎ᠡ ᠰᠠᠢ᠌ᠲᠠᠢ ᠴᠢᠭᠢᠭᠯᠢᠭ ᠨᠤᠢ᠌ᠲᠠᠨ ᠡᠯᠡᠰᠦᠷᠬᠡᠭ ᠬᠦᠷᠦᠰᠦᠨ᠎ᠳᠤ ᠲᠠᠷᠢᠪᠠᠯ ᠰᠠᠢ᠌ᠨ᠃ ᠭᠠᠵᠠᠷ ᠲᠤᠤᠷᠠᠬᠢ ᠤᠰᠤᠨ ᠲᠦᠪᠰᠢᠨ ᠨᠡᠯᠢᠶᠡᠳ ᠲᠤᠤᠷ᠎ᠠ᠂ ᠬᠦᠷᠦᠰᠦ ᠰᠢᠷᠤᠢ᠎ᠨᠢ ᠲᠠᠴᠢᠷ᠂ ᠴᠢᠭᠢᠭᠯᠢᠭ ᠬᠡᠢ᠌ᠰᠦᠮᠡᠯ ᠡᠯᠡᠰᠦ ᠰᠢᠷᠤᠢ᠌ᠲᠤ ᠭᠠᠵᠠᠷ ᠨᠢᠮᠪᠠᠢ ᠠᠷᠠᠴᠢᠯᠠᠬᠤ᠎ᠳᠤ ᠬᠦᠷᠪᠡᠯ ᠮᠦᠨ ᠳᠠᠪᠠᠭᠤ ᠤᠷᠭᠤᠨ᠎ᠠ᠃

ᠢᠷᠡᠯᠲᠡ᠄
          
ᠬᠠᠮᠢᠶ᠎ᠡ ᠪᠦᠬᠦᠢ ᠰᠣᠨᠢᠨ
ᠡᠯ ᠪᠠᠢ ᠶᠠᠩ ᠤᠯᠢᠶᠠᠰᠤ
ᠭᠡᠭᠦᠦ ᠵᠢᠨ ᠰᠦ
ᠤᠷᠠᠨ ᠴᠦᠭᠦᠷᠰᠦ
ᠴᠦᠭᠦᠷᠰᠦ (ᠭᠡᠯᠢᠭ ᠮᠣᠳᠣ)
ᠰᠢᠪᠧᠷᠢᠶ᠎ᠡ ᠵᠣᠳᠣᠣ
 
             蒙ICP备05000248号