ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠵᠢᠭᠠᠨ ᠰᠣᠷᠭᠠᠯᠲᠠ᠎ᠶᠢᠨ ᠰᠣᠳᠣᠯᠣᠯ
ᠦᠯᠢᠬᠡᠷ ᠵᠶ᠋ᠠᠷ ᠲᠠᠮᠵᠢᠭᠤᠯᠤᠨ ᠰᠢᠠᠵᠢᠯᠡᠬᠦ ᠤᠬᠠᠭ᠋ᠠᠨ᠎ᠤ ᠬᠢᠴᠢᠶᠡᠯᠯᠡᠭᠡ ᠵᠢ ᠦᠷ᠎ᠠ ᠳ᠋ᠦᠩ᠎ᠲᠠᠢ ᠪᠤᠯᠭ᠋ᠠᠬᠤ᠎ᠨᠢ
ᠨᠡᠶ᠋ᠢᠲᠡᠯᠡᠭᠰᠡᠨ ᠴᠠᠭ᠄ 2024-08-16

                      ᠵᠢᠷᠣᠭᠮ᠎ᠠ


教学研究4.png


      ᠪᠠᠭ᠎ᠠ ᠪᠡᠯᠴᠢᠷ ᠨᠠᠰᠤᠨ᠎ᠤ ᠬᠡᠣᠬᠡᠣᠨ᠎ᠤᠨ ᠲᠦᠰᠣᠬᠡᠯᠡᠬᠦ ᠴᠢᠳᠠᠪᠣᠷᠢ ᠵᠢᠨ ᠬᠦᠭᠵᠢᠯᠳᠡ ᠬᠤᠶᠠᠷ ᠵᠤᠶ᠋ᠢᠯ᠎ᠤᠨ ᠣᠨᠴᠠᠯᠢᠭ᠎ᠲᠠᠢ ᠪᠠᠶ᠋ᠢᠳᠠᠭ᠄ ᠨᠢᠬᠡ᠎ᠨᠢ ᠬᠦᠮᠤᠨᠴᠢᠯᠡᠬᠦ ᠲᠤᠷᠠᠳᠠᠢ᠂ ᠨᠦᠬᠦᠬᠡ᠎ᠨᠢ ᠬᠡᠶ᠋ᠢᠰᠪᠤᠷᠢᠯᠡᠨ ᠰᠡᠳᠬᠢᠬᠦ ᠲᠤᠷᠠᠳᠠᠢ ᠪᠠᠶ᠋ᠢᠳᠠᠭ᠃ ᠵᠢᠱ᠌ᠢᠶᠡᠯᠡᠪᠡᠯ᠂ ᠦᠯᠢᠬᠡᠷ᠎ᠲᠠᠬᠢ ᠨᠤᠬᠠᠢ᠂ ᠭᠠᠭ᠍ᠠᠢ᠂ ᠮᠤᠤᠷ᠂ ᠰᠢᠷᠡᠭᠡ ᠰᠠᠠᠳᠠᠯᠢ᠂ ᠨᠤᠮ ᠲᠡᠪᠳᠡᠷ ᠵᠡᠷᠬᠡ ᠵᠢ ᠴᠤ᠌ ᠬᠦᠮᠤᠠᠴᠢᠯᠠᠵᠤ ᠶᠠᠷᠢᠪᠠᠯ ᠦᠢ᠍ᠯᠠᠭ᠋ᠠᠯᠳᠠ ᠲᠤᠳᠤ ᠪᠠᠶ᠋ᠢᠳᠠᠭ ᠮᠦᠷᠳᠡᠬᠡᠨ ᠦᠯᠢᠬᠡᠷ᠎ᠤᠨ ᠶᠠᠪᠤᠴᠨ ᠲᠤᠮᠳᠠ ᠶᠠᠮᠠᠷ ᠨᠢᠬᠡᠨ ᠬᠠᠷᠰᠢ ᠰᠠᠭ᠋ᠠᠳ᠂ ᠶᠠᠷᠰᠢᠭ ᠲᠦᠪᠡᠭ ᠲᠤᠬᠢᠶᠠᠯᠳᠤᠪᠠᠯ ᠬᠡᠨᠡᠤᠨᠳᠠ ᠨᠢᠬᠡᠨ ᠰᠠᠬᠢᠭᠤᠯᠰᠣᠨ ᠪᠤᠶᠤ ᠬᠤᠪᠢᠯᠭ᠋ᠠᠨ ᠭᠠᠷᠴᠣ ᠢᠷᠡᠬᠦᠯᠤᠨ ᠲᠤᠰᠠᠯᠠᠭᠤᠯᠬᠤ ᠬᠡᠬᠦ ᠮᠡᠳᠣ᠎ᠪᠠᠷ ᠬᠡᠶ᠋ᠢᠰᠪᠤᠷᠢᠯᠡᠨ ᠪᠤᠳᠣᠳᠠᠭ᠃
      ᠠ᠋ᠶ᠋ᠢᠮᠤ᠎ᠠᠴᠠ ᠦᠯᠢᠬᠡᠷ᠎ᠨᠢ ᠪᠠᠭ᠎ᠠ ᠬᠡᠣᠬᠡᠣᠨ᠎ᠤᠨ ᠬᠦᠮᠤᠨᠴᠢ ᠰᠡᠤᠨᠬᠢᠯᠬᠡ ᠵᠢ ᠬᠦᠭᠵᠢᠬᠦᠯᠤᠨ᠂ ᠮᠡᠳᠡᠯᠬᠡ ᠵᠢ᠎ᠨᠢ ᠦᠷᠬᠡᠤᠨᠬᠡᠬᠦ᠎ᠪᠠᠷ ᠪᠠᠷᠠᠭ᠍ᠤ ᠦᠬᠡᠢ ᠨᠡᠩ ᠴᠢᠬᠤᠯᠠ᠎ᠨᠢ ᠬᠡᠤᠬᠡᠤᠨ᠎ᠤᠨ ᠰᠤᠨᠤᠰᠬᠤ᠂ ᠤᠶ᠋ᠢᠯᠠᠭ᠋ᠠᠬᠤ᠂ ᠠᠩᠬᠠᠷᠬᠤ᠂ ᠤᠢ ᠲᠤᠭᠳᠠᠭ᠋ᠠᠯᠳᠤ᠂ ᠰᠡᠳᠬᠢᠨ ᠪᠤᠳᠤᠬᠤ ᠴᠢᠳᠠᠪᠤᠷᠢ ᠪᠤᠯᠤᠨ ᠲᠦᠰᠢᠭᠯᠡᠬᠦ ᠴᠢᠳᠠᠪᠤᠷᠢ ᠵᠢ᠎ᠨᠢ ᠬᠦᠮᠤᠵᠢᠬᠦᠯᠵᠦ ᠬᠡᠤᠬᠡᠳ᠎ᠲᠤ ᠠ᠋ᠷᠳᠡᠴᠢ ᠰᠤᠷᠭ᠋ᠠᠨ ᠬᠦᠮᠤᠵᠢᠯ᠎ᠢ ᠨᠢᠬᠡᠨ ᠪᠦᠳᠤᠮᠵᠢᠲᠠᠢ ᠠᠷᠭ᠎ᠠ ᠪᠠᠷᠢᠯ ᠪᠤᠯᠳᠠᠭ᠃
      ᠲᠤᠤᠷ᠎ᠠ ᠭᠡᠤᠭᠡᠳ᠎ᠤᠨ ᠴᠡᠴᠡᠷᠯᠢᠭ᠎ᠤᠨ ᠪᠠᠭ᠎ᠠ ᠠᠩᠬᠢ ᠵᠢᠨ ᠰᠢᠠᠵᠢᠯᠡᠬᠦ ᠤᠬᠠᠭ᠋ᠠᠨ᠎ᠤ ᠬᠢᠴᠢᠶᠡᠯ᠎ᠢ ᠦᠯᠢᠬᠡᠷ ᠶᠠᠷᠢᠬᠤ ᠬᠡᠯᠪᠡᠷᠢ᠎ᠪᠠᠷ ᠬᠡᠷᠬᠢᠨ ᠬᠢᠴᠢᠶᠡᠯᠯᠡᠵᠤ᠂ ᠶᠠᠮᠠᠷ ᠵᠡᠷᠭᠡ ᠤᠯᠤᠯᠳᠠ ᠤᠯᠤᠭᠰᠠᠨ ᠲᠤᠬᠠᠢ᠎ᠪᠠᠨ ᠲᠦᠬᠦᠮ ᠦᠬᠦᠯᠡᠶ᠎ᠠ᠃
      ᠵᠢᠱ᠌ᠢᠶ᠎ᠡ ᠨᠢᠬᠡ —
      ᠬᠡᠤᠬᠡᠳ᠎ᠤᠳ᠎ᠲᠤ ᠴᠠᠰᠤ ᠵᠢ ᠲᠡᠨᠢᠭᠤᠯᠬᠤ᠎ᠳᠤ᠎ᠪᠠᠨ 《ᠭᠠᠶ᠋ᠢᠬᠠᠮᠰᠢᠭᠳᠤ ᠴᠠᠰᠤ》 ᠬᠡᠬᠦ ᠦᠯᠢᠬᠡᠷ᠎ᠢ ᠶᠠᠷᠢᠵᠤ ᠦᠭᠬᠦᠭᠰᠠᠨ ᠪᠠᠶ᠋ᠢᠨ᠎ᠠ᠂ ᠠ᠋ᠬᠦᠨ᠎ᠳᠤ ᠲᠤᠮᠤ ᠬᠡᠯᠪᠡᠷᠢ ᠵᠢᠨ ᠬᠦᠰᠢᠬᠡᠨ᠎ᠤ ᠵᠢᠷᠤᠭᠳᠤ ᠦᠵᠡᠬᠦᠯᠤᠮᠵᠢ᠂ ᠰᠢᠷ᠎ᠠ ᠬᠦᠯᠤᠬᠡ᠂ ᠠᠯᠠᠭ ᠮᠤᠤᠷ᠂ ᠠ᠋ᠮᠡᠭᠴᠢᠨ ᠲᠠᠬᠢᠶ᠎ᠠ ᠪᠤᠯᠤᠨ ᠬᠦᠪᠤᠩ ᠲᠡᠪᠡᠯ᠂ ᠨᠤᠤᠰᠤᠨ ᠮᠠᠯᠠᠭ᠋ᠠᠢ᠂ ᠵᠤᠵᠠᠭ᠋ᠠᠨ ᠭᠤᠳᠤᠯ᠎ᠲᠠᠢ ᠬᠦᠤ ᠬᠡᠤᠬᠡᠨ ᠵᠡᠷᠬᠡ ᠵᠢᠨ ᠬᠦᠳᠡᠯᠬᠡᠬᠡᠳᠤ ᠵᠢᠷᠤᠭᠳᠤ ᠦᠵᠡᠬᠦᠯᠤᠮᠵᠢ ᠵᠢ ᠠᠰᠢᠭᠯᠠᠨ ᠦᠯᠢᠬᠡᠷ᠎ᠢ ᠲᠠᠭᠤᠨ ᠦᠩᠬᠡ ᠵᠢᠨ ᠬᠤᠪᠢᠷᠠᠯᠳᠠ᠎ᠲᠠᠢ ᠶᠠᠷᠢᠭᠰᠠᠨ᠎ᠠᠴᠠ ᠲᠡᠳᠡᠨ᠎ᠤ ᠰᠤᠨᠢᠭᠤᠴᠢ ᠰᠡᠳᠬᠢᠬᠦᠢ᠎ᠳᠤ ᠵᠤᠬᠢᠴᠠᠨ᠂ ᠬᠢᠴᠢᠶᠡᠯᠯᠡᠭᠡ᠎ᠳᠤ ᠤᠷᠤᠯᠴᠠᠭ᠍ᠤ ᠤᠷᠮ᠎ᠠ ᠪᠠᠬ᠎ᠠ ᠵᠢ᠎ᠨᠢ ᠬᠦᠭᠵᠢᠬᠡᠵᠤ᠂ ᠲᠤᠷ᠎ᠠ ᠰᠤᠨᠢᠷᠬᠠᠯ᠂ ᠠᠩᠬᠠᠷᠤᠯ᠎ᠢ᠎ᠨᠢ ᠲᠠᠳᠠᠵᠤ ᠴᠢᠳᠠᠭᠰᠠᠨ ᠪᠠᠶ᠋ᠢᠨ᠎ᠠ᠃ ᠦᠯᠢᠬᠡᠷ᠎ᠲᠤ ᠰᠢᠷ᠎ᠠ ᠬᠦᠯᠤᠬᠡ᠂ ᠠᠯᠠᠭ ᠮᠤᠤᠷ᠎ᠤᠨ 《ᠴᠠᠭ᠋ᠠᠨ ᠰᠢᠬᠢᠷ》᠂ 《ᠴᠠᠭ᠋ᠠᠨ ᠲᠠᠪᠤᠰᠤ》 ᠬᠡᠵᠤ ᠮᠠᠷᠭᠤᠯᠳᠤᠬᠤ᠎ᠳᠤ ᠠ᠋ᠮᠡᠭᠴᠢᠨ ᠲᠠᠬᠢᠶ᠎ᠠ ᠬᠦᠷᠴᠤ ᠢᠷᠡᠬᠡᠳ ᠴᠠᠭ᠋ᠠᠨ ᠴᠠᠰᠤᠨ ᠴᠡᠴᠡᠭ᠎ᠢ ᠠᠮᠳᠠᠯᠠᠵᠤ ᠦᠵᠡᠬᠡᠳ᠄ 《ᠬᠦ᠋᠂ ᠬᠦ᠋᠂ ᠬᠦ᠋ ᠠ᠋ᠨ᠋ᠨ ᠴᠢᠨᠢ ᠲᠠᠪᠤᠰᠤ ᠪᠢᠰᠢ᠂ ᠰᠢᠬᠢᠷ ᠴᠤ᠌ ᠪᠢᠰᠢ᠂ ᠠᠮᠳᠠᠳᠠᠢ ᠴᠤ᠌ ᠪᠢᠰᠢ᠂ ᠱᠤᠷᠪᠤᠭ ᠴᠤ᠌ ᠪᠢᠰᠢ᠂ ᠠᠮᠠᠨ᠎ᠳᠤ ᠤᠷᠤᠪᠠᠯ ᠬᠦᠢ᠍ᠳᠠᠨ ᠪᠠᠶ᠋ᠢᠳᠠᠭ ᠪᠠᠶ᠋ᠢᠨ᠎ᠠ》 ᠬᠡᠳᠡᠭ᠎ᠢ ᠶᠠᠷᠢᠭᠤᠯᠤᠨ᠎ᠠ᠃ ᠶᠠᠭ ᠠ᠋ᠨ᠋ᠨ ᠦᠶ᠎ᠠ᠎ᠳᠤ ᠵᠤᠵᠠᠭ᠋ᠠᠨ ᠬᠤᠪᠴᠠᠰᠤᠯᠠᠭᠰᠠᠨ ᠬᠦᠤ ᠬᠡᠤᠬᠡᠨ ᠬᠤᠶᠠᠭᠤᠯᠨ ᠨᠠᠭ᠋ᠠᠳᠤᠬᠢ ᠬᠡᠷ᠎ᠠᠴᠠ ᠭᠠᠷ ᠬᠤᠯᠪᠤᠨ ᠭᠠᠷᠴᠤ ᠢᠷᠡᠬᠡᠳ᠄ 《ᠦᠨᠡᠬᠡᠷ ᠵᠤᠵᠠᠭ᠋ᠠᠨ ᠴᠠᠰᠤ ᠪᠠᠭᠤᠯ᠎ᠠ᠂ ᠪᠢᠳᠠ ᠪᠦᠬᠦᠳᠡᠬᠡᠷ ᠴᠠᠰᠤᠨ ᠬᠦᠮᠤᠨ ᠪᠠᠷᠢᠶ᠎ᠠ》 ᠬᠡᠵᠤ ᠰᠢᠷ᠎ᠠ ᠬᠦᠯᠤᠬᠡ᠂ ᠠᠯᠠᠭ ᠮᠤᠤᠷ᠂ ᠠ᠋ᠮᠡᠭᠴᠢᠨ ᠲᠠᠬᠢᠶ᠎ᠠ ᠵᠢ ᠲᠠᠭᠤᠳᠠᠨ᠎ᠠ᠃
      ᠲᠤᠰ ᠦᠯᠢᠬᠡᠷ ᠵᠶ᠋ᠠᠷ ᠲᠠᠮᠵᠢᠭᠤᠯᠤᠨ᠂ ᠬᠡᠤᠬᠡᠳ᠎ᠤᠳ᠎ᠲᠤ ᠴᠠᠰᠤᠨ᠎ᠤ ᠤᠡᠴᠠᠯᠢᠭ ᠰᠢᠠᠵᠢ (ᠦᠩᠬᠡ᠂ ᠦᠨᠤᠷ᠂ ᠠᠮᠳᠠ᠂ ᠬᠡᠯᠪᠡᠷᠢ ᠲᠦᠷᠰᠣ) ᠵᠢ ᠲᠠᠨᠢᠭᠤᠯᠬᠤ ᠵᠢᠨ ᠬᠠᠮᠳᠣ᠂ ᠴᠠᠰᠤ ᠬᠡᠳᠤᠶ᠋ᠢᠪᠡᠷ ᠴᠠᠭ᠋ᠠᠨ ᠦᠩᠬᠡ᠎ᠲᠠᠢ ᠪᠤᠯᠪᠠᠴᠤ ᠲᠠᠪᠤᠰᠤ ᠰᠢᠬ ᠱᠤᠷᠪᠤᠭ ᠪᠢᠰᠢ᠂ ᠰᠢᠬᠢᠷ ᠰᠢᠭ ᠠᠮᠳᠠᠳᠠᠢ ᠴᠤ᠌ ᠪᠢᠰᠢ᠂ ᠠᠮᠠᠨ᠎ᠳᠤ ᠤᠷᠤᠪᠠᠯ ᠬᠦᠢ᠍ᠳᠠᠨ ᠪᠠᠶ᠋ᠢᠳᠠᠭ ᠮᠦᠷᠳᠡᠬᠡᠨ ᠠᠮᠠᠷᠬᠠᠨ ᠬᠠᠶ᠋ᠢᠯᠤᠭ᠋ᠠᠳ ᠰᠢᠩᠬᠡᠨ ᠪᠡᠶᠠᠳᠤ ᠪᠤᠯᠴᠢᠬᠠᠳᠠᠭ ᠬᠡᠳᠡᠭ᠎ᠢ᠎ᠨᠢ ᠤᠶ᠋ᠢᠯᠠᠭ᠋ᠠᠭᠤᠯᠬᠤ ᠵᠢᠨ ᠬᠠᠮᠳᠣ ᠴᠠᠰᠣᠨ᠎ᠤ ᠪᠦᠷᠢᠯᠳᠣᠯ᠎ᠤᠨ ᠶᠠᠪᠤᠴᠠ ᠵᠢ ᠮᠡᠳᠡᠬᠦᠯᠵᠤ᠂ ᠲᠡᠳᠡᠨ᠎ᠳᠤ ᠬᠠᠷᠠᠬᠠᠨ ᠪᠠᠭ᠎ᠠ᠎ᠠᠴᠠ᠎ᠨᠢ ᠰᠢᠨᠵᠢᠯᠡᠬᠦ ᠣᠬᠠᠭ᠋ᠠᠨ᠎ᠢ ᠪᠠᠭ᠍ᠠᠷᠬᠠᠬᠤ᠂ ᠰᠢᠨᠵᠢᠯᠡᠬᠦ ᠣᠬᠠᠭ᠋ᠠᠨ᠎ᠳᠤ ᠪᠠᠭ᠍ᠠᠳᠠᠢ ᠪᠤᠯᠬᠤ᠂ ᠰᠢᠨᠵᠢᠯᠡᠬᠦ ᠤᠬᠠᠭ᠋ᠠᠨ᠎ᠢ ᠬᠠᠢ᠍ᠢ᠍ᠷᠠᠯᠠᠭ᠍ᠤ ᠬᠦᠮᠤᠵᠢᠯ᠎ᠢ ᠬᠦᠷᠳᠡᠬᠡᠭᠰᠡᠨ ᠪᠠᠶ᠋ᠢᠨ᠎ᠠ᠃
