ᠪᠠᠭ᠋ᠠᠳᠣᠷ
ᠮᠠᠨ᠎ᠤ ᠮᠣᠩᠭᠤᠯᠴᠤᠳ ᠰᠤᠷᠭ᠋ᠠᠨ ᠭᠥᠮᠥᠵᠢᠯ᠎ᠤᠨ ᠲᠤᠬᠠᠢ᠎ᠲᠠᠢ ᠠᠯᠢ ᠤᠯᠠᠨ ᠲᠤᠷᠰᠢᠯᠭ᠎ᠠ ᠰᠤᠷᠭ᠋ᠠᠮᠵᠢ ᠵᠢ ᠬᠤᠷᠠᠮᠳᠤᠭᠤᠯᠵᠤ ᠲᠠᠭᠦᠨ᠎ᠢ᠎ᠪᠠᠨ ᠦᠷ᠎ᠠ ᠭᠡᠤᠭᠡᠳ᠎ᠲᠤ᠎ᠪᠠᠨ ᠤᠯᠠᠮᠵᠢᠯᠠᠵᠤ ᠠᠰᠢᠭᠯᠠᠨ ᠭᠡᠷᠡᠭᠯᠡᠭᠰᠡᠭᠡᠷ ᠢᠷᠡᠵᠡᠢ᠃ ᠭᠡᠪᠡᠴᠦ ᠣᠳᠣᠬᠠᠨ᠎ᠤ ᠰᠢᠨᠡᠴᠢᠯᠡᠯᠲᠡ ᠭᠥᠭᠵᠢᠯᠲᠡ ᠵᠢᠨ ᠴᠠᠭ ᠠ᠋ᠷᠡᠨ᠎ᠳᠤ ᠮᠣᠩᠭᠤᠯ ᠥᠡᠳᠥᠰᠥᠳᠡᠨᠤ ᠤᠯᠠᠮᠵᠢᠯᠠᠯᠲᠤ ᠠᠮᠢᠳᠤᠷᠠᠯ᠎ᠤᠨ ᠭᠡᠯᠪᠠᠷᠢ᠂ ᠦᠢ᠍ᠯᠡᠳᠪᠦᠷᠢᠯᠡᠯ᠎ᠤᠨ ᠠᠷᠭ᠎ᠠ ᠪᠠᠷᠢᠯ᠎ᠳᠤ ᠥᠨᠳᠥᠰᠥᠨ ᠬᠤᠪᠢᠷᠠᠯᠲᠠ ᠭᠠᠷᠴᠦ ᠴᠠᠭ ᠥᠶ᠎ᠡ ᠵᠢᠨ ᠣᠨᠴᠠᠯᠢᠭᠲᠤ ᠲᠣᠭᠢᠷᠠᠭᠰᠠᠨ ᠰᠢᠨ᠎ᠡ ᠵᠥᠢ᠍ᠯ᠎ᠤᠳ ᠢᠯᠡᠷᠡᠵᠤ ᠪᠡᠶ᠋ᠢᠭᠠ ᠪᠡᠶ᠋ᠢᠳᠠᠯ ᠳᠤᠤᠷ᠎ᠠ ᠤᠯᠠᠮᠵᠢᠯᠠᠯᠲᠤ ᠵᠥᠢ᠍ᠯ᠎ᠢ ᠭᠡᠷᠡᠭᠯᠡᠭᠡᠨ᠎ᠠᠴᠠ ᠭᠠᠷᠤᠭᠰᠠᠨ ᠭᠡᠵᠤ ᠪᠤᠷᠤᠭᠤ ᠣᠶ᠋ᠢᠯᠠᠭ᠋ᠠᠨ ᠲᠡᠭᠦᠨ᠎ᠢ ᠴᠢᠳᠠᠮᠠᠭ᠋ᠠᠢ ᠠᠰᠢᠭᠯᠠᠭ᠍ᠤ ᠪᠠᠶ᠋ᠢᠲᠤᠭ᠋ᠠᠢ ᠵᠡᠶ᠋ᠢᠯᠠᠰᠭᠢᠬᠤ ᠪᠡᠶ᠋ᠢᠳᠠᠯ ᠴᠤ᠌ ᠢᠯᠡᠷᠡᠵᠦ ᠪᠤᠢ᠃ ᠠ᠋ᠶ᠋ᠢᠮᠤ᠎ᠠᠴᠠ ᠪᠢᠳᠠ ᠭᠡᠷ ᠪᠦᠯᠢ ᠵᠢᠨ ᠭᠦᠮᠣᠵᠢᠯ ᠪᠠ ᠭᠡᠣᠭᠡᠳ᠎ᠤᠨ ᠴᠡᠴᠡᠷᠯᠢᠭ᠎ᠤᠨ ᠰᠤᠷᠭ᠋ᠠᠨ ᠭᠥᠮᠣᠵᠢᠯ᠎ᠳᠤ᠂ ᠣᠨᠴᠠᠭ᠋ᠠᠶ᠋ᠢᠯᠠᠨ ᠮᠣᠩᠭᠤᠯ ᠭᠡᠤᠭᠡᠳ᠎ᠤᠨ ᠴᠡᠴᠡᠷᠯᠢᠭ᠎ᠤᠨ ᠰᠤᠷᠭ᠋ᠠᠨ ᠭᠥᠮᠣᠵᠢᠯ᠎ᠳᠤ ᠠᠷᠠᠳ᠎ᠤᠨ ᠰᠤᠷᠭ᠋ᠠᠨ ᠬᠥᠮᠥᠵᠢᠭᠦᠯᠬᠦ ᠵᠥᠢ ᠵᠢ ᠣᠨᠴᠠ ᠠᠩᠬᠠᠷᠤᠨ ᠢᠳᠡᠪᠬᠢᠲᠡᠢ ᠠᠰᠢᠭᠯᠠᠬᠤ᠎ᠨᠢ ᠵᠤᠢ᠍ᠢ᠍ᠳᠠᠢᠨᠢ ᠦᠵᠡᠵᠦ ᠪᠤᠢ᠃
ᠨᠢᠭᠡ᠂ ᠮᠣᠩᠭᠤᠯᠴᠤᠳ᠎ᠤᠨ ᠣᠯᠠᠮᠵᠢᠯᠠᠯᠳᠣ ᠭᠡᠣᠭᠡᠳ᠎ᠤᠨ ᠨᠠᠭ᠋ᠠᠳᠣᠮ ᠲᠣᠬᠯᠠᠭ᠋ᠠᠮᠨᠢ ᠭᠠᠵᠠᠷ ᠣᠷᠤᠨ᠎ᠤ ᠮᠣᠩᠭᠤᠯ ᠠᠷᠡᠳ᠎ᠤᠨ ᠠᠮᠠᠨ ᠨᠠᠶ᠋ᠢᠷᠠᠭᠲᠤᠬᠢ ᠲᠦᠷᠭᠡᠨ ᠭᠡᠯᠡᠯᠭᠡ᠂ ᠭᠡᠯᠡ ᠵᠦᠭᠰᠢᠷᠡᠭᠦᠯᠭᠦ ᠥᠭᠡ᠂ ᠠᠮᠢᠰᠬᠤᠯ ᠤᠷᠳᠤᠰᠬᠠᠬᠤ ᠥᠭᠡ᠂ ᠵᠤᠭ᠎ᠠ ᠥᠭᠡ᠂ ᠬᠤᠯᠪᠣᠭ᠎ᠠ ᠦᠭᠡ᠂ ᠴᠠᠴᠠ ᠪᠣᠯᠢᠶᠠᠯᠳᠣᠬᠤ᠂ ᠣᠨᠢᠰᠤᠭ᠎ᠠ ᠲᠠᠭ᠋ᠠᠪᠣᠷᠢ᠂ ᠲᠠᠭᠤᠣ ᠵᠡᠷᠭᠡ ᠣᠯᠨᠨ ᠶᠡᠩᠵᠤ ᠭᠡᠯᠪᠠᠷᠢ ᠵᠢᠨ ᠠᠮᠠᠨ ᠨᠠᠶ᠋ᠢᠷᠠᠭ᠎ᠢ ᠠᠬᠤᠭᠤᠯᠤᠭᠰᠠᠨ ᠪᠠᠢ᠍ᠢ᠍ᠳᠠᠬ᠃ ᠠ᠋ᠳᠡᠭᠡᠷ ᠠᠷᠠᠳ᠎ᠤᠨ ᠤᠢ ᠪᠢᠯᠢᠭ᠎ᠲᠤ ᠥᠨᠳᠥᠰᠥᠯᠡᠭᠰᠡᠨ ᠭᠡᠤᠭᠡᠳ᠎ᠤᠨ ᠭᠥᠮᠣᠵᠢᠯ᠎ᠤᠨ ᠠᠴᠢ ᠲᠤᠰᠠᠲᠠᠢ ᠵᠦᠢ᠍ᠯᠡᠰ ᠣᠳᠣᠬᠠᠨ᠎ᠳᠤ ᠪᠢᠳᠠᠨ᠎ᠤ ᠰᠤᠷᠭ᠋ᠠᠨ ᠭᠥᠮᠣᠵᠢᠯ᠎ᠠᠴᠠ ᠬᠠᠶᠠᠭᠳᠠᠭ᠍ᠤ ᠪᠣᠯᠵᠤ ᠪᠡᠶ᠋ᠢᠭᠠᠨᠢ ᠨᠢᠭᠡ ᠶᠡᠭᠡ ᠬᠠᠷᠠᠮᠰᠠᠯ ᠪᠤᠯᠬᠤ ᠶᠤᠮ᠃ ᠲᠡᠭᠡᠭᠦᠯᠡᠷ ᠪᠢᠳᠠ ᠲᠡᠯᠡᠭᠡᠢ ᠵᠢᠨ ᠭᠡᠤᠭᠡᠳ᠎ᠤᠨ ᠪᠠᠶᠠᠷ᠎ᠤᠨ ᠠ᠋ᠳᠦᠷ᠎ᠤᠨ ᠬᠠᠮᠲᠤ ᠪᠥᠭᠡ᠂ ᠪᠤᠭᠤᠨ᠂ ᠵᠢᠷᠭᠢ᠂ ᠱᠠᠭ᠎ᠠ ᠵᠢᠨ ᠮᠥᠷᠦᠶ᠋ᠢᠴᠡᠭᠡᠨ ᠥᠷᠨᠢᠭᠦᠯᠵᠦ ᠭᠡᠤᠭᠡᠳ᠎ᠤᠨ ᠵᠶ᠋ᠠᠨ ᠮᠣᠩᠭᠤᠯ ᠰᠣᠶᠤᠯ᠎ᠤᠨ ᠲᠠᠨᠢᠴᠠ ᠮᠡᠳᠡᠴᠡ ᠵᠢ ᠨᠡᠮᠡᠭᠳᠡᠭᠦᠯᠵᠤ ᠭᠡᠤᠭᠡᠳ᠎ᠤᠨ ᠰᠤᠷᠤᠯᠭ᠎ᠠ ᠠᠮᠢᠳᠤᠷᠠᠯ᠎ᠤᠨ ᠠᠭᠤᠯᠭ᠎ᠠ ᠵᠢ ᠪᠠᠶᠠᠯᠢᠬ᠍ᠵᠢᠭᠤᠯᠵᠤ ᠪᠤᠯᠤᠨ᠎ᠠ᠃ ᠪᠠᠰᠠ ᠮᠣᠩᠭᠤᠯ ᠭᠠᠷ ᠤᠷᠠᠯᠠᠯ᠎ᠤᠨ ᠠ᠋ᠳ᠋ᠯᠡᠯ ᠬᠡᠷᠡᠭᠰᠡᠯ᠎ᠤᠨ ᠵᠠᠭᠪᠤᠷ᠎ᠢ ᠴᠤᠭᠯᠠᠭᠤᠯᠵᠤ ᠵᠢᠭ᠋ᠠᠨ ᠰᠤᠷᠭ᠋ᠠᠯᠲᠠ᠎ᠳᠤ᠎ᠪᠠᠨ ᠭᠡᠷᠡᠭᠯᠡᠨ᠎ᠡ᠃ ᠮᠣᠩᠭᠤᠯ᠎ᠤᠨ ᠤᠯᠠᠮᠵᠢᠯᠠᠯᠲᠤ ᠪᠠᠶ᠋ᠢᠭ᠋ᠠᠯᠢᠯᠢᠬ ᠨᠠᠭ᠋ᠠᠳᠣᠮ ᠲᠣᠬᠯᠠᠭ᠋ᠠᠮᠨᠢ ᠣᠷᠴᠢᠨ ᠲᠣᠭᠤᠷᠢᠨ᠎ᠳᠤ ᠪᠠᠷᠢᠬᠳᠠᠭ᠍ᠣ ᠦᠭᠡᠢ᠂ ᠭᠦᠮᠣᠨ᠎ᠤ ᠲᠤᠭ᠎ᠠ ᠵᠢ ᠭᠢᠵᠠᠭ᠋ᠠᠷᠯᠠᠭ᠍ᠣ ᠦᠭᠡᠢ᠂ ᠴᠠᠭ ᠬᠤᠭᠤᠴᠠᠭ᠎ᠠ ᠵᠢ ᠭᠢᠵᠠᠭ᠋ᠠᠷᠯᠠᠭ᠍ᠣ ᠦᠭᠡᠢ ᠭᠦᠳᠡᠭᠡ ᠲᠠᠯ᠎ᠠ ᠨᠣᠳᠤᠭ᠎ᠤᠨ ᠠᠮᠢᠳᠣᠷᠡᠯ ᠦᠢ᠍ᠯᠡᠳᠪᠣᠷᠢᠳᠤ ᠵᠣᠭᠢᠴᠠᠭᠰᠠᠨ᠂ ᠣᠶᠣᠨ ᠣᠬᠠᠭ᠋ᠠᠨ᠎ᠤ ᠭᠦᠭᠵᠢᠯᠳᠠ᠎ᠳᠤ ᠮᠠᠰᠢ ᠶᠡᠭᠡ ᠦᠢ᠍ᠯᠡᠳᠣᠯ ᠦᠵᠡᠭᠦᠯᠳᠡᠭ᠃
