ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠬᠡᠣᠬᠡᠳ᠎ᠤᠨ ᠬᠦᠮᠦᠵᠢᠯ
ᠬᠡᠤᠬᠡᠳ᠎ᠤᠨ ᠳᠠᠭᠤᠤ ᠵᠢᠨ ᠦᠢ᠍ᠯᠡᠳᠦᠯ ᠴᠢᠳᠠᠪᠬᠢ ᠵᠢ ᠪᠠᠳᠠᠷᠠᠭᠤᠯᠤᠶ᠎ᠠ
ᠨᠡᠶ᠋ᠢᠲᠡᠯᠡᠭᠰᠡᠨ ᠴᠠᠭ᠄ 2020-05-20

                                  ᠴᠡᠨᠭᠬᠡᠯᠲᠦ


      ᠬᠡᠤᠬᠡᠳ᠎ᠤᠨ ᠰᠤᠷᠭ᠋ᠠᠨ ᠬᠦᠮᠦᠵᠢᠯ᠎ᠳᠤ ᠳᠠᠭᠤᠤ ᠬᠦᠭᠵᠢᠮ᠎ᠤᠨ ᠰᠤᠷᠭ᠋ᠠᠨ ᠬᠦᠮᠦᠵᠢᠯ ᠪᠤᠯ ᠴᠢᠬᠤᠯᠠ ᠪᠠᠢ᠍ᠢ᠍ᠷᠢ ᠰᠠᠭᠤᠷᠢ ᠵᠢ ᠡᠵᠡᠯᠡᠬᠦ ᠨᠢᠭᠡ ᠲᠦᠷᠦᠯ᠎ᠤᠨ ᠠᠭᠤᠯᠭ᠎ᠠ ᠪᠤᠯᠤᠨ᠎ᠠ᠃ ᠳᠠᠭᠤᠤ ᠬᠦᠭᠵᠢᠮ᠎ᠨᠢ ᠬᠡᠤᠬᠡᠳ᠎ᠤᠨ ᠠᠮᠢᠳᠤᠷᠠᠯ᠂ ᠰᠤᠷᠤᠯᠭ᠎ᠠ᠂ ᠬᠦᠮᠦᠨ ᠪᠤᠯᠵᠤ ᠪᠤᠢ᠍ᠢ᠍ᠵᠢᠬᠤ᠎ᠳᠤ ᠳᠤᠲᠠᠭᠲᠠᠵᠤ ᠪᠤᠯᠤᠰᠢ ᠦᠭᠡᠢ ᠦᠢ᠍ᠯᠡᠳᠦᠯ ᠦᠵᠡᠭᠦᠯᠳᠡᠭ᠃ ᠠ᠋ᠢ᠍ᠢ᠍ᠮᠦ᠎ᠠᠴᠠ ᠪᠢᠳᠡ ᠬᠡᠤᠬᠡᠳ᠎ᠤᠨ ᠳᠠᠭᠤᠤ ᠵᠢᠨ ᠤᠬᠠᠭᠳᠠᠬᠤᠨ᠂ ᠤᠨᠴᠠᠯᠢᠭ᠂ ᠦᠢ᠍ᠯᠡᠳᠦᠯ ᠴᠢᠳᠠᠪᠬᠢ ᠵᠢ ᠬᠡᠷᠬᠢᠨ ᠤᠢ᠍ᠢ᠍ᠯᠠᠭ᠋ᠠᠵᠤ᠂ ᠬᠡᠷᠬᠢᠨ ᠪᠤᠰᠤᠳ ᠬᠢᠴᠢᠶᠡᠯ ᠲᠦᠷᠦᠯ᠎ᠲᠠᠢ ᠤᠷᠭ᠋ᠠᠨᠢᠭ ᠵᠶ᠋ᠠᠷ ᠤᠶᠠᠯᠳᠤᠭᠤᠯᠵᠤ᠂ ᠬᠡᠤᠬᠡᠳ᠎ᠤᠨ ᠬᠦᠭᠵᠢᠯᠲᠡ ᠪᠤᠢ᠍ᠢ᠍ᠵᠢᠯᠲᠡ᠎ᠳᠤ ᠶᠠᠮᠠᠷ ᠰᠢᠤᠬᠠᠨ ᠦᠢ᠍ᠯᠡᠳᠦᠯ ᠦᠵᠡᠭᠦᠯᠬᠦ ᠵᠡᠷᠭᠡ ᠠᠰᠠᠭᠤᠳᠠᠯ᠎ᠢ ᠵᠦᠪ ᠤᠢ᠍ᠢ᠍ᠯᠠᠭ᠋ᠠᠬᠤ᠎ᠨᠢ ᠬᠡᠤᠬᠡᠳ᠎ᠤᠨ ᠰᠤᠷᠭ᠋ᠠᠨ ᠬᠦᠮᠦᠵᠢᠯ ᠵᠢᠴᠢ ᠳᠠᠭᠤᠤ ᠬᠦᠭᠵᠢᠮ᠎ᠤᠨ ᠰᠤᠷᠭ᠋ᠠᠨ ᠬᠦᠮᠦᠵᠢᠯ ᠳᠤᠮᠳᠠᠬᠢ ᠰᠤᠳᠤᠯᠤᠭᠤᠰᠢᠲᠠᠢ ᠨᠢᠭᠡ ᠲᠦᠷᠦᠯ᠎ᠤᠨ ᠠᠭᠤᠯᠭ᠎ᠠ ᠪᠤᠯᠤᠨ᠎ᠠ᠃
      ᠨᠢᠭᠡ᠂ ᠬᠡᠤᠬᠡᠳ᠎ᠤᠨ ᠳᠠᠭᠤᠤ ᠵᠢᠨ ᠤᠬᠠᠭᠳᠠᠬᠤᠨ
      ᠬᠡᠤᠬᠡᠳ᠎ᠤᠨ ᠳᠠᠭᠤᠤ ᠭᠡᠳᠡᠭ᠎ᠨᠢ ᠭᠤᠤᠯᠳᠠᠭᠤ ᠬᠤᠭᠤᠯᠠᠢ ᠬᠤᠪᠢᠷᠠᠬᠤ᠎ᠠᠴᠠ ᠠ᠋ᠮᠦᠨᠡᠬᠢ ᠨᠠᠰᠤᠨ᠎ᠤ ᠬᠡᠤᠬᠡᠳ᠎ᠤᠨ ᠳᠠᠭᠤᠯᠠᠬᠤ᠎ᠳᠤ ᠲᠤᠬᠢᠷᠠᠭᠰᠠᠨ᠂ ᠤᠷᠠᠨ ᠲᠤᠳᠤ ᠦᠭᠡ ᠬᠡᠯᠡ᠎ᠲᠠᠢ᠂ ᠤᠶᠠᠩᠭ᠎ᠠ ᠢᠷᠠᠭᠤ ᠠᠢ᠍ᠢ᠍ᠵᠠᠮ ᠠ᠋ᠭᠡᠰᠢᠭ᠎ᠲᠠᠢ᠂ ᠪᠦᠲᠦᠴᠡ ᠳᠦᠭᠦᠮ ᠠᠪᠰᠠᠷᠬᠠᠨ᠂ ᠠᠭᠤᠯᠭ᠎ᠠ ᠢᠯᠡ ᠲᠤᠳᠤ᠂ ᠬᠡᠤᠬᠡᠳ᠎ᠲᠠᠢ ᠬᠠᠮᠤᠭ᠎ᠤᠨ ᠠ᠋ᠷᠲᠡ᠂ ᠬᠠᠮᠤᠭ᠎ᠤᠨ ᠠᠮᠠᠷᠬᠠᠨ ᠤᠢ᠍ᠢ᠍ᠷᠠᠲᠤᠲᠠᠭ ᠨᠢᠭᠡ ᠲᠦᠷᠦᠯ᠎ᠤᠨ ᠤᠷᠠᠯᠢᠭ ᠪᠤᠯᠤᠨ᠎ᠠ᠃
      ᠳᠡᠯᠡᠬᠡᠢ ᠵᠢᠨ ᠠᠯᠢ ᠨᠢᠭᠡᠨ ᠦᠨᠳᠦᠰᠦᠲᠡᠨ᠎ᠤ ᠬᠡᠤᠬᠡᠳ᠎ᠤᠨ ᠳᠠᠭᠤᠤ᠎ᠨᠢ ᠪᠦᠷ ᠨᠢᠭᠡᠨ ᠤᠷᠲᠦ ᠤᠳᠠᠭ᠋ᠠᠨ᠎ᠤ ᠬᠦᠭᠵᠢᠯᠲᠡ ᠵᠢᠨ ᠲᠡᠦᠬᠡ᠎ᠲᠠᠢ ᠮᠦᠷᠲᠡᠭᠡᠨ ᠦᠨᠳᠦᠰᠦᠲᠡᠨ᠎ᠤ ᠳᠠᠭᠤᠤ ᠬᠦᠭᠵᠢᠮ᠎ᠲᠠᠢ ᠠᠳᠠᠯᠢ 《ᠠᠮᠠ᠎ᠪᠠᠷ ᠤᠯᠠᠮᠵᠢᠯᠠᠬᠤ》 ᠬᠡᠯᠪᠡᠷᠢ᠎ᠪᠠᠷ ᠬᠦᠭᠵᠢᠵᠦ ᠬᠤᠪᠢᠷᠠᠭᠰᠠᠨ ᠲᠡᠤᠬᠡᠨ ᠶᠠᠪᠤᠴᠠ ᠳᠤᠮᠳᠠ ᠦᠨᠦᠳᠦᠷ᠎ᠤᠨ ᠰᠢᠭ ᠤᠯᠠᠮᠵᠢᠯᠠᠯᠲᠤ ᠬᠡᠯᠪᠡᠷᠢ ᠵᠢᠨ ᠬᠡᠤᠭᠡᠳ᠎ᠤᠨ ᠳᠠᠭᠤᠤ᠂ ᠵᠤᠬᠢᠶᠠᠨ ᠪᠦᠲᠦᠭᠡᠭᠰᠡᠨ ᠬᠡᠤᠬᠡᠳ᠎ᠤᠨ ᠳᠠᠭᠤᠤ ᠵᠡᠷᠭᠡ ᠬᠡᠯᠪᠡᠷᠢ ᠵᠢ ᠪᠦᠲᠦᠭᠡᠭᠰᠡᠨ ᠶᠤᠮ᠃ ᠬᠡᠤᠬᠡᠳ᠎ᠤᠨ ᠳᠠᠭᠤᠤ᠎ᠨᠢ ᠬᠡᠤᠬᠡᠳ᠎ᠤᠨ ᠦᠰᠦᠯᠲᠡ ᠪᠤᠢ᠍ᠵᠢᠯᠲᠡ ᠵᠢᠨ ᠶᠠᠪᠤᠴᠠ ᠵᠢ ᠳᠠᠭ᠋ᠠᠯᠳᠤᠨ ᠲᠠᠰᠤᠷᠠᠯᠲᠠ ᠦᠭᠡᠢ ᠤᠯᠠᠷᠢᠵᠤ ᠬᠤᠪᠢᠷᠠᠵᠤ ᠪᠠᠢ᠍ᠢ᠍ᠳᠠᠭ᠃ ᠬᠠᠮᠤᠭ ᠠᠩᠬᠠᠨ᠎ᠤ᠂ ᠬᠠᠮᠤᠭ ᠳᠦᠭᠦᠮᠬᠡᠨ 《ᠬᠡᠪᠡᠯᠢ᠎ᠳᠤ᠎ᠬᠢ ᠬᠡᠤᠬᠡᠳ᠎ᠤᠨ ᠰᠤᠷᠭ᠋ᠠᠨ ᠬᠦᠮᠦᠵᠢᠯ᠎ᠤᠨ ᠳᠠᠭᠤᠤ》᠎ᠠᠴᠠ ᠪᠦᠪᠠᠢ ᠵᠢᠨ ᠳᠠᠭᠤᠤ᠂ ᠴᠠᠭ᠋ᠠᠰᠢᠯᠠᠪᠠᠯ ᠠᠩᠬ᠎ᠠ ᠳᠤᠮᠳᠠᠳᠤ ᠵᠢᠨ ᠰᠡᠭᠦᠯ᠎ᠤᠨ ᠦᠶ᠎ᠠ᠂ ᠲᠡᠭᠡᠳᠤ ᠳᠤᠮᠳᠠᠳᠤ ᠵᠢᠨ ᠠ᠋ᠬᠢᠨ᠎ᠤ ᠦᠶ᠎ᠡ ᠬᠦᠷᠲᠡᠯᠡᠬᠢ ᠬᠡᠤᠬᠡᠳ᠎ᠤᠨ ᠳᠠᠭᠤᠤ᠎ᠨᠢ ᠪᠦᠷ ᠦᠪᠡᠷ ᠦᠪᠡᠷ᠎ᠤᠨ ᠤᠨᠴᠠᠯᠢᠭ ᠰᠢᠨᠵᠢ᠂ ᠦᠢ᠍ᠯᠡᠳᠦᠯ ᠴᠢᠳᠠᠪᠬᠢ᠎ᠲᠠᠢ ᠪᠠᠢ᠍ᠢ᠍ᠳᠠᠭ᠃
      ᠬᠤᠶᠠᠷ᠂ ᠬᠡᠤᠬᠡᠳ᠎ᠤᠨ ᠳᠠᠭᠤᠤ ᠵᠢᠨ ᠤᠨᠴᠠᠯᠢᠭ
     (ᠨᠢᠭᠡ) ᠤᠷᠠᠨ ᠳᠤᠳᠤ ᠦᠭᠡ ᠬᠡᠯᠡ ᠪᠤᠯ ᠬᠡᠤᠬᠡᠳ᠎ᠤᠨ ᠳᠠᠭᠤᠤ ᠵᠢᠨ ᠴᠢᠬᠤᠯᠠ ᠤᠨᠴᠠᠯᠢᠭ᠎ᠤᠨ ᠨᠢᠭᠡ ᠪᠤᠯᠤᠨ᠎ᠠ᠃ ᠬᠡᠤᠬᠡᠳ᠎ᠤᠨ ᠳᠠᠭᠤᠤ ᠪᠤᠯ ᠦᠭᠡ ᠬᠡᠯᠡᠨ᠎ᠤ ᠰᠤᠶᠤᠯ᠎ᠢ ᠬᠠᠮᠤᠭ ᠴᠢᠬᠤᠯᠠᠴᠢᠯᠠᠳᠠᠭ ᠨᠢᠭᠡ ᠲᠦᠷᠦᠯ᠎ᠤᠨ ᠤᠷᠠᠯᠢᠭ ᠮᠦᠨ᠃ ᠦᠭᠡ ᠦᠰᠦᠭ᠎ᠤᠨ ᠤᠬᠤᠷ ᠠᠪᠰᠠᠷᠬᠠᠨ᠎ᠨᠢ ᠤᠢ᠍ᠢ᠍ᠯᠠᠭ᠋ᠠᠬᠤ᠎ᠳᠤ ᠳᠦᠭᠦᠮ ᠮᠦᠷᠲᠡᠭᠡᠨ ᠠ᠋ᠭᠡᠰᠢᠭ ᠠᠢ᠍ᠢ᠍ᠵᠠᠮ᠎ᠤᠨ ᠳᠦᠭᠦᠮ ᠢᠯᠭᠤᠮ ᠪᠠᠢ᠍ᠢ᠍ᠬᠤ ᠵᠢ ᠱᠠᠭ᠋ᠠᠷᠳᠠᠵᠤ᠂ ᠦᠭᠡ ᠦᠭᠦᠯᠡᠪᠦᠷᠢ ᠵᠢᠨ ᠲᠤᠯᠤᠭ᠋ᠠᠢ ᠨᠡᠢ᠍ᠢ᠍ᠯᠡᠭᠦᠯᠵᠦ᠂ ᠰᠡᠭᠦᠯ ᠬᠤᠯᠪᠤᠬᠤ ᠵᠡᠷᠭᠡ ᠶᠡᠷᠦ ᠵᠢᠨ ᠠᠷᠭ᠎ᠠ ᠮᠠᠶᠢᠭ ᠵᠶ᠋ᠠᠷ ᠳᠠᠭᠤᠤ ᠵᠢᠨ ᠠ᠋ᠬᠢᠯᠡᠯᠲᠡ ᠲᠡᠭᠦᠰᠭᠡᠯ ᠠᠪᠴᠠᠯᠳᠤᠩᠭᠤᠢ ᠪᠠᠢ᠍ᠢ᠍ᠬᠤ᠂ ᠬᠠᠮᠤᠭ᠎ᠤᠨ ᠠᠮᠠᠷᠬᠠᠨ᠂ ᠬᠠᠮᠤᠭ᠎ᠤᠨ ᠲᠦᠷᠭᠡᠨ ᠵᠶ᠋ᠠᠷ ᠬᠡᠤᠬᠡᠳ᠎ᠤᠨ ᠰᠡᠷᠡᠯ᠎ᠳᠤ ᠬᠦᠷᠬᠦ ᠵᠢ ᠴᠢᠬᠤᠯᠠᠴᠢᠯᠠᠳᠠᠭ᠃
     (ᠬᠤᠶᠠᠷ) ᠦᠭᠡ ᠦᠭᠦᠯᠡᠪᠦᠷᠢ ᠤᠬᠤᠷ ᠠᠪᠰᠠᠷᠬᠠᠨ᠂ ᠪᠦᠲᠦᠴᠡ ᠲᠦᠭᠦᠮ᠂ ᠠᠭᠤᠯᠭ᠎ᠠ ᠲᠦᠪᠯᠡᠷᠡᠩᠭᠦᠢ᠃ ᠬᠡᠤᠬᠡᠳ᠎ᠤᠨ ᠳᠠᠭᠤᠤ᠎ᠨᠢ ᠶᠠᠮᠠᠷ ᠨᠢᠭᠡᠨ ᠤᠴᠢᠷ ᠶᠠᠪᠤᠳᠠᠯ᠂ ᠬᠡᠷᠡᠭ ᠪᠤᠳᠠᠰ᠎ᠤᠨ ᠬᠠᠮᠤᠭ᠎ᠤᠨ ᠢᠯᠡ ᠲᠤᠳᠤ᠂ ᠲᠦᠪᠯᠡᠷᠡᠩᠭᠦᠢ ᠤᠨᠴᠠᠯᠢᠭ᠎ᠢ ᠳᠦᠭᠦᠮ ᠠᠪᠰᠠᠷᠬᠠᠨ ᠵᠶ᠋ᠠᠷ ᠢᠯᠡᠳᠭᠡᠵᠦ᠂ ᠬᠡᠤᠬᠡᠳ᠎ᠲᠤ ᠬᠠᠮᠤᠭ᠎ᠤᠨ ᠬᠢᠯᠪᠠᠷᠬᠠᠨ᠂ ᠬᠠᠮᠤᠭ᠎ᠤᠨ ᠲᠦᠷᠭᠡᠨ ᠤᠢ᠍ᠢ᠍ᠯᠠᠭ᠋ᠠᠯᠲᠠ ᠵᠢ ᠦᠭᠳᠡᠭ᠃
