ᠰᠡᠴᠡᠨᠰᠠᠶ᠋ᠢᠬᠠᠨ ᠯᠢ ᠠᠭᠤᠯᠠ

ᠮᠣᠩᠭᠤᠯ ᠬᠡᠯᠡᠨ᠎ᠤ ᠦᠭᠡ ᠵᠢ ᠦᠰᠦᠭ ᠵᠶ᠋ᠠᠷ ᠰᠠᠯᠭ᠋ᠠᠬᠤ᠎ᠳᠤ ᠦᠨᠡᠨ᠎ᠳᠤ᠎ᠪᠠᠨ ᠲᠡᠶ᠋ᠢᠮᠦ ᠬᠦᠴᠢᠷ ᠪᠢᠰᠢ ᠶᠤᠮ᠃ ᠭᠡᠪᠡᠴᠦ ᠮᠠᠨ᠎ᠤ ᠪᠠᠭᠰᠢ ᠰᠤᠷᠤᠭᠴᠢ ᠮᠣᠩᠭᠤᠯ ᠬᠡᠯᠡᠨ ᠵᠦᠢ ᠵᠢᠨ ᠮᠡᠳᠡᠯᠭᠡ ᠵᠢ ᠲᠡᠳᠦᠢ ᠰᠠᠶ᠋ᠢᠨ ᠰᠤᠷᠤᠭᠰᠠᠨ ᠦᠭᠡᠢ ᠪᠤᠶᠤ ᠰᠤᠷᠤᠭᠰᠠᠨ ᠮᠡᠳᠡᠯᠭᠡ᠎ᠪᠠᠨ ᠲᠡᠳᠦᠢ ᠰᠠᠶ᠋ᠢᠬᠠᠨ ᠠᠮᠢᠳᠤᠯᠢᠭ ᠬᠡᠷᠡᠭᠯᠡᠵᠦ ᠴᠢᠳᠠᠭ᠍ᠤ ᠦᠭᠡᠢ᠎ᠠᠴᠠ ᠪᠣᠯᠵᠤ ᠶᠡᠷᠦ᠎ᠨᠢ ᠪᠤᠷᠤᠭᠤ ᠰᠠᠯᠭ᠋ᠠᠵᠤ᠂ ᠬᠤᠪᠢ ᠠᠯᠳᠠᠳᠠᠭ ᠪᠠᠶ᠋ᠢᠨ᠎ᠠ᠃ ᠮᠣᠩᠭᠤᠯ ᠬᠡᠯᠡᠨ᠎ᠤ ᠦᠭᠡᠰ᠎ᠢ ᠦᠰᠦᠭ ᠵᠶ᠋ᠠᠷ ᠰᠠᠯᠭ᠋ᠠᠬᠤ᠎ᠳᠤ ᠳᠣᠣᠷᠠᠬᠢ ᠬᠡᠳᠦᠨ ᠵᠦᠢ᠍ᠯ᠎ᠢ ᠠᠩᠬᠠᠷᠬᠤ ᠴᠢᠬᠤᠯᠠᠲᠠᠢ᠃
ᠨᠢᠭᠡ᠂ ᠦᠭᠡ ᠵᠢᠨ ᠠ᠋ᠬᠢᠨ᠎ᠳᠤ ᠣᠷᠣᠭᠰᠠᠨ ᠠ᠋ᠭᠡᠰᠢᠭᠢ ᠰᠠᠯᠭ᠋ᠠᠬᠤ ᠦᠭᠡᠢ᠃ ᠵᠢᠱ᠌ᠢᠶᠡᠯᠡᠪᠡᠯ᠂ 《ᠠᠪᠤ᠂ ᠡᠵᠢ᠂ ᠢᠷ᠎ᠡ᠂ ᠣᠴᠢ᠂ ᠤᠴᠢᠷ᠂ ᠥᠨᠥ᠂ ᠦᠷ᠎ᠡ》 ᠭᠡᠬᠦ ᠦᠭᠡᠨ᠎ᠳᠠᠬᠢ ᠦᠭᠡ ᠵᠢᠨ ᠠ᠋ᠬᠢᠨ᠎ᠳᠤ ᠣᠷᠣᠭᠰᠠᠨ 《ᠠ᠊᠂ ᠡ᠊᠂ ᠢ᠊᠂ ᠣ᠊᠂ ᠣ᠊᠂ ᠦ᠊᠂ ᠦ᠊》 ᠵᠡᠷᠭᠡ ᠳᠠᠩ ᠠ᠋ᠭᠡᠰᠢᠭᠢ ᠰᠠᠯᠭ᠋ᠠᠳᠠᠭ ᠦᠭᠡᠢ᠃ ᠭᠡᠲᠡᠯ᠎ᠡ ᠦᠭᠡ ᠵᠢᠨ ᠠ᠋ᠬᠢᠨ᠂ ᠳᠤᠮᠳᠠ ᠪᠤᠶᠤ ᠠᠳᠠᠭ᠎ᠲᠤ ᠣᠷᠣᠭᠰᠠᠨ ᠳᠠᠪᠬᠤᠷ ᠠ᠋ᠭᠡᠰᠢᠭ ᠪᠤᠶᠤ ᠬᠤᠣᠰ ᠠ᠋ᠭᠡᠰᠢᠭᠢ ᠬᠠᠷᠢᠨ ᠰᠠᠯᠭ᠋ᠠᠳᠠᠭ ᠶᠤᠮ᠃ ᠵᠢᠱ᠌ᠢᠶᠡᠯᠡᠪᠡᠯ᠂ 《ᠠᠶ᠋ᠢᠯ — ᠠ᠊ ᠵᠢ᠊ ᠊ᠯ》᠂ 《ᠲ᠊ ᠊ᠤᠤ᠋ ᠊ᠯᠠ — ᠲ᠊ ᠊ᠤ᠊ ᠊ᠤ᠊ ᠊ᠯ᠊ ᠊ᠠ》᠂ 《ᠭᠠᠷᠤᠢ — ᠭ᠋᠊ ᠊ᠠ᠊ ᠷ᠊ ᠊ᠤ᠊ᠢ》 ᠭᠡᠵᠤ ᠲᠣᠰ ᠲᠣᠰᠲᠤᠪᠠᠨ ᠰᠠᠯᠳᠠᠭ ᠪᠠᠶ᠋ᠢᠨ᠎ᠠ᠃
ᠬᠤᠶᠠᠷ᠂ ᠳᠡᠪᠢᠰᠬᠡᠷ ᠦᠰᠦᠭ᠎ᠢ ᠰᠠᠯᠭ᠋ᠠᠳᠠᠭ ᠦᠭᠡᠢ᠃ ᠶᠡᠷᠦ᠎ᠨᠢ ᠦᠭᠡ ᠵᠢ ᠦᠰᠦᠭ ᠵᠶ᠋ᠠᠷ ᠰᠠᠯᠭ᠋ᠠᠬᠤ᠎ᠳᠤ ᠦᠭᠡ ᠵᠢᠨ ᠳᠤᠮᠳᠠ ᠪᠤᠶᠤ ᠠᠳᠠᠭ᠎ᠲᠤ ᠣᠷᠣᠭᠰᠠᠨ ᠳᠡᠪᠢᠰᠬᠡᠷ ᠦᠰᠦᠭ᠎ᠢ ᠠᠯᠢ ᠵᠢ᠎ᠨᠢ ᠴᠦ᠍ ᠰᠠᠯᠭ᠋ᠠᠳᠠᠭ ᠦᠭᠡᠢ ᠶᠤᠮ᠃ ᠵᠢᠱ᠌ᠢᠶᠡᠯᠡᠪᠡᠯ᠂ 《ᠠ᠊ᠨᠭ᠌᠊ᠴᠢᠨ — ᠠ᠊ ᠩ᠊ ᠴ᠊ ᠢ᠊ ᠊ᠨ》᠂ 《ᠮᠥᠳᠳᠥ — ᠮ᠊ ᠊ᠥ᠋᠊ ᠊ᠳ᠊ ᠳ᠋᠊ ᠤ》᠂ 《ᠰᠠᠩ — ᠰ᠊ ᠊ᠠ᠊ ᠊ᠩ》᠂ 《ᠠᠷᠠᠳ — ᠠ᠊ ᠷ᠊ ᠊ᠠ᠊ᠤᠨ》 ᠭᠡᠬᠦ ᠮᠡᠲᠦ ᠵᠢᠨ ᠳᠤᠮᠳᠠ ᠣᠷᠣᠬᠤ 《᠊ᠳ᠊᠂ ᠩ᠊》 ᠪᠠ ᠠᠳᠠᠭ᠎ᠲᠤ ᠣᠷᠣᠬᠤ 《ᠤᠨ᠂ ᠊ᠩ》 ᠵᠡᠷᠭᠡ ᠳᠡᠪᠢᠰᠬᠡᠷ ᠦᠰᠦᠭ᠎ᠢ ᠰᠠᠯᠭ᠋ᠠᠵᠤ ᠪᠣᠯᠳᠠᠭ ᠦᠭᠡᠢ ᠶᠤᠮ᠃
ᠭᠤᠷᠪᠠ᠂ ᠦᠭᠡ ᠵᠢᠨ ᠤᠳᠬ᠎ᠠ ᠢᠯᠭ᠋ᠠᠳᠠᠭ ᠵᠢᠭᠢᠷᠢᠭ ᠳᠦᠷᠰᠦ ᠵᠢ ᠨᠡᠶ᠋ᠢᠯᠡᠭᠦᠯᠵᠦ ᠪᠢᠴᠢᠬᠦ᠎ᠳᠤ ᠨᠡᠮᠡᠨ ᠪᠢᠴᠢᠵᠦ᠂ ᠦᠰᠦᠭ ᠵᠶ᠋ᠠᠷ ᠰᠠᠯᠭ᠋ᠠᠬᠤ᠎ᠳᠤ ᠣᠷᠬᠢᠵᠤ ᠪᠢᠴᠢᠳᠡᠭ᠃ ᠵᠢᠱ᠌ᠢᠶᠡᠯᠡᠪᠡᠯ᠂ 《ᠬᠢᠪᠡ — ᠊ᠭ᠊ ᠵ᠊ ᠪ᠊ ᠡ》 ᠭᠡᠵᠤ 《ᠪᠠ》 ᠵᠢᠨ ᠠᠴᠤᠭ 《᠊ᠠ᠊》᠎ᠢ ᠨᠡᠶ᠋ᠢᠯᠡᠭᠦᠯᠵᠦ ᠪᠢᠴᠢᠬᠦ ᠦᠶᠡᠰ ᠨᠡᠮᠡᠨ ᠪᠢᠴᠢᠵᠦ᠂ ᠠᠪᠢᠶ᠎ᠠ ᠦᠰᠦᠭ ᠵᠶ᠋ᠠᠷ ᠰᠠᠯᠭ᠋ᠠᠬᠤ᠎ᠳᠤ ᠶᠡᠷᠦ ᠪᠢᠴᠢᠳᠡᠭ ᠦᠭᠡᠢ ᠣᠷᠬᠢᠳᠠᠭ ᠪᠠᠶ᠋ᠢᠨ᠎ᠠ᠃ ᠡ᠊ᠨᠳᠡ ᠨᠡᠮᠡᠭᠳᠡᠵᠦ ᠪᠢᠴᠢᠭᠳᠡᠵᠦ ᠪᠠᠶ᠋ᠢᠭ᠎ᠠ 《᠊ᠠ᠊》 ᠠ᠋ᠭᠡᠰᠢᠭ (ᠠᠴᠤᠭ》᠎ᠨᠢ ᠵᠥᠪᠬᠡᠨ ᠦᠭᠡ ᠵᠢᠨ ᠠᠳᠠᠭ᠎ᠲᠤ ᠣᠷᠣᠬᠤ 《᠊ᠭ》 ᠳᠡᠪᠢᠰᠬᠡᠷ ᠦᠰᠦᠭ᠎ᠠᠴᠠ ᠤᠳᠬ᠎ᠠ ᠢᠯᠭ᠋ᠠᠨ ᠬᠡᠷᠡᠭᠯᠡᠵᠦ ᠪᠠᠶ᠋ᠢᠭ᠎ᠠ ᠤᠴᠢᠷ ᠪᠣᠯᠬᠤ ᠶᠤᠮ᠃ ᠨᠥᠭᠦᠭᠡᠳᠡᠬᠢ᠎ᠨᠢ 《ᠬᠤᠸᠠᠷ — ᠬ᠊ ᠊ᠤ᠊ ᠊ᠠ᠊ ᠊ᠷ》 ᠭᠡᠵᠤ ᠦᠭᠡ ᠵᠢᠨ ᠳᠤᠮᠳᠠ ᠣᠷᠣᠬᠤ 《᠊ᠤ᠊》 ᠪᠣᠯᠣᠨ 《᠊ᠠ᠊》 ᠵᠢᠨ ᠬᠤᠣᠰ ᠠ᠋ᠭᠡᠰᠢᠭᠢ ᠳᠤᠮᠳᠠ ᠣᠷᠣᠬᠤ 《᠊ᠳ᠊》 ᠳᠡᠪᠢᠰᠬᠡᠷ ᠦᠰᠦᠭ᠎ᠠᠴᠠ᠂ 《ᠬᠤᠸᠠ — ᠬ᠊ ᠊ᠤ᠊ ᠊ᠠ》 ᠭᠡᠵᠤ ᠦᠭᠡ ᠵᠢᠨ ᠠᠳᠠᠭ᠎ᠲᠤ ᠣᠷᠣᠬᠤ 《᠊ᠤ᠊》 ᠪᠣᠯᠣᠨ 《᠊ᠠ》 ᠵᠢᠨ ᠬᠤᠣᠰ ᠠ᠋ᠭᠡᠰᠢᠭᠢ ᠠᠳᠠᠭ᠎ᠲᠤ ᠣᠷᠣᠬᠤ 《ᠤᠨ》 ᠳᠡᠪᠢᠰᠬᠡᠷ ᠦᠰᠦᠭ᠎ᠠᠴᠠ ᠳᠦᠷᠰᠦ ᠢᠯᠭ᠋ᠠᠬᠤ ᠵᠢᠨ ᠲᠥᠯᠥᠭᠡ ᠬᠤᠭᠤᠷᠣᠨᠳᠤ᠎ᠨᠢ ᠵᠢᠭᠢᠷᠢᠭ ᠳᠦᠷᠰᠦ 《ᠸ᠊》 ᠵᠢ ᠨᠡᠮᠡᠨ ᠪᠢᠴᠢᠵᠦ ᠢᠯᠭ᠋ᠠᠳᠠᠭ ᠪᠠᠶ᠋ᠢᠨ᠎ᠠ᠃ ᠬᠠᠷᠢᠨ ᠠ᠋ᠭᠦᠨ᠎ᠢ ᠶᠠᠭ᠋ᠠᠬᠢᠭᠰᠠᠨ ᠴᠦ᠍ 《ᠬᠤᠸᠠᠷ — ᠬᠤ ᠸᠠᠷ》᠂ 《ᠬᠤᠸᠠ — ᠬᠤ ᠸᠠ》 ᠭᠡᠵᠤ ᠦᠶ᠎ᠡ᠎ᠪᠠᠷ ᠰᠠᠯᠳᠠᠭ ᠭᠡᠵᠤ 《ᠸ᠊》 ᠭᠡᠶ᠋ᠢᠭᠦᠯᠦᠭᠴᠢ᠎ᠲᠠᠢ ᠦᠰᠦᠭ ᠭᠡᠵᠤ ᠠᠨᠳᠠᠭᠤᠷᠠᠨ ᠵᠢᠭ᠋ᠠᠵᠤ ᠪᠣᠯᠳᠠᠭ ᠦᠭᠡᠢ ᠶᠤᠮ᠃ ᠢᠩᠭᠢᠵᠦ ᠦᠵᠡᠪᠡᠯ 《ᠬᠤᠸᠠᠷ᠂ ᠬᠤᠸᠠ》 ᠭᠡᠰᠡᠨ ᠬᠤᠶᠠᠷ ᠦᠭᠡ ᠶᠡᠷᠦ ᠦᠶ᠎ᠡ᠎ᠪᠠᠷ ᠰᠠᠯᠳᠠᠭ ᠦᠭᠡᠢ ᠭᠠᠭᠴᠠ ᠦᠶᠡᠲᠦ ᠬᠤᠣᠰ ᠠ᠋ᠭᠡᠰᠢᠭ᠎ᠲᠠᠢ ᠦᠭᠡ ᠪᠣᠯᠬᠤ ᠶᠤᠮ᠃
ᠳᠥᠷᠪᠡ᠂ ᠳᠤᠰᠤᠯ ᠰᠡᠷᠭᠦᠭᠡᠵᠦ ᠪᠢᠴᠢᠬᠦ ᠲᠤᠬᠠᠢ᠂ ᠳᠠᠷᠤᠢ 《ᠵᠢ᠊ (ᠢ᠊)᠂ᠢ》 ᠠ᠋ᠭᠡᠰᠢᠭ᠎ᠤᠨ ᠠ᠋ᠮᠦᠨ᠎ᠡ ᠪᠢᠴᠢᠭᠳᠡᠬᠦ 《ᠱ᠊》 ᠭᠡᠶ᠋ᠢᠭᠦᠯᠦᠭᠴᠢ ᠵᠢᠨ ᠳᠤᠰᠤᠯ ᠪᠣᠯᠣᠨ 《ᠰ᠊᠂ ᠊ᠳ᠊》 ᠳᠡᠪᠢᠰᠬᠡᠷ ᠦᠰᠦᠭ᠎ᠤᠨ ᠳᠠᠷᠠᠭ᠎ᠠ ᠣᠷᠣᠭᠰᠠᠨ 《᠊ᠭ᠋ᠠ᠊》 ᠵᠢᠨ ᠳᠤᠰᠤᠯ᠎ᠢ ᠨᠡᠶ᠋ᠢᠯᠡᠭᠦᠯᠵᠦ ᠪᠢᠴᠢᠭᠰᠡᠭᠡᠷ ᠳᠤᠰᠤᠯ᠎ᠢ᠎ᠨᠢ ᠣᠷᠬᠢᠵᠤ᠂ ᠰᠠᠯᠭ᠋ᠠᠵᠤ ᠪᠢᠴᠢᠭᠰᠡᠭᠡᠷ ᠳᠤᠰᠤᠯ᠎ᠢ᠎ᠨᠢ ᠰᠡᠷᠭᠦᠭᠡᠵᠦ ᠪᠢᠴᠢᠳᠡᠭ ᠪᠠᠶ᠋ᠢᠨ᠎ᠠ᠃ ᠵᠢᠱ᠌ᠢᠶᠡᠯᠡᠪᠡᠯ᠂ 《ᠰᠢᠳᠦ — ᠱ᠊ ᠢ᠊ ᠳ᠋᠊ᠤ》᠂ 《ᠳᠠᠰᠬᠠ᠊ ᠊ᠯ — ᠳ᠊ ᠊ᠠ᠊ ᠰ᠊ ᠊ᠭ᠋ᠠ᠊ ᠊ᠯ》᠂ 《ᠳᠠᠳᠬᠠᠯ — ᠳ᠊ ᠊ᠠ᠊ ᠊ᠳ᠊ ᠭ᠊ ᠊ᠠ᠊ ᠊ᠯ》 ᠭᠡᠬᠦ ᠮᠡᠲᠦ᠃
ᠡ᠊ᠨᠳᠡ ᠪᠢᠳᠠ 《ᠰ᠊》 ᠭᠡᠶ᠋ᠢᠭᠦᠯᠦᠭᠴᠢ᠎ᠨᠢ ᠮᠣᠩᠭᠤᠯ ᠬᠡᠯᠡᠨ᠎ᠳᠤ ᠬᠡᠵᠢᠶᠡᠳᠡ 《ᠢ᠊》 ᠠ᠋ᠭᠡᠰᠢᠭ᠎ᠤᠨ ᠠ᠋ᠮᠦᠨ᠎ᠡ ᠪᠢᠴᠢᠭᠳᠡᠳᠡᠭ ᠦᠭᠡᠢ ᠶᠣᠰᠣ ᠵᠢ ᠪᠠᠲᠤ ᠴᠡᠭᠡᠵᠢᠯᠡᠵᠦ᠂ ᠠ᠋ᠨᠡ ᠰᠠᠭᠤᠷᠢᠨ ᠳᠡᠭᠡᠷ᠎ᠡ ᠮᠣᠩᠭᠤᠯ ᠬᠡᠯᠡᠨ᠎ᠳᠠᠬᠢ 《ᠢ᠊》 ᠠ᠋ᠭᠡᠰᠢᠭ᠎ᠤᠨ ᠠ᠋ᠮᠦᠨ᠎ᠡ ᠳᠤᠰᠤᠯ ᠦᠭᠡᠢ᠎ᠪᠠᠷ ᠪᠢᠴᠢᠭᠳᠡᠵᠦ 《ᠰᠢ᠊᠂ ᠰᠢ》 ᠳᠦᠷᠰᠦ᠎ᠨᠢ ᠪᠦᠷ 《ᠱ᠊》 ᠭᠡᠶ᠋ᠢᠭᠦᠯᠦᠭᠴᠢ᠎ᠨᠢ 《ᠢ᠊》 ᠠ᠋ᠭᠡᠰᠢᠭ᠎ᠤᠨ ᠠ᠋ᠮᠦᠨ᠎ᠡ ᠣᠷᠣᠬᠤ (ᠪᠢᠴᠢᠭᠳᠡᠬᠦ)᠎ᠳᠤ᠎ᠪᠠᠨ ᠳᠤᠰᠤᠯ ᠵᠶ᠋ᠠᠨ ᠣᠷᠬᠢᠵᠤ ᠪᠢᠴᠢᠭᠳᠡᠳᠡᠭ ᠭᠡᠰᠡᠨ ᠶᠣᠰᠣ ᠵᠢ ᠴᠦ᠍ ᠲᠣᠳᠣᠷᠬᠠᠢ ᠮᠡᠳᠡᠬᠦ ᠬᠡᠷᠡᠭᠲᠡᠢ᠃ ᠵᠢᠱ᠌ᠢᠶᠡᠯᠡᠪᠡᠯ᠂ 《ᠪᠢᠰᠢ᠂ ᠪᠠᠭᠰᠢ᠂ ᠪᠢᠰᠢᠷᠡᠬᠦ᠂ ᠰᠢᠢ᠍ᠳᠪᠦᠷᠢ》 ᠭᠡᠬᠦ ᠮᠡᠲᠦ ᠵᠢᠨ ᠪᠦᠷ ᠦᠭᠡ ᠵᠢᠨ 《ᠱ᠊》 ᠭᠡᠶ᠋ᠢᠭᠦᠯᠦᠭᠴᠢ᠎ᠨᠢ 《ᠢ᠊》 ᠠ᠋ᠭᠡᠰᠢᠭ᠎ᠤᠨ ᠠ᠋ᠮᠦᠨ᠎ᠡ ᠣᠷᠣᠬᠤ (ᠪᠢᠴᠢᠭᠳᠡᠬᠦ)᠎ᠳᠤ᠎ᠪᠠᠨ ᠳᠤᠰᠤᠯ ᠵᠶ᠋ᠠᠨ ᠣᠷᠬᠢᠵᠤ ᠪᠢᠴᠢᠭᠳᠡᠳᠡᠭ ᠪᠠᠶ᠋ᠢᠨ᠎ᠠ᠃ ᠡ᠊ᠨᠳᠡ ᠮᠣᠩᠭᠤᠯ ᠬᠡᠯᠡᠨ᠎ᠳᠤ 《ᠱ᠌ᠢ》 ᠳᠦᠷᠰᠦ᠎ᠪᠠᠷ ᠪᠢᠴᠢᠭᠳᠡᠬᠦ ᠦᠭᠡ ᠭᠡᠪᠡᠯ 《ᠵᠢᠱ᠌ᠢᠶ᠎ᠡ᠂ ᠱ᠌ᠢᠷᠦ》 ᠭᠡᠬᠦ 《ᠵᠢᠰᠢᠶ᠎ᠡ》᠎ᠠᠴᠠ ᠳᠦᠷᠰᠦ ᠢᠯᠭ᠋ᠠᠭᠰᠠᠨ 《ᠵᠢᠱ᠌ᠢᠶ᠎ᠡ》 ᠪᠣᠯᠣᠨ ᠲᠣᠭᠲᠠᠭᠰᠠᠨ ᠪᠢᠴᠢᠯᠭᠡ᠎ᠲᠠᠢ 《ᠱ᠌ᠢᠷᠦ》 ᠭᠡᠬᠦ ᠬᠤᠶᠠᠷᠬᠠᠨ ᠣᠨᠴᠠᠭ᠋ᠠᠢ ᠦᠭᠡ ᠪᠠᠶ᠋ᠢᠳᠠᠭ᠎ᠢ ᠴᠦ᠍ ᠳᠤᠷᠠᠳᠤᠭᠤᠰᠢᠲᠠᠢ ᠪᠠᠶ᠋ᠢᠨ᠎ᠠ᠃ ᠢᠩᠭᠢᠵᠦ ᠬᠡᠯᠡᠭᠰᠡᠭᠡᠷ ᠯᠡ ᠮᠣᠩᠭᠤᠯ ᠦᠭᠡᠨ᠎ᠤ ᠴᠠᠭ᠋ᠠᠨ ᠲᠣᠯᠣᠭ᠋ᠠᠢ᠎ᠳᠤ ᠦᠨᠡᠨ᠎ᠳᠤ᠎ᠪᠠᠨ 《ᠰᠠ᠂ ᠰᠡ᠂ ᠰᠢ᠂ ᠰᠤ᠂ ᠰᠤ᠂ ᠰᠦ᠂ ᠰᠦ》᠎ᠳᠠᠬᠢ 《ᠰᠢ》 ᠳᠦᠷᠰᠦ ᠪᠠᠶ᠋ᠢᠳᠠᠭ ᠦᠭᠡᠢ᠃ ᠬᠠᠷᠢᠨ ᠠ᠋ᠨᠡ 《ᠰᠢ》 ᠳᠦᠷᠰᠦ᠎ᠨᠢ ᠦᠨᠡᠨ᠎ᠳᠤ᠎ᠪᠠᠨ 《ᠱᠠ》 ᠵᠢᠨ ᠠᠶ᠋ᠢᠮᠠᠭ᠎ᠤᠨ 《ᠰᠢ》 ᠳᠦᠷᠰᠦ ᠪᠠᠶ᠋ᠢᠵᠤ᠂ 《ᠱᠠ》 ᠵᠢᠨ ᠠᠶ᠋ᠢᠮᠠᠭ᠎ᠤᠨ 《ᠱ᠌ᠢ》 ᠳᠦᠷᠰᠦ᠎ᠨᠢ ᠦᠨᠡᠨ᠎ᠳᠤ᠎ᠪᠠᠨ ᠬᠢᠲᠠᠳ ᠬᠡᠯᠡᠨ᠎ᠳᠠᠬᠢ 《ᡁᠢ᠂ ᠊ᠣᠣᠢ᠂ ᠱ᠌ᠢ᠂ ᠡᠯ》 ᠵᠢᠨ 《ᠱ᠌ᠢ》 (石) ᠵᠢ ᠲᠡᠮᠳᠡᠭᠯᠡᠳᠡᠭ ᠪᠢᠴᠢᠯᠭᠡ ᠪᠣᠯᠬᠤ ᠶᠤᠮ᠃
ᠨᠥᠭᠦᠭᠡ ᠨᠢᠭᠡ᠎ᠨᠢ ᠳᠠᠷᠤᠢ 《ᠰ᠊᠂ ᠊ᠳ᠊》 ᠳᠡᠪᠢᠰᠬᠡᠷ ᠦᠰᠦᠭ᠎ᠤᠨ ᠳᠠᠷᠠᠭ᠎ᠠ ᠣᠷᠣᠭᠰᠠᠨ 《᠊ᠭ᠋ᠠ᠊》 ᠵᠢᠨ ᠳᠤᠰᠤᠯ᠎ᠢ ᠨᠡᠶ᠋ᠢᠯᠡᠭᠦᠯᠵᠦ ᠪᠢᠴᠢᠭᠰᠡᠭᠡᠷ ᠳᠤᠰᠤᠯ᠎ᠢ᠎ᠨᠢ ᠣᠷᠬᠢᠵᠤ᠂ ᠰᠠᠯᠭ᠋ᠠᠵᠤ ᠪᠢᠴᠢᠭᠰᠡᠭᠡᠷ ᠳᠤᠰᠤᠯ᠎ᠢ᠎ᠨᠢ ᠰᠡᠷᠭᠦᠭᠡᠵᠦ ᠪᠢᠴᠢᠳᠡᠭ ᠪᠠᠶ᠋ᠢᠨ᠎ᠠ᠃ 《ᠬᠤᠪᠢᠰᠬᠠᠯ᠂ ᠤᠷᠤᠰᠬᠠᠯ᠂ ᠠᠳᠬᠠᠭ᠂ ᠳᠤᠷᠠᠰᠬᠠᠯ᠂ ᠳᠤᠷᠠᠳᠬᠠᠯ᠂ ᠠᠳᠬᠤ᠂ ᠴᠠᠳᠬᠠ᠂ ᠠᠳᠠᠰᠬ᠎ᠠ᠂ ᠲᠤᠷᠠᠰᠬ᠎ᠠ》 ᠭᠡᠬᠦ ᠮᠡᠲᠦ ᠵᠢᠨ ᠦᠭᠡᠨ᠎ᠳᠠᠬᠢ 《ᠰ᠊᠂ ᠊ᠳ᠊》 ᠳᠡᠪᠢᠰᠬᠡᠷ ᠦᠰᠦᠭ᠎ᠤᠨ ᠳᠠᠷᠠᠭ᠎ᠠ ᠣᠷᠣᠭᠰᠠᠨ 《᠊ᠭ᠋ᠠ᠊》 ᠵᠢᠨ ᠳᠤᠰᠤᠯ᠎ᠢ ᠪᠦᠬᠦᠯᠢ ᠦᠰᠦᠭ ᠵᠶ᠋ᠠᠷ ᠪᠢᠴᠢᠬᠦ᠎ᠳᠤᠨᠢ ᠣᠷᠬᠢᠵᠤ᠂ ᠦᠶ᠎ᠡ᠎ᠪᠠᠷ ᠰᠠᠯᠭ᠋ᠠᠬᠤ ᠪᠤᠶᠤ ᠦᠰᠦᠭ ᠵᠶ᠋ᠠᠷ ᠰᠠᠯᠭ᠋ᠠᠬᠤ᠎ᠳᠤ ᠰᠡᠷᠭᠦᠭᠡᠵᠦ ᠪᠢᠴᠢᠬᠦ ᠬᠡᠷᠡᠭᠲᠡᠢ᠃
ᠲᠠᠪᠤ᠂ ᠦᠭᠡ ᠵᠢᠨ ᠳᠤᠮᠳᠠ ᠣᠷᠣᠬᠤ 《ᠢ᠊》 ᠵᠢᠨ ᠳᠠᠪᠬᠤᠷ ᠰᠢᠯᠪᠢ᠎ᠲᠠᠢ ᠪᠣᠯᠣᠨ ᠳᠠᠩ ᠰᠢᠯᠪᠢ᠎ᠲᠠᠢ ᠳᠦᠷᠰᠦ ᠵᠢ ᠵᠥᠪ ᠰᠠᠯᠭ᠋ᠠᠬᠤ ᠭᠡᠷᠡᠭᠳᠠᠢ᠃ ᠮᠣᠩᠭᠤᠯ ᠬᠡᠯᠡᠨ᠎ᠤ 《ᠢ》 ᠠ᠋ᠭᠡᠰᠢᠭ᠎ᠨᠢ ᠦᠭᠡ ᠵᠢᠨ ᠳᠤᠮᠳᠠ ᠳᠠᠪᠬᠤᠷ ᠰᠢᠯᠪᠢ᠎ᠲᠠᠢ 《ᠵᠢ᠊》 ᠪᠣᠯᠣᠨ ᠳᠠᠩ ᠰᠢᠯᠪᠢ᠎ᠲᠠᠢ 《ᠢ᠊》 ᠳᠦᠷᠰᠦ᠎ᠪᠠᠷ ᠪᠢᠴᠢᠭᠳᠡᠵᠦ ᠲᠣᠰ ᠲᠣᠰ᠎ᠤᠨ ᠵᠶ᠋ᠠᠨ ᠬᠡᠷᠡᠭᠯᠡᠭᠡ᠎ᠲᠠᠢ ᠪᠠᠶ᠋ᠢᠳᠠᠭ᠃ ᠳᠠᠷᠤᠢ ᠳᠠᠪᠬᠤᠷ ᠰᠢᠯᠪᠢ᠎ᠲᠠᠢ 《ᠵᠢ᠊》 ᠵᠢ ᠭᠡᠶ᠋ᠢᠭᠦᠯᠦᠭᠴᠢ ᠪᠣᠯᠣᠨ ᠰᠢᠯᠪᠢ ᠦᠭᠡᠢ ᠠ᠋ᠭᠡᠰᠢᠭ (ᠳᠠᠷᠤᠢ ᠠᠴᠤᠭ ᠪᠤᠶᠤ ᠭᠡᠳᠡᠰᠦ᠎ᠲᠠᠢ ᠪᠢᠴᠢᠭᠳᠡᠳᠡᠭ ᠠ᠋ᠭᠡᠰᠢᠭ) 《ᠠ᠊᠂ ᠡ᠊᠂ ᠣ᠊᠂ ᠣ》᠂ ᠳᠤᠮᠳᠠ ᠣᠷᠣᠬᠤ ᠰᠢᠯᠪᠢᠲᠦ ᠠ᠋ᠭᠡᠰᠢᠭ 《ᠦ᠊》 ᠵᠢᠨ ᠰᠢᠯᠪᠢ ᠦᠭᠡᠢ ᠪᠢᠴᠢᠭᠳᠡᠬᠦ ᠳᠦᠷᠰᠦ 《᠊ᠦ᠊》 ᠵᠢᠨ ᠳᠠᠷᠠᠭ᠎ᠠ ᠬᠡᠷᠡᠭᠯᠡᠵᠦ᠂ ᠳᠠᠩ ᠰᠢᠯᠪᠢ᠎ᠲᠠᠢ 《ᠢ᠊》 ᠳᠦᠷᠰᠦ ᠵᠢ ᠰᠢᠯᠪᠢᠲᠦ ᠠ᠋ᠭᠡᠰᠢᠭ (ᠳᠠᠷᠤᠢ ᠰᠢᠯᠪᠢ᠎ᠲᠠᠢ ᠪᠢᠴᠢᠭᠳᠡᠳᠡᠭ ᠠ᠋ᠭᠡᠰᠢᠭ) 《ᠢ᠊᠂ ᠦ᠊᠂ ᠦ᠊》 ᠵᠢᠨ ᠳᠠᠷᠠᠭ᠎ᠠ ᠲᠣᠰ ᠲᠣᠰ ᠢᠯᠭ᠋ᠠᠵᠤ ᠬᠡᠷᠡᠭᠯᠡᠳᠡᠭ᠃ ᠵᠢᠱ᠌ᠢᠶᠡᠯᠡᠪᠡᠯ᠂ 《ᠠᠢ᠍ᠢ᠍ᠯ》 ᠭᠡᠵᠤ 《ᠠ᠊》 ᠭᠡᠬᠦ ᠰᠢᠯᠪᠢ ᠦᠭᠡᠢ (ᠠᠴᠤᠭ᠎ᠲᠠᠢ) ᠠ᠋ᠭᠡᠰᠢᠭ᠎ᠤᠨ ᠳᠠᠷᠠᠭ᠎ᠠ ᠳᠤᠮᠳᠠ ᠣᠷᠣᠬᠤ ᠳᠠᠪᠬᠤᠷ ᠰᠢᠯᠪᠢ᠎ᠲᠠᠢ 《ᠵᠢ᠊》 ᠠ᠋ᠭᠡᠰᠢᠭᠢ ᠬᠡᠷᠡᠭᠯᠡᠵᠦ᠂ 《ᠭᠦᠳᠦᠢ᠍ᠢ᠍ᠬᠦ》 ᠭᠡᠵᠤ ᠦᠭᠡ ᠵᠢᠨ ᠳᠤᠮᠳᠠ ᠣᠷᠣᠬᠤ 《ᠳᠤ》 ᠵᠢᠨ 《ᠦ᠊》 ᠰᠢᠯᠪᠢᠲᠦ ᠠ᠋ᠭᠡᠰᠢᠭ (ᠰᠢᠯᠪᠢ ᠦᠭᠡᠢ ᠭᠡᠳᠡᠰᠦ᠎ᠲᠠᠢ ᠳᠦᠷᠰᠦ)᠎ᠤᠨ ᠳᠠᠷᠠᠭ᠎ᠠ ᠳᠤᠮᠳᠠ ᠣᠷᠣᠬᠤ ᠳᠠᠪᠬᠤᠷ ᠰᠢᠯᠪᠢ᠎ᠲᠠᠢ 《ᠵᠢ᠊》 ᠠ᠋ᠭᠡᠰᠢᠭᠢ ᠬᠡᠷᠡᠭᠯᠡᠵᠦ᠂ 《ᠨᠢᠳᠦ》 ᠭᠡᠵᠤ 《ᠨ᠊》 ᠭᠡᠶ᠋ᠢᠭᠦᠯᠦᠭᠴᠢ ᠵᠢᠨ ᠳᠠᠷᠠᠭ᠎ᠠ ᠦᠭᠡ ᠵᠢᠨ ᠳᠤᠮᠳᠠ ᠣᠷᠣᠬᠤ ᠳᠠᠩ ᠰᠢᠯᠪᠢ᠎ᠲᠠᠢ 《ᠢ᠊》 ᠵᠢ ᠬᠡᠷᠡᠭᠯᠡᠨ 《ᠨᠢ᠊》 ᠦᠶ᠎ᠡ ᠵᠢ ᠪᠦᠲᠦᠭᠡᠵᠦ᠂ 《ᠦᠢ᠍ᠯᠡ》᠂ 《ᠰᠢᠢ᠍ᠳᠬᠦ》 ᠭᠡᠵᠤ ᠰᠢᠯᠪᠢᠲᠦ ᠠ᠋ᠭᠡᠰᠢᠭ᠎ᠲᠠᠢ 《ᠦ᠊》᠂ 《ᠰᠢ᠊》 ᠵᠢᠨ ᠳᠠᠷᠠᠭ᠎ᠠ ᠳᠠᠩ ᠰᠢᠯᠪᠢ᠎ᠲᠠᠢ 《ᠢ᠊》 ᠵᠢ ᠬᠡᠷᠡᠭᠯᠡᠨ᠎ᠡ᠃ ᠡ᠊ᠨᠳᠡ ᠪᠢᠳᠠ 《ᠰᠢᠢ᠍ᠳᠬᠦ》 ᠭᠡᠬᠦ ᠦᠭᠡ ᠵᠢᠨ 《ᠰᠢᠢ᠍᠊》 ᠭᠡᠰᠡᠨ ᠪᠢᠴᠢᠯᠭᠡ᠎ᠨᠢ 《ᠰᠢ᠊》 ᠵᠢᠨ ᠳᠠᠷᠠᠭ᠎ᠠ ᠳᠠᠪᠬᠤᠷ ᠰᠢᠯᠪᠢ᠎ᠲᠠᠢ 《ᠵᠢ᠊》 ᠵᠢ ᠬᠡᠷᠡᠭᠯᠡᠵᠦ ᠨᠡᠶ᠋ᠢᠯᠡᠭᠦᠯᠵᠦ ᠪᠢᠴᠢᠭᠰᠡᠭᠡᠷ ᠨᠢᠭᠡ ᠰᠢᠯᠪᠢ᠎ᠨᠢ ᠭᠡᠭᠡᠭᠳᠡᠨ᠎ᠡ ᠭᠡᠵᠤ ᠵᠢᠭ᠋ᠠᠪᠠᠯ ᠪᠤᠷᠤᠭᠤᠳᠠᠭ᠍ᠤ ᠶᠤᠮ᠃ ᠤᠴᠢᠷ᠎ᠨᠢ ᠮᠣᠩᠭᠤᠯ ᠬᠡᠯᠡᠨ᠎ᠳᠤ ᠲᠡᠶ᠋ᠢᠮᠦ ᠶᠣᠰᠣ ᠪᠠᠶ᠋ᠢᠳᠠᠭ ᠦᠭᠡᠢ᠃
ᠵᠢᠷᠭᠤᠭ᠎ᠠ᠂ ᠦᠭᠡ ᠵᠢᠨ ᠠᠳᠠᠭ᠎ᠲᠤ ᠣᠷᠣᠳᠠᠭ 《ᠠᠪᠠᠠ᠋᠂ ᠠ᠋ᠬᠡᠠ᠋》᠎ᠳᠠᠬᠢ ᠤᠷᠤᠭᠰᠢᠯᠠᠭ᠎ᠠ 《ᠠ᠂ ᠡ》 ᠵᠢᠨ 《᠊ᠡ》 ᠳᠦᠷᠰᠦ ᠪᠣᠯᠣᠨ ᠦᠭᠡ ᠵᠢᠨ ᠠᠳᠠᠭ᠎ᠲᠤ ᠣᠷᠣᠳᠠᠭ 《ᠭ᠊》 ᠵᠢᠨ ᠬᠥᠨᠳᠡᠢ ᠳᠡᠪᠢᠰᠬᠡᠷ ᠳᠦᠷᠰᠦ 《᠊ᠭ》᠎ᠢ ᠡ᠊ᠨᠳᠡᠭᠦᠷᠡᠬᠦᠠᠴᠠ ᠬᠢᠴᠢᠶᠡᠬᠦ ᠭᠡᠷᠡᠭᠳᠠᠢ᠃ ᠪᠣᠳᠠᠲᠠᠢ ᠦᠰᠦᠭ ᠵᠶ᠋ᠠᠷ ᠰᠠᠯᠭ᠋ᠠᠬᠤ ᠶᠠᠪᠤᠴᠠ᠎ᠳᠤ ᠮᠠᠨ᠎ᠤ ᠰᠤᠷᠤᠭᠴᠢᠳ 《ᠰᠠᠪᠠᠠ᠋᠂ ᠥᠭ》 ᠮᠡᠲᠦ ᠵᠢᠨ ᠦᠭᠡ ᠵᠢᠨ ᠦᠭᠡ ᠵᠢᠨ ᠠᠳᠠᠭ᠎ᠲᠤ ᠣᠷᠣᠬᠤ 《ᠪᠠ》 ᠵᠢᠨ 《ᠡ》 ᠳᠦᠷᠰᠦ ᠪᠣᠯᠣᠨ 《᠊ᠭ》 ᠳᠡᠪᠢᠰᠬᠡᠷ ᠦᠰᠦᠭ᠎ᠲᠠᠢ ᠬᠤᠳᠬᠤᠨ 《ᠰᠠᠪᠠ》 ᠭᠡᠬᠦ ᠦᠭᠡ ᠵᠢ 《ᠰ᠊ ᠊ᠠ᠊ ᠪ᠊ ᠊ᠠ》 ᠭᠡᠵᠤ ᠦᠭᠡ ᠵᠢᠨ ᠠᠳᠠᠭ᠎ᠲᠤ ᠣᠷᠣᠳᠠᠭ ᠤᠷᠤᠭᠰᠢᠯᠠᠭ᠎ᠠ 《ᠡ》 ᠵᠢ 《᠊ᠭ᠌》 ᠭᠡᠵᠤ ᠠᠴᠤᠭ᠎ᠲᠠᠢ ᠪᠤᠷᠤᠭᠤ᠎ᠪᠠᠷ ᠰᠠᠯᠭ᠋ᠠᠳᠠᠭ᠃
ᠳᠣᠯᠤᠭ᠎ᠠ᠂ ᠵᠠᠷᠢᠮ ᠵᠢᠭᠡᠯᠡᠭᠡ ᠦᠭᠡ ᠵᠢᠨ ᠡᠴᠦᠰ᠎ᠲᠤ ᠪᠢᠴᠢᠭᠳᠡᠬᠦ ᠭᠡᠶ᠋ᠢᠭᠦᠯᠦᠭᠴᠢ ᠵᠢᠨ ᠠᠳᠠᠭ᠎ᠲᠤ ᠣᠷᠣᠬᠤ ᠳᠦᠷᠰᠦ ᠵᠢᠨ ᠲᠤᠬᠠᠢ ᠡ᠊ᠨᠳᠡᠭᠦᠷᠡᠯᠢ ᠲᠡᠪᠴᠢᠬᠦ ᠭᠡᠷᠡᠭᠳᠠᠢ᠃ ᠵᠢᠱ᠌ᠢᠶᠡᠯᠡᠪᠡᠯ᠂ 《ᠬᠢ》 ᠭᠡᠬᠦ ᠦᠭᠡ (ᠦᠶ᠎ᠡ) ᠵᠢ 《ᠭ᠋᠊ᠢ (ᠢ)》 ᠭᠡᠵᠤ 《ᠭᠡᠶ᠋ᠢᠭᠦᠯᠦᠭᠴᠢ ᠠ᠋ᠭᠡᠰᠢᠭ ᠵᠶ᠋ᠠᠷ ᠪᠦᠲᠦᠭᠰᠡᠨ》 ᠦᠶ᠎ᠡ᠎ᠪᠠᠷ ᠰᠠᠯᠭ᠋ᠠᠵᠤ ᠪᠣᠯᠳᠠᠭ ᠪᠣᠯᠪᠠᠴᠤ 《ᠨᠣᠲ》 ᠭᠡᠬᠦ ᠮᠡᠲᠦ ᠵᠢᠨ ᠦᠭᠡᠨ᠎ᠤ 《᠊ᠲ》᠎ᠢ ᠬᠠᠷᠢᠨ ᠲᠡᠭᠡᠵᠦ ᠰᠠᠯᠭ᠋ᠠᠵᠤ ᠪᠣᠯᠳᠠᠭ ᠦᠭᠡᠢ ᠶᠤᠮ᠃ ᠤᠴᠢᠷ᠎ᠨᠢ ᠲᠣᠰ ᠦᠶ᠎ᠡ᠎ᠳᠤ ᠠ᠋ᠭᠡᠰᠢᠭ ᠪᠠᠶ᠋ᠢᠬᠤ ᠦᠭᠡᠢ᠂ ᠵᠢᠭᠡᠯᠡᠭᠡ ᠦᠭᠡᠨ᠎ᠳᠤ ᠬᠡᠷᠡᠭᠯᠡᠳᠡᠭ ᠪᠡᠶ᠎ᠡ᠎ᠪᠠᠨ ᠳᠠᠭ᠋ᠠᠭ᠋ᠠᠵᠤ ᠪᠢᠴᠢᠭᠳᠡᠳᠡᠭ ᠭᠡᠶ᠋ᠢᠭᠦᠯᠦᠭᠴᠢ ᠦᠰᠦᠭ ᠪᠠᠶ᠋ᠢᠭ᠎ᠠ ᠶᠤᠮ᠃
ᠨᠠᠢ᠍ᠮᠠ᠂ ᠦᠭᠡ ᠵᠢᠨ ᠳᠤᠮᠳᠠ ᠪᠢᠴᠢᠭᠳᠡᠬᠦ 《ᠸ᠊》 ᠳᠦᠷᠰᠦ ᠵᠢᠨ ᠲᠤᠬᠠᠢ᠃ ᠮᠠᠨ᠎ᠤ ᠮᠣᠩᠭᠤᠯ ᠬᠡᠯᠡᠨ᠎ᠳᠤ ᠦᠭᠡ ᠵᠢᠨ ᠳᠤᠮᠳᠠ ᠪᠢᠴᠢᠭᠳᠡᠬᠦ 《ᠸ᠊》 ᠳᠦᠷᠰᠦ᠎ᠨᠢ 《ᠡ》 ᠠ᠋ᠭᠡᠰᠢᠭ᠎ᠤᠨ ᠦᠭᠡ ᠵᠢᠨ ᠳᠤᠮᠳᠠ ᠣᠷᠣᠬᠤ ᠵᠢᠭᠡᠯᠡᠭᠡ ᠦᠭᠡᠨ᠎ᠳᠤ ᠬᠡᠷᠡᠭᠯᠡᠬᠦ 《ᠸ᠊》 ᠳᠦᠷᠰᠦ᠂ 《ᠸ᠊》 ᠭᠡᠶ᠋ᠢᠭᠦᠯᠦᠭᠴᠢ ᠵᠢᠨ ᠦᠭᠡ ᠵᠢᠨ ᠳᠤᠮᠳᠠ ᠣᠷᠣᠬᠤ 《ᠸ᠊》 ᠳᠦᠷᠰᠦ ᠪᠣᠯᠣᠨ ᠳᠦᠷᠰᠦ ᠢᠯᠭ᠋ᠠᠳᠠᠭ ᠵᠢᠭᠢᠷᠢᠭ 《ᠸ᠊》 ᠵᠡᠷᠭᠡ ᠭᠤᠷᠪᠠᠨ ᠵᠦᠢ᠍ᠯ᠎ᠤᠨ ᠬᠡᠷᠡᠭᠯᠡᠭᠡ᠎ᠲᠠᠢ ᠪᠠᠶ᠋ᠢᠳᠠᠭ ᠶᠤᠮ᠃ ᠠ᠋ᠭᠦᠨ᠎ᠳᠤ 《ᠡ》 ᠠ᠋ᠭᠡᠰᠢᠭ᠎ᠤᠨ ᠦᠭᠡ ᠵᠢᠨ ᠳᠤᠮᠳᠠ ᠣᠷᠣᠬᠤ ᠵᠢᠭᠡᠯᠡᠭᠡ ᠦᠭᠡᠨ᠎ᠳᠤ ᠬᠡᠷᠡᠭᠯᠡᠬᠦ 《ᠸ᠊》 ᠳᠦᠷᠰᠦ᠂ 《ᠸ᠊》 ᠭᠡᠶ᠋ᠢᠭᠦᠯᠦᠭᠴᠢ ᠵᠢᠨ ᠦᠭᠡ ᠵᠢᠨ ᠳᠤᠮᠳᠠ ᠣᠷᠣᠬᠤ 《ᠸ᠊》 ᠳᠦᠷᠰᠦ᠎ᠨᠢ ᠦᠰᠦᠭ ᠵᠶ᠋ᠠᠷ ᠰᠠᠯᠭ᠋ᠠᠬᠤ᠎ᠳᠤ ᠲᠣᠰ ᠲᠣᠰᠲᠤᠪᠠᠨ ᠪᠡᠶ᠎ᠡ᠎ᠪᠠᠨ ᠳᠠᠭ᠋ᠠᠭ᠋ᠠᠭᠰᠠᠨ ᠦᠰᠦᠭ ᠵᠶ᠋ᠠᠷ ᠰᠠᠯᠳᠠᠬ ᠪᠣᠯᠪᠠᠴᠤ ᠳᠦᠷᠰᠦ ᠢᠯᠭ᠋ᠠᠳᠠᠭ ᠵᠢᠭᠢᠷᠢᠭ 《ᠸ᠊》 ᠳᠦᠷᠰᠦ᠎ᠨᠢ ᠬᠠᠷᠢᠨ ᠨᠡᠶ᠋ᠢᠯᠡᠭᠦᠯᠵᠦ ᠪᠢᠴᠢᠪᠡᠯ ᠰᠠᠶᠢ ᠪᠢᠴᠢᠭᠳᠡᠵᠦ᠂ ᠰᠠᠯᠭ᠋ᠠᠵᠤ ᠪᠢᠴᠢᠭᠰᠡᠭᠡᠷ (ᠦᠰᠦᠭ ᠵᠶ᠋ᠠᠷ ᠰᠠᠯᠭ᠋ᠠᠬᠤ᠎ᠳᠤ) ᠣᠷᠬᠢᠭᠳᠠᠨ ᠭᠡᠭᠡᠭᠳᠡᠵᠦ᠂ ᠪᠢᠴᠢᠳᠡᠭ ᠦᠭᠡᠢ ᠶᠤᠮ᠃ ᠵᠢᠱ᠌ᠢᠶᠡᠯᠡᠪᠡᠯ᠂ 《ᠳ᠋ᠧᠩ — ᠳ᠋᠊ ᠸ᠊ ᠊ᠩ᠂ ᠲᠠᠸᠠᠷ — ᠲ᠊ ᠊ᠠ᠊ ᠸ᠊ ᠊ᠠ᠊ ᠊ᠷ》 ᠭᠡᠵᠤ 《ᠸ᠊》 ᠳᠦᠷᠰᠦ᠎ᠨᠢ ᠲᠡᠷᠡ ᠬᠡᠪ ᠵᠶ᠋ᠠᠷ ᠵᠶ᠋ᠠᠨ ᠰᠠᠯᠭ᠋ᠠᠵᠤ ᠪᠢᠴᠢᠭᠳᠡᠳᠡᠭ᠃ ᠭᠡᠲᠡᠯ᠎ᠡ 《ᠭᠤᠸ᠎ᠠ — ᠭ᠋᠊ ᠊ᠤ᠊ ᠸ᠊ ᠊ᠠ》 ᠭᠡᠵᠤ ᠰᠠᠯᠭ᠋ᠠᠳᠠᠭ ᠦᠭᠡᠢ ᠬᠠᠷᠢᠨ 《ᠭᠤᠸ᠎ᠠ — ᠭ᠊ ᠊ᠤ᠊ ᠊ᠠ》 ᠭᠡᠵᠤ ᠰᠠᠯᠭ᠋ᠠᠨ ᠵᠢᠭᠢᠷᠢᠭ 《ᠸ᠊》 ᠳᠦᠷᠰᠦ ᠵᠢ ᠪᠢᠴᠢᠳᠡᠭ ᠦᠭᠡᠢ ᠣᠷᠬᠢᠳᠠᠭ ᠪᠠᠶ᠋ᠢᠨ᠎ᠠ᠃ ᠤᠴᠢᠷ᠎ᠨᠢ ᠦᠭᠡ ᠵᠢᠨ ᠳᠤᠮᠳᠠ ᠣᠷᠣᠬᠤ 《᠊ᠤ᠊》 ᠪᠣᠯᠣᠨ 《᠊ᠠ᠊》 ᠵᠢᠨ ᠬᠤᠣᠰ ᠠ᠋ᠭᠡᠰᠢᠭᠢ ᠳᠤᠮᠳᠠ ᠣᠷᠣᠬᠤ 《᠊ᠳ᠊》 ᠳᠡᠪᠢᠰᠬᠡᠷ ᠦᠰᠦᠭ᠎ᠠᠴᠠ ᠢᠯᠭ᠋ᠠᠬᠤ ᠵᠢᠨ ᠲᠥᠯᠥᠭᠡ ᠨᠡᠶ᠋ᠢᠯᠡᠭᠦᠯᠵᠦ ᠪᠢᠴᠢᠭᠰᠡᠭᠡᠷ ᠵᠢᠭᠢᠷᠢᠭ 《ᠸ᠊》 ᠳᠦᠷᠰᠦ ᠵᠢ ᠵᠢᠭᠢᠷᠢᠭᠯᠡᠨ ᠪᠢᠴᠢᠳᠡᠭ ᠶᠤᠮ᠃ ᠡ᠊ᠨᠳᠡ ᠬᠠᠷᠢᠨ ᠠ᠋ᠭᠦᠨ᠎ᠢ ᠮᠥᠨ ᠳᠤᠮᠳᠠ ᠣᠷᠣᠬᠤ 《ᠸ᠊》 ᠳᠦᠷᠰᠦ ᠭᠡᠵᠤ ᠲᠠᠰᠢᠶᠠᠷᠠᠵᠤ ᠪᠣᠯᠳᠠᠭ ᠦᠭᠡᠢ ᠶᠤᠮ᠃
ᠶᠢᠰᠦ᠂ ᠦᠭᠡ ᠵᠢᠨ ᠳᠤᠮᠳᠠ ᠣᠷᠣᠬᠤ 《ᠭ᠋᠊》 ᠳᠡᠪᠢᠰᠬᠡᠷ ᠪᠠ 《ᠩ᠊》 ᠳᠡᠪᠢᠰᠬᠡᠷ᠂ ᠦᠭᠡ ᠵᠢᠨ ᠠᠳᠠᠭ᠎ᠲᠤ ᠣᠷᠣᠳᠠᠭ 《᠊ᠭ》 ᠳᠡᠪᠢᠰᠬᠡᠷ ᠪᠣᠯᠣᠨ 《᠊ᠩ》 ᠳᠡᠪᠢᠰᠬᠡᠷ᠎ᠢ ᠰᠠᠯᠭ᠋ᠠᠬᠤ ᠭᠡᠷᠡᠭᠳᠠᠢ᠃ ᠦᠨᠡᠨ᠎ᠢ ᠬᠡᠯᠡᠬᠦ᠎ᠳᠤ ᠠ᠋ᠨᠡ ᠬᠤᠶᠠᠷ ᠳᠡᠪᠢᠰᠬᠡᠷ ᠦᠰᠦᠭ᠎ᠢ ᠲᠡᠳᠦᠢ ᠡ᠊ᠨᠳᠡᠭᠦᠷᠡᠵᠦ ᠬᠤᠳᠬᠤᠯᠳᠤᠭᠤᠯᠬᠤ ᠤᠴᠢᠷ ᠦᠭᠡᠢ ᠶᠤᠮ᠃ ᠭᠡᠪᠡᠴᠦ ᠮᠠᠨ᠎ᠤ ᠵᠠᠷᠢᠮ ᠰᠤᠷᠤᠭᠴᠢ ᠰᠠᠭᠤᠷᠢ ᠠᠨᠠᠢ ᠪᠤᠶᠤ ᠠᠯᠠᠩ ᠰᠠᠯᠠᠩ᠎ᠠᠴᠠ ᠪᠤᠯᠵᠤ ᠶᠡᠷᠦ᠎ᠨᠢ ᠠ᠋ᠨᠡ ᠬᠤᠶᠠᠷ᠎ᠤᠨ ᠢᠯᠭ᠋ᠠᠭ᠎ᠠ ᠵᠥᠷᠢᠶ᠎ᠡ ᠵᠢ ᠰᠠᠶ᠋ᠢᠬᠠᠨ ᠮᠡᠳᠡᠬᠦ ᠦᠭᠡᠢ ᠪᠤᠶᠤ ᠦᠰᠦᠭ ᠵᠶ᠋ᠠᠨ ᠰᠠᠶ᠋ᠢᠲᠤᠷ ᠦᠵᠡᠭᠰᠡᠨ ᠦᠭᠡᠢ᠎ᠠᠴᠠ ᠪᠣᠯᠵᠤ ᠡ᠊ᠨᠳᠡᠭᠦᠷᠡᠳᠡᠭ ᠦᠵᠡᠭᠳᠡᠯ ᠭᠠᠷᠳᠠᠭ ᠪᠠᠶ᠋ᠢᠨ᠎ᠠ᠃
ᠦᠭᠡ ᠵᠢ ᠥᠰᠦᠭ ᠵᠶ᠋ᠠᠷ ᠵᠥᠪ ᠰᠠᠯᠭ᠋ᠠᠬᠤ᠎ᠨᠢ ᠦᠭᠡ ᠵᠢ ᠵᠥᠪ ᠲᠠᠨᠢᠵᠤ᠂ ᠪᠢᠴᠢᠭᠦ᠂ ᠰᠤᠷᠬᠤ ᠵᠢᠨ ᠰᠠᠭᠤᠷᠢ ᠪᠣᠯᠳᠠᠭ᠃ ᠠ᠋ᠶ᠋ᠢᠮᠦ᠎ᠠᠴᠠ ᠪᠣᠳᠠᠲᠠᠢ ᠬᠡᠷᠡᠭᠯᠡᠭᠡᠨ᠎ᠤ ᠶᠠᠪᠤᠴᠠ᠎ᠳᠤ᠎ᠪᠠᠨ ᠪᠢᠳᠠ ᠳᠡᠭᠡᠷᠡᠬᠢ ᠬᠡᠳᠦᠨ ᠵᠤᠷᠪᠤᠰ᠎ᠢ ᠠᠩᠬᠠᠷᠴᠤ᠂ ᠮᠡᠳᠡᠵᠦ᠂ ᠣᠶ᠋ᠢᠯᠠᠭ᠋ᠠᠵᠤ᠂ ᠦᠭᠡ ᠵᠢ ᠵᠥᠪ ᠰᠠᠯᠭ᠋ᠠᠵᠤ ᠬᠡᠷᠡᠭᠯᠡᠵᠤ ᠰᠤᠷᠬᠤ ᠭᠡᠷᠡᠭᠳᠠᠢ᠃
ᠠᠵᠢᠯᠯᠠᠵᠤ ᠪᠠᠢ᠍ᠢ᠍ᠭ᠎ᠠ ᠪᠠᠢ᠍ᠢ᠍ᠭᠤᠯᠭ᠎ᠠ᠄ ᠵᠡᠭᠦᠨ ᠦᠵᠦᠮᠦᠴᠢᠨ ᠬᠤᠰᠢᠭᠤᠨ᠎ᠤ
ᠨᠢᠭᠡᠳᠦᠭᠡᠷ ᠳᠤᠮᠳᠠᠳᠤ ᠰᠤᠷᠭ᠋ᠠᠭᠤᠯᠢ
(ᠠᠯᠳᠠᠨᠰᠦᠢ᠍ᠭᠡ ᠨᠠᠢ᠍ᠢ᠍ᠷᠠᠭᠤᠯᠪᠠ)