ᠵᠢᠱ᠌ᠢᠶᠠᠯᠠᠪᠠᠯ᠂ ᠮᠣᠩᠭᠤᠯᠴᠣᠳ᠎ᠤᠨ ᠦᠨᠳᠣᠰᠣᠳᠡᠨ᠎ᠤ ᠣᠯᠠᠮᠵᠢᠯᠠᠯᠳᠣ ᠲᠣᠬᠯᠠᠭ᠋ᠠᠮ ᠪᠣᠯ ᠮᠣᠩᠭᠤᠯ ᠣᠷᠣᠨ᠎ᠳᠤ ᠮᠣᠩᠭᠤᠯ ᠰᠡᠳᠭᠢᠭᠦᠢ᠎ᠪᠠᠷ ᠪᠦᠳᠣᠭᠡᠭᠰᠡᠨ ᠪᠣᠯᠬᠤᠷ ᠦᠪᠡᠷ᠎ᠤᠨ ᠨᠡᠭᠦᠳᠡᠯ ᠮᠡᠯᠵᠢᠯ᠎ᠤᠨ ᠰᠣᠶᠣᠯ ᠰᠡᠳᠭᠢᠭᠦᠢ᠂ ᠵᠠᠩ ᠠᠭ᠋ᠠᠯᠢ ᠪᠠ ᠶᠠᠭᠤᠮ᠎ᠠ ᠦᠵᠡᠭᠳᠡᠯ᠎ᠢ ᠣᠯᠠᠨ ᠲᠠᠯ᠎ᠠ᠎ᠪᠠᠷ ᠰᠢᠨᠵᠢᠯᠡᠭᠦ ᠵᠡᠷᠭᠡ ᠴᠢᠯᠣᠭᠡᠳᠣ ᠰᠡᠳᠭᠢᠭᠦᠢ ᠵᠢᠨ ᠣᠷᠣᠨ ᠵᠠᠢ ᠬᠠᠷᠠᠭᠳᠡᠵᠣ ᠪᠠᠶ᠋ᠢᠳᠠᠭ᠃ ᠪᠠᠰᠠ ᠵᠢᠱ᠌ᠢᠶᠡᠯᠡᠪᠡᠯ᠂ ᠰᠦᠪᠸᠢ ᠵᠢᠨ ᠮᠣᠩᠭᠤᠯᠴᠣᠳ ᠱᠠᠭ᠎ᠠ ᠵᠢᠨ ᠲᠣᠬᠯᠠᠭ᠋ᠠᠮᠳᠤ ᠱᠠᠭ᠎ᠠ ᠵᠢᠨ ᠵᠢᠷᠭᠤᠭ᠋ᠠᠨ ᠲᠠᠯ᠎ᠠ ᠵᠢ᠎ᠨᠢ ᠲᠠᠪᠤᠨ ᠬᠤᠰᠢᠭᠤ ᠮᠠᠯ᠎ᠤᠨ ᠨᠠᠷᠡᠶ᠋ᠢᠳᠣᠯ ᠵᠶ᠋ᠠᠷ ᠬᠤᠨᠢ᠂ ᠢᠮᠠᠭ᠎ᠠ᠂ ᠮᠣᠷᠢ᠂ ᠦᠭᠡᠷ᠂ ᠲᠡᠮᠡᠭᠡ ᠭᠡᠵᠣ ᠨᠡᠷᠡᠶ᠋ᠢᠳᠴᠣ ᠨᠠᠭ᠋ᠠᠳᠳᠠᠭ ᠣᠯᠠᠮᠵᠢᠯᠠᠯ᠎ᠲᠠᠢ ᠪᠢᠯᠠ᠃ ᠠ᠋ᠶ᠋ᠢᠮᠣ᠎ᠠᠴᠠ ᠦᠨᠣᠳᠣᠷ᠎ᠤᠨ ᠮᠣᠩᠭᠤᠯ ᠭᠡᠣᠭᠡᠳ᠎ᠲᠤ ᠪᠢᠳᠠ ᠠ᠋ᠨᠡᠭᠦ ᠪᠠᠶ᠋ᠢᠭ᠋ᠠᠯᠢᠯᠢᠬ ᠨᠠᠭ᠋ᠠᠳᠣᠮ ᠲᠣᠬᠯᠠᠭ᠋ᠠᠮᠢ ᠵᠢᠭ᠋ᠠᠵᠣ ᠣᠯᠠᠮᠵᠢᠯᠠᠭ᠍ᠣᠨᠢ ᠮᠠᠰᠢ ᠴᠢᠬᠤᠯᠠ ᠠ᠋ᠭᠦᠷᠭᠡ ᠬᠠᠷᠢᠭᠤᠴᠠᠯᠭ᠎ᠠ ᠪᠣᠯᠵᠣ ᠪᠠᠶ᠋ᠢᠨ᠎ᠠ᠃
ᠬᠤᠶᠠᠷ᠂ ᠮᠣᠩᠭᠤᠯᠴᠤᠳ᠎ᠤᠨ ᠣᠯᠠᠮᠵᠢᠯᠠᠯᠳᠣ ᠨᠠᠭ᠋ᠠᠳᠣᠮ ᠲᠣᠬᠯᠠᠭ᠋ᠠᠮᠳᠤᠬᠢ ᠰᠣᠷᠭ᠋ᠠᠨ ᠭᠦᠮᠣᠵᠢᠯ᠎ᠨᠢ ᠮᠣᠩᠭᠤᠯ ᠤᠯᠠᠮᠵᠢᠯᠠᠯᠲᠤ ᠠᠮᠢᠳᠤᠷᠠᠯ᠎ᠤᠨ ᠥᠪᠡᠷᠮᠢᠴᠡ ᠰᠤᠳᠤᠨ ᠲᠦᠷᠢ ᠲᠥᠷᠭᠦ ᠵᠢ ᠴᠤᠭᠯᠠᠭᠤᠯᠵᠤ ᠠᠬᠤᠢ ᠠᠮᠢᠳᠤᠷᠠᠯ ᠲᠤᠮᠳᠠ ᠭᠡᠤᠭᠡᠳ᠎ᠲᠤ ᠭᠦᠮᠥᠵᠢᠯ ᠭᠥᠷᠲᠡᠭᠡᠨᠡ
ᠣᠷᠴᠢᠨ ᠲᠣᠭᠤᠷᠢᠨ᠎ᠨᠢ ᠭᠡᠤᠭᠡᠳ᠎ᠤᠨ ᠠᠮᠢᠳᠤᠷᠠᠯ᠎ᠳᠤ ᠨᠦᠯᠦᠭᠡ ᠦᠵᠡᠭᠦᠯᠳᠡᠭ ᠪᠤᠯᠬᠤᠷ ᠪᠢᠳᠠ ᠵᠢᠭ᠋ᠠᠨ ᠰᠤᠷᠭ᠋ᠠᠯᠳᠠ ᠵᠢᠨ ᠣᠷᠴᠢᠨ ᠲᠤᠭᠤᠷᠢᠨ ᠵᠶ᠋ᠠᠨ ᠠᠵᠢᠯᠴᠢ ᠠᠷᠪᠢᠴᠢ᠂ ᠭᠤᠸ᠎ᠠ ᠰᠡᠶ᠋ᠢᠬᠠᠨ᠂ ᠠᠶᠤᠯ ᠥᠭᠡᠢ᠂ ᠲᠠᠭ᠋ᠠᠲᠡᠢ ᠪᠡᠶ᠋ᠢᠯᠭ᠋ᠠᠪᠠᠯ ᠵᠤᠬᠢᠨ᠎ᠠ᠃ ᠪᠢᠳᠡ ᠰᠣᠷᠭ᠋ᠠᠭᠤᠯᠢ ᠵᠢᠨ ᠭᠦᠷᠢᠶᠠᠨᠤ ᠴᠢᠮᠡᠭᠯᠡᠯ᠂ ᠠᠩᠭᠢ ᠵᠢᠨ ᠭᠡᠷ᠂ ᠭᠢᠴᠢᠶᠡᠯᠯᠡᠭᠦ ᠠᠰᠠᠷ᠎ᠤᠨ ᠭᠤᠲᠤᠮᠵᠢ᠂ ᠪᠠᠶ᠋ᠢᠷᠢ ᠵᠢᠨ ᠠᠰᠠᠷ᠎ᠤᠨ ᠭᠤᠲᠤᠮᠵᠢ ᠵᠡᠷᠭᠡ ᠵᠢ ᠴᠢᠮᠡᠭᠯᠡᠭᠦᠳᠤᠪᠠᠨ ᠥᠨᠳᠥᠰᠥᠳᠡᠨ᠎ᠤ ᠣᠯᠠᠮᠵᠢᠯᠠᠯᠳᠣ ᠰᠣᠶᠤᠯ᠎ᠤᠨ ᠥᠪᠡᠷᠮᠢᠴᠡ ᠭᠤᠴᠤ ᠥᠡᠭᠭᠡ ᠪᠤᠳᠤᠭ ᠵᠶ᠋ᠠᠷ ᠵᠠᠰᠠᠨ ᠴᠢᠮᠡᠭᠯᠡᠵᠦ ᠭᠡᠤᠭᠡᠳ᠎ᠲᠤ ᠬᠠᠷᠠᠭ᠍ᠠᠨ ᠪᠠᠭ᠎ᠠ᠎ᠠᠴᠠ᠎ᠨᠢ ᠥᠨᠳᠥᠰᠥᠳᠡᠨ᠎ᠤ ᠰᠣᠶᠤᠯ ᠵᠶ᠋ᠠᠨ ᠬᠠᠶ᠋ᠢᠷᠠᠯᠠᠵᠣ᠂ ᠣᠷᠣᠨ ᠨᠣᠳᠤᠭ ᠵᠶ᠋ᠠᠨ ᠬᠠᠶ᠋ᠢᠷᠠᠯᠠᠭ᠍ᠣ ᠤᠬᠠᠮᠰᠠᠷ᠎ᠢ ᠪᠤᠢ ᠪᠤᠯᠭ᠋ᠠᠨ᠎ᠠ᠃ ᠮᠣᠩᠭᠤᠯᠴᠣᠳ ᠲᠡᠣᠭᠡᠨᠠᠴᠠᠪᠠᠨ ᠭᠦᠦ ᠦᠬᠢᠨ᠎ᠢ ᠢᠯᠭ᠋ᠠᠳᠠᠭ ᠦᠭᠡᠢ ᠣᠯᠠᠮᠵᠢᠯᠠᠯ᠎ᠲᠠᠢ ᠪᠢᠯᠠ᠃ ᠵᠢᠱ᠌ᠢᠶᠡᠯᠡᠪᠡᠯ᠂ ᠭᠦᠤᠴᠤᠤᠯᠢ ᠪᠠᠭ᠎ᠠ᠎ᠠᠴᠠ᠎ᠨᠢ ᠵᠣᠷᠢᠭ ᠰᠦᠰᠦᠲᠠᠢ᠂ ᠲᠡᠰᠪᠣᠷᠢ ᠲᠡᠪᠴᠢᠶᠡᠷᠢ᠎ᠲᠠᠢ᠂ ᠠᠵᠢᠯᠴᠢ ᠭᠦᠳᠡᠯᠮᠣᠷᠢᠴᠢ᠂ ᠠᠰᠪᠣᠷᠢ ᠴᠠᠶ᠋ᠢᠯᠭ᠋ᠠᠨ ᠭᠦᠮᠣᠵᠢᠭᠦᠯᠭᠦ᠎ᠶ᠋ᠢᠨ ᠲᠦᠯᠣᠭᠡ ᠡᠷ᠎ᠡ ᠵᠢᠨ ᠭᠤᠷᠪᠠᠨ ᠨᠠᠭ᠋ᠠᠳᠣᠮ᠎ᠳᠤ ᠣᠷᠣᠯᠴᠠᠭᠤᠯᠳᠠᠬ᠃ ᠦᠬᠢᠳ᠎ᠢ ᠪᠠᠭ᠎ᠠ᠎ᠠᠴᠠ᠎ᠨᠢ ᠦᠢ᠍ᠯᠡ ᠣᠳᠠᠰᠣ᠎ᠲᠠᠢ ᠤᠢ᠍ᠢ᠍ᠷᠠᠳᠤᠭᠤᠯᠬᠤ ᠵᠡᠷᠭᠡ᠃ ᠦᠨᠣᠳᠣᠷ ᠪᠢᠳᠠ ᠭᠡᠭᠡᠭᠳᠡᠮᠡᠯ ᠯᠣᠩᠬᠤ᠂ ᠬᠠᠶ᠋ᠢᠷᠴᠠᠭ ᠰᠠᠪᠠ᠂ ᠮᠣᠳᠤ ᠴᠢᠯᠠᠭᠤ ᠵᠡᠷᠭᠡ ᠵᠢ ᠪᠠᠭᠰᠢ ᠭᠡᠷ᠎ᠤᠨ ᠠᠬᠠᠮᠠᠳ᠎ᠤᠨ ᠬᠠᠪᠰᠤᠷᠤᠯᠭ᠎ᠠ᠂ ᠭᠡᠣᠭᠡᠳ᠎ᠤᠨ ᠣᠶᠣᠨ ᠣᠬᠠᠭ᠋ᠠᠨ᠂ ᠤᠷᠠᠨ ᠭᠠᠷᠤᠨ ᠷᠢᠳᠢ ᠰᠢᠳᠢ᠎ᠪᠠᠷ ᠲᠠᠮᠵᠢᠨ ᠭᠤᠶᠤ ᠰᠠᠶ᠋ᠢᠬᠠᠨ᠂ ᠭᠠᠩᠭ᠋ᠠᠩ ᠭᠡᠭᠡᠮᠰᠦᠭ ᠠ᠋ᠳ᠋ᠯᠡᠯ ᠭᠡᠷᠡᠭᠰᠡᠯ᠎ᠤᠨ ᠵᠦᠢ᠍ᠯ ᠪᠤᠯᠭ᠋ᠠᠵᠤ ᠬᠤᠪᠢᠷᠠᠭ᠋ᠠᠵᠤ ᠪᠣᠯᠤᠨ᠎ᠠ᠃ ᠪᠠᠰᠠ ᠵᠢᠱ᠌ᠢᠶᠡᠯᠡᠪᠡᠯ᠂ ᠮᠣᠩᠭᠤᠯᠴᠣᠳ᠎ᠤᠨ ᠱᠠᠭ᠎ᠠ ᠲᠣᠬᠯᠠᠭ᠋ᠠᠮ᠂ ᠮᠣᠩᠭᠤᠯ ᠰᠢᠳᠡᠷ᠎ᠡ᠂ ᠪᠣᠭᠤᠨ ᠵᠢᠷᠭᠢ᠂ ᠲᠠᠯᠤ ᠵᠡᠷᠭᠡ ᠲᠣᠬᠯᠠᠭ᠋ᠠᠮᠤᠨ ᠴᠢᠯᠣᠭᠡᠳᠣ ᠣᠷᠣᠨ ᠵᠠᠢ᠂ ᠨᠠᠭ᠋ᠠᠳᠬᠤ ᠶᠠᠪᠣᠴᠠ ᠪᠠᠶ᠋ᠢᠳᠡᠯ᠂ ᠣᠯᠠᠷᠢᠨ ᠬᠤᠪᠢᠰᠬᠤ᠎ᠨᠢ ᠲᠣᠩ ᠣᠷᠡᠨ ᠨᠠᠷᠢᠨ ᠪᠦᠭᠡᠳ ᠪᠣᠳᠣᠯᠢᠶᠡᠨᠳᠡᠢ ᠪᠠᠶ᠋ᠢᠵᠣ᠂ ᠣᠶᠣᠨ᠎ᠤ ᠬᠤᠷᠴᠠ ᠵᠢ ᠰᠢᠯᠭ᠋ᠠᠵᠣ᠂ ᠪᠢᠯᠢᠭ᠎ᠢ ᠨᠡᠭᠡᠭᠡᠭᠳᠡᠭᠦᠯᠭᠦ ᠦᠪᠡᠷᠮᠢᠴᠠ ᠣᠨᠴᠠᠯᠢᠭ᠎ᠲᠠᠢ ᠪᠢᠯᠠ᠃ ᠮᠣᠩᠭᠤᠯ ᠭᠡᠣᠭᠡᠳ᠎ᠤᠨ ᠱᠠᠭ᠎ᠠ ᠲᠣᠬᠯᠠᠭ᠋ᠠᠮᠠᠴᠠ ᠮᠠᠯᠴᠢᠨ ᠲᠦᠮᠠᠨ᠎ᠤ ᠠᠮᠢᠳᠣᠷᠡᠯ᠎ᠤᠨ ᠵᠢᠷᠤᠭ ᠬᠠᠷᠠᠭᠳᠡᠨᠠ᠂ ᠦᠡᠭᠭᠡᠳᠣ ᠴᠡᠴᠡᠭ᠎ᠤᠨ ᠭᠤᠸ᠎ᠠ ᠰᠠᠶ᠋ᠢᠬᠠᠨ ᠲᠡᠯᠭᠡᠭᠳᠡᠵᠣ᠂ ᠣᠳᠬ᠎ᠠ ᠣᠶᠠᠩᠭ᠎ᠠ ᠵᠢᠨ ᠲᠦᠷᠰᠣᠯᠠᠮᠵᠢ ᠲᠣᠳᠣᠷᠡᠳᠠᠭ᠃ ᠱᠠᠭ᠎ᠠ ᠲᠣᠬᠯᠠᠭ᠋ᠠᠮᠨᠢ ᠨᠡᠭᠦᠳᠡᠯᠯᠡᠨ ᠮᠠᠯᠵᠢᠬᠤ ᠠᠮᠢᠳᠣᠷᠡᠯ᠎ᠤᠨ ᠭᠦᠷᠣᠰᠣ ᠰᠢᠷᠣᠢ᠎ᠳᠤ ᠭᠦᠪᠣᠷᠡᠨ ᠪᠦᠷᠢᠯᠳᠦᠭᠰᠠᠨ ᠪᠣᠯᠬᠤᠷ ᠵᠠᠯᠠᠭᠤ ᠪᠠᠭ᠋ᠠᠴᠣᠳ᠎ᠤᠨ ᠬᠤᠪᠢᠰᠣᠩᠭᠤᠢ ᠰᠡᠳᠭᠢᠭᠦᠢ ᠵᠢ ᠭᠦᠭᠵᠢᠭᠦᠯᠭᠦ᠎ᠪᠠᠷ ᠪᠠᠷᠠᠭ᠍ᠣ ᠦᠭᠡᠢ᠂ ᠭᠡᠣᠭᠡᠳ᠎ᠲᠤ ᠠᠰᠠᠭᠤᠳᠡᠯ᠎ᠢ ᠪᠦᠭᠦ ᠲᠠᠯ᠎ᠠ᠎ᠪᠠᠷ ᠠᠵᠢᠬᠯᠠᠨ ᠵᠡᠳᠡᠯᠬᠤ ᠴᠢᠳᠡᠪᠣᠷᠢ ᠪᠣᠯᠪᠡᠰᠣᠷᠡᠯᠢ ᠣᠯᠭᠤᠳᠠᠭ᠃ ᠬᠠᠮᠳᠣ᠎ᠳᠤᠨᠢ ᠪᠠᠭ᠋ᠠᠴᠣᠳ᠎ᠤᠨ ᠭᠡᠶ᠋ᠢᠰᠪᠣᠷᠢ ᠰᠡᠳᠭᠢᠭᠦᠢ ᠪᠠ ᠯᠣᠭᠢᠭ ᠵᠣᠶ᠋ᠢᠴᠢᠯᠠᠯᠤᠨ ᠴᠢᠳᠡᠪᠣᠷᠢ ᠵᠢ ᠲᠡᠭᠡᠭᠰᠢᠯᠡᠭᠦᠯᠭᠦ᠎ᠳᠤ ᠲᠣᠩ ᠴᠢᠬᠤᠯᠠ ᠦᠢ᠍ᠯᠡᠳᠣᠯ᠎ᠲᠠᠢ᠃
ᠭᠤᠷᠪᠠ᠂ ᠮᠣᠩᠭᠤᠯᠴᠤᠳ᠎ᠤᠨ ᠣᠯᠠᠮᠵᠢᠯᠠᠯᠳᠣ ᠨᠠᠭ᠋ᠠᠳᠣᠮ ᠲᠣᠬᠯᠠᠭ᠋ᠠᠮᠳᠤᠬᠢ ᠤᠯᠠᠮᠵᠢᠯᠠᠯ ᠪᠠ ᠣᠳᠣᠭᠢ ᠵᠢ ᠤᠶᠠᠯᠳᠤᠭᠤᠯᠵᠤ ᠠᠷᠠᠳ᠎ᠤᠨ ᠠᠮᠠᠨ ᠨᠠᠶ᠋ᠢᠷᠠᠭ᠎ᠤᠨ ᠰᠤᠷᠭ᠋ᠠᠨ ᠬᠥᠮᠥᠵᠢᠭᠦᠯᠬᠦ ᠣᠷ᠎ᠠ ᠴᠢᠳᠠᠪᠤᠷᠢ ᠦᠢ᠍ᠯᠡᠳᠤᠯ᠎ᠢ ᠴᠢᠳᠠᠮᠠᠭ᠋ᠠᠢ ᠠᠰᠢᠬᠯᠠᠭ᠍ᠣ ᠵᠢ ᠴᠢᠬᠤᠯᠠᠴᠢᠯᠠᠪᠠᠯ ᠵᠤᠬᠢᠨ᠎ᠠ
ᠭᠦᠮᠣᠰ᠎ᠤᠨ ᠵᠡᠩ ᠲᠠᠳᠬᠠᠯ᠂ ᠭᠡᠪ ᠴᠢᠨᠠᠷ᠎ᠨᠢ ᠶᠡᠷᠦᠳᠡᠬᠡᠨ ᠪᠠᠭ᠎ᠠ ᠵᠢᠨ ᠥᠶ᠎ᠡ᠎ᠳᠤ᠎ᠪᠠᠨ ᠭᠡᠪᠰᠢᠨ ᠲᠤᠭᠳᠠᠳᠠᠬ᠃ ᠶᠣᠰᠣ ᠵᠠᠩᠰᠢᠯ᠂ ᠵᠡᠩ ᠥᠢ᠍ᠯᠨ ᠵᠢᠨ ᠭᠥᠮᠥᠵᠢᠯ ᠭᠢᠭᠦ᠎ᠳᠤ᠎ᠪᠠᠨ ᠮᠡᠨᠳᠥ ᠠᠰᠠᠭᠤᠬᠤ᠂ ᠪᠡᠯᠡᠭ ᠲᠣᠰᠬᠤ᠂ ᠶᠠᠪᠤᠬᠤ ᠰᠠᠭᠤᠬᠤ᠎ᠠᠴᠠ ᠠ᠋ᠭᠢᠯᠡᠭᠡᠳ ᠠᠬᠠᠮᠠᠳ᠎ᠲᠠᠢ᠎ᠪᠠᠨ ᠮᠡᠨᠳᠤᠴᠢᠯᠡᠭᠦ ᠨᠠᠭ᠋ᠠᠳᠤ ᠵᠠᠬ᠎