     (ᠭᠤᠷᠪᠠ) ᠬᠡᠤᠬᠡᠳ᠎ᠤᠨ ᠳᠠᠭᠤᠤ᠎ᠨᠢ ᠲᠤᠭᠯᠠᠭ᠋ᠠᠮᠴᠢ ᠴᠢᠨᠠᠷ ᠵᠶ᠋ᠠᠷ ᠮᠠᠰᠢ ᠴᠢᠩᠭ᠎ᠠ ᠪᠠᠢ᠍ᠢ᠍ᠳᠠᠭ᠃ ᠬᠡᠤᠬᠡᠳ ᠶᠠᠮᠠᠷ ᠨᠢᠭᠡᠨ ᠶᠤᠰᠤ ᠤᠴᠢᠷ᠎ᠢ ᠤᠢ᠍ᠢ᠍ᠯᠠᠭ᠋ᠠᠵᠤ ᠰᠤᠷᠬᠤ ᠬᠠᠮᠤᠭ᠎ᠤᠨ ᠦᠷ᠎ᠡ ᠪᠦᠲᠦᠮᠵᠢ᠎ᠲᠠᠢ ᠠᠷᠭ᠎ᠠ ᠪᠤᠯ ᠳᠠᠷᠤᠢ ᠨᠠᠭ᠋ᠠᠳᠤᠮ ᠲᠤᠭᠯᠠᠭ᠋ᠠᠮ᠎ᠤᠨ ᠳᠤᠮᠲᠠ᠎ᠠᠴᠠ ᠠᠶᠠᠨᠳᠠᠭ᠋ᠠᠨ ᠰᠤᠷᠴᠤ ᠤᠢ᠍ᠢ᠍ᠯᠠᠭ᠋ᠠᠬᠤ ᠠᠷᠭ᠎ᠠ ᠮᠠᠶᠢᠭ ᠪᠤᠯᠤᠨ᠎ᠠ᠃ ᠤᠯᠠᠩᠬᠢ ᠰᠢᠯᠢᠳᠡᠭ ᠬᠡᠤᠬᠡᠳ᠎ᠤᠨ ᠳᠠᠭᠤᠤ᠎ᠨᠢ ᠳᠠᠭᠤᠯᠠᠬᠤ᠎ᠶᠢᠨ ᠳᠠᠭ᠋ᠠᠤ᠎ᠳᠤ ᠳᠠᠭᠤᠤ ᠵᠢᠨ ᠠᠭᠤᠯᠭ᠎ᠠ᠎ᠲᠠᠢ ᠵᠤᠬᠢᠴᠠᠭᠰᠠᠨ ᠬᠦᠳᠡᠯᠭᠡᠭᠡᠨ᠂ ᠲᠤᠭᠯᠠᠭ᠋ᠠᠮ᠂ ᠳᠦᠷᠰᠦᠯᠡᠯ ᠵᠡᠷᠭᠡ᠎ᠪᠠᠷ ᠳᠠᠮᠵᠢᠨ ᠦᠪᠡᠷ᠎ᠤᠨ ᠠ᠋ᠷᠭᠡ ᠦᠭᠡᠢ ᠬᠡᠤᠬᠡᠳ᠎ᠤᠨ ᠲᠠᠷᠢᠬᠢᠨ᠎ᠳᠤ ᠰᠠᠭᠤᠭᠳᠠᠵᠤ ᠮᠡᠳᠡᠯᠭᠡ ᠴᠢᠳᠠᠪᠬᠢ ᠪᠤᠯᠵᠤ ᠬᠤᠪᠢᠷᠠᠳᠠᠭ᠃
      ᠬᠡᠥᠭᠡᠳ᠎ᠤᠨ ᠳᠠᠭᠤᠤ᠎ᠨᠢ ᠬᠡᠥᠬᠡᠳ᠎ᠤᠨ ᠦᠰᠦᠯᠲᠡ ᠪᠤᠢ᠍ᠵᠢᠯᠲᠠ ᠵᠢ ᠲᠠᠭ᠋ᠠᠯᠳᠤᠨ ᠬᠤᠪᠢᠷᠠᠵᠤ ᠬᠦᠭᠵᠢᠵᠦ ᠪᠠᠢ᠍ᠢ᠍ᠳᠠᠭ᠃ ᠠᠳᠠᠯᠢ ᠪᠤᠰᠤ ᠱᠠᠳᠤ ᠦᠶ᠎ᠠ ᠵᠢᠨ ᠬᠡᠥᠬᠡᠳ᠎ᠤᠨ ᠳᠠᠭᠤᠤ ᠵᠢᠨ ᠤᠨᠴᠠᠯᠢᠭ ᠰᠢᠨᠵᠢ ᠵᠢ ᠤᠢ᠍ᠢ᠍ᠯᠠᠭ᠋ᠠᠨ ᠮᠡᠳᠡᠬᠦ᠎ᠨᠢ ᠬᠡᠥᠬᠡᠳ᠎ᠤᠨ ᠰᠤᠷᠭ᠋ᠠᠨ ᠬᠦᠮᠦᠵᠢᠯ᠎ᠤᠨ ᠠᠵᠢᠯᠲᠡᠳ᠎ᠲᠤ ᠠᠪᠴᠤ ᠬᠡᠯᠡᠪᠡᠯ ᠲᠤᠩ ᠴᠢᠬᠤᠯᠠ ᠶᠠᠪᠤᠳᠠᠯ ᠪᠤᠯᠤᠨ᠎ᠠ᠃ ᠬᠡᠥᠬᠡᠳ᠎ᠤᠨ ᠳᠠᠭᠤᠤ ᠵᠢᠨ ᠤᠨᠴᠠᠯᠢᠭ ᠰᠢᠨᠵᠢ ᠵᠢ ᠪᠦᠷᠢᠨ ᠵᠦᠪ ᠡᠵᠡᠮᠰᠢᠬᠦ᠎ᠨᠢ ᠠᠳᠠᠯᠢ ᠪᠤᠰᠤ ᠱᠠᠲᠦ ᠦᠶ᠎ᠠ ᠵᠢᠨ ᠬᠡᠥᠬᠡᠳ᠎ᠤᠨ ᠬᠦᠭᠵᠢᠯᠲᠡ᠎ᠳᠤ ᠳᠤᠬᠢᠷᠠᠭᠰᠠᠨ ᠳᠠᠭᠤᠤ ᠵᠢ ᠰᠤᠩᠭᠤᠨ ᠵᠢᠭ᠋ᠠᠬᠤ᠎ᠲᠠᠢ ᠨᠢᠭᠲᠠ ᠬᠤᠯᠪᠤᠭᠳᠠᠯ᠎ᠲᠠᠢ ᠪᠠᠢ᠍ᠢ᠍ᠵᠤ᠂ ᠬᠡᠥᠬᠡᠳ᠎ᠤᠨ ᠳᠠᠭᠤᠤ ᠬᠦᠭᠵᠢᠮ᠎ᠤᠨ ᠰᠤᠷᠭ᠋ᠠᠨ ᠬᠦᠮᠦᠵᠢᠯ᠎ᠳᠤ ᠴᠢᠬᠤᠯᠠ ᠠᠴᠢ ᠲᠤᠰᠠ ᠵᠢ ᠦᠵᠡᠬᠦᠯᠲᠡᠭ᠃
      ᠭᠤᠷᠪᠠ᠂ ᠬᠡᠤᠬᠡᠳ᠎ᠤᠨ ᠳᠠᠭᠤᠤ ᠵᠢᠨ ᠦᠢ᠍ᠯᠡᠳᠦᠯ ᠴᠢᠳᠠᠪᠬᠢ
     (ᠨᠢᠭᠡ) ᠬᠡᠤᠬᠡᠳ᠎ᠤᠨ ᠦᠵᠡᠯ ᠰᠡᠳᠬᠢᠯᠭᠡ ᠵᠢᠨ ᠱᠠᠭ᠋ᠠᠷᠳᠠᠯᠭ᠎ᠠ ᠵᠢ ᠬᠠᠩᠭ᠋ᠠᠵᠤ᠂ ᠤᠷᠮ᠎ᠠ ᠪᠠᠬ᠎ᠠ ᠵᠢ ᠬᠦᠭᠵᠢᠭᠡᠳᠡᠭ᠃ ᠤᠷᠮ᠎ᠠ ᠪᠠᠬ᠎ᠠ ᠪᠤᠯ ᠰᠤᠷᠬᠤ ᠵᠢᠨ ᠬᠠᠮᠤᠭ᠎ᠤᠨ ᠶᠡᠭᠡ ᠲᠦᠯᠬᠢᠴᠡ ᠬᠦᠴᠦᠨ ᠮᠦᠨ᠃ ᠬᠡᠤᠬᠡᠳ᠎ᠤᠨ ᠳᠠᠭᠤᠤ ᠵᠢᠨ ᠤᠷᠠᠨ ᠲᠤᠳᠤ ᠦᠭᠡ ᠬᠡᠯᠡ᠂ ᠠ᠋ᠭᠡᠰᠢᠭ ᠢᠷᠠᠭᠤ ᠠᠶᠠᠯᠭᠤ᠂ ᠪᠠᠶᠠᠷ ᠪᠠᠶᠠᠰᠤᠯᠲᠤ ᠲᠤᠭᠯᠠᠭ᠋ᠠᠮ ᠨᠠᠭ᠋ᠠᠳᠤᠮ ᠵᠡᠷᠭᠡ᠎ᠨᠢ ᠬᠡᠤᠬᠡᠳ᠎ᠢ ᠦᠵᠡᠯ ᠰᠡᠳᠬᠢᠯ᠎ᠤᠨ ᠪᠠᠶᠠᠰᠤᠯ᠂ ᠦᠵᠡᠯ ᠰᠠᠨᠠᠭ᠋ᠠᠨ᠎ᠤ ᠬᠦᠪᠰᠦᠯ᠎ᠳᠤ ᠬᠦᠷᠭᠡᠳᠡᠭ᠃ ᠢᠩᠬᠢᠵᠦ ᠤᠯᠬᠤ ᠪᠠᠶᠠᠷ ᠪᠠᠬᠠᠳᠤᠯ᠎ᠨᠢ ᠦᠭᠡᠷ᠎ᠠ ᠪᠤᠰᠤᠳ ᠲᠦᠷᠦᠯ᠎ᠤᠨ ᠬᠦᠳᠡᠯᠭᠡᠭᠡᠨ᠎ᠠᠴᠠ ᠤᠯᠬᠤ ᠪᠠᠶᠠᠷ ᠪᠠᠶᠠᠰᠤᠯ᠎ᠲᠠᠢ ᠬᠠᠷᠢᠴᠠᠭᠤᠯᠬᠤ ᠵᠢᠨ ᠠᠷᠭ᠎ᠠ ᠦᠭᠡᠢ ᠠᠴᠢ ᠲᠤᠰᠠ᠎ᠲᠠᠢ ᠪᠠᠢ᠍ᠢ᠍ᠳᠠᠭ᠃
     (ᠬᠤᠶᠠᠷ) ᠬᠡᠤᠬᠡᠳ᠎ᠤᠨ ᠦᠭᠡ ᠬᠡᠯᠡᠨ᠎ᠤ ᠪᠤᠯᠪᠠᠰᠤᠷᠠᠯ᠎ᠳᠤ ᠲᠦᠯᠬᠢᠴᠡ ᠦᠢ᠍ᠯᠡᠳᠦᠯ ᠦᠵᠡᠭᠦᠯᠳᠡᠭ᠃ ᠬᠡᠤᠬᠡᠳ᠎ᠤᠨ ᠳᠠᠭᠤᠤ ᠵᠢ ᠳᠠᠭᠤᠯᠠᠬᠤ᠎ᠪᠠᠷ ᠳᠠᠮᠵᠢᠨ ᠬᠡᠤᠭᠡᠳ᠎ᠤᠨ ᠦᠭᠡ ᠬᠡᠯᠡᠨ᠎ᠤ ᠪᠤᠯᠪᠠᠰᠤᠷᠠᠩᠭᠤᠢ ᠵᠢᠨ ᠬᠡᠮᠵᠢᠶ᠎ᠡ ᠢᠳᠡᠭ ᠢᠳᠡᠭ ᠵᠶ᠋ᠠᠷ ᠳᠡᠭᠡᠭᠰᠢᠯᠡᠵᠦ᠂ ᠳᠠᠩ ᠦᠭᠡ᠎ᠠᠴᠠ ᠦᠭᠡ ᠦᠰᠦᠭ᠂ ᠦᠭᠡ ᠦᠰᠦᠭ᠎ᠠᠴᠠ ᠦᠭᠦᠯᠡᠪᠦᠷᠢ ᠬᠦᠷᠲᠡᠯ᠎ᠠ ᠤᠷᠤᠰᠤᠮ᠎ᠠ ᠲᠤᠳᠤ ᠶᠠᠷᠢᠬᠤ᠂ ᠦᠵᠡᠯᠲᠡ ᠰᠡᠳᠬᠢᠯᠭᠡ᠎ᠪᠠᠨ ᠢᠯᠡᠳᠭᠡᠬᠦ ᠵᠡᠷᠭᠡ᠎ᠳᠤ ᠲᠤᠩ ᠴᠢᠬᠤᠯᠠ ᠦᠢ᠍ᠯᠡᠳᠦᠯ᠎ᠲᠠᠢ ᠪᠠᠢ᠍ᠢ᠍ᠳᠠᠭ᠃
     (ᠭᠤᠷᠪᠠ) ᠬᠡᠤᠬᠡᠳ᠎ᠤᠨ ᠬᠡᠢ᠍ᠢ᠍ᠰᠪᠦᠷᠢ ᠰᠡᠳᠬᠢᠬᠦᠢ᠂ ᠬᠤᠯᠪᠤᠨ ᠪᠤᠳᠤᠯᠲᠠ᠂ ᠮᠡᠳᠡᠯᠭᠡ ᠴᠢᠳᠠᠪᠬᠢ ᠵᠢ ᠳᠡᠭᠡᠭᠰᠢᠯᠡᠭᠦᠯᠬᠦ᠎ᠳᠤ ᠴᠢᠬᠤᠯᠠ ᠠᠴᠢ ᠲᠤᠰᠠ᠎ᠲᠠᠢ᠃ ᠳᠠᠭᠤᠤ ᠬᠦᠭᠵᠢᠮ᠎ᠨᠢ ᠬᠦᠮᠦᠰ᠎ᠲᠤ ᠭᠤᠸ᠎ᠠ ᠰᠠᠢ᠍ᠢ᠍ᠬᠠᠨ᠎ᠤ ᠲᠠᠭ᠋ᠠᠰᠢᠶᠠᠯ ᠬᠦᠷᠲᠡᠭᠡᠳᠡᠭ᠎ᠤᠨ ᠬᠤᠪᠢ᠎ᠳᠤ᠂ ᠳᠠᠭᠤᠤ ᠳᠠᠭᠤᠯᠠᠬᠤ᠂ ᠲᠦᠷᠰᠦᠯᠡᠨ ᠲᠤᠭᠯᠠᠬᠤ᠂ ᠨᠠᠭ᠋ᠠᠳᠤᠮ ᠲᠤᠭᠯᠠᠭ᠋ᠠᠮ᠎ᠤᠨ ᠳᠤᠮᠳᠠ᠎ᠠᠴᠠ ᠬᠡᠤᠬᠡᠳ ᠶᠠᠮᠠᠷ ᠨᠢᠭᠡᠨ ᠤᠴᠢᠷ ᠶᠤᠰᠤ ᠵᠢ ᠤᠬᠠᠨ ᠤᠢ᠍ᠢ᠍ᠯᠠᠭ᠋ᠠᠵᠤ᠂ ᠬᠤᠯᠪᠤᠨ ᠰᠡᠳᠬᠢᠬᠦ ᠵᠢᠨ ᠳᠠᠭ᠋ᠠᠤ ᠠᠭ᠋ᠠᠵᠢᠮ ᠵᠶ᠋ᠠᠷ ᠮᠡᠳᠡᠯᠭᠡ ᠴᠢᠳᠠᠪᠤᠷᠢ ᠵᠢᠨ ᠳᠡᠭᠡᠭᠰᠢᠯᠡᠯᠲᠡ᠎ᠳᠤ ᠬᠦᠷᠭᠡᠳᠡᠭ᠃
      ᠬᠡᠥᠬᠡᠳ᠎ᠤᠨ ᠳᠠᠭᠤᠤ᠎ᠨᠢ ᠬᠡᠥᠬᠡᠳ᠎ᠤᠨ ᠨᠠᠰᠤᠨ᠎ᠤ ᠨᠡᠮᠡᠭᠳᠡᠯ᠎ᠢ ᠳᠠᠭ᠋ᠠᠯᠳᠤᠨ᠂ ᠦᠭᠡ ᠦᠭᠦᠯᠡᠪᠦᠷᠢ᠂ ᠠᠢ᠍ᠢ᠍ᠵᠠᠮ ᠠᠶᠠᠯᠭᠤ ᠵᠢᠨ ᠲᠠᠯ᠎ᠠ᠎ᠪᠠᠷ ᠳᠦᠭᠦᠮ᠎ᠠᠴᠠ ᠬᠦᠴᠢᠷ ᠦᠭᠡᠳᠡ ᠢᠳᠡᠭ ᠢᠳᠡᠭ ᠵᠶ᠋ᠠᠷ ᠬᠤᠪᠢᠷᠠᠨ ᠬᠦᠭᠵᠢᠵᠤ᠂ ᠠᠳᠠᠯᠢ ᠪᠤᠰᠤ ᠱᠠᠲᠦ ᠦᠶ᠎ᠠ ᠵᠢᠨ ᠬᠡᠥᠬᠡᠳ᠎ᠤᠨ ᠦᠵᠡᠯ ᠰᠡᠳᠬᠢᠯᠭᠡ ᠵᠢ ᠢᠯᠡᠳᠭᠡᠬᠦ᠎ᠪᠠᠷ ᠵᠤᠷᠢᠯᠭ᠎ᠠ ᠪᠤᠯᠭ᠋ᠠᠵᠤ᠂ ᠲᠡᠭᠦᠨ᠎ᠤ ᠤᠨᠴᠠᠯᠢᠭ᠂ ᠦᠢ᠍ᠯᠡᠳᠦᠯ᠎ᠨᠢ ᠴᠤ᠌ ᠳᠠᠭ᠋ᠠᠯᠳᠤᠨ ᠬᠤᠪᠢᠷᠠᠵᠤ ᠬᠦᠭᠵᠢᠬᠦ ᠵᠢᠨ ᠶᠠᠪᠤᠴᠠ᠎ᠳᠤ ᠬᠡᠥᠬᠡᠳ᠎ᠤᠨ ᠬᠦᠭᠵᠢᠯᠲᠡ᠎ᠲᠠᠢ ᠤᠶᠠᠯᠳᠤᠨ ᠨᠡᠪᠴᠢᠯᠳᠦᠵᠦ᠂ ᠦᠪᠡᠷ ᠦᠪᠡᠷ᠎ᠤᠨ ᠤᠨᠴᠠᠯᠢᠭ᠂ ᠦᠢ᠍ᠯᠡᠳᠦᠯ ᠴᠢᠳᠠᠪᠬᠢ᠎ᠪᠠᠨ ᠪᠠᠳᠠᠷᠠᠭᠤᠯᠤᠭᠰᠠᠭ᠋ᠠᠷ ᠢᠷᠡᠵᠠᠢ᠃ ᠠ᠋ᠨᠡᠬᠦ ᠶᠠᠪᠤᠴᠠ᠎ᠳᠤ ᠬᠡᠥᠬᠡᠳ᠎ᠤᠨ ᠳᠠᠭᠤᠤ ᠵᠢᠨ ᠬᠡᠯᠪᠡᠷᠢ ᠠᠭᠤᠯᠭ᠎ᠠ᠎ᠨᠢ ᠴᠤ᠌ ᠬᠤᠪᠢᠷᠠᠵᠤ ᠬᠦᠭᠵᠢᠭᠰᠡᠭᠡᠷ ᠢᠷᠡᠪᠠ᠃
      ᠳᠦᠷᠪᠡ᠂ ᠬᠡᠤᠬᠡᠳ᠎ᠤᠨ ᠳᠠᠭᠤᠤ ᠵᠢᠨ ᠤᠯᠠᠮᠵᠢᠯᠠᠯᠲᠤ ᠬᠡᠯᠪᠡᠷᠢ
