ᠪᠤᠷᠵᠢᠭᠢᠨ ᠭᠡᠰᠢᠭᠨᠢᠮᠠ
ᠮᠤᠩᠭᠤᠯ ᠠ᠋ᠬᠡ ᠵᠢᠨ ᠬᠦᠮᠦᠵᠢᠯ ᠪᠤᠯ ᠳᠡᠯᠡᠬᠡᠢ᠎ᠳᠤ ᠠᠯᠳᠠᠷᠲᠠᠢ ᠶᠤᠮ᠃ ᠪᠢᠳᠡ ᠪᠦᠬᠦᠨ᠎ᠤ ᠮᠡᠳᠡᠭᠡᠵᠢ᠎ᠪᠠᠷ ᠠᠯᠤᠩᠭᠤᠸ᠎ᠠ ᠠ᠋ᠬᠡ ᠵᠢᠨ 《ᠲᠠᠪᠤᠨ ᠮᠦᠰᠦ ᠵᠢᠨ ᠰᠤᠷᠭ᠋ᠠᠯ》 ᠵᠡᠷᠭᠡ᠎ᠨᠢ ᠴᠦᠮ ᠠ᠋ᠭᠡ ᠵᠢᠨ ᠭᠦᠮᠦᠵᠢᠯ᠎ᠲᠠᠢ ᠬᠤᠯᠪᠤᠭ᠎ᠠ᠎ᠲᠠᠢ ᠪᠠᠢ᠍ᠢ᠍ᠳᠠᠬ᠃
ᠲᠦᠷᠪᠡᠨ ᠬᠠᠭ᠋ᠠᠨ᠎ᠢ ᠦᠰᠭᠡᠵᠦ ᠬᠦᠮᠦᠵᠢᠭᠦᠯᠦᠭᠰᠡᠨ ᠰᠤᠷᠬᠠᠭᠳᠠᠨᠢ ᠪᠠᠬᠢ ᠬᠠᠳᠤᠨ᠄ 《ᠦᠷ᠎ᠡ ᠬᠡᠦᠬᠡᠳ ᠴᠠᠭ᠋ᠠᠰᠢᠲᠠ᠎ᠪᠠᠨ ᠬᠡᠨ ᠪᠤᠯᠵᠤ ᠦᠰᠬᠦ᠎ᠨᠢ ᠠ᠋ᠬᠡ᠎ᠠᠴᠠ ᠰᠢᠯᠲᠠᠭ᠋ᠠᠯᠠᠭᠳᠠᠨᠠ》 ᠭᠡᠵᠠᠢ᠃ ᠲᠡᠷᠡ ᠲᠦᠷᠪᠡᠨ ᠬᠡᠦᠬᠡᠳ ᠵᠶ᠋ᠠᠨ ᠬᠦᠮᠦᠵᠢᠭᠦᠯᠬᠦ ᠵᠢ ᠬᠠᠷᠠᠭ᠍ᠠᠨ ᠪᠠᠭ᠎ᠠ᠎ᠠᠴᠠ᠎ᠨᠢ ᠠᠩᠬᠠᠷᠳᠠᠭ᠃ ᠪᠠᠭᠰᠢ ᠵᠠᠯᠠᠵᠤ ᠪᠢᠴᠢᠭ ᠵᠢᠭ᠋ᠠᠯᠭ᠋ᠠᠪᠠ᠃ ᠬᠠᠷᠢ ᠤᠯᠤᠰ᠎ᠠᠴᠠ ᠪᠠᠭᠰᠢ ᠵᠠᠯᠠᠵᠤ᠂ ᠭᠠᠳᠠᠭ᠋ᠠᠳᠤ ᠬᠡᠯᠡ ᠴᠦ᠍ ᠰᠤᠷᠭ᠋ᠠᠪᠠ᠃ ᠠ᠋ᠭᠦᠨ᠎ᠤ ᠳ᠋ᠦᠩ᠎ᠳᠤ ᠮᠦᠩᠬᠡ ᠬᠠᠭ᠋ᠠᠨ ᠳᠡᠯᠡᠬᠡᠢ᠎ᠳᠤ ᠨᠡᠷ᠎ᠡ᠎ᠲᠠᠢ ᠲᠤᠭ᠋ᠠᠨ᠎ᠤ ᠤᠬᠠᠭ᠋ᠠᠨᠲᠠᠨ᠂ ᠤᠳᠤᠨ ᠤᠷᠤᠨ᠎ᠤ ᠰᠢᠨᠵᠢᠯᠡᠭᠡᠲᠡᠨ᠂ ᠬᠤᠪᠢᠯᠠᠢ ᠬᠠᠭ᠋ᠠᠨ ᠳᠡᠯᠡᠬᠡᠢ᠎ᠳᠤ ᠨᠡᠷ᠎ᠡ᠎ᠲᠠᠢ ᠭᠧᠦᠮᠧᠲᠷᠢ ᠵᠢᠨ ᠤᠬᠠᠭ᠋ᠠᠨᠲᠠᠨ ᠪᠤᠯᠵᠠᠢ᠃ ᠰᠤᠷᠬᠠᠭᠲᠠᠨᠢ ᠪᠡᠭᠢ ᠬᠠᠳᠤᠨᠤ ᠨᠦᠯᠦᠭᠡ ᠮᠤᠩᠭᠤᠯ᠎ᠤᠨ ᠲᠡᠦᠬᠡ ᠵᠢ ᠲᠦᠷᠪᠡᠨ ᠵᠠᠭᠤ ᠭᠠᠷᠤᠢ ᠵᠢᠯ ᠨᠦᠯᠦᠭᠡᠯᠡᠪᠡ ᠭᠡᠵᠦ ᠮᠤᠩᠭᠤᠯ ᠤᠯᠤᠰ᠎ᠤᠨ ᠪᠢᠮᠪᠠ ᠵᠢᠨ ᠰᠠᠷᠠᠨᠳᠤᠶᠠᠭ᠎ᠠ ᠵᠢᠨ ᠪᠢᠴᠢᠭᠰᠡᠨ 《ᠰᠤᠷᠬᠠᠭᠳᠠᠨᠢ ᠪᠠᠬᠢ ᠬᠠᠳᠤᠨ》 ᠭᠡᠰᠡᠨ ᠨᠤᠮ᠎ᠳᠤ ᠳᠤᠲᠤᠷᠬᠠᠢ ᠪᠢᠴᠢᠵᠦ ᠪᠤᠢ᠃
ᠹᠷᠠᠨᠽᠢ ᠵᠢᠨ ᠠᠯᠲᠠᠷᠲᠤ ᠲᠤᠭ᠋ᠠᠨ᠎ᠤ ᠤᠬᠠᠭ᠋ᠠᠨᠲᠠᠨ ᠺᠠᠯᠦ᠋ᠸᠸᠨ ᠬᠡᠯᠡᠬᠦ᠎ᠳᠤ᠎ᠪᠠᠨ᠄ 《ᠮᠢᠨᠤ ᠤᠤᠭ᠋ᠠᠨ ᠪᠠᠭᠰᠢ ᠪᠤᠯ ᠮᠢᠨᠤ ᠡᠵᠢ ᠮᠦᠨ᠃ ᠲᠡᠷᠡ ᠬᠤᠷᠴᠠ ᠰᠡᠷᠭᠦᠯᠡᠩ᠂ ᠰᠤᠷᠭ᠋ᠠᠯ ᠬᠦᠮᠦᠵᠢᠯ᠎ᠲᠠᠢ᠃ ᠦᠷᠭᠦᠯᠵᠢ ᠯᠠᠲ᠋ᠢᠨ ᠪᠤᠯᠤᠨ ᠭᠧᠷᠢᠭ᠎ᠤᠨ ᠤᠷᠠᠨ ᠵᠤᠬᠢᠶᠠᠯ ᠳᠤᠲᠤᠷ᠎ᠠ᠎ᠠᠴᠠ ᠴᠡᠭᠡᠵᠢᠯᠡᠭᠰᠡᠨ ᠦᠯᠢᠭᠡᠷ ᠵᠶ᠋ᠠᠷ ᠨᠠᠮ᠎ᠠ ᠵᠢ ᠬᠦᠮᠦᠵᠢᠭᠦᠯᠳᠡᠭ》 ᠭᠡᠵᠠᠢ᠃ ᠠ᠋ᠨᠡ ᠡᠵᠢ ᠯᠠᠲ᠋ᠢᠨ ᠬᠡᠯᠡ ᠪᠤᠯᠤᠨ ᠭᠧᠷᠢᠭ ᠬᠡᠯᠡ ᠮᠡᠳᠡᠳᠡᠭ ᠵᠶ᠋ᠠᠷ ᠪᠠᠷᠠᠭ᠍ᠤ ᠦᠭᠡᠢ ᠭᠠᠳᠠᠭ᠋ᠠᠳᠤ ᠵᠢᠨ ᠤᠬᠢ ᠰᠢᠯᠢᠳᠡᠭ ᠦᠯᠢᠭᠡᠷ ᠵᠶ᠋ᠠᠷ ᠬᠡᠦᠬᠡᠳ ᠵᠶ᠋ᠠᠨ ᠬᠦᠮᠦᠵᠢᠭᠦᠯᠦᠭᠰᠡᠨ ᠡᠵᠢ ᠶᠤᠮ ᠪᠠᠶ᠋ᠢᠨ᠎ᠠ᠃
ᠠ᠋ᠬᠡ ᠬᠦᠮᠦᠨ ᠰᠤᠷᠤᠯᠴᠠᠭ᠍ᠤ ᠬᠡᠷᠡᠭᠲᠠᠢ᠃ ᠥᠪᠡᠷ ᠵᠶ᠋ᠠᠨ ᠬᠡᠳᠦᠢ ᠦᠷᠭᠡᠨ ᠳᠡᠯᠭᠡᠷ ᠮᠡᠳᠡᠯᠭᠡ ᠡᠵᠡᠮᠰᠢᠪᠡᠯ ᠬᠡᠦᠬᠡᠳ ᠵᠶ᠋ᠠᠨ ᠲᠡᠳᠦᠢ ᠰᠠᠶ᠋ᠢᠬᠠᠨ ᠬᠦᠮᠦᠵᠢᠭᠦᠯᠵᠦ ᠴᠢᠳᠠᠨ᠎ᠠ᠃ ᠥᠪᠡᠷᠲᠡᠭᠡᠨ ᠰᠤᠷᠤᠯᠴᠠᠵᠤ ᠴᠢᠳᠠᠮᠠᠨᠵᠢᠨ ᠰᠠᠶᠢ ᠬᠡᠦᠬᠡᠳ᠎ᠲᠤ᠎ᠪᠠᠨ ᠰᠤᠷᠤᠯᠴᠠᠭ᠍ᠤ ᠠᠷᠭ᠎ᠠ ᠵᠢ ᠵᠢᠭ᠋ᠠᠨ ᠦᠭᠴᠦ ᠴᠢᠳᠠᠨ᠎ᠠ᠃ ᠠ᠋ᠨᠡ ᠲᠤᠬᠠᠢ᠎ᠲᠠᠢ ᠨᠢᠭᠡ ᠵᠢᠱ᠌ᠢᠶ᠎ᠡ ᠲᠠᠲᠠᠶ᠎ᠠ᠃ ᠲᠡᠯᠡᠬᠡᠢ᠎ᠳᠤ ᠨᠡᠷ᠎ᠡ᠎ᠲᠠᠢ ᠬᠠᠷᠸᠠᠷᠳ᠋ ᠶᠡᠭᠡ ᠰᠤᠷᠭ᠋ᠠᠭᠤᠯᠢ ᠨᠢᠭᠡ ᠤᠳᠠᠭ᠎ᠠ 1500 ᠨᠡᠷ᠎ᠡ ᠰᠤᠷᠤᠭᠴᠢ᠎ᠳᠤ ᠪᠠᠶ᠋ᠢᠴᠠᠭ᠋ᠠᠯᠲᠠ ᠬᠢᠵᠤ᠂ ᠲᠠ ᠨᠠᠷ ᠡᠵᠢ᠎ᠠᠴᠠ᠎ᠪᠠᠨ ᠶᠠᠭᠤ ᠰᠤᠷᠤᠭᠰᠠᠨ ᠲᠤᠬᠠᠢ᠎ᠪᠠᠨ ᠨᠢᠭᠡ ᠦᠭᠡ᠎ᠪᠠᠷ ᠬᠠᠷᠢᠭᠤᠯ ᠬᠡᠬᠦ᠎ᠳᠤ 85% ᠵᠢᠨ ᠰᠤᠷᠤᠭᠴᠢ᠄ 《ᠴᠢᠳᠠᠪᠤᠷᠢ》 ᠭᠡᠵᠦ ᠬᠠᠷᠢᠭᠤᠯᠵᠠᠢ᠃ ᠵᠠᠯᠭ᠋ᠠᠭ᠋ᠠᠳ ᠶᠠᠮᠠᠷ ᠴᠢᠳᠠᠪᠤᠷᠢ ᠰᠤᠷᠤᠭᠰᠠᠨ ᠵᠶ᠋ᠠᠨ ᠬᠤᠶᠠᠷ ᠦᠭᠡ᠎ᠪᠠᠷ ᠬᠠᠷᠢᠭᠤᠯ ᠭᠡᠰᠡᠨ᠎ᠳᠤ 85% ᠵᠢᠨ ᠰᠤᠷᠤᠭᠴᠢ ᠮᠦᠨ᠄ 《ᠰᠤᠷᠬᠤ ᠴᠢᠳᠠᠪᠤᠷᠢ》 ᠭᠡᠵᠦ ᠬᠠᠷᠢᠭᠤᠯᠵᠠᠢ᠃
ᠠ᠋ᠬᠡ ᠬᠦᠮᠦᠨ ᠭᠡᠵᠦ ᠠᠷᠢᠭᠤᠨ ᠴᠠᠭ᠋ᠠᠨ ᠰᠦ᠎ᠪᠠᠨ ᠰᠢᠮᠡᠭᠦᠯᠦᠨ ᠦᠰᠭᠡᠵᠦ᠂ ᠴᠠᠶ᠋ᠢᠯᠭ᠋ᠠᠨ ᠴᠠᠭ᠋ᠠᠪᠤᠷ ᠰᠡᠳᠬᠢᠯ ᠵᠶ᠋ᠠᠷ ᠵᠶ᠋ᠠᠨ ᠠ᠋ᠨᠡᠷᠢᠨ ᠬᠠᠶ᠋ᠢᠷᠠᠯᠠᠵᠤ᠂ 《ᠬᠠᠶ᠋ᠢᠷ᠎ᠠ᠎ᠪᠠᠷ ᠬᠦᠮᠦᠵᠢᠭᠦᠯᠵᠦ ᠬᠠᠯᠠᠮᠵᠢ᠎ᠪᠠᠷ ᠲᠤᠷᠨᠢᠭᠤᠯᠳᠠᠭ》 ᠰᠢᠤ ᠳ᠋ᠠ᠃ ᠠ᠋ᠬᠡ ᠵᠢᠨ ᠬᠠᠶ᠋ᠢᠷ᠎ᠠ᠎ᠠᠴᠠ ᠥᠭᠡᠷ᠎ᠡ ᠠ᠋ᠨᠡᠷᠢᠩᠭᠦᠢ ᠵᠦᠭᠡᠯᠡᠨ᠂ ᠦᠨᠡᠨᠴᠢ ᠦᠭᠭᠢᠶᠡᠮᠦᠷ ᠬᠠᠶ᠋ᠢᠷ᠎ᠠ ᠭᠡᠵᠦ ᠬᠠᠮᠢᠭ᠎ᠠ ᠪᠠᠶ᠋ᠢᠬᠤ ᠪᠤᠢ᠃ ᠠ᠋ᠨᠡ ᠳᠤᠬᠠᠢ᠂ ᠫᠤᠯᠠᠨᠳ᠋᠎ᠤᠨ ᠠᠯᠳᠠᠷᠲᠤ ᠹᠢᠽᠢᠺ᠂ ᠬᠢᠮᠢ ᠵᠢᠨ ᠤᠬᠠᠭ᠋ᠠᠨᠲᠠᠨ ᠨᠤᠪᠧᠯ᠎ᠤᠨ ᠱᠠᠩᠨᠠᠯ ᠭᠦᠷᠲᠡᠭᠴᠢ ᠺᠢᠤᠢ᠍ᠢ᠍ᠷᠢ ᠬᠠᠳᠤᠨ ᠬᠡᠯᠡᠬᠦ᠎ᠳᠤ᠎ᠪᠠᠨ᠄ 《ᠳᠡᠯᠡᠬᠡᠢ ᠳ᠋ᠠᠬᠢᠨ᠎ᠳᠤ ᠮᠢᠨᠤ ᠠ᠋ᠬᠡ ᠰᠢᠭ ᠲᠡᠶ᠋ᠢᠮᠦ ᠬᠤᠷᠴᠠ ᠰᠡᠷᠭᠦᠯᠡᠩ᠂ ᠠᠷᠢᠭᠤᠨ ᠴᠢᠭᠡᠴᠢ᠂ ᠠ᠋ᠨᠡᠷᠢᠩᠭᠦᠢ ᠰᠡᠳᠭᠢᠯ᠎ᠲᠠᠢ ᠬᠦᠮᠦᠨ ᠦᠭᠡᠢ》 ᠭᠡᠵᠠᠢ᠃ ᠨᠤᠪᠧᠯ᠎ᠤᠨ ᠱᠠᠩᠨᠠᠯ ᠬᠦᠷᠲᠡᠭᠰᠡᠨ ᠳᠡᠯᠡᠬᠡᠢ᠎ᠳᠤ ᠨᠡᠷ᠎ᠡ᠎ᠲᠠᠢ ᠺᠢᠤᠢ᠍ᠢ᠍ᠷᠢ ᠬᠠᠲᠤᠨ᠎ᠤ ᠰᠡᠳᠭᠢᠯ᠎ᠳᠤ ᠡᠵᠢ᠎ᠨᠢ ᠬᠤᠷᠴᠠ ᠰᠡᠷᠭᠦᠯᠡᠩ᠂ ᠠᠷᠢᠭᠤᠨ ᠴᠢᠭᠡᠴᠢ᠂ ᠰᠡᠳᠭᠢᠯ ᠵᠢᠷᠦᠬᠡᠨ᠎ᠤ ᠠᠷᠢᠭᠤᠨ ᠬᠠᠶ᠋ᠢᠷ᠎ᠠ᠎ᠪᠠᠷ ᠵᠶ᠋ᠠᠨ ᠺᠢᠤᠢ᠍ᠢ᠍ᠷᠢ ᠬᠠᠳᠤᠨ᠎ᠢ ᠦᠰᠭᠡᠵᠦ ᠬᠦᠮᠦᠵᠢᠭᠦᠯᠦᠨ ᠬᠠᠮᠤᠭ᠎ᠤᠨ ᠭᠦᠨ ᠰᠠᠭᠤᠭᠳᠠᠯ ᠦᠯᠡᠳᠡᠭᠡᠵᠦ ᠲᠡᠭᠦᠨ᠎ᠤ ᠨᠢᠭᠡ ᠨᠠᠰᠤ ᠵᠢ ᠬᠠᠮᠤᠭ ᠶᠡᠭᠡ ᠨᠦᠯᠦᠭᠡᠯᠡᠵᠠᠢ ᠭᠡᠳᠡᠭ᠎ᠢ ᠤᠶ᠋ᠢᠯᠠᠭ᠋ᠠᠵᠤ ᠪᠤᠯᠤᠨ᠎ᠠ᠃
ᠠᠮᠧᠷᠢᠺᠡ ᠵᠢᠨ ᠨᠢᠭᠡᠨ ᠰᠡᠳᠭᠢᠴᠡ ᠵᠦᠢ ᠵᠢᠨ ᠠ᠋ᠷᠳᠡᠮᠲᠡᠨ᠎ᠠᠴᠠ ᠡᠵᠢ ᠭᠦᠮᠦᠨ᠎ᠤ ᠬᠡᠦᠬᠡᠳ᠎ᠤᠨ ᠨᠢᠭᠡ ᠨᠠᠰᠤᠨ᠎ᠳᠤ ᠦᠵᠡᠭᠦᠯᠬᠦ ᠦᠢ᠍ᠯᠡᠳᠦᠯ᠎ᠢ ᠰᠤᠳᠤᠯᠬᠤ ᠵᠢᠨ ᠲᠦᠯᠦᠭᠡ ᠪᠦᠬᠦ ᠠᠮᠧᠷᠢᠺᠡ ᠵᠢᠨ ᠬᠡᠪᠴᠢᠶᠡᠨ᠎ᠳᠤ 50 ᠨᠡᠷᠡᠰ ᠠᠮᠵᠢᠯᠲᠠ ᠤᠯᠤᠭᠰᠠᠳ ᠪᠠ 50 ᠨᠡᠷᠡᠰ ᠢᠯᠠᠭᠳᠠᠭᠰᠠᠳ᠎ᠠᠴᠠ ᠰᠤᠩᠭᠤᠵᠤ᠂ ᠵᠠᠬᠢᠳᠠᠯ᠎ᠤᠨ ᠬᠡᠯᠪᠡᠷᠢ᠎ᠪᠠᠷ ᠲᠡᠳᠡᠨ᠎ᠠᠴᠠ ᠡᠵᠢ ᠵᠢᠨ ᠬᠢᠨᠢ ᠦᠭᠭᠦᠭᠰᠡᠨ ᠨᠦᠯᠦᠭᠡ ᠵᠢ ᠠᠰᠠᠭᠤᠪᠠ᠃ ᠬᠠᠷᠢᠭᠤ ᠵᠠᠬᠢᠳᠠᠯ᠎ᠤᠨ ᠳᠤᠲᠤᠷ᠎ᠠ᠎ᠠᠴᠠ ᠬᠤᠶᠠᠷ ᠬᠤᠪᠢ᠎ᠨᠢ ᠲᠡᠭᠦᠨ᠎ᠤ ᠠᠩᠬᠠᠷᠤᠯ᠎ᠢ ᠮᠠᠰᠢ ᠶᠡᠭᠡ ᠲᠠᠳᠠᠪᠠ᠃ ᠨᠢᠭᠡ᠎ᠨᠢ ᠴᠠᠭ᠋ᠠᠨ ᠤᠷᠳᠤᠨ᠎ᠳᠤ ᠪᠠᠶ᠋ᠢᠬᠤ ᠨᠡᠷᠡᠲᠦ ᠬᠦᠮᠦᠨ᠂ ᠨᠢᠭᠡ᠎ᠨᠢ ᠭᠢᠨᠳᠠᠨ᠎ᠳᠤ ᠬᠤᠷᠢᠭᠳᠠᠵᠤ ᠪᠠᠶ᠋ᠢᠭ᠎ᠠ ᠶᠠᠯᠠᠲᠠᠨ᠃ ᠲᠡᠳᠡ ᠴᠦᠮ ᠠᠳᠠᠯᠢ ᠨᠢᠭᠡ ᠤᠴᠢᠷ᠎ᠢ ᠶᠠᠷᠢᠵᠠᠢ᠃ ᠪᠠᠭ᠎ᠠ ᠵᠢᠨ ᠦᠶ᠎ᠡ᠎ᠳᠤ ᠡᠵᠢ᠎ᠨᠢ ᠠᠯᠮᠤᠷᠠᠳ ᠬᠤᠪᠢᠶᠠᠭᠰᠠᠨ ᠠᠳᠠᠯᠢᠬᠠᠨ ᠶᠠᠪᠤᠳᠠᠯ᠎ᠢ ᠲᠤᠭ᠋ᠠᠴᠢᠪᠠ᠃
ᠭᠢᠨᠳᠠᠨ᠎ᠳᠤ ᠪᠠᠶ᠋ᠢᠭ᠎ᠠ ᠶᠠᠯᠠᠲᠠᠨ ᠵᠠᠬᠢᠳᠠᠯ᠎ᠳᠤ᠎ᠪᠠᠨ ᠢᠩᠬᠢᠵᠦ ᠪᠢᠴᠢᠪᠡ᠄ ᠪᠠᠭ᠎ᠠ ᠵᠢᠨ ᠦᠶ᠎ᠡ᠎ᠳᠤ ᠨᠢᠭᠡᠨ ᠠ᠋ᠳᠦᠷ ᠡᠵᠢ ᠬᠡᠳᠦᠨ ᠠᠯᠮᠤᠷᠠᠳ ᠠᠪᠴᠢᠷᠠᠪᠠ᠃ ᠤᠯᠠᠭ᠋ᠠᠨ᠂ ᠨᠤᠭᠤᠭ᠋ᠠᠨ᠂ ᠶᠡᠭᠡ ᠪᠠᠭᠠᠲᠠᠢ ᠠᠯᠮᠤᠷᠠᠳ ᠪᠠᠶ᠋ᠢᠪᠠ᠃ ᠪᠢ ᠬᠠᠮᠤᠭ ᠪᠦᠲᠦᠭᠦᠨ ᠤᠯᠠᠭ᠋ᠠᠨ ᠠᠯᠮᠤᠷᠠᠳ᠎ᠢ᠎ᠨᠢ ᠤᠯᠵᠤ ᠠᠪᠤᠶ᠎ᠠ ᠭᠡᠵᠦ ᠶᠡᠭᠡ ᠳᠤᠷᠠᠯᠠᠪᠠ᠃ ᠠ᠋ᠨᠡ ᠦᠶᠡᠰ ᠡᠵᠢ ᠠᠯᠮᠤᠷᠠᠳ᠎ᠢ ᠰᠢᠷᠡᠭᠡᠨ ᠳᠡᠭᠡᠷ᠎ᠡ ᠲᠠᠯᠪᠢᠵᠤ᠂ ᠲᠡᠭᠦᠦ ᠮᠠᠨ᠎ᠤ ᠬᠤᠶᠠᠭᠤᠯᠠ᠎ᠠᠴᠠ᠄ 《ᠠᠯᠢ ᠵᠢ᠎ᠨᠢ ᠠᠪᠤᠶ᠎ᠠ ᠭᠡᠵᠦ ᠰᠠᠨᠠᠵᠤ ᠪᠠᠶ᠋ᠢᠬᠤ ᠪᠤᠢ?》 ᠭᠡᠵᠦ ᠠᠰᠠᠭᠤᠪᠠ᠃ ᠪᠢ ᠬᠠᠮᠤᠭ ᠪᠦᠳᠦᠭᠦᠨ ᠤᠯᠠᠭ᠋ᠠᠨᠠᠴᠠᠨᠢ ᠭᠡᠵᠦ ᠬᠡᠯᠡᠵᠦ ᠠᠮᠵᠢᠬᠤ᠎ᠠᠴᠠ ᠠ᠋ᠮᠦᠨ᠎ᠡ ᠲᠡᠭᠦᠦ ᠤᠷᠢᠳ ᠵᠶ᠋ᠠᠷ ᠮᠢᠨᠤ ᠰᠠᠨᠠᠭᠰᠠᠨᠢ ᠭᠡᠯᠡᠴᠢᠭᠡᠪᠡ᠃ ᠡᠵᠢ ᠲᠡᠭᠦᠦ ᠵᠢ ᠬᠦᠴᠦᠲᠠᠢ ᠬᠢᠯᠦᠶ᠋ᠢᠵᠦ ᠠᠪᠤᠭ᠋ᠠᠳ᠄ 《ᠰᠠᠶ᠋ᠢᠨ ᠬᠡᠦᠬᠡᠳ ᠪᠤᠯ ᠰᠠᠶ᠋ᠢᠨ ᠶᠠᠭᠤᠮ᠎ᠠ ᠵᠢ ᠪᠤᠰᠤᠳ᠎ᠲᠤ ᠨᠠᠶ᠋ᠢᠷ ᠲᠠᠯᠪᠢᠳᠠᠭ ᠰᠢᠤ᠂ ᠥᠪᠡᠷ᠎ᠢ᠎ᠪᠠᠨ ᠯᠡ ᠪᠤᠳᠤᠭ᠋ᠠᠳ ᠪᠤᠯᠬᠤ ᠦᠭᠡᠢ》 ᠭᠡᠪᠡ᠃ ᠪᠢ ᠪᠠᠷᠢᠨ ᠰᠠᠨᠠᠭᠰᠠᠨ ᠦᠭᠡ᠎ᠪᠠᠨ ᠠ᠋ᠷᠬᠢᠭᠦᠯᠵᠦ᠄ 《ᠡᠵᠢ ᠡ᠂ ᠪᠢ ᠪᠠᠭ᠎ᠠ ᠵᠢ᠎ᠨᠢ ᠠᠪᠤᠶ᠎ᠠ᠂ ᠬᠠᠮᠤᠭ ᠪᠦᠲᠦᠭᠦᠨ ᠤᠯᠠᠭ᠋ᠠᠨᠢᠨᠢ ᠲᠡᠭᠦᠦ᠎ᠳᠤ ᠦᠭᠴᠢᠬᠡ!》 ᠭᠡᠰᠡᠨ᠎ᠳᠤ ᠡᠵᠢ ᠰᠤᠨᠤᠰᠤᠭ᠋ᠠᠳ ᠲᠤᠶ᠋ᠢᠯ ᠵᠶ᠋ᠠᠷ ᠪᠠᠶᠠᠷᠯᠠᠵᠤ ᠮᠢᠨᠤ ᠮᠠᠩᠨᠠᠢ ᠳᠡᠭᠡᠷ᠎ᠡ ᠬᠦᠴᠦᠲᠠᠢ ᠦᠨᠦᠰᠴᠦ ᠠᠪᠤᠭ᠋ᠠᠳ ᠬᠠᠮᠤᠭ ᠪᠦᠲᠦᠭᠦᠨ ᠤᠯᠠᠭ᠋ᠠᠨ ᠠᠯᠮᠤᠷᠠᠳ᠎ᠢ ᠨᠠᠳᠠ᠎ᠳᠤ ᠦᠭᠪᠡ᠃ ᠥᠪᠡᠷ᠎ᠤᠨ ᠤᠯᠵᠤ ᠠᠪᠤᠶ᠎ᠠ ᠭᠡᠰᠡᠨ ᠶᠠᠭᠤᠮ᠎ᠠ᠎ᠪᠠᠨ ᠪᠢ ᠤᠯᠵᠤ ᠠᠪᠤᠯ᠎ᠠ᠃ ᠠ᠋ᠨᠡ ᠠ᠋ᠳᠦᠷ᠎ᠠᠴᠠ ᠬᠤᠶ᠋ᠢᠰᠢ ᠪᠢ ᠬᠤᠳᠠᠯ ᠬᠡᠯᠡᠬᠦ ᠵᠢ ᠰᠤᠷᠪᠠ᠂ ᠰᠡᠭᠦᠯᠡᠷ᠎ᠨᠢ ᠬᠡᠷᠡᠯᠳᠦᠬᠦ᠂ ᠬᠤᠯᠠᠭ᠋ᠠᠶ᠋ᠢᠯᠠᠭ᠍ᠤ᠂ ᠳᠡᠭᠡᠷᠡᠮᠳᠡᠬᠦ ᠵᠢ ᠰᠤᠷᠴᠤ᠂ ᠦᠪᠡᠷ᠎ᠤᠨ ᠵᠤᠷᠢᠭᠰᠠᠨᠳᠤᠪᠠᠨ ᠬᠦᠷᠬᠦ ᠭᠡᠳ ᠶᠠᠮᠠᠷ ᠴᠦ᠍ ᠠᠷᠭ᠎ᠠ ᠪᠠᠷᠢᠯ᠎ᠢ ᠰᠤᠩᠭᠤᠵᠤ ᠬᠡᠷᠡᠭᠯᠡᠬᠦ᠎ᠠᠴᠠ ᠪᠤᠴᠠᠭ᠍ᠤ ᠦᠭᠡᠢ ᠪᠤᠯᠵᠤ ᠬᠢᠨᠳᠠᠨ᠎ᠳᠤ ᠬᠦᠷᠭᠡᠭᠳᠡᠵᠦ ᠶᠠᠯᠠᠲᠠᠨ ᠪᠤᠯᠪᠠ ᠭᠡᠵᠠᠢ᠃
ᠴᠠᠭ᠋ᠠᠨ ᠤᠷᠳᠤᠨ᠎ᠳᠤ ᠠᠵᠢᠯᠯᠠᠵᠤ ᠪᠠᠶ᠋ᠢᠭ᠎ᠠ ᠨᠡᠷᠡᠲᠦ ᠬᠦᠮᠦᠨ ᠢᠩᠬᠢᠵᠦ ᠪᠢᠴᠢᠵᠡᠢ᠄ ᠪᠠᠭ᠎ᠠ ᠵᠢᠨ ᠦᠶ᠎ᠡ᠎ᠳᠤ᠂ ᠨᠢᠭᠡᠨ ᠠ᠋ᠳᠦᠷ ᠡᠵᠢ ᠬᠡᠳᠦᠨ ᠠᠯᠮᠤᠷᠠᠳ ᠠᠪᠴᠢᠷᠠᠪᠠ᠃ ᠤᠯᠠᠭ᠋ᠠᠨ᠂ ᠨᠤᠭᠤᠭ᠋ᠠᠨ᠂ ᠶᠡᠭᠡ ᠪᠠᠭᠠᠲᠠᠢ ᠠᠯᠮᠤᠷᠠᠳ ᠪᠠᠶ᠋ᠢᠯ᠎ᠠ᠃ ᠪᠢ ᠲᠡᠭᠦᠦ ᠨᠠᠷ᠎ᠲᠠᠢ᠎ᠪᠠᠨ ᠬᠠᠮᠤᠭ ᠶᠡᠭᠡ ᠤᠯᠠᠭ᠋ᠠᠨᠢᠨᠢ ᠪᠤᠯᠢᠶᠠᠯᠴᠠᠭ᠍ᠤᠳᠤ ᠡᠵᠢ ᠬᠠᠮᠤᠭ ᠶᠡᠭᠡ ᠤᠯᠠᠭ᠋ᠠᠨ ᠠᠯᠮᠤᠷᠠᠳ᠎ᠢ ᠭᠠᠷ᠎ᠲᠤ᠎ᠪᠠᠨ ᠪᠠᠷᠢᠵᠤ᠄ 《ᠠ᠋ᠨᠡ ᠬᠦ᠌ ᠬᠠᠮᠤᠭ ᠰᠠᠶ᠋ᠢᠨ ᠠᠯᠮᠤᠷᠠᠳ᠎ᠢ ᠬᠡᠨ ᠴᠦ᠍ ᠣᠯᠣᠶ᠎ᠠ ᠭᠡᠵᠦ ᠰᠠᠨᠠᠵᠤ ᠪᠠᠶ᠋ᠢᠨ᠎ᠠ᠂ ᠲᠡᠭᠡᠪᠡᠯ ᠪᠢᠳᠡ ᠨᠢᠭᠡ ᠤᠷᠤᠯᠳᠤᠭ᠋ᠠᠨ ᠶᠠᠪᠤᠭᠤᠯᠤᠶ᠎ᠠ᠂ ᠪᠢ ᠠ᠋ᠭᠦᠳᠡᠨ ᠠ᠋ᠮᠦᠨᠡᠬᠢ ᠡᠪᠡᠰᠦᠨ ᠲᠠᠯᠠᠪᠠᠢ ᠵᠢ ᠳᠡᠭᠰᠢ ᠭᠤᠷᠪᠠᠨ ᠭᠡᠰᠡᠭ ᠬᠤᠪᠢᠶᠠᠶᠠ᠂ ᠲᠠ ᠭᠤᠷᠪᠠᠭᠤᠯᠠ ᠨᠢᠭᠡ ᠬᠦᠮᠦᠨ᠎ᠤ ᠨᠢᠭᠡ ᠭᠡᠰᠡᠭ᠎ᠢ ᠬᠠᠷᠢᠭᠤᠴᠠᠨ᠎ᠠ᠂ ᠬᠡᠨ᠎ᠨᠢ ᠬᠠᠮᠤᠭ ᠲᠦᠷᠭᠡᠨ ᠬᠠᠮᠤᠭ ᠰᠠᠶ᠋ᠢᠬᠠᠨ ᠬᠢᠷᠪᠢᠵᠦ ᠴᠢᠳᠠᠪᠠᠯ ᠲᠡᠷᠡ ᠠ᠋ᠨᠡ ᠠᠯᠮᠤᠷᠠᠳ᠎ᠢ ᠤᠯᠬᠤ ᠠ᠋ᠷᠬᠡ᠎ᠲᠠᠢ ᠪᠤᠯᠤᠨ᠎ᠠ》 ᠭᠡᠪᠡ᠃ ᠪᠢ ᠬᠠᠮᠤᠭ ᠲᠦᠷᠭᠡᠨ ᠬᠠᠮᠤᠭ ᠰᠠᠶ᠋ᠢᠬᠠᠨ ᠬᠠᠶ᠋ᠢᠴᠢᠯᠠᠭᠰᠠᠨ ᠲᠤᠯᠠ ᠬᠠᠮᠤᠭ ᠶᠡᠭᠡ ᠬᠠᠮᠤᠭ ᠤᠯᠠᠭ᠋ᠠᠨ ᠠᠯᠮᠤᠷᠠᠳ᠎ᠢ ᠤᠯᠪᠠ᠃ ᠪᠢ ᠡᠵᠢ᠎ᠳᠤ᠎ᠪᠠᠨ ᠲᠠᠯᠠᠷᠬᠠᠨ᠎ᠠ᠂ ᠲᠡᠷᠡ ᠨᠠᠳᠠ᠎ᠳᠤ ᠬᠠᠮᠤᠭ ᠲᠦᠭᠦᠮ᠂ ᠮᠦᠨ ᠴᠦ᠍ ᠬᠠᠮᠤᠭ ᠴᠢᠬᠤᠯᠠ ᠪᠤᠯᠬᠤ ᠶᠤᠰᠤ ᠵᠢ ᠲᠠᠨᠢᠭᠤᠯᠪᠠ᠃ ᠳᠠᠷᠤᠢ ᠬᠠᠮᠤᠭ ᠰᠠᠶ᠋ᠢᠨ᠎ᠢ ᠤᠯᠤᠶ᠎ᠠ ᠭᠡᠪᠡᠯ ᠨᠢᠭᠡᠳᠦᠭᠡᠷᠢ ᠤᠯᠬᠤ᠎ᠪᠠᠷ ᠴᠢᠷᠮᠠᠶ᠋ᠢᠬᠤ ᠬᠡᠷᠡᠭᠲᠠᠢ᠃ ᠶᠠᠭᠤ ᠤᠯᠬᠤ᠂ ᠬᠡᠳᠦᠢ ᠵᠢ ᠤᠯᠬᠤ ᠭᠡᠪᠡᠯ ᠠ᠋ᠷᠬᠡᠪᠰᠢ ᠲᠡᠳᠦᠢ ᠵᠢᠨ ᠴᠢᠷᠮᠠᠶ᠋ᠢᠯᠭ᠎ᠠ ᠵᠠᠷᠤᠴᠠᠭᠤᠯᠬᠤ ᠬᠡᠷᠡᠭᠲᠠᠢ ᠭᠡᠰᠡᠨ ᠶᠤᠰᠤ ᠵᠢ ᠮᠡᠳᠡᠭᠦᠯᠪᠡ ᠭᠡᠵᠠᠢ᠃ ᠠᠳᠠᠯᠢᠬᠠᠨ ᠨᠢᠭᠡ ᠠᠯᠮᠤᠷᠠᠳ ᠬᠤᠪᠢᠶᠠᠭᠰᠠᠨ ᠶᠠᠪᠤᠳᠠᠯ᠎ᠳᠤ ᠬᠠᠨᠳᠤᠭᠰᠠᠨ ᠬᠤᠶᠠᠷ ᠡᠵᠢ ᠵᠢᠨ ᠠᠳᠠᠯᠢ ᠪᠤᠰᠤ ᠦᠢ᠍ᠯᠡ ᠠᠵᠢᠯᠯᠠᠭ᠎ᠠ᠎ᠨᠢ ᠬᠤᠶᠠᠷ ᠲᠤᠶ᠋ᠢᠯ᠎ᠤᠨ ᠬᠦᠮᠦᠨ᠎ᠢ ᠬᠦᠮᠦᠵᠢᠭᠦᠯᠵᠦ ᠭᠠᠷᠭ᠋ᠠᠵᠠᠢ᠃ ᠠ᠋ᠶ᠋ᠢᠮᠦ᠎ᠠᠴᠠ ᠠ᠋ᠬᠡ ᠪᠤᠯᠤᠭᠰᠠᠨ ᠬᠦᠮᠦᠨ ᠵᠢᠵᠢᠭ ᠰᠠᠵᠢᠭ ᠤᠴᠢᠷ ᠶᠠᠪᠤᠳᠠᠯ᠎ᠳᠤ ᠴᠠᠯᠠᠭ᠋ᠠᠶ᠋ᠢᠳᠠᠵᠤ ᠪᠤᠯᠬᠤ ᠦᠭᠡᠢ᠂ ᠤᠶᠤᠨ ᠤᠬᠠᠭ᠋ᠠᠨ ᠵᠶ᠋ᠠᠨ ᠰᠢᠪᠬᠠᠵᠤ᠂ ᠳᠠᠷᠢᠬᠢ ᠲᠤᠯᠤᠭ᠋ᠠᠢ᠎ᠪᠠᠨ ᠬᠦᠳᠡᠯᠭᠡᠨ ᠤᠶᠤᠨᠴᠢ᠎ᠪᠠᠷ ᠬᠠᠨᠳᠤᠬᠤ ᠬᠡᠷᠡᠭᠲᠠᠢ ᠭᠡᠰᠡᠨ᠎ᠢ ᠵᠠᠪᠠᠯ ᠠᠩᠬᠠᠷᠤᠯ᠎ᠳᠤ᠎ᠪᠠᠨ ᠠᠪᠬᠤ ᠬᠡᠷᠡᠭᠲᠠᠢ᠃ ᠤᠯᠠᠨ ᠤᠳᠠᠭ᠋ᠠᠨ᠎ᠤ ᠰᠤᠳᠤᠯᠭ᠋ᠠᠨ᠎ᠤ ᠦᠷ᠎ᠡ ᠳ᠋ᠦᠩ᠎ᠠᠴᠠ ᠦᠵᠡᠪᠡᠯ ᠤᠯᠠᠩᠬᠢ ᠠᠮᠵᠢᠯᠲᠠ ᠤᠯᠤᠭᠰᠠᠨ ᠬᠦᠮᠦᠰ᠎ᠤᠨ ᠠ᠋ᠬᠡ᠎ᠨᠢ ᠠᠭᠤᠵᠢᠭᠤ ᠲᠠᠯᠪᠢᠭᠤ ᠵᠠᠩ᠎ᠲᠠᠢ᠂ ᠠᠭᠤᠷᠯᠠᠵᠤ ᠤᠴᠠᠭ᠋ᠠᠷᠯᠠᠭ᠍ᠤᠨᠢ ᠴᠦᠭᠡᠨ᠂ ᠮᠡᠳᠡᠯᠭᠡ ᠰᠤᠷᠬᠤ ᠵᠢ ᠬᠦᠭᠡᠭᠡᠴᠡᠯᠳᠦᠳᠡᠭ ᠬᠦᠮᠦᠰ ᠪᠠᠶ᠋ᠢᠵᠠᠢ ᠭᠡᠵᠦ ᠨᠤᠲᠠᠯᠠᠵᠤ ᠪᠤᠢ᠃ ᠠ᠋ᠷᠳᠡᠮᠳᠡᠳᠤᠨ ᠦᠵᠡᠬᠦ᠎ᠪᠠᠷ᠂ ᠦᠭᠡᠯᠦᠨ ᠠ᠋ᠬᠡ ᠪᠤᠯ ᠦᠲᠡᠭᠦᠰ ᠦᠭᠡ᠂ ᠰᠤᠶᠤᠭ᠋ᠠᠷ ᠦᠭᠡ ᠵᠢ ᠰᠠᠶ᠋ᠢᠨ ᠮᠡᠳᠡᠳᠡᠭ ᠰᠡᠴᠡᠨ ᠰᠡᠷᠭᠦᠯᠡᠩ ᠰᠤᠷᠭ᠋ᠠᠨ ᠬᠦᠮᠦᠵᠢᠭᠦᠯᠦᠭᠴᠢ ᠮᠦᠨ ᠭᠡᠵᠠᠢ᠃ ᠦᠭᠡᠯᠦᠨ ᠠ᠋ᠬᠡ ᠵᠢᠨ ᠬᠦᠮᠦᠵᠢᠯ ᠳᠤᠤᠷ᠎ᠠ ᠴᠢᠩᠭᠢᠰ ᠬᠠᠭ᠋ᠠᠨ ᠪᠦᠮᠪᠦᠷᠴᠡᠭ᠎ᠤᠨ ᠬᠠᠭ᠋ᠠᠰ᠎ᠢ ᠡᠵᠡᠯᠡᠭᠰᠡᠨ ᠴᠢᠳᠠᠪᠤᠷᠢᠲᠠᠨ ᠪᠤᠯᠤᠨ ᠬᠦᠮᠦᠵᠢᠭᠳᠡᠵᠦ ᠳᠡᠯᠡᠬᠡᠢ ᠵᠢᠨ ᠠᠯᠳᠠᠷᠲᠤ ᠬᠦᠮᠦᠨ ᠪᠤᠯᠪᠠ᠃
ᠮᠤᠩᠭᠤᠯ ᠤᠯᠠᠮᠵᠢᠯᠠᠯᠲᠤ ᠶᠤᠰᠤ ᠵᠠᠩᠰᠢᠯ᠎ᠳᠤ᠂ ᠠ᠋ᠬᠡ ᠬᠦᠮᠦᠨ᠎ᠤ ᠬᠤᠪᠢ᠎ᠳᠤ 《ᠬᠡᠭᠡᠷ ᠠᠯᠠᠭ᠎ᠠᠴᠠ ᠰᠢᠭᠢᠷ᠎ᠡ ᠠᠯᠠᠭ᠂ ᠭᠡᠯᠳᠡᠩ ᠭᠡᠬᠦᠦ᠎ᠠᠴᠠ ᠱᠤᠪᠳᠤᠩ ᠤᠨᠠᠭ᠎ᠠ》 ᠭᠡᠬᠦ ᠪᠤᠶᠤ 《ᠦᠬᠢᠨ᠎ᠢ᠎ᠨᠢ ᠠᠪᠬᠤ ᠬᠦᠮᠦᠨ ᠡᠵᠢ ᠵᠢ᠎ᠨᠢ ᠦᠵᠡ》᠂ 《ᠶᠠᠩᠰᠢᠶ᠎ᠠ ᠠ᠋ᠬᠡ᠎ᠠᠴᠠ ᠶᠠᠷᠢᠶ᠎ᠠ ᠦᠬᠢᠨ》᠂ 《ᠬᠡᠷᠡᠭᠦᠯᠴᠢ ᠠ᠋ᠬᠡ ᠵᠢᠨ ᠬᠠᠷᠢᠶᠠᠯᠴᠢ ᠦᠬᠢᠨ》 ᠭᠡᠬᠦ ᠮᠡᠲᠦ ᠵᠢᠨ ᠦᠬᠢᠳ ᠬᠦᠪᠡᠭᠦᠳ᠎ᠤᠨ ᠠᠯᠢᠪᠠ ᠵᠠᠩ ᠲᠦᠷᠬᠦ᠂ ᠶᠤᠰᠤ ᠰᠤᠷᠲᠠᠭ᠍ᠤᠨ᠎ᠤ ᠪᠦᠷᠢᠯᠳᠦᠯ ᠵᠢᠴᠢ ᠤᠶᠤᠨ ᠤᠬᠠᠭ᠋ᠠᠨ᠎ᠤ ᠬᠦᠭᠵᠢᠯᠲᠡ᠎ᠨᠢ ᠪᠦᠷ ᠠ᠋ᠬᠡ ᠵᠢᠨ ᠰᠤᠷᠭ᠋ᠠᠯ᠎ᠠᠴᠠ ᠰᠠᠯᠵᠤ ᠪᠤᠯᠤᠰᠢ ᠦᠭᠡᠢ ᠭᠡᠳᠡᠭ᠎ᠢ ᠦᠭᠦᠯᠡᠵᠦ᠂ ᠠ᠋ᠬᠡ ᠪᠤᠯᠤᠭᠰᠠᠳ᠎ᠤᠨ ᠬᠦᠨᠳᠦ ᠴᠢᠬᠤᠯᠠ ᠠ᠋ᠭᠦᠷᠭᠡ ᠬᠠᠷᠢᠭᠤᠴᠠᠯᠭ᠎ᠠ ᠵᠢᠴᠢ ᠤᠨᠴᠠ ᠦᠢ᠍ᠯᠡᠳᠦᠯ ᠬᠡᠷᠡᠭᠴᠡᠭᠡ ᠵᠢ ᠳᠤᠲᠤᠷᠬᠠᠶ᠋ᠢᠯᠠᠭᠰᠠᠨ ᠪᠠᠶ᠋ᠢᠳᠠᠭ᠃ ᠮᠤᠩᠭᠤᠯᠴᠤᠳ ᠠ᠋ᠨᠡ ᠲᠠᠯ᠎ᠠ᠎ᠪᠠᠷ ᠮᠠᠰᠢ ᠠ᠋ᠷᠲᠡ ᠮᠡᠳᠡᠳᠡᠭ᠂ ᠤᠤᠯ᠎ᠨᠢ ᠠᠪᠤ ᠡᠵᠢ᠎ᠨᠢ ᠬᠦᠦᠳᠤᠪᠠᠨ ᠪᠡᠷᠢ ᠠᠰᠠᠭᠤᠵᠤ ᠦᠭᠬᠦ ᠦᠶ᠎ᠡ᠎ᠳᠤ᠎ᠪᠠᠨ ᠤᠷᠢᠳᠠᠪᠡᠷ ᠠ᠋ᠬᠡ ᠵᠢ᠎ᠨᠢ ᠦᠵᠡᠳᠡᠭ᠃ ᠠ᠋ᠬᠡ᠎ᠨᠢ 《ᠤᠯᠠᠭ᠋ᠠᠨ ᠭᠠᠯᠵᠠᠭᠤ》 ᠠᠶ᠋ᠢᠯ᠎ᠤᠨ ᠬᠡᠦᠬᠡᠨ᠎ᠢ ᠠᠰᠠᠭᠤᠳᠠᠭ ᠦᠭᠡᠢ ᠪᠠᠶ᠋ᠢᠭᠰᠠᠨ ᠭᠡᠨ᠎ᠡ᠃ ᠤᠴᠢᠷ᠎ᠨᠢ ᠬᠡᠦᠬᠡᠨ ᠬᠦᠮᠦᠨ ᠠ᠋ᠬᠡ ᠵᠢᠨ ᠵᠶ᠋ᠠᠨ ᠵᠠᠩ ᠠᠭ᠋ᠠᠰᠢ ᠵᠢ ᠶᠡᠬᠡᠳᠡ ᠳᠠᠭᠤᠷᠢᠶᠠᠳᠠᠭ ᠶᠤᠮ᠃ 《ᠰᠠᠶ᠋ᠢᠨ ᠪᠡᠷᠢ ᠭᠤᠷᠪᠠᠨ ᠦᠶ᠎ᠡ ᠵᠢ ᠳᠡᠭᠡᠭᠰᠢ ᠳᠠᠲᠠᠨ᠎ᠠ》 ᠭᠡᠳᠡᠭ᠎ᠢ ᠦᠨᠡᠨ ᠰᠠᠨᠠᠭ᠋ᠠᠨ᠎ᠠᠴᠠ᠎ᠪᠠᠨ ᠮᠡᠳᠡᠷᠡᠳᠡᠭ ᠶᠤᠮ ᠪᠠᠶ᠋ᠢᠨ᠎ᠠ᠃
ᠮᠤᠩᠭᠤᠯ ᠠᠶ᠋ᠢᠯ ᠭᠡᠷ᠎ᠤᠨ ᠲᠢᠭ ᠶᠤᠰᠤ᠂ ᠦᠨᠳᠦᠰᠦᠲᠡᠨ᠎ᠤ ᠵᠠᠩ ᠦᠢ᠍ᠯᠡ ᠰᠤᠶᠤᠯ᠎ᠤᠨ ᠤᠯᠠᠮᠵᠢᠯᠠᠯ ᠲᠡᠷᠡ ᠪᠦᠬᠦᠨ ᠮᠤᠩᠭᠤᠯ ᠠ᠋ᠬᠡᠴᠦᠤᠯᠤᠨ ᠰᠤᠷᠭ᠋ᠠᠯ ᠵᠶ᠋ᠠᠷ ᠳᠠᠮᠵᠢᠨ ᠤᠯᠠᠮᠵᠢᠯᠠᠭᠳᠠᠭᠰᠠᠭ᠋ᠠᠷ ᠢᠷᠡᠭᠰᠡᠨ ᠰᠢᠤ ᠳ᠋ᠠ! ᠡ᠊ᠨᠳᠡ ᠮᠠᠨᠳᠤᠬᠠᠢ ᠰᠡᠴᠡᠨ ᠬᠠᠳᠤᠨᠤ ᠳᠤᠬᠠᠢ ᠦᠯᠢᠭᠡᠷ ᠶᠠᠷᠢᠶ᠎ᠠ᠃ ᠲᠡᠷᠡ᠎ᠪᠠᠷ ᠪᠠᠳᠤᠮᠦ᠋ᠩᠬᠡ ᠳᠡᠶᠠᠨ ᠬᠠᠭ᠋ᠠᠨ᠎ᠢ ᠨᠢᠯᠬ᠎ᠠ ᠪᠠᠯᠴᠢᠷ ᠪᠠᠶ᠋ᠢᠬᠤ᠎ᠳᠤ᠎ᠨᠢ ᠬᠠᠳᠤᠨ᠎ᠨᠢ ᠮᠦᠷᠲᠡᠭᠡᠨ ᠡᠵᠢ ᠵᠢᠨ ᠤᠷᠤᠨ᠎ᠳᠤ ᠡᠵᠢ᠎ᠨᠢ ᠪᠠᠶ᠋ᠢᠵᠤ ᠦᠰᠭᠡᠵᠦ ᠬᠦᠮᠦᠵᠢᠭᠦᠯᠬᠦ᠎ᠠᠴᠠ ᠦᠭᠰᠦᠭᠦᠯᠦᠭᠡᠳ ᠪᠤᠳᠠᠷᠠᠭᠰᠠᠨ ᠤᠯᠤᠰ᠎ᠢ᠎ᠨᠢ ᠨᠢᠭᠡᠳᠭᠡᠵᠦ᠂ ᠲᠦᠷᠦ ᠵᠢᠨ ᠵᠢᠯᠤᠭᠤ ᠵᠢ ᠠᠳᠬᠤᠭᠤᠯᠵᠤ ᠦᠭᠬᠦ ᠵᠢᠨ ᠵᠡᠷᠭᠡ᠎ᠪᠠᠷ ᠠᠯᠢᠪᠠ ᠪᠦᠬᠦᠨ᠎ᠢ᠎ᠨᠢ ᠬᠠᠮᠵᠢᠯᠴᠠᠨ ᠬᠦᠢ᠍ᠴᠡᠳᠭᠡᠭᠰᠡᠨ ᠶᠤᠮ᠃ ᠲᠡᠭᠡᠭᠡᠳ ᠡᠷ᠎ᠡ᠎ᠶᠢᠨ ᠴᠡᠭᠡᠯ᠎ᠳᠤ ᠬᠦᠷᠦᠭᠰᠡᠨ᠎ᠤ ᠬᠢᠨᠢ ᠳᠠᠷᠠᠭ᠎ᠠ᠄ 《ᠪᠢ ᠨᠢᠭᠡᠨ ᠪᠦᠰᠡᠬᠦᠢ ᠬᠦᠮᠦᠨ ᠲᠦᠷᠦ ᠵᠢᠨ ᠠᠵᠢᠯ᠎ᠳᠤ ᠤᠷᠤᠯᠴᠠᠭ᠍ᠤ᠎ᠨᠢ ᠵᠦᠢ ᠦᠭᠡᠢ᠃ ᠠᠯᠲᠠᠨ ᠤᠷᠤᠭ᠎ᠤᠨ ᠵᠠᠯᠭ᠋ᠠᠮᠵᠢᠯᠠᠭᠴᠢ ᠪᠤᠯᠤᠭᠰᠠᠨ ᠲᠡᠶᠡᠨ ᠬᠠᠭ᠋ᠠᠨ ᠥᠪᠡᠷ ᠵᠶ᠋ᠠᠨ ᠮᠠᠳᠡᠭᠳᠦᠨ》 ᠬᠡᠮᠡᠭᠡᠳ ᠰᠠᠶ᠋ᠢᠨ ᠳᠤᠷ᠎ᠠ᠎ᠠᠴᠠ᠎ᠪᠠᠨ ᠭᠡᠷ᠎ᠤᠨ ᠡᠵᠡᠭᠲᠠᠢ ᠪᠤᠯᠤᠭᠰᠠᠨ ᠰᠠᠨ᠃ ᠠ᠋ᠨᠡ᠎ᠨᠢ ᠬᠠᠳᠤᠨ ᠬᠦᠮᠦᠨ᠎ᠤ ᠠ᠋ᠭᠦᠷᠭᠡ ᠬᠠᠷᠢᠭᠤᠴᠠᠯᠭ᠎ᠠ ᠪᠤᠯ ᠬᠠᠭ᠋ᠠᠨ ᠲᠦᠷᠦ ᠵᠢᠨ ᠵᠠᠯᠭ᠋ᠠᠮᠵᠢᠯᠠᠭᠴᠢ ᠵᠢ ᠬᠦᠮᠦᠵᠢᠭᠦᠯᠬᠦ ᠶᠠᠪᠤᠳᠠᠯ ᠬᠡᠮᠡᠨ ᠲᠤᠳᠤ ᠤᠬᠠᠭ᠋ᠠᠷᠠᠭᠰᠠᠨᠤᠬᠢ ᠪᠤᠯᠤᠢ᠃
