ᠪᠣᠣ ᠺᠠᠢ ᠬᠣᠸᠠ
ᠭᠡᠤᠭᠡᠳ᠎ᠤᠨ ᠨᠢᠯᠬ᠎ᠠ ᠪᠠᠭ᠎ᠠ ᠦᠶ᠎ᠡ ᠵᠢᠨ ᠠ᠋ᠷᠳᠡᠮ ᠪᠣᠯ ᠦᠭᠡ ᠶᠠᠷᠢᠵᠣ ᠴᠢᠳᠠᠬᠰᠠᠨ ᠶᠠᠪᠣᠳᠠᠯ ᠪᠣᠯᠬᠣ ᠪᠢᠯᠡ᠃ ᠦᠭᠡ ᠶᠠᠷᠢᠵᠣ ᠴᠢᠳᠠᠬᠰᠠᠨ ᠵᠶ᠋ᠠᠷ ᠦᠪᠡᠷ᠎ᠤᠨ ᠦᠵᠡᠯ ᠰᠡᠳᠬᠢᠯᠭᠡ᠎ᠪᠠᠨ ᠢᠯᠡᠳᠭᠡᠨ᠂ ᠣᠶ᠋ᠢᠯᠡ ᠠᠵᠢᠯᠯᠠᠭ᠎ᠠ᠎ᠪᠠᠨ ᠵᠢᠯᠣᠭᠣ ᠴᠣᠯᠪᠣᠭᠣᠷ᠎ᠲᠤ ᠣᠷᠣᠭᠣᠯᠵᠣ ᠴᠢᠳᠠᠳᠠᠬ᠃ ᠠ᠋ᠶ᠋ᠢᠨ ᠬᠦ᠌ ᠦᠭᠡ ᠬᠢᠭᠡᠳ ᠠᠵᠢᠯᠯᠠᠭ᠎ᠠ ᠨᠢᠭᠡᠳᠴᠦ᠂ ᠵᠦᠪ ᠲᠦᠪ ᠤᠬᠠᠭ᠋ᠠᠨ ᠰᠡᠳᠬᠢᠬᠦᠢ᠎ᠪᠠᠷ ᠣᠷᠣᠰᠢᠨ ᠠᠮᠢᠳᠣᠷᠠᠬᠣ ᠪᠣᠯᠣᠮᠵᠢ ᠠ᠋ᠬᠦᠳᠴᠦ᠂ ᠨᠡᠶ᠋ᠢᠭᠡᠮ᠎ᠳᠤ ᠠᠯᠬᠣᠨ ᠣᠷᠣᠬᠣ ᠨᠦᠬᠦᠴᠡᠯ᠎ᠢ ᠪᠦᠷᠢᠯᠳᠦᠬᠦᠯᠳᠡᠭ᠃ ᠢᠩᠬᠢᠬᠦ᠎ᠳᠤ ᠰᠣᠷᠭ᠋ᠠᠭᠣᠯᠢ ᠭᠡᠳᠡᠭ ᠴᠢᠬᠣᠯᠠ ᠪᠣᠭᠣᠮᠳᠠ ᠲᠠᠭ᠋ᠠᠷᠠᠯᠳᠣᠬᠣ ᠶᠣᠮ᠃ ᠭᠡᠤᠭᠡᠳ᠎ᠢ 《ᠬᠦᠮᠥᠨ ᠪᠣᠯᠬᠣ ᠪᠠᠭ᠎ᠠ᠎ᠠᠴᠠ᠎ᠪᠠᠨ᠂ ᠬᠦᠯᠥᠭ ᠪᠣᠯᠬᠣ ᠣᠨᠠᠭ᠋ᠠᠨᠠᠴᠠᠪᠠᠨ》 ᠭᠡᠳᠡᠭ ᠦᠭᠡ ᠦᠰᠴᠦ ᠲᠣᠮᠣᠭ᠋ᠠᠵᠢᠬᠣ᠂ ᠰᠣᠷᠴᠣ ᠬᠦᠮᠥᠵᠢᠬᠦ ᠠ᠋ᠬᠦᠳᠡᠨ᠎ᠠᠴᠠ ᠠᠩᠬᠠᠯᠠᠨ ᠰᠣᠷᠭ᠋ᠠᠮᠵᠢᠯᠠᠬᠰᠠᠨ ᠪᠠᠶ᠋ᠢᠳᠠᠬ᠃