      ᠲᠡᠤᠬᠡᠨ᠎ᠠᠴᠠ ᠤᠳᠤ ᠪᠤᠯᠲᠠᠯ᠎ᠠ ᠬᠡᠤᠬᠡᠳ᠎ᠤᠨ ᠳᠠᠭᠤᠤ ᠵᠢᠨ ᠬᠡᠯᠪᠡᠷᠢ ᠮᠠᠶᠢᠭ᠎ᠨᠢ ᠤᠯᠠᠨ ᠤᠳᠠᠭ᠋ᠠᠨ᠎ᠤ ᠬᠦᠭᠵᠢᠯᠲᠡ ᠵᠢᠨ ᠱᠠᠳᠤ ᠵᠢ ᠦᠩᠭᠡᠷᠡᠭᠦᠯᠦᠭᠰᠡᠨ ᠪᠠᠢ᠍ᠢ᠍ᠨ᠎ᠠ᠃ ᠬᠡᠤᠬᠡᠳ᠎ᠤᠨ ᠠᠮᠢᠳᠤᠷᠠᠯ᠎ᠤᠨ ᠤᠷᠴᠢᠨ ᠬᠡᠳᠦᠢ ᠪᠠᠶᠠᠯᠢᠭ ᠪᠤᠯᠬᠤ᠎ᠳᠤ ᠬᠡᠤᠬᠡᠳ᠎ᠤᠨ ᠳᠠᠭᠤᠤ ᠵᠢᠨ ᠠᠭᠤᠯᠭ᠎ᠠ ᠬᠡᠯᠪᠡᠷᠢ ᠴᠤ᠌ ᠲᠡᠳᠦᠢ ᠦᠷᠭᠡᠨ ᠳᠡᠯᠭᠡᠷ ᠪᠤᠯᠳᠠᠭ᠃ ᠬᠡᠤᠬᠡᠳ᠎ᠤᠨ ᠳᠠᠭᠤᠤ ᠵᠢᠨ ᠤᠯᠠᠮᠵᠢᠯᠠᠯᠲᠤ ᠬᠡᠯᠪᠡᠷᠢ᠎ᠳᠤ ᠳᠤᠤᠷᠠᠬᠢ ᠮᠡᠳᠦ ᠴᠢᠬᠤᠯᠠ ᠬᠡᠳᠦᠨ ᠬᠡᠯᠪᠡᠷᠢ ᠪᠠᠢ᠍ᠢ᠍ᠳᠠᠭ᠃ ᠪᠦᠪᠠᠢ ᠵᠢᠨ ᠳᠠᠭᠤᠤ᠂ ᠠᠰᠠᠭᠤᠯᠲᠠ ᠬᠠᠷᠢᠭᠤᠯᠲᠠ ᠵᠢᠨ ᠳᠠᠭᠤᠤ᠂ ᠲᠤᠭ᠎ᠠ ᠲᠤᠭ᠋ᠠᠯᠠᠬᠤ ᠳᠠᠭᠤᠤ᠂ ᠲᠤᠭᠯᠠᠭ᠋ᠠᠮ᠎ᠤᠨ ᠳᠠᠭᠤᠤ᠂ ᠤᠨᠢᠰᠤᠭ᠋ᠠᠲᠦ ᠳᠠᠭᠤᠤ᠂ ᠴᠠᠭ᠋ᠠᠨ ᠲᠤᠯᠤᠭ᠋ᠠᠢ ᠵᠢᠨ ᠳᠠᠭᠤᠤ᠂ ᠴᠠᠭ ᠤᠯᠠᠷᠢᠯ᠎ᠤᠨ ᠳᠠᠭᠤᠤ ᠵᠡᠷᠭᠡ ᠤᠯᠠᠮᠵᠢᠯᠠᠯᠲᠤ ᠬᠡᠯᠪᠡᠷᠢ ᠪᠠᠢ᠍ᠢ᠍ᠳᠠᠭ᠃ ᠠ᠋ᠳᠡᠭᠡᠷ ᠤᠯᠠᠮᠵᠢᠯᠠᠯᠲᠦ ᠬᠡᠯᠪᠡᠷᠢ ᠵᠢᠨ ᠬᠡᠥᠬᠡᠳ᠎ᠤᠨ ᠳᠠᠭᠤᠤ ᠵᠢᠨ ᠰᠠᠭᠤᠷᠢᠨ ᠳᠡᠭᠡᠷ᠎ᠡ ᠰᠢᠨ᠎ᠡ ᠴᠠᠭ ᠦᠶ᠎ᠠ ᠵᠢᠨ᠂ ᠤᠯᠠᠨ ᠬᠡᠯᠪᠡᠷᠢ ᠵᠢᠨ ᠵᠤᠬᠢᠶᠠᠮᠠᠯ ᠬᠡᠤᠬᠡᠳ᠎ᠤᠨ ᠳᠠᠭᠤᠤ ᠪᠤᠢ ᠪᠤᠯᠤᠨ ᠬᠦᠭᠵᠢᠵᠤ ᠠᠳᠠᠯᠢ ᠪᠤᠰᠤ ᠱᠠᠳᠤᠨ᠎ᠳᠤ ᠠᠳᠠᠯᠢ ᠪᠤᠰᠤ ᠦᠢ᠍ᠯᠡᠳᠦᠯ ᠴᠢᠳᠠᠪᠬᠢ᠎ᠪᠠᠨ ᠦᠵᠡᠭᠦᠯᠦᠭᠰᠡᠭᠡᠷ ᠢᠷᠡᠵᠠᠢ᠃
      ᠲᠠᠪᠤ᠂ ᠬᠡᠤᠬᠡᠳ᠎ᠤᠨ ᠳᠠᠭᠤᠤ ᠵᠢᠨ ᠠᠳᠠᠯᠢ ᠪᠤᠰᠤ ᠱᠠᠳᠤ ᠦᠶ᠎ᠡ
      ᠨᠢᠭᠡᠳᠦᠭᠡᠷ ᠱᠠᠲᠤ ᠦᠶ᠎ᠡ᠄ ᠶᠡᠷᠦᠩᠬᠡᠢ᠎ᠳᠤ᠎ᠪᠠᠨ 0~6 ᠨᠠᠰᠤᠨ᠎ᠤ ᠬᠤᠭᠤᠷᠤᠨᠳᠤᠬᠢ ᠬᠡᠤᠬᠡᠳ᠎ᠤᠨ ᠦᠶ᠎ᠡ ᠵᠢ ᠵᠢᠭ᠋ᠠᠨ᠎ᠠ᠃ ᠪᠠᠰᠠ 《ᠨᠢᠯᠬ᠎ᠠ ᠬᠤᠭᠤᠯᠠᠢ ᠵᠢᠨ ᠱᠠᠲᠤ ᠦᠶ᠎ᠡ》 ᠭᠡᠳᠡᠭ᠃ ᠠ᠋ᠨᠡᠬᠦ ᠱᠠᠳᠤᠨ᠎ᠤ ᠬᠡᠤᠬᠡᠳ᠎ᠤᠨ ᠬᠤᠭᠤᠯᠠᠢ ᠵᠢᠨ ᠤᠨᠴᠠᠯᠢᠭ᠎ᠨᠢ ᠳᠠᠭᠤᠨ᠎ᠤ ᠠ᠋ᠭᠦᠰᠦᠯᠲᠡ ᠨᠠᠷᠢᠨ ᠪᠠᠭ᠎ᠠ᠂ ᠠᠮᠠᠨ ᠬᠦᠨᠳᠡᠢ ᠵᠢᠨ ᠨᠡᠬᠡᠭᠡᠯᠲᠡ ᠶᠡᠭᠡ   ᠪᠢᠰᠢ᠂ ᠦᠭᠡ ᠬᠡᠯᠡ ᠤᠷᠤᠰᠤᠮ᠎ᠠ ᠪᠢᠰᠢ᠂ ᠠᠭᠤᠰᠬᠢᠨ᠎ᠤ ᠬᠡᠢ ᠪᠠᠭ᠎ᠠ ᠵᠡᠷᠭᠡ ᠤᠨᠴᠠᠯᠢᠭ᠎ᠠᠴᠠ ᠦᠭᠡ ᠦᠰᠦᠭ ᠤᠬᠤᠷ ᠠᠪᠰᠠᠷᠬᠠᠨ᠂ ᠳᠠᠭᠤᠨ᠎ᠤ ᠬᠦᠷᠢᠶ᠎ᠡ ᠴᠠᠷᠠᠭ᠎ᠠ ᠢᠪᠴᠤᠤ᠂ ᠳᠠᠭᠤᠨ᠎ᠤ ᠦᠩᠭᠡ ᠤᠶᠠᠨ ᠵᠦᠭᠡᠯᠡᠨ᠂ ᠳᠠᠭᠤᠨ᠎ᠤ ᠦᠨᠳᠦᠷ᠎ᠤᠨ ᠤᠨᠤᠪᠴᠢ ᠵᠢᠨ ᠬᠡᠮᠵᠢᠶ᠎ᠠ ᠲᠤᠭᠲᠠᠪᠤᠷᠢ ᠦᠭᠡᠢ ᠪᠠᠢ᠍ᠢ᠍ᠳᠠᠭ᠃ ᠠ᠋ᠢ᠍ᠢ᠍ᠮᠦ ᠪᠤᠯᠬᠤᠷ ᠠ᠋ᠨᠡ ᠬᠦ᠌ ᠱᠠᠳᠤ ᠦᠶ᠎ᠠ ᠵᠢᠨ ᠬᠡᠤᠬᠡᠳ᠎ᠤᠨ ᠳᠠᠭᠤᠤ᠎ᠨᠢ ᠳᠦᠭᠦᠮ ᠬᠢᠯᠪᠠᠷᠬᠠᠨ ᠪᠠᠢ᠍ᠢ᠍ᠳᠠᠭ᠃
      ᠬᠤᠶᠠᠳᠤᠭ᠋ᠠᠷ ᠱᠠᠲᠤ ᠦᠶ᠎ᠡ᠄ ᠶᠡᠷᠦᠩᠬᠡᠢ᠎ᠳᠤ᠎ᠪᠠᠨ 6~12 ᠨᠠᠰᠤᠨ᠎ᠤ ᠬᠤᠭᠤᠷᠤᠨᠳᠤᠬᠢ ᠬᠡᠤᠬᠡᠳ᠎ᠤᠨ ᠦᠶ᠎ᠡ ᠵᠢ ᠵᠢᠭ᠋ᠠᠨ᠎ᠠ᠃ ᠠ᠋ᠨᠡ ᠱᠠᠲᠤᠨ᠎ᠤ ᠬᠡᠤᠬᠡᠳ᠎ᠤᠨ ᠳᠠᠭᠤᠨ ᠬᠤᠭᠤᠯᠠᠢ ᠵᠢᠨ ᠤᠨᠴᠠᠯᠢᠭ ᠬᠠᠮᠤᠭ᠎ᠤᠨ ᠢᠯᠡ ᠲᠤᠳᠤ᠂ ᠠᠭᠤᠰᠬᠢᠨ ᠬᠡᠢ ᠨᠡᠮᠡᠭᠳᠡᠨ ᠦᠭᠡ ᠬᠡᠯᠡᠨ᠎ᠤ ᠢᠯᠡᠳᠭᠡᠬᠦ ᠴᠢᠳᠠᠪᠤᠷᠢ ᠠᠭ᠋ᠠᠵᠢᠮ ᠵᠶ᠋ᠠᠷ ᠳᠡᠭᠡᠭᠰᠢᠯᠡᠨ᠂ ᠳᠠᠭᠤᠨ᠎ᠤ ᠬᠠᠷᠢᠮᠠᠬᠠᠢ ᠴᠢᠨᠠᠷ ᠴᠢᠩᠭ᠋ᠠᠷᠠᠨ᠂ ᠳᠠᠭᠤᠨ᠎ᠤ ᠬᠦᠷᠢᠶ᠎ᠠ ᠴᠠᠷᠠᠭ᠎ᠠ ᠦᠷᠭᠡᠵᠢᠨ᠂ ᠳᠠᠭᠤᠨ᠎ᠤ ᠦᠨᠳᠦᠷ᠎ᠤᠨ ᠤᠨᠤᠪᠴᠢ ᠵᠢᠨ ᠬᠡᠮᠵᠢᠶ᠎ᠠ ᠴᠤ᠌ ᠢᠯᠡᠳᠲᠡ ᠳᠡᠭᠡᠭᠰᠢᠯᠡᠭᠳᠡᠭᠦ ᠴᠠᠭ ᠦᠶ᠎ᠠ ᠪᠤᠯᠬᠤᠷ ᠠ᠋ᠨᠡᠬᠦ ᠱᠠᠳᠤ ᠦᠶ᠎ᠠ ᠵᠢᠨ ᠬᠡᠤᠬᠡᠳ᠎ᠤᠨ ᠳᠠᠭᠤᠤ᠂ ᠬᠡᠤᠬᠡᠳ᠎ᠤᠨ ᠨᠠᠢ᠍ᠢ᠍ᠷᠠᠯ ᠳᠠᠭᠤᠤ ᠵᠡᠷᠭᠡ᠎ᠨᠢ ᠬᠠᠮᠤᠭ᠎ᠤᠨ ᠢᠯᠡ ᠲᠤᠳᠤ ᠤᠨᠴᠠᠯᠢᠭ᠎ᠲᠠᠢ᠂ ᠬᠠᠮᠤᠭ᠎ᠤᠨ ᠦᠷ᠎ᠠ ᠪᠦᠲᠦᠮᠵᠢᠲᠠᠢ ᠱᠠᠲᠦ ᠦᠶ᠎ᠠ ᠪᠤᠯᠤᠨ᠎ᠠ᠃
      ᠭᠤᠷᠪᠠᠳᠤᠭ᠋ᠠᠷ ᠱᠠᠲᠤ ᠦᠶ᠎ᠠ᠄ ᠶᠡᠷᠦᠩᠬᠡᠢ᠎ᠳᠤ᠎ᠪᠠᠨ 12~16 ᠨᠠᠰᠤᠨ᠎ᠤ ᠬᠤᠭᠤᠷᠤᠨᠳᠤᠬᠢ ᠦᠶ᠎ᠡ ᠵᠢ ᠬᠡᠯᠡᠨ᠎ᠡ᠃ ᠠ᠋ᠨᠡᠬᠦ ᠱᠠᠳᠤᠨ᠎ᠤ ᠬᠡᠤᠬᠡᠳ ᠶᠠᠭ ᠰᠠᠢ᠍ᠢ᠍ᠬᠠᠨ ᠬᠤᠭᠤᠯᠠᠢ ᠬᠤᠪᠢᠷᠠᠬᠤ ᠱᠠᠳᠤᠨ᠎ᠳᠤ ᠪᠠᠢ᠍ᠢ᠍ᠬᠤ ᠪᠤᠯᠬᠤᠷ ᠳᠠᠭᠤᠯᠠᠬᠤ᠎ᠨᠢ ᠬᠠᠷᠢᠴᠠᠩᠭᠤᠢ᠎ᠪᠠᠷ ᠪᠠᠭ᠋ᠠᠰᠬᠤ ᠪᠤᠯᠪᠠᠴᠤ ᠮᠦᠨ ᠬᠦ᠌ ᠬᠡᠤᠬᠡᠳ᠎ᠤᠨ ᠬᠤᠭᠤᠯᠠᠢ ᠵᠢᠨ ᠬᠦᠷᠢᠶ᠎ᠠ ᠬᠡᠪᠴᠢᠶᠡᠨ᠎ᠳᠤ ᠬᠠᠷᠢᠶᠠᠯᠠᠭᠳᠠᠵᠤ᠂ ᠬᠡᠤᠬᠡᠳ᠎ᠤᠨ ᠳᠠᠭᠤᠨ ᠦᠩᠭᠡ᠎ᠪᠠᠨ ᠬᠠᠳᠠᠭ᠋ᠠᠯᠠᠵᠤ ᠪᠠᠢ᠍ᠢ᠍ᠭ᠎ᠠ ᠦᠶ᠎ᠠ ᠪᠤᠯᠤᠨ᠎ᠠ᠃
      ᠵᠢᠷᠭᠤᠭ᠎ᠠ᠂ ᠬᠡᠤᠬᠡᠳ᠎ᠤᠨ ᠳᠠᠭᠤᠤ ᠵᠢᠨ ᠠᠭᠤᠯᠭ᠎ᠠ ᠪᠤᠶᠤ ᠬᠦᠮᠦᠵᠢᠯ᠎ᠤᠨ ᠢᠳᠡᠪᠬᠢ ᠴᠢᠨᠠᠷ
     《ᠫᠤᠤ᠎ᠪᠠᠷ ᠲᠦᠮᠡᠨ ᠬᠦᠮᠦᠨ᠎ᠢ ᠬᠡᠪᠲᠡᠭᠦᠯᠵᠦ ᠳᠡᠢ᠍ᠢ᠍ᠯᠦᠨ᠎ᠡ᠂ ᠬᠡᠪᠡᠴᠦ ᠨᠢᠭᠡ ᠬᠦᠮᠦᠨ᠎ᠢ ᠴᠤ᠌ ᠪᠤᠰᠬᠠᠵᠤ ᠳᠡᠢ᠍ᠢ᠍ᠯᠬᠦ ᠦᠭᠡᠢ᠂ ᠢᠷᠠᠭᠤ ᠨᠠᠢ᠍ᠢ᠍ᠷᠠᠭ ᠵᠶ᠋ᠠᠷ ᠨᠢᠭᠡ ᠬᠦᠮᠦᠨ᠎ᠢ ᠴᠤ᠌ ᠬᠡᠪᠲᠡᠭᠦᠯᠵᠦ ᠳᠡᠢ᠍ᠢ᠍ᠯᠬᠦ ᠦᠭᠡᠢ᠂ ᠭᠡᠪᠡᠴᠤ ᠲᠦᠮᠡᠨ ᠬᠦᠮᠦᠨ᠎ᠢ ᠪᠤᠰᠬᠠᠵᠤ ᠴᠢᠳᠠᠨ᠎ᠠ》 ᠭᠡᠵᠦ ᠠᠯᠳᠠᠷᠲᠤ ᠰᠢᠯᠦᠭᠴᠢᠨ ᠯ᠊᠂ ᠤᠳᠽᠠᠷ ᠶᠠᠷᠢᠭᠰᠠᠨ ᠪᠢᠯᠡ᠃ ᠠ᠋ᠨᠡ ᠪᠤᠯ ᠦᠨᠡᠨ᠎ᠳᠤ᠎ᠪᠠᠨ ᠢᠷᠠᠭᠤ ᠨᠠᠢ᠍ᠢ᠍ᠷᠠᠭ᠂ ᠤᠷᠠᠨ ᠪᠦᠲᠦᠭᠡᠯ᠎ᠤᠨ ᠨᠡᠢ᠍ᠢ᠍ᠭᠡᠮ ᠠᠷᠠᠳ ᠲᠦᠮᠡᠨ᠎ᠳᠤ ᠦᠭᠬᠦ ᠢᠳᠡᠪᠬᠢ ᠬᠦᠴᠦᠨ᠎ᠤ ᠬᠠᠮᠤᠭ᠎ᠤᠨ ᠲᠦᠷᠰᠦᠯᠢᠭ ᠬᠤᠷᠢᠶᠠᠩᠭᠤᠢ᠍ᠢ᠍ᠯᠠᠯ ᠪᠤᠯᠬᠤ ᠶᠤᠮ᠃ ᠠᠳᠠᠯᠢᠬᠠᠨ ᠵᠶ᠋ᠠᠷ ᠰᠢᠯᠢᠳᠡᠭ ᠰᠠᠢ᠍ᠢ᠍ᠨ ᠬᠡᠤᠬᠡᠳ᠎ᠤᠨ ᠳᠠᠭᠤᠤ᠎ᠨᠢ ᠠᠢ᠍ᠢ᠍ᠵᠠᠮ ᠠᠶᠠᠯᠭᠤ᠎ᠪᠠᠷ ᠵᠶ᠋ᠠᠨ ᠬᠡᠤᠬᠡᠳ᠎ᠤᠨ ᠰᠡᠳᠬᠢᠯ᠎ᠳᠤ ᠯᠡ ᠬᠦᠷᠬᠦ ᠪᠢᠰᠢ ᠬᠠᠷᠢᠨ ᠠ᠋ᠷᠡᠭᠦᠯ ᠠᠭᠤᠯᠭ᠎ᠠ᠂ ᠦᠨᠡᠲᠦ ᠬᠦᠮᠦᠵᠢᠯ ᠵᠶ᠋ᠠᠷ ᠵᠶ᠋ᠠᠨ ᠴᠤ᠌ ᠲᠡᠳᠡᠨ᠎ᠤ ᠦᠵᠡᠯ ᠰᠠᠨᠠᠭ᠎ᠠ ᠪᠠ ᠬᠦᠮᠦᠨ ᠪᠤᠯᠵᠤ ᠲᠦᠯᠦᠪᠰᠢᠬᠦ ᠵᠢ᠎ᠨᠢ ᠨᠦᠯᠦᠭᠡᠯᠡᠭᠰᠡᠨ ᠪᠠᠢ᠍ᠢ᠍ᠬᠤ ᠬᠡᠷᠡᠭᠲᠠᠢ᠃ ᠰᠡᠳᠬᠢᠯ᠎ᠠᠴᠠ ᠭᠠᠷᠤᠭᠰᠠᠨ ᠦᠭᠡ ᠯᠡ ᠰᠡᠳᠬᠢᠯ᠎ᠳᠤ ᠰᠢᠩᠭᠡᠳᠡᠭ᠃ ᠤᠷᠠᠨ ᠪᠦᠲᠦᠭᠡᠯᠴᠢᠳ᠎ᠤᠨ ᠲᠤᠯᠲᠤ ᠵᠢᠷᠦᠬᠡᠨ᠎ᠠᠴᠠ ᠤᠨᠳᠤᠷᠤᠨ ᠭᠠᠷᠤᠭᠰᠠᠨ ᠲᠡᠷᠡ ᠠ᠋ᠭᠡ ᠤᠷᠤᠨᠴᠢ ᠰᠡᠳᠬᠢᠯᠭᠡ ᠦᠨᠳᠦᠰᠦᠲᠡᠨ᠎ᠤ ᠪᠦᠯᠬᠦᠮᠳᠡᠯ ᠳᠠᠪᠰᠢᠯᠲᠠ ᠵᠢᠨ ᠵᠤᠷᠢᠭ ᠰᠠᠨᠠᠭ᠎ᠠ᠎ᠨᠢ ᠳᠠᠭᠤᠨ᠎ᠤ ᠦᠭᠡ᠎ᠪᠠᠷ᠎ᠨᠢ ᠳᠠᠮᠵᠢᠯᠭ᠎ᠠ ᠪᠤᠯᠭ᠋ᠠᠵᠤ ᠬᠡᠤᠬᠡᠳ᠎ᠤᠨ ᠨᠢᠯᠬ᠎ᠠ ᠤᠶᠤᠨ᠎ᠳᠤ ᠠ᠋ᠬᠡ ᠤᠷᠤᠨ ᠠᠷᠠᠳ ᠲᠦᠮᠡᠨ ᠵᠶ᠋ᠠᠨ ᠬᠠᠢ᠍ᠢ᠍ᠷᠠᠯᠠᠬᠤ ᠦᠵᠡᠯ᠎ᠢ᠎ᠨᠢ ᠤᠷᠭᠤᠭᠤᠯᠤᠨ ᠲᠠᠷᠢᠳᠠᠭ ᠤᠴᠢᠷ᠎ᠲᠠᠢ᠃ ᠵᠢᠱ᠌ᠢᠶᠡᠯᠡᠪᠡᠯ᠄ 《ᠨᠠᠷᠠᠨ ᠬᠤᠸᠠᠷ》 ᠭᠡᠰᠡᠨ ᠬᠡᠤᠬᠡᠳ᠎ᠤᠨ ᠳᠠᠭᠤᠤ᠎ᠨᠢ 《ᠨᠠᠷᠠᠨ ᠬᠤᠸᠠᠷ \ ᠨᠠᠷᠠᠨ ᠬᠤᠸᠠᠷ \ ᠨᠠᠷᠠᠨ᠎ᠤ ᠢᠯᠴᠢ᠎ᠪᠠᠷ \ ᠳᠡᠯᠭᠡᠷᠡᠨ᠎ᠡ ᠲᠡᠯᠭᠡᠷᠡᠨ᠎ᠡ \ ᠨᠠᠰᠤᠨ ᠪᠠᠭ᠎ᠠ ᠬᠡᠤᠬᠡᠳ ᠪᠢᠳᠡ \ ᠨᠠᠮ᠎ᠤᠨ ᠬᠠᠢ᠍ᠢ᠍ᠷ᠎ᠠ᠎ᠪᠠᠷ \ ᠬᠦᠮᠦᠵᠢᠨ᠎ᠡ ᠬᠦᠮᠦᠵᠢᠨ᠎ᠡ》 ᠭᠡᠵᠦ ᠳᠠᠭᠤᠯᠠᠭᠳᠠᠳᠠᠭ᠃ ᠠ᠋ᠨᠡ᠎ᠨᠢ ᠬᠡᠤᠬᠡᠳ᠎ᠤᠨ ᠨᠢᠯᠬ᠎ᠠ ᠪᠠᠭ᠎ᠠ ᠰᠡᠳᠬᠢᠯ᠎ᠳᠤ ᠨᠠᠮ᠎ᠤᠨ ᠠᠴᠢ ᠭᠠᠪᠢᠶ᠎ᠠ ᠵᠢ ᠮᠡᠳᠡᠭᠦᠯᠵᠦ ᠳᠡᠢ᠍ᠢ᠍ᠯᠳᠡᠭ ᠰᠠᠢ᠍ᠢ᠍ᠨ ᠲᠠᠯ᠎ᠠ᠎ᠲᠠᠢ ᠶᠤᠮ᠃
     《ᠬᠦᠮᠦᠨ᠎ᠤ ᠵᠢᠷᠦᠬᠡ ᠵᠢ ᠦᠭᠡ ᠳᠤᠯᠠᠭ᠋ᠠᠴᠠᠭᠤᠯᠤᠨ᠎ᠠ》 ᠭᠡᠳᠡᠭ᠃ ᠬᠡᠤᠬᠡᠳ᠎ᠤᠨ ᠳᠠᠭᠤᠤ ᠵᠢᠨ ᠰᠠᠢ᠍ᠢ᠍ᠨ ᠰᠠᠢ᠍ᠢ᠍ᠬᠠᠨ ᠠᠭᠤᠯᠭ᠎ᠠ᠎ᠨᠢ ᠬᠡᠤᠬᠡᠳ᠎ᠢ ᠬᠦᠮᠦᠵᠢᠭᠦᠯᠵᠦ ᠰᠤᠷᠭ᠋ᠠᠬᠤ᠎ᠠᠴᠠ ᠭᠠᠳᠠᠨ᠎ᠠ ᠲᠡᠳᠡᠨ᠎ᠢ ᠤᠷᠮᠠᠰᠢᠭᠤᠯᠵᠤ ᠬᠦᠭᠵᠢᠭᠡᠳᠡᠭ᠃ ᠬᠦᠮᠦᠨ ᠭᠡᠳᠡᠭ ᠰᠡᠳᠬᠢᠯᠭᠡ᠎ᠲᠠᠢ ᠪᠤᠯᠬᠤᠷ ᠪᠠᠶᠠᠷᠯᠠᠪᠠᠯ ᠬᠦᠭᠡᠷᠴᠦ᠂ ᠭᠤᠮᠤᠳᠠᠪᠠᠯ ᠬᠦᠷᠦᠳᠡᠭ᠃ ᠨᠡᠩ ᠬᠡᠤᠬᠡᠳ ᠬᠦᠮᠦᠨ ᠪᠦᠷ ᠴᠦ᠍ ᠠ᠋ᠢ᠍ᠢ᠍ᠮᠦ ᠪᠠᠢ᠍ᠢ᠍ᠳᠠᠭ᠃ ᠰᠠᠢ᠍ᠢ᠍ᠨ ᠦᠭᠡ᠎ᠲᠠᠢ ᠰᠠᠢ᠍ᠢ᠍ᠬᠠᠨ ᠠᠭᠤᠯᠭ᠎ᠠ᠎ᠲᠠᠢ ᠳᠠᠭᠤᠤ᠎ᠨᠢ ᠲᠡᠳᠡᠨ᠎ᠢ ᠬᠦᠭᠵᠢᠭᠡᠵᠦ ᠰᠡᠳᠬᠢᠯ᠎ᠤᠨ ᠤᠨᠠᠯᠲᠠ᠎ᠠᠴᠠ ᠠᠮᠠᠷᠬᠠᠨ ᠵᠠᠢ᠍ᠢ᠍ᠳᠠᠭᠤᠯᠳᠠᠭ ᠶᠤᠮ᠃ ᠵᠢᠱ᠌ᠢᠶᠡᠯᠡᠪᠡᠯ᠄ 《ᠪᠢᠳᠡ ᠵᠤᠷᠢᠭ᠎ᠲᠠᠢ》 ᠭᠡᠳᠡᠭ ᠬᠡᠤᠬᠡᠳ᠎ᠤᠨ ᠳᠠᠭᠤᠤ᠎ᠳᠤ 《ᠪᠢᠳᠡ ᠵᠤᠷᠢᠭ᠎ᠲᠠᠢ \ ᠠᠭᠤᠯᠠᠨ ᠪᠠᠷᠰ᠎ᠠᠴᠠ ᠠᠶᠤᠬᠤ ᠦᠭᠡᠢ \ ᠤᠰᠤᠨ᠎ᠤ ᠳᠤᠯᠠᠨ᠎ᠠᠴᠠ ᠰᠦᠷᠳᠡᠬᠦ ᠦᠭᠡᠢ \ ᠪᠢᠳᠡ ᠪᠠᠶᠠᠷ᠎ᠲᠠᠢ \ ᠠ᠋ᠳᠦᠷ᠎ᠤᠨ ᠨᠠᠷᠠ᠎ᠲᠠᠢ ᠤᠷᠤᠯᠳᠤᠨ ᠪᠠᠶᠠᠰᠤᠯᠴᠠᠨ᠎ᠠ \ ᠰᠦᠨᠢ ᠵᠢᠨ ᠤᠳᠤᠳ᠎ᠢ ᠲᠤᠭ᠋ᠠᠯᠠᠨ ᠪᠠᠶᠠᠷᠯᠠᠯᠳᠤᠨ᠎ᠠ》 ᠭᠡᠵᠦ ᠳᠠᠭᠤᠯᠠᠭᠳᠠᠳᠠᠭ᠃ ᠠ᠋ᠨᠡ᠎ᠨᠢ ᠬᠡᠤᠬᠡᠳ᠎ᠤᠨ ᠵᠤᠷᠢᠭ᠎ᠢ ᠬᠦᠪᠴᠢᠯᠡᠵᠦ ᠪᠠᠶᠠᠷ ᠪᠠᠶᠠᠰᠤᠯ᠎ᠲᠠᠢ ᠪᠤᠯᠭ᠋ᠠᠬᠤ ᠢᠳᠡᠪᠬᠢ ᠦᠢ᠍ᠯᠡᠳᠦᠯ᠎ᠲᠠᠢ ᠪᠢᠯᠡ᠃
      ᠦᠨᠦᠳᠤᠷ᠎ᠤᠨ ᠬᠤᠪᠢ᠎ᠳᠤ ᠮᠠᠨ᠎ᠤ ᠠ᠋ᠮᠦᠨ᠎ᠡ ᠲᠠᠯᠪᠢᠭᠳᠠᠵᠤ ᠪᠠᠢ᠍ᠢ᠍ᠭ᠎ᠠ ᠴᠢᠬᠤᠯᠠ ᠨᠢᠭᠡᠨ ᠠ᠋ᠭᠦᠷᠭᠡ ᠪᠤᠯ ᠬᠡᠤᠬᠡᠳ᠎ᠤᠨ ᠬᠦᠮᠦᠵᠢᠯ ᠪᠤᠯᠤᠨ᠎ᠠ᠃ ᠠ᠋ᠭᠦᠨ᠎ᠳᠤ᠂ ᠳᠠᠭᠤᠤ᠎ᠨᠢ ᠠᠯᠢ ᠨᠢᠭᠡ ᠤᠷᠠᠨ ᠪᠦᠲᠦᠭᠡᠯ᠎ᠠᠴᠠ ᠴᠤ᠌ ᠲᠦᠷᠭᠡᠨ ᠬᠦᠮᠦᠨ᠎ᠤ ᠰᠡᠳᠬᠢᠯ᠎ᠳᠤ ᠬᠦᠷᠳᠡᠭ ᠵᠶ᠋ᠠᠷ ᠵᠶ᠋ᠠᠨ ᠬᠡᠤᠬᠡᠳ᠎ᠤᠨ ᠬᠦᠮᠦᠵᠢᠯ᠎ᠤᠨ ᠰᠠᠢ᠍ᠢ᠍ᠨ ᠪᠠᠭ᠋ᠠᠵᠢ ᠪᠠᠢ᠍ᠢ᠍ᠵᠤ ᠲᠠᠭ᠋ᠠᠷᠠᠨ᠎ᠠ᠃
      ᠬᠡᠤᠬᠡᠳ᠎ᠤᠨ ᠳᠠᠭᠤᠤ ᠵᠢᠨ ᠤᠨᠴᠠᠯᠢᠭ ᠰᠢᠨᠵᠢ᠂ ᠦᠢ᠍ᠯᠡᠳᠦᠯ ᠴᠢᠳᠠᠪᠬᠢ ᠵᠢ ᠪᠦᠷᠢᠨ ᠵᠦᠪ ᠤᠢ᠍ᠢ᠍ᠯᠠᠭ᠋ᠠᠵᠤ ᠨᠡᠢ᠍ᠢ᠍ᠭᠡᠮ᠎ᠤᠨ ᠱᠠᠭ᠋ᠠᠷᠳᠠᠯᠭ᠎ᠠ᠂ ᠬᠡᠤᠬᠡᠳ᠎ᠤᠨ ᠦᠰᠦᠯᠲᠡ ᠪᠤᠢ᠍ᠢ᠍ᠵᠢᠯᠲᠠ᠎ᠳᠤ ᠬᠡᠷᠬᠢᠨ ᠵᠤᠬᠢᠴᠠᠭᠤᠯᠬᠤ᠂ ᠪᠤᠰᠤᠳ ᠲᠦᠷᠦᠯ᠎ᠤᠨ᠂ ᠬᠢᠴᠢᠶᠡᠯ᠎ᠳᠤ ᠬᠡᠷᠬᠢᠨ ᠨᠡᠪᠴᠢᠭᠦᠯᠬᠦ᠂ ᠦᠢ᠍ᠯᠡᠳᠦᠯ ᠴᠢᠳᠠᠪᠬᠢ ᠵᠢ ᠬᠡᠷᠬᠢᠨ ᠪᠦᠷᠢᠨ ᠪᠠᠳᠠᠷᠠᠭᠤᠯᠬᠤ ᠵᠡᠷᠭᠡ ᠠᠰᠠᠭᠤᠳᠠᠯ ᠪᠤᠯ ᠬᠡᠤᠬᠡᠳ᠎ᠤᠨ ᠰᠤᠷᠭ᠋ᠠᠨ ᠬᠦᠮᠦᠵᠢᠯ ᠳᠤᠮᠳᠠᠬᠢ ᠬᠦᠭᠵᠢᠭᠦᠯᠬᠦ ᠴᠢᠬᠤᠯᠠ᠎ᠲᠠᠢ᠂ ᠰᠢᠨᠡᠴᠢᠯᠡᠬᠦ ᠴᠢᠬᠤᠯᠠ᠎ᠲᠠᠢ᠂ ᠰᠤᠳᠤᠯᠬᠤ ᠴᠢᠬᠤᠯᠠ᠎ᠲᠠᠢ ᠨᠢᠭᠡᠨ ᠠᠰᠠᠭᠤᠳᠠᠯ ᠪᠤᠯᠤᠨ᠎ᠠ᠃


                ᠬᠠᠶᠢᠬ᠄ ᠤᠯᠠᠭ᠋ᠠᠨᠬᠠᠳᠠ᠎ᠳᠤ᠎ᠬᠢ ᠮᠤᠩᠭᠤᠯ

                        ᠦᠨᠳᠦᠰᠦᠲᠡᠨ᠎ᠤ ᠳᠤᠮᠳᠠᠳᠤ ᠰᠤᠷᠭ᠋ᠠᠭᠤᠯᠢ
                         (ᠰᠦᠶ᠎ᠠ ᠨᠠᠢ᠍ᠢ᠍ᠷᠠᠭᠤᠯᠪᠠ)
                         2020 ᠤᠨ᠎ᠤ 1 ᠳ᠋ᠦ᠍ᠭᠡᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠪᠠᠭᠰᠢ ᠪᠤᠯᠤᠨ ᠠᠬᠠᠰ ᠵᠠᠬᠠᠰ᠎ᠤᠨ ᠵᠶ᠋ᠠᠨ ᠦᠭᠡ ᠵᠢ ᠰᠤᠨᠤᠰᠬᠤ ᠵᠢᠨ ᠤᠴᠢᠷ
ᠪᠠᠯᠴᠢᠷ ᠬᠡᠦᠬᠡᠳ᠎ᠤᠨ ᠰᠤᠷᠭ᠋ᠠᠨ ᠬᠦᠮᠦᠵᠢᠯ᠎ᠳᠤ᠎ᠬᠢ ᠲᠤᠭᠯᠠᠭ᠋ᠠᠮ᠎ᠤᠨ ᠬᠡᠷᠡᠭᠯᠡᠯᠲᠡ ᠵᠢᠨ ᠲᠤᠬᠠᠢ
ᠴᠡᠴᠡᠷᠯᠢᠭ᠎ᠤᠨ ᠵᠢᠭ᠋ᠠᠨ ᠰᠤᠷᠭ᠋ᠠᠯᠲᠠ᠎ᠳᠤ ᠬᠡᠤᠬᠡᠯᠳᠡᠢ ᠵᠦᠴᠦᠬᠡ ᠵᠢ ᠬᠡᠷᠬᠢᠨ ᠠᠰᠢᠭᠯᠠᠭ᠍ᠤ ᠪᠤᠢ
ᠴᠡᠴᠡᠷᠯᠢᠭ᠎ᠤᠨ ᠬᠡᠦᠬᠡᠳ᠎ᠤᠨ ᠰᠤᠨᠤᠰᠬᠤ ᠪᠠ ᠶᠠᠷᠢᠬᠤ ᠴᠢᠳᠠᠪᠤᠷᠢ ᠵᠢ ᠳᠡᠭᠡᠭᠰᠢᠯᠡᠭᠦᠯᠬᠦ ᠲᠤᠬᠠᠢ ᠦᠭᠦᠯᠡᠭᠦ᠎ᠨᠢ
ᠰᠤᠷᠭ᠋ᠠᠭᠤᠯᠢ ᠵᠢᠨ ᠬᠦᠷᠢᠶᠠᠨ᠎ᠤ ᠳᠤᠷᠤᠮᠵᠢᠯᠠᠯ ᠬᠢᠬᠡᠳ ᠭᠡᠷ ᠪᠦᠯᠢ ᠵᠢᠨ ᠬᠦᠮᠦᠵᠢᠯ᠎ᠤᠨ ᠳᠤᠬᠠᠢ
 
             蒙ICP备05000248号