ᠶᠠᠫᠤᠨ᠎ᠳᠤ ᠠ᠋ᠮᠡᠭᠲᠠᠢ ᠬᠦᠮᠦᠨ ᠬᠡᠦᠬᠡᠳ ᠲᠦᠷᠦᠮᠡᠭᠴᠡ ᠠᠯᠪᠠᠨ ᠠᠵᠢᠯ ᠬᠢᠳᠡᠭ ᠦᠭᠡᠢ (ᠤᠯᠤᠰ᠎ᠠᠴᠠ ᠨᠦᠬᠦᠪᠦᠷᠢ ᠦᠭᠳᠡᠭ)᠃ ᠭᠡᠷ᠎ᠲᠤ᠎ᠪᠠᠨ ᠬᠡᠦᠬᠡᠳ ᠵᠶ᠋ᠠᠨ ᠦᠰᠭᠡᠨ ᠬᠦᠮᠦᠵᠢᠭᠦᠯᠵᠦ ᠰᠠᠭᠤᠳᠠᠭ᠃ ᠭᠡᠬᠦ᠎ᠳᠤ᠎ᠪᠠᠨ ᠨᠤᠮ᠎ᠤᠨ ᠰᠠᠩ᠎ᠳᠤ ᠤᠴᠢᠵᠤ ᠬᠡᠦᠬᠡᠳ᠎ᠲᠠᠢ᠎ᠪᠠᠨ ᠬᠠᠮᠲᠤ ᠨᠤᠮ ᠤᠩᠰᠢᠵᠤ ᠰᠠᠭᠤᠳᠠᠭ᠃ ᠶᠠᠫᠤᠨ ᠬᠦᠮᠦᠨ᠎ᠤ ᠬᠡᠪ ᠴᠢᠨᠠᠷ ᠦᠨᠳᠦᠷ ᠪᠠᠶ᠋ᠢᠳᠠᠭ ᠪᠠ ᠰᠢᠨᠵᠢᠯᠡᠭᠡ ᠮᠡᠷᠭᠡᠵᠢᠯ᠎ᠤᠨ ᠦᠳᠲᠡᠷ ᠲᠦᠷᠭᠡᠨ ᠬᠦᠭᠵᠢᠯᠲᠡ᠎ᠨᠢ ᠠ᠋ᠭᠦᠨ᠎ᠲᠠᠢ ᠬᠤᠯᠪᠤᠭ᠎ᠠ᠎ᠲᠠᠢ ᠭᠡᠵᠦ ᠭᠠᠳᠠᠭ᠋ᠠᠳᠤ ᠲᠤᠲᠤᠭ᠋ᠠᠳᠤ ᠵᠢᠨ ᠰᠤᠳᠤᠯᠭ᠋ᠠᠲᠠᠳ ᠰᠠᠨᠠᠯ ᠨᠢᠭᠡᠲᠠᠢ ᠦᠵᠡᠵᠦ ᠪᠠᠶ᠋ᠢᠨ᠎ᠠ᠃
《ᠡᠵᠢ ᠵᠢᠨ ᠬᠠᠷᠠᠮ ᠦᠭᠡᠢ ᠬᠤᠶ᠋ᠢᠰᠢ ᠦᠭᠡᠢ ᠬᠠᠶ᠋ᠢᠷ᠎ᠠ ᠬᠠᠪᠰᠤᠷᠤᠯᠭ᠎ᠠ ᠦᠭᠡᠢ ᠪᠤᠯ ᠬᠡᠦᠬᠡᠳ᠎ᠤᠨ ᠤᠶᠤᠨ ᠰᠠᠨᠠᠭ᠎ᠠ ᠬᠤᠪᠠᠭ᠍ᠠᠢ ᠠ᠋ᠯᠡᠰᠦ ᠰᠢᠭ ᠪᠤᠯᠳᠠᠭ》 ᠭᠡᠰᠡᠨ ᠠᠩᠭ᠍ᠯᠢ ᠵᠢᠨ ᠰᠡᠴᠡᠨ ᠦᠭᠡ ᠪᠠᠶ᠋ᠢᠳᠠᠭ᠃ ᠬᠦᠮᠦᠨ᠎ᠤ ᠨᠢᠭᠡ ᠨᠠᠰᠤᠨ᠎ᠤ ᠬᠦᠮᠦᠵᠢᠯ᠎ᠳᠤ ᠠ᠋ᠬᠡ ᠵᠢᠨ ᠬᠦᠮᠦᠵᠢᠯ ᠪᠤᠯ ᠬᠠᠮᠤᠭ᠎ᠤᠨ ᠴᠢᠬᠤᠯᠠ᠂ ᠬᠠᠮᠤᠭ᠎ᠤᠨ ᠰᠠᠭᠤᠷᠢ ᠬᠦᠮᠦᠵᠢᠯ ᠮᠦᠨ ᠭᠡᠰᠡᠨ᠎ᠢ ᠤᠬᠠᠭ᠋ᠠᠷᠠᠭ᠍ᠤ ᠶᠤᠰᠤᠲᠠᠢ᠃ ᠬᠡᠦᠬᠡᠳ ᠠ᠋ᠬᠡ ᠵᠢᠨ ᠵᠶ᠋ᠠᠨ ᠬᠡᠪᠡᠯᠢ᠎ᠳᠤ ᠬᠦᠮᠦᠨ ᠲᠦᠷᠦᠯ ᠤᠯᠤᠭᠰᠠᠨ ᠴᠠᠭ᠎ᠠᠴᠠ ᠳᠠᠭᠤ ᠵᠢ᠎ᠨᠢ ᠰᠤᠨᠤᠰᠴᠤ᠂ ᠨᠦᠯᠦᠭᠡ ᠵᠢ᠎ᠨᠢ ᠭᠦᠷᠲᠡᠳᠡᠭ᠃ ᠠ᠋ᠶ᠋ᠢᠮᠦ᠎ᠠᠴᠠ ᠠ᠋ᠬᠡ ᠪᠤᠯᠤᠭᠰᠠᠳ ᠨᠤᠮ ᠪᠢᠴᠢᠭ ᠤᠩᠰᠢᠬᠤ᠂ ᠠ᠋ᠷᠳᠡᠮᠲᠡᠨ ᠪᠠᠭᠰᠢ ᠨᠠᠷ᠎ᠤᠨ ᠬᠢᠴᠢᠶᠠᠯ᠎ᠢ ᠰᠤᠨᠤᠰᠬᠤ᠂ ᠲᠤᠭᠤᠷᠢᠨ ᠰᠤᠷᠤᠯᠴᠠᠭ᠍ᠤ ᠭᠡᠬᠦ ᠮᠡᠲᠦ ᠵᠢᠨ ᠠᠷᠭ᠎ᠠ᠎ᠪᠠᠷ ᠥᠪᠡᠷ᠎ᠤᠨ ᠬᠡᠦᠬᠡᠳ ᠬᠦᠮᠦᠵᠢᠭᠦᠯᠬᠦ ᠮᠡᠳᠡᠯᠭᠡ᠎ᠪᠠᠨ ᠦᠷᠭᠡᠳᠭᠡᠵᠦ᠂ ᠥᠪᠡᠷ᠎ᠤᠨ ᠬᠡᠪ ᠴᠢᠨᠠᠷ ᠵᠶ᠋ᠠᠨ ᠳᠠᠰᠤᠷᠠᠯᠲᠠ ᠦᠭᠡᠢ ᠳᠡᠭᠡᠭᠰᠢᠯᠡᠭᠦᠯᠵᠦ᠂ ᠬᠡᠦᠬᠡᠳ᠎ᠤᠨ ᠬᠦᠮᠦᠵᠢᠯ᠎ᠳᠤ ᠠ᠋ᠬᠡ ᠬᠦᠮᠦᠨ᠎ᠤ ᠬᠦᠮᠦᠵᠢᠯ ᠬᠠᠮᠤᠭ᠎ᠤᠨ ᠵᠠᠩᠭᠢᠯᠠᠭ᠎ᠠ ᠭᠡᠰᠡᠨ᠎ᠢ ᠪᠠᠳᠤ ᠮᠡᠳᠡᠷᠡᠬᠦ ᠬᠡᠷᠡᠭᠲᠠᠢ᠃
ᠬᠠᠶᠢᠬ᠄ ᠪᠠᠷᠠᠭᠤᠨ ᠦᠵᠦᠮᠦᠴᠢᠨ ᠬᠤᠰᠢᠭᠤᠨ᠎ᠤ ᠰᠤᠷᠤᠯᠭ᠎ᠠ ᠵᠢᠨ ᠳᠡᠳᠬᠦᠮᠵᠢ ᠵᠢᠨ ᠲᠦᠪ
(ᠪᠠᠭ᠋ᠠᠨ᠎ᠠ ᠨᠠᠢ᠍ᠢ᠍ᠷᠠᠭᠤᠯᠪᠠ)
2019 ᠣᠨ᠎ᠤ 12 ᠳ᠋ᠤᠭ᠋ᠠᠷ ᠬᠤᠭᠤᠴᠠᠭ᠎ᠠ