ᠰᠣᠷᠭ᠋ᠠᠭᠣᠯᠢ ᠪᠣᠯ ᠰᠣᠷᠭ᠋ᠠᠨ ᠬᠦᠮᠥᠵᠢᠯ᠎ᠤᠨ ᠵᠢᠮ᠎ᠡ ᠬᠠᠣᠯᠢ᠂ ᠰᠣᠷᠭ᠋ᠠᠭᠣᠯᠢ ᠵᠢᠨ ᠲᠦᠷᠢᠮ ᠭᠣᠷᠢᠮ ᠵᠶ᠋ᠠᠷ ᠰᠣᠷᠣᠬ᠍ᠴᠢᠳᠢ ᠲᠦᠯᠥᠪᠰᠢᠬᠦᠯᠥᠨ ᠬᠦᠮᠥᠵᠢᠬᠦᠯᠬᠦ 《ᠠ᠋ᠷᠳᠡᠮ᠎ᠤᠨ ᠦᠯᠥᠭᠡᠢ》 ᠶᠣᠮ᠃ ᠡ᠊ᠨᠳᠡ ᠭᠡᠤᠭᠡᠳ ᠦᠰᠦᠭ ᠪᠢᠴᠢᠭ ᠰᠣᠷᠣᠨ᠎ᠠ᠂ ᠦᠭᠡ ᠰᠣᠨᠣᠰᠴᠣ ᠰᠣᠷᠣᠨ᠎ᠠ᠃ ᠢᠩᠬᠢᠬᠦ᠎ᠳᠤ 《ᠦᠭᠡ ᠲᠠᠨᠢᠪᠠᠯ ᠰᠡᠴᠡᠨ᠂ ᠦᠯᠢᠭᠡᠷᠯᠡᠵᠦ ᠮᠡᠳᠡᠪᠡᠯ ᠮᠡᠷᠭᠡᠨ》 ᠭᠡᠳᠡᠭ ᠠᠯᠢ ᠴᠣ᠌ ᠨᠠᠰᠣᠨ᠎ᠳᠤ᠂ ᠬᠡᠵᠢᠶ᠎ᠡ ᠴᠣ᠌ ᠮᠡᠳᠡᠵᠦ ᠴᠡᠨᠡᠵᠦ ᠶᠠᠪᠣᠬᠣ ᠰᠣᠷᠭ᠋ᠠᠯ ᠦᠭᠡ ᠭᠡᠤᠭᠡᠳ᠎ᠲᠤ ᠲᠣᠰᠠᠯᠠᠬᠣ ᠪᠣᠯᠣᠨ᠎ᠠ᠃ ᠦᠭᠡ ᠬᠡᠯᠡᠵᠦ ᠴᠢᠳᠠᠬᠰᠠᠨ᠂ ᠠ᠋ᠰᠡᠬᠦᠯ᠎ᠡ ᠦᠭᠡ ᠰᠣᠨᠣᠰᠴᠣ ᠠ᠋ᠬᠢᠯᠡᠭᠰᠡᠨ᠎ᠨᠢ ᠭᠡᠤᠭᠡᠳ᠎ᠢ ᠦᠭᠡ ᠰᠣᠨᠣᠰᠴᠣ ᠴᠢᠳᠠᠯ᠎ᠠ ᠭᠡᠵᠦ ᠦᠨᠡᠯᠡᠬᠦ ᠦᠭᠡᠢ ᠶᠣᠮ᠃ ᠣᠴᠢᠷ᠎ᠨᠢ ᠦᠭᠡ ᠰᠣᠨᠣᠰᠬᠣ᠎ᠳᠤ ᠠ᠋ᠷᠳᠡᠮ ᠣᠷᠣᠨ᠎ᠠ᠃
— ᠦᠭᠡ ᠰᠣᠨᠣᠰᠴᠣ ᠰᠣᠷᠬᠣ᠎ᠳᠤ ᠴᠠᠬ ᠬᠡᠷᠡᠭᠰᠡᠨ᠎ᠡ᠃ ᠠᠯᠢ ᠴᠠᠬ᠎ᠲᠤ ᠶᠠᠮᠠᠷ ᠦᠭᠡ ᠵᠢ ᠰᠣᠨᠣᠰᠬᠣ ᠪᠣᠯ ᠠᠩᠬᠠᠨ᠎ᠤ ᠠ᠋ᠷᠳᠡᠮ ᠶᠣᠮ᠃ ᠬᠢᠴᠢᠶᠠᠯ᠎ᠤᠨ ᠴᠠᠬ᠎ᠤᠨ ᠲᠦᠴᠢᠨ ᠮᠢᠨᠣᠢ᠍ᠲᠲᠤ ᠭᠡᠤᠭᠡᠳ ᠪᠠᠬᠰᠢ ᠵᠢᠨ ᠦᠭᠡ ᠵᠢ ᠬᠢᠴᠢᠶᠠᠯ᠎ᠤᠨ ᠠᠭᠣᠯᠭ᠎ᠠ᠎ᠲᠠᠢ ᠬᠣᠯᠪᠣᠬᠳᠠᠭᠣᠯᠣᠨ ᠰᠣᠨᠣᠰᠴᠣ᠂ ᠰᠣᠷᠭ᠋ᠠᠭᠣᠯᠢ ᠵᠢᠨ ᠬᠦᠮᠥᠵᠢᠯ᠎ᠤᠨ ᠵᠢᠮ᠎ᠡ ᠬᠠᠣᠯᠢ ᠶᠣᠰᠣᠭ᠋ᠠᠷ ᠠ᠋ᠷᠳᠡᠮ ᠮᠡᠳᠡᠯᠭᠡ ᠵᠢ ᠰᠢᠰᠲᠸᠮ᠎ᠲᠠᠢ ᠰᠣᠷᠬᠣ᠎ᠳᠤ ᠣᠶ᠋ᠢᠯᠡᠴᠢᠯᠡᠬᠦᠯᠥᠨᠡ᠃ ᠠ᠋ᠶ᠋ᠢᠨ ᠬᠦ᠌ ᠬᠢᠴᠢᠶᠡᠯ᠎ᠤᠨ ᠴᠠᠬ᠎ᠤᠨ ᠲᠦᠴᠢᠨ ᠮᠢᠨᠣᠢ᠍ᠲᠢ ᠬᠦᠢ᠍ᠴᠡᠳ ᠠᠰᠢᠬᠯᠠᠵᠣ᠂ ᠪᠠᠬᠰᠢ ᠵᠢᠨ ᠦᠭᠡ ᠵᠢ ᠰᠣᠨᠣᠰᠴᠣ ᠰᠣᠷᠬᠣ ᠭᠡᠷᠡᠭᠳᠡᠢ᠃ ᠪᠠᠬᠰᠢ ᠵᠢᠨ ᠶᠠᠷᠢᠶ᠎ᠠ ᠵᠢ ᠶᠠᠮᠠᠷ ᠣᠪᠣᠷ ᠵᠶ᠋ᠠᠷ ᠰᠣᠨᠣᠰᠬᠣ ᠪᠣᠯ ᠰᠣᠷᠣᠬ᠍ᠴᠢ ᠨᠢᠭᠡ ᠪᠦᠷᠢ ᠵᠢᠨ ᠰᠣᠷᠣᠯᠭ᠎ᠠ ᠵᠢᠨ ᠬᠢᠷᠢ ᠪᠦᠳᠦᠮᠵᠢᠯᠦᠭᠡ ᠬᠣᠯᠪᠣᠬᠳᠠᠬᠣ ᠨᠠᠷᠢᠨ ᠠᠰᠠᠭᠣᠳᠠᠯ ᠶᠣᠮ᠃ ᠠ᠋ᠬᠦᠨ᠎ᠢ ᠪᠣᠳᠠᠳᠠᠢ᠎ᠪᠠᠷ ᠵᠢᠱ᠌ᠢᠶᠡᠯᠡᠬᠦ᠎ᠳᠤ᠄ ᠣᠣᠯ᠎ᠤᠨ ᠣᠯᠣᠰ᠎ᠤᠨ ᠬᠦᠯ ᠪᠦᠮᠪᠦᠭᠡ ᠵᠢᠨ ᠪᠠᠬ᠎ᠤᠨ ᠰᠣᠷᠭ᠋ᠠᠬ᠍ᠴᠢ ᠪᠠᠶ᠋ᠢᠬᠰᠠᠨ ᠣᠷᠢᠳᠣᠬᠢ ᠶᠣᠭᠣᠰᠯᠠᠸᠢᠶᠠ ᠵᠢᠨ ᠮᠢᠷᠣ᠋ᠠᠴᠠ 《ᠣᠪᠣᠷ ᠠᠯᠢᠪᠠ ᠵᠢ ᠲᠣᠬᠳᠠᠭ᠋ᠠᠨᠠ》 ᠬᠡᠵᠦ ᠲᠣᠮᠳᠠᠳᠣ ᠣᠯᠣᠰ᠎ᠤᠨ ᠬᠦᠯ ᠪᠦᠮᠪᠦᠭᠡ ᠵᠢᠨ ᠪᠠᠬ᠎ᠤᠨ ᠬᠢᠷᠢ ᠪᠦᠳᠦᠮᠵᠢ ᠵᠢᠨ ᠣᠯᠵᠣ ᠠᠯᠳᠠᠬᠰᠠᠨᠢ ᠳ᠋ᠦᠩᠨᠡᠭᠰᠡᠨ ᠪᠠᠶ᠋ᠢᠳᠠᠬᠢ ᠲᠣᠷᠠᠳᠣᠭᠣᠰᠢᠳᠠᠢ᠃
— ᠦᠭᠡ ᠰᠣᠨᠣᠰᠴᠣ ᠰᠣᠷᠬᠣ᠎ᠳᠤ ᠣᠷᠣᠨ ᠵᠠᠢ ᠭᠡᠷᠡᠭᠰᠡᠨ᠎ᠡ᠃ ᠶᠠᠮᠠᠷ ᠣᠷᠣᠨ ᠵᠠᠢ᠎ᠳᠤ ᠦᠭᠡ ᠰᠣᠨᠣᠰᠬᠣ ᠪᠣᠯ ᠠ᠋ᠷᠳᠡᠮᠰᠢᠬᠦ ᠵᠢᠨ ᠦᠷᠬᠦᠯᠵᠢᠯᠡᠯ ᠪᠣᠯᠬᠣ ᠶᠣᠮ᠃ ᠭᠡᠤᠭᠡᠳ ᠬᠢᠴᠢᠶᠡᠯ᠎ᠤᠨ ᠲᠠᠩᠬᠢᠮ᠎ᠳᠤ ᠪᠠᠬᠰᠢ ᠵᠢᠨ ᠦᠭᠡ ᠵᠢ ᠰᠠᠶ᠋ᠢᠳᠣᠷ ᠰᠣᠨᠣᠰᠴᠣ᠂ ᠠ᠋ᠷᠳᠡᠮ ᠮᠡᠳᠡᠯᠭᠡ ᠡᠵᠡᠮᠰᠢᠬᠦ ᠰᠠᠭᠣᠷᠢ ᠵᠢ ᠲᠠᠯᠪᠢᠵᠣ᠂ ᠰᠣᠷᠴᠣ ᠬᠦᠮᠥᠵᠢᠬᠦ ᠵᠢᠨ ᠵᠠᠮ᠎ᠢ ᠠ᠋ᠯᠬᠦᠭᠰᠡᠨ ᠪᠠᠶ᠋ᠢᠪᠠᠯ᠂ ᠭᠡᠷ ᠪᠦᠯᠢ᠎ᠳᠤ᠎ᠪᠠᠨ ᠡᠴᠢᠭᠡ ᠠ᠋ᠭᠡ ᠵᠢᠨ ᠦᠭᠡ ᠵᠢ ᠬᠢᠴᠢᠶᠡᠨ ᠰᠣᠨᠣᠰᠴᠣ᠂ ᠬᠦᠮᠥᠨ ᠪᠣᠯᠬᠣ ᠣᠬᠠᠭ᠋ᠠᠨ᠎ᠢ ᠰᠣᠷᠴᠣ᠂ ᠰᠣᠷᠳᠠᠯ᠎ᠲᠠᠢ ᠬᠡᠣᠭᠡᠳ ᠪᠣᠯᠵᠣ ᠬᠦᠮᠥᠵᠢᠬᠦ ᠶᠣᠰᠣᠳᠠᠢ᠃ ᠰᠣᠷᠳᠠᠯ ᠭᠡᠳᠡᠭ ᠪᠣᠯ ᠭᠡᠷ ᠪᠦᠯᠢ᠎ᠠᠴᠠ ᠣᠯᠠᠮᠵᠢᠯᠠᠯ᠎ᠲᠠᠢ ᠶᠣᠮ᠃ 《ᠠᠪᠣ ᠵᠢᠨ ᠦᠭᠡ ᠠᠯᠳᠠ ᠡᠵᠢ ᠵᠢᠨ ᠦᠭᠡ ᠠ᠋ᠷᠳᠡᠨᠢ》 ᠭᠡᠳᠡᠭ ᠰᠢᠣ᠃ 《ᠠ᠋ᠷᠭᠡ ᠲᠠᠩᠬᠢ》 ᠭᠡᠳᠡᠭ ᠦᠭᠡ ᠪᠠᠷᠣᠬ ᠯᠠ 《ᠦᠭᠡᠨ᠎ᠳᠤ ᠣᠷᠣᠳᠠᠬ ᠦᠭᠡᠢ》 ᠭᠡᠳᠡᠭ᠎ᠤᠨ ᠨᠦᠬᠦᠭᠡ ᠨᠡᠷᠡᠶ᠋ᠢᠳᠦᠯ ᠪᠣᠯᠬᠣ ᠪᠠᠶ᠋ᠢᠬ᠎ᠠ᠃ ᠦᠭᠡᠨ᠎ᠳᠤ ᠣᠷᠣᠳᠠᠬ ᠦᠭᠡᠢ᠎ᠠᠴᠠ ᠪᠣᠯᠵᠣ ᠰᠣᠷᠳᠠᠯ ᠦᠬᠡᠶ᠋ᠢᠳᠡᠬᠦ᠂ ᠦᠭᠡᠨ᠎ᠳᠤ ᠣᠷᠣᠳᠠᠬ ᠦᠭᠡᠢ᠎ᠠᠴᠠ ᠪᠣᠯᠵᠣ ᠬᠠᠣᠯᠢ᠎ᠳᠤ ᠣᠨᠠᠳᠠᠬ ᠵᠢᠱ᠌ᠢᠶ᠎ᠡ ᠵᠢ ᠠᠯᠢ ᠵᠢ᠎ᠨᠢ ᠲᠡᠷᠡ ᠬᠡᠬᠦ ᠪᠣᠢ᠃ ᠠ᠋ᠶ᠋ᠢᠨ ᠬᠦ᠌ ᠶᠠᠭᠣᠮ᠎ᠠ ᠵᠢ ᠴᠠᠬ᠎ᠲᠠᠢ᠂ ᠲᠢᠭ᠎ᠲᠠᠢ᠂ ᠬᠠᠷᠢᠭᠣᠴᠠᠯᠭ᠎ᠠ᠎ᠲᠠᠢ ᠬᠢᠵᠦ ᠬᠦᠢ᠍ᠴᠡᠳᠭᠡᠬᠦ ᠪᠣᠯ ᠰᠣᠷᠳᠠᠯ᠎ᠲᠠᠢ ᠪᠣᠯᠵᠣ ᠬᠦᠮᠥᠵᠢᠬᠦ ᠵᠢᠨ ᠠ᠋ᠬᠢᠯᠡᠯ ᠪᠣᠯᠣᠨ᠎ᠠ᠃ ᠬᠦᠮᠦᠨ ᠨᠡᠶ᠋ᠢᠭᠡᠮ ᠲᠡᠭᠡᠷ᠎ᠡ ᠴᠣ᠌ ᠠ᠋ᠨᠡ ᠬᠦ᠌ ᠶᠣᠰᠣᠭ᠋ᠠᠷ ᠬᠢᠵᠦ ᠬᠦᠢ᠍ᠴᠡᠳᠬᠡᠪᠡᠯ᠂ ᠬᠣᠵᠢᠮ᠎ᠤᠨ ᠰᠠᠶ᠋ᠢᠨ ᠦᠷ᠎ᠡ ᠲᠠᠭ᠋ᠠᠪᠣᠷᠢᠳᠤ ᠬᠦᠷᠭᠡᠨ᠎ᠡ ᠭᠡᠳᠡᠭ᠎ᠢ 《ᠬᠦᠮᠥᠨ ᠠᠬ᠎ᠠ᠎ᠲᠠᠢ ᠲᠡᠪᠡᠯ ᠵᠠᠬ᠎ᠠ᠎ᠲᠠᠢ ᠰᠠᠶ᠋ᠢᠬᠠᠨ》 ᠬᠡᠳᠡᠭ ᠰᠣᠷᠭ᠋ᠠᠯ ᠦᠭᠡ ᠪᠠᠳᠣᠯᠠᠨ᠎ᠠ᠃
— ᠦᠭᠡ ᠰᠣᠨᠣᠰᠴᠣ ᠰᠣᠷᠬᠣ᠎ᠳᠤ ᠠᠷᠭ᠎ᠠ ᠣᠬᠠᠭ᠋ᠠᠨ ᠭᠡᠷᠡᠭᠰᠡᠨ᠎ᠡ᠃ ᠭᠡᠤᠭᠡᠳ᠎ᠲᠤ ᠦᠭᠡ ᠵᠢ ᠶᠠᠭ᠋ᠠᠬᠢᠵᠣ ᠰᠣᠨᠣᠰᠬᠣ ᠠᠷᠭ᠎ᠠ ᠣᠬᠠᠭ᠋ᠠᠨ᠎ᠢ ᠰᠣᠷᠭ᠋ᠠᠶᠠ᠃ ᠦᠭᠡ ᠰᠣᠨᠣᠰᠴᠣ ᠰᠣᠷᠬᠣ᠎ᠳᠤ ᠬᠦᠯᠢᠴᠡᠩᠬᠦᠢ ᠪᠠᠶ᠋ᠢᠬᠣ ᠴᠢᠬᠣᠯᠠ ᠶᠣᠮ᠃ ᠭᠡᠤᠭᠡᠳ ᠦᠬᠦᠯᠡᠭᠴᠢ ᠵᠢᠨ ᠦᠬᠡ ᠵᠢ ᠰᠣᠨᠣᠰᠬᠣ᠎ᠳᠤ ᠲᠡᠪᠴᠢᠶᠡᠷᠢ᠎ᠲᠠᠢ ᠪᠠᠶ᠋ᠢᠬᠣ ᠭᠡᠷᠡᠭᠳᠡᠢ᠂ ᠲᠡᠳᠡᠨ᠎ᠤ ᠦᠬᠦᠯᠡᠵᠦ ᠪᠠᠶ᠋ᠢᠭ᠎ᠠ ᠵᠣᠶ᠋ᠢᠯᠡᠰᠢ ᠰᠡᠳᠬᠢᠯ᠎ᠳᠤ᠎ᠪᠠᠨ ᠲᠣᠬᠳᠠᠭ᠋ᠠᠨ ᠰᠣᠨᠣᠰᠴᠣ᠂ ᠲᠠᠭ᠋ᠠᠣ᠎ᠳᠤᠨᠢ ᠰᠢᠬᠦᠮᠵᠢᠯᠡᠯ᠎ᠲᠠᠢ ᠬᠦᠯᠢᠶᠡᠨ ᠠᠪᠣᠪᠠᠯ ᠵᠣᠬᠢᠨ᠎ᠠ᠃ ᠬᠠᠷᠢᠨ 《ᠠ᠋ᠨᠡ ᠶᠠᠷᠢᠬ᠂ ᠪᠢ ᠰᠣᠨᠣᠰᠴᠣ ᠦᠭᠬᠦᠶ᠎ᠡ》 ᠭᠡᠳᠡᠭ ᠭᠡᠳᠤ᠎ᠪᠠᠨ ᠭᠠᠷᠣᠬᠰᠠᠨ ᠣᠪᠣᠷ ᠪᠠᠶ᠋ᠢᠳᠠᠯ ᠵᠶ᠋ᠠᠷ ᠬᠠᠨᠳᠣᠳᠠᠬ ᠪᠣᠯ ᠨᠢᠭᠡᠯᠡ ᠰᠣᠨᠣᠰᠬᠣ ᠦᠭᠡᠢ᠎ᠨᠢ ᠳᠡᠭᠡᠷ᠎ᠡ ᠭᠡᠮᠡᠷ᠃ ᠪᠠᠰᠠ ᠦᠭᠡ ᠰᠣᠨᠣᠰᠴᠣ ᠰᠣᠷᠬᠣ᠎ᠳᠤ ᠦᠷ᠎ᠡ ᠳ᠋ᠦᠩ᠎ᠲᠠᠢ ᠪᠠᠶ᠋ᠢᠬᠣ ᠴᠢᠬᠣᠯᠠ ᠶᠣᠮ᠃ ᠰᠣᠷᠭ᠋ᠠᠯ ᠰᠢᠬᠦᠮᠵᠢᠯᠡᠯ ᠴᠣ᠌ ᠪᠣᠯᠣᠬ᠂ ᠰᠣᠯᠠ ᠵᠣᠭᠣᠬ ᠴᠣ᠌ ᠪᠣᠯᠣᠬ᠂ ᠭᠡᠤᠭᠡᠳ ᠦᠬᠦᠯᠡᠭᠴᠢ ᠵᠢᠨ ᠦᠭᠡ ᠵᠢ 《ᠪᠠᠷᠠᠭᠣᠨ ᠴᠢᠬᠢ᠎ᠪᠠᠷ ᠣᠷᠣᠭᠣᠯᠵᠣ᠂ ᠵᠠᠬᠦᠨ ᠴᠢᠬᠢ᠎ᠪᠠᠷ ᠭᠠᠷᠭ᠋ᠠᠵᠣ》 ᠶᠠᠭ᠋ᠠᠬᠢᠬᠰᠠᠨ ᠴᠣ᠌ ᠪᠣᠯᠬᠣ ᠦᠭᠡᠢ᠃ 《ᠦᠭᠡᠨ᠎ᠳᠤ ᠣᠷᠣᠬᠣ ᠦᠭᠡᠢ》 ᠭᠡᠳᠡᠭ ᠪᠣᠯ ᠰᠣᠨᠣᠰᠣᠬ᠍ᠴᠢ ᠵᠢᠨ ᠦᠷ᠎ᠡ ᠳ᠋ᠦᠩ ᠦᠭᠡᠢ ᠠᠵᠢᠯᠯᠠᠭ᠎ᠠ ᠵᠢ ᠰᠢᠬᠦᠮᠵᠢᠯᠡᠵᠦ ᠬᠡᠯᠡᠭᠰᠡᠨ ᠦᠭᠡ ᠶᠣᠮ᠃ ᠠ᠋ᠶ᠋ᠢᠮᠦ᠎ᠠᠴᠠ ᠦᠬᠦᠯᠡᠭᠴᠢ ᠵᠢᠨ ᠦᠭᠡ ᠵᠢ 《ᠬᠦᠯᠢᠴᠡᠩᠬᠦᠢ》᠂ 《ᠦᠷ᠎ᠡ ᠳ᠋ᠦᠩ》᠎ᠲᠠᠢ ᠰᠣᠨᠣᠰᠴᠣ 《ᠰᠣᠷᠳᠠᠯ᠎ᠲᠠᠢ ᠬᠡᠣᠭᠡᠳ》 ᠪᠣᠯᠬᠣ ᠵᠢ ᠵᠢᠭ᠋ᠠᠬᠤ ᠭᠡᠷᠡᠭᠳᠡᠢ᠃
ᠦᠭᠡ ᠰᠣᠨᠣᠰᠴᠣ ᠰᠣᠷᠬᠣ ᠶᠠᠪᠣᠳᠠᠯ ᠰᠣᠷᠭ᠋ᠠᠭᠣᠯᠢ ᠵᠢᠨ ᠠᠯᠢ ᠴᠣ᠌ ᠨᠠᠰᠣᠨ᠎ᠤ ᠰᠣᠷᠣᠬ᠍ᠴᠢ ᠭᠡᠣᠭᠡᠳ᠎ᠲᠤ ᠪᠣᠳᠠᠳᠣ ᠠᠴᠢ ᠬᠣᠯᠪᠣᠬᠳᠠᠯᠲᠠᠢ ᠪᠠᠶ᠋ᠢᠳᠠᠬ᠃ ᠰᠣᠷᠭ᠋ᠠᠭᠣᠯᠢ ᠵᠢᠨ ᠰᠣᠷᠭ᠋ᠠᠨ ᠬᠦᠮᠥᠵᠢᠯ᠎ᠳᠤ᠂ ᠭᠡᠷ ᠪᠦᠯᠢ ᠵᠢᠨ ᠰᠣᠷᠭ᠋ᠠᠨ ᠬᠦᠮᠥᠵᠢᠯ᠎ᠳᠤ ᠠ᠋ᠨᠡ ᠬᠦ᠌ ᠠ᠋ᠩ ᠵᠢᠷ᠎ᠤᠨ ᠣᠶ᠋ᠢᠯᠡ ᠠᠵᠢᠯᠯᠠᠭ᠎ᠠ ᠮᠠᠰᠢ ᠴᠢᠬᠣᠯᠠ ᠪᠠᠶ᠋ᠢᠳᠠᠬᠢ ᠨᠡᠶ᠋ᠢᠳᠡ ᠲᠡᠯᠡᠬᠡᠢ ᠵᠢᠨ ᠰᠣᠷᠭ᠋ᠠᠨ ᠬᠦᠮᠥᠵᠢᠯ᠎ᠤᠨ ᠣᠶ᠋ᠢᠯᠡᠳᠦᠯᠬᠡ ᠵᠦᠪ ᠲᠠᠯ᠎ᠠ᠎ᠠᠴᠠ ᠨᠣᠳᠠᠯᠠᠬᠰᠠᠭ᠋ᠠᠷ ᠪᠣᠢ ᠶᠣᠮ᠃ ᠦᠭᠡ ᠵᠢ ᠰᠠᠶ᠋ᠢᠨ ᠰᠠᠶ᠋ᠢᠬᠠᠨ ᠰᠣᠨᠣᠰᠣᠬᠰᠠᠨ ᠵᠶ᠋ᠠᠷ 《ᠰᠣᠷᠳᠠᠯ》᠎ᠲᠠᠢ ᠪᠣᠯᠣᠨ ᠬᠦᠮᠥᠵᠢᠵᠦ᠂ ᠬᠦᠮᠥᠨ ᠠᠷᠠᠳ ᠲᠦᠷᠦ ᠬᠦᠷᠦᠨ᠎ᠳᠤ ᠲᠣᠰᠠ᠎ᠲᠠᠢ ᠬᠦᠮᠥᠨ ᠪᠤᠯᠵᠤ ᠭᠦᠮᠦᠵᠢᠭᠳᠡᠭᠦ ᠶᠤᠮ᠃
ᠬᠠᠶᠢᠬ᠄ ᠬᠤᠷᠴᠢᠨ ᠪᠠᠷᠠᠭᠤᠨ ᠭᠠᠷᠤᠨ ᠲᠤᠮᠳᠠᠳᠤ
ᠬᠤᠰᠢᠭᠤᠨ᠎ᠤ ᠵᠢᠭ᠋ᠠᠬᠤ ᠵᠢ ᠰᠤᠳᠤᠯᠬᠤ ᠲᠠᠰᠤᠬ
(ᠰᠦᠶ᠎ᠠ ᠨᠠᠢ᠍ᠢ᠍ᠷᠠᠭᠤᠯᠪᠠ)
2020 ᠤᠨ᠎ᠤ 2 ᠳ᠋ᠤᠭ᠋ᠠᠷ ᠬᠤᠭᠤᠴᠠᠭ᠎ᠠ