      ᠵᠢᠱ᠌ᠢᠶ᠎ᠠ ᠬᠤᠶᠠᠷ —
      《ᠰᠡᠬᠦᠯ ᠵᠢᠬᠡᠯᠡᠭᠰᠡᠨ᠎ᠨᠢ》 ᠬᠡᠳᠡᠭ ᠦᠯᠢᠬᠡᠷ᠎ᠢ ᠮᠦᠠ ᠴᠤ᠌ ᠲᠤᠮᠤ ᠬᠡᠯᠪᠡᠷᠢ ᠵᠢᠨ ᠬᠦᠰᠢᠬᠡᠨ᠎ᠤ ᠵᠢᠷᠤᠭᠳᠤ ᠦᠵᠡᠬᠦᠯᠤᠮᠵᠢ ᠪᠤᠯᠤᠨ ᠪᠢᠴᠢᠬᠠᠨ ᠪᠦᠵᠦᠩ᠂ ᠲᠠᠤᠯᠠᠢ᠂ ᠢᠮᠵᠢ᠂ ᠰᠠᠮᠵᠨ᠂ ᠦᠬᠡᠷ᠂ ᠦᠨᠡᠭᠡ᠂ ᠰᠢᠪᠠᠭᠤ ᠵᠡᠷᠬᠡ ᠠᠮᠢᠳᠠᠨ᠎ᠤ ᠬᠦᠳᠡᠯᠬᠡᠬᠡᠨᠳᠤ ᠵᠢᠷᠤᠭᠳᠤ ᠦᠵᠡᠬᠦᠯᠤᠮᠵᠢ ᠵᠡᠷᠬᠡ ᠵᠢ ᠠᠰᠢᠭᠯᠠᠨ ᠶᠠᠷᠢᠵᠤ᠂ ᠦᠯᠢᠬᠡᠷ᠎ᠲᠠᠬᠢ ᠪᠢᠴᠢᠬᠠᠨ ᠪᠦᠵᠦᠩ᠎ᠤᠨ ᠢᠮᠵᠢ ᠡᠵᠢ᠂ ᠰᠠᠮᠵᠨ ᠠ᠋ᠬᠡᠴᠢ᠂ ᠦᠬᠡᠷ ᠠᠪᠠᠭ᠎ᠠ᠂ ᠦᠨᠡᠭᠡ ᠠᠪᠤᠭ᠋ᠠᠢ᠂ ᠰᠢᠪᠠᠭᠤ ᠵᠡᠷᠬᠡ ᠠᠮᠢᠳᠠᠨ᠎ᠠᠴᠠ ᠰᠡᠬᠦᠯ ᠵᠢᠬᠡᠯᠡᠬᠦ ᠬᠡᠰᠡᠨ ᠶᠠᠷᠢᠯᠴᠠᠭ᠎ᠠ᠎ᠪᠠᠷ ᠲᠠᠮᠵᠢᠭᠤᠯᠤᠨ᠂ ᠬᠡᠤᠬᠡᠳ᠎ᠤᠳ᠎ᠲᠤ ᠠ᠋ᠳᠡᠬᠡᠷ ᠠᠮᠢᠳᠠᠨ᠎ᠤ ᠰᠡᠬᠦᠯ᠎ᠤᠨ ᠤᠠᠴᠠᠯᠢᠭ ᠰᠢᠠᠵᠢ ᠪᠡ ᠲᠤᠰ ᠲᠤᠰ᠎ᠤᠨ ᠬᠢᠨᠢ ᠬᠡᠷᠡᠭᠴᠡᠭᠡ ᠦᠢ᠍ᠯᠡᠳᠤᠯ᠎ᠢ᠎ᠨᠢ ᠲᠤᠳᠤᠷᠬᠠᠢ ᠦᠢ᠍ᠯᠠᠭ᠋ᠠᠭᠤᠯᠵᠤ ᠴᠢᠳᠠᠭᠰᠠᠨ ᠪᠠᠶ᠋ᠢᠨ᠎ᠠ᠃ ᠠ᠋ᠨᠡ ᠬᠦ᠌ ᠦᠯᠢᠬᠡᠷ᠎ᠢ ᠶᠠᠷᠢᠬᠤ ᠶᠠᠪᠤᠴᠠ᠎ᠳᠤ ᠬᠡᠤᠬᠡᠳ᠎ᠤᠨ ᠰᠡᠳᠬᠢᠯ ᠶᠡᠬᠡᠳᠠ ᠬᠦᠬᠡᠷᠴᠤ ᠬᠦᠭᠵᠢᠨ ᠪᠠᠶᠠᠰᠬᠤ ᠵᠢᠨ ᠲᠠᠭ᠋ᠠᠤ᠂ ᠠᠮᠢᠳᠠᠳ᠎ᠤᠨ ᠰᠡᠬᠦᠯ᠎ᠤᠨ ᠬᠡᠷᠡᠭᠴᠡᠭᠡ ᠦᠢ᠍ᠯᠡᠳᠤᠯ᠎ᠢ ᠮᠠᠰᠢ ᠤᠬᠤᠷ ᠬᠤᠭᠤᠴᠠᠭ᠋ᠠᠨ᠎ᠳᠤ ᠢᠯᠭ᠋ᠠᠨ ᠲᠠᠨᠢᠵᠤ᠂ ᠶᠠᠷᠢᠵᠤ ᠴᠢᠳᠠᠭ᠍ᠤ ᠪᠤᠯᠤᠭᠰᠠᠨ᠎ᠠᠴᠠ ᠦᠵᠡᠬᠦ᠎ᠳᠤ ᠦᠯᠢᠬᠡᠷ᠎ᠨᠢ ᠬᠡᠤᠬᠡᠳ᠎ᠲᠤ ᠬᠢᠷᠢ ᠵᠡᠷᠬᠡ ᠵᠢᠨ ᠤᠶ᠋ᠢᠯᠠᠭ᠋ᠠᠮᠵᠢ᠎ᠲᠠᠢ᠂ ᠬᠦᠨ ᠰᠠᠭᠤᠭᠳᠠᠯ᠎ᠲᠠᠢ᠂ ᠠᠴᠢ ᠲᠤᠰᠨ᠎ᠲᠠᠢ ᠪᠠᠶ᠋ᠢᠭ᠎ᠠ ᠬᠡᠳᠡᠭ᠎ᠨᠢ ᠮᠡᠳᠡᠷᠡᠭᠳᠡᠵᠤ ᠪᠠᠶ᠋ᠢᠯ᠎ᠠ᠃
      ᠠ᠋ᠶ᠋ᠢᠮᠤᠷᠬᠦᠤ ᠮᠠᠶᠢᠭ᠎ᠤᠨ ᠬᠢᠴᠢᠶᠡᠯᠯᠡᠭᠡ᠎ᠨᠢ ᠪᠠᠭ᠎ᠠ ᠬᠡᠣᠬᠡᠣᠨ᠎ᠤᠳ᠎ᠲᠤ ᠨᠢᠬᠡᠨ ᠬᠡᠷᠡᠭ ᠣᠴᠢᠷ᠂ ᠤᠶ᠋ᠢᠯᠡ ᠶᠠᠪᠣᠳᠠᠯ᠎ᠢ ᠰᠢᠭᠤᠤᠨ ᠤᠨᠤᠯ᠎ᠤᠨ ᠬᠡᠯᠪᠡᠷᠢ᠎ᠪᠠᠷ ᠶᠠᠷᠢᠵᠤ᠂ ᠤᠯᠠᠮᠵᠢᠯᠠᠭ᠍ᠤ ᠵᠢ ᠪᠤᠳᠣᠪᠠᠯ ᠪᠠᠭ᠎ᠠ ᠬᠡᠣᠬᠡᠣᠨ᠎ᠤᠨ ᠤᠶ᠋ᠢᠯᠠᠭ᠋ᠠᠨ ᠬᠦᠯᠢᠶᠡᠨ ᠠᠪᠴᠣ ᠴᠡᠬᠡᠵᠢᠯᠡᠬᠦ᠎ᠳᠤ ᠲᠤᠶ᠋ᠢᠯ᠎ᠤᠨ ᠲᠦᠬᠦᠮ ᠪᠠᠶ᠋ᠢᠳᠠᠭ᠂ ᠮᠦᠠ ᠴᠤ᠌ ᠠ᠋ᠨᠡ᠎ᠨᠢ ᠬᠡᠣᠬᠡᠣᠨ᠎ᠤᠨ ᠰᠡᠤᠨᠬᠢᠴᠡ᠂ ᠬᠦᠯᠢᠶᠡᠨ ᠠᠪᠬᠤ ᠴᠢᠳᠠᠪᠤᠷᠢ᠎ᠳᠤ᠎ᠨᠢ ᠴᠠᠪ ᠲᠤᠬᠢᠷᠠᠵᠤ ᠪᠠᠶ᠋ᠢᠳᠠᠭ᠃ ᠰᠣᠷᠭ᠋ᠠᠨ ᠬᠦᠮᠤᠵᠢᠯ᠎ᠤᠨ ᠬᠠᠮᠤᠭ᠎ᠤᠨ ᠦᠨᠳᠣᠰᠣᠨ ᠠᠷᠭ᠎ᠠ ᠪᠤᠯ ᠬᠡᠣᠬᠡᠣᠨ᠎ᠤᠨ ᠤᠨᠴᠠᠯᠢᠭ᠎ᠲᠤ᠎ᠨᠢ ᠲᠤᠬᠢᠷᠠᠭᠤᠯᠤᠨ ᠵᠢᠭ᠋ᠠᠬᠤ ᠶᠠᠪᠤᠳᠠᠯ ᠪᠤᠯᠤᠨ᠎ᠠ᠃ ᠬᠡᠣᠬᠡᠣᠨ᠎ᠤᠳ᠎ᠲᠤ ᠲᠡᠳᠡᠨ᠎ᠤ ᠬᠦᠯᠢᠶᠡᠨ ᠠᠪᠬᠤ ᠬᠡᠮᠵᠢᠶᠡᠨ᠎ᠠᠴᠠ ᠬᠡᠳᠣᠷᠡᠭᠰᠡᠨ ᠵᠦᠢ᠍ᠯ᠎ᠢ ᠵᠢᠭ᠋ᠠᠪᠠᠯ᠂ ᠬᠦᠯᠢᠶᠡᠨ ᠠᠪᠴᠣ ᠲᠡᠶ᠋ᠢᠯᠬᠦ ᠦᠬᠡᠢ ᠮᠦᠷᠳᠡᠬᠡᠨ ᠰᠣᠷᠣᠯᠴᠠᠭ᠍ᠤ ᠤᠷᠮ᠎ᠠ ᠵᠤᠷᠢᠭ᠎ᠢ᠎ᠨᠢ ᠴᠤ᠌ ᠬᠤᠭᠤᠯᠵᠤ ᠮᠠᠳᠠᠨ᠎ᠠ᠃
      ᠴᠡᠴᠡᠷᠯᠢᠭ᠎ᠤᠨ ᠬᠡᠤᠬᠡᠳ᠎ᠲᠤ ᠠ᠋ᠨ᠋ᠨ ᠮᠡᠳᠤ ᠦᠯᠢᠬᠡᠷ ᠵᠶ᠋ᠠᠷ ᠲᠠᠮᠵᠢᠭᠤᠯᠤᠨ ᠰᠢᠠᠵᠢᠯᠡᠬᠦ ᠤᠬᠠᠭ᠋ᠠᠨ᠎ᠤ ᠬᠢᠴᠢᠶᠡᠯ᠎ᠢ ᠤᠷᠤᠬᠤ᠎ᠨᠢ ᠬᠡᠤᠬᠡᠳ᠎ᠤᠳ᠎ᠤᠨ ᠬᠢᠴᠢᠶᠡᠯ᠎ᠳᠤ ᠤᠷᠤᠯᠴᠠᠭ᠍ᠤ ᠤᠷᠮ᠎ᠠ ᠪᠠᠬ᠎ᠠ ᠵᠢ᠎ᠨᠢ ᠲᠠᠳᠠᠵᠤ ᠴᠢᠳᠠᠭ᠍ᠤ᠎ᠪᠠᠷ ᠦᠯᠤ ᠪᠠᠷᠠᠨ ᠬᠢᠴᠢᠶᠠᠯᠯᠡᠬᠡ᠎ᠨᠢ ᠬᠠᠷᠠᠯᠳᠠ ᠵᠤᠷᠢᠯᠳᠠ᠎ᠳᠤ᠎ᠪᠠᠨ ᠲᠤᠩ ᠠᠮᠠᠷᠬᠠᠨ ᠬᠦᠷᠴᠤ᠂ ᠨᠡᠯᠢᠶᠡᠳ ᠰᠠᠶ᠋ᠢᠨ ᠦᠷ᠎ᠠ ᠳ᠋ᠦᠩ᠎ᠲᠠᠢ ᠪᠤᠯᠵᠤ ᠴᠢᠳᠠᠨ᠎ᠠ᠃
      ᠠ᠋ᠶ᠋ᠢᠮᠤ᠎ᠠᠴᠠ ᠦᠷᠬᠡᠨ ᠤᠯᠠᠨ ᠪᠠᠭᠰᠢ ᠨᠠᠷ ᠮᠡᠬᠦᠰ ᠮᠢᠨᠤ ᠠᠵᠢᠯ᠎ᠤᠨ ᠠ᠋ᠨᠡ ᠭᠦ᠌ ᠦᠴᠣᠬᠡᠨ ᠤᠯᠤᠯᠳᠠ᠂ ᠲᠤᠷᠰᠢᠯᠭ᠎ᠠ᠎ᠠᠴᠠ ᠬᠡᠷᠡᠭᠴᠡᠭᠡ ᠪᠦᠬᠦᠢ ᠵᠤᠶ᠋ᠢᠯᠡᠰ᠎ᠢ ᠰᠤᠩᠭᠤᠨ ᠠᠪᠴᠤ ᠦᠪᠡᠷ᠎ᠤᠨ ᠵᠢᠭ᠋ᠠᠨ ᠰᠣᠷᠭ᠋ᠠᠯᠳᠠ᠎ᠳᠤ᠎ᠪᠠᠨ ᠠᠭᠤᠰᠬᠠᠨ ᠰᠢᠩᠬᠡᠭᠡᠵᠤ ᠤᠶ᠋ᠢᠯᠡᠴᠢᠯᠡᠬᠦᠯᠤᠨ᠂ ᠮᠦᠠ ᠴᠤ᠌ ᠦᠪᠡᠷ᠎ᠤᠨ ᠵᠢᠭ᠋ᠠᠨ ᠰᠣᠷᠭ᠋ᠠᠯᠳᠠ ᠵᠢᠨ ᠠᠵᠢᠯ᠎ᠳᠤ᠎ᠪᠠᠨ ᠪᠠᠭ᠎ᠠ ᠴᠣ᠌ ᠬᠡᠰᠡᠨ ᠲᠤᠰᠠ ᠲᠡᠮᠵᠢᠯᠬᠡ ᠪᠤᠯᠭ᠋ᠠᠬᠤ ᠪᠤᠯᠪᠠᠤ!
      ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠬᠦᠪᠡᠭᠡᠳᠣ ᠰᠢᠷ᠎ᠠ ᠬᠤᠰᠢᠭᠤᠨ᠎ᠤ
                                 ᠨᠢᠭᠡᠳᠣᠭᠡᠷ ᠬᠡᠣᠬᠡᠣᠨ᠎ᠤᠨ ᠴᠡᠴᠡᠷᠯᠢᠭ 
                                (ᠠᠯᠳᠠᠨᠰᠦᠢ᠍ᠭᠡ ᠨᠠᠢ᠍ᠢ᠍ᠷᠠᠭᠤᠯᠪᠠ)


 

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠮᠣᠩᠭᠤᠯ ᠬᠡᠯᠡᠨ᠎ᠤ ᠦᠭᠡ ᠵᠢ ᠦᠰᠦᠭ ᠵᠶ᠋ᠠᠷ ᠰᠠᠯᠭ᠋ᠠᠬᠤ᠎ᠳᠤ ᠠᠩᠬᠠᠷᠬᠤ ᠵᠦᠢ᠍ᠯ
ᠰᠤᠷᠤᠭᠴᠢᠳ᠎ᠤᠨ ᠲᠠᠶ᠋ᠢᠰᠠᠨ᠎ᠳᠤ ᠳᠠᠭᠤᠯᠠᠭ᠍ᠤ ᠦᠶᠡᠰ᠎ᠤᠨ ᠰᠡᠳᠬᠢᠴᠡ ᠵᠢᠨ ᠬᠠᠷᠰᠢ ᠵᠢ ᠠᠷᠢᠯᠭ᠋ᠠᠬᠤ ᠲᠤᠬᠠᠢ ᠦᠭᠦᠯᠡᠬᠦ᠎ᠨᠢ
ᠪᠠᠭ᠎ᠠ ᠰᠤᠷᠭ᠋ᠠᠭᠤᠯᠢ ᠵᠢᠨ ᠲᠠᠭᠤᠤ ᠬᠦᠭᠵᠢᠮ᠎ᠤᠨ ᠬᠢᠴᠢᠶᠡᠯᠯᠡᠭᠡ᠎ᠳᠠᠬᠢ ᠮᠣᠩᠭᠤᠯ ᠠᠷᠠᠳ᠎ᠤᠨ ᠲᠠᠭᠤᠤ ᠵᠢᠨ ᠵᠢᠭ᠋ᠠᠨ ᠰᠤᠷᠭ᠋ᠠᠯᠳᠠ ᠵᠢᠨ ᠲᠤᠬᠠᠢ ᠲᠥᠬᠦᠮ ᠥᠭᠦᠯᠡᠬᠦ᠎ᠨᠢ
ᠪᠡᠶ᠎ᠠ ᠵᠢᠨ ᠲᠠᠮᠢᠷ᠎ᠤᠨ ᠬᠢᠴᠢᠶᠠᠯ᠎ᠳᠤ ᠰᠤᠷᠤᠭᠴᠢᠳ᠎ᠤᠨ ᠤᠷᠮ᠎ᠠ ᠪᠠᠬ᠎ᠠ ᠵᠢ ᠲᠠᠶ᠋ᠢᠴᠢᠯᠠᠭ᠍ᠤ ᠲᠤᠬᠠᠢ
ᠰᠣᠳᠤᠨ ᠪᠦᠲᠦᠭᠡᠯ᠎ᠤᠨ ᠤᠡᠭᠰᠢᠯᠭ᠎ᠠ᠎ᠪᠠᠷ ᠰᠤᠷᠤᠭᠴᠢᠳ᠎ᠤᠨ ᠨᠣᠮ ᠣᠡᠭᠰᠢᠬᠤ ᠤᠷᠮ᠎ᠠ ᠵᠢ ᠬᠥᠭᠵᠢᠭᠡᠬᠦ ᠲᠤᠬᠠᠢ
 
             蒙ICP备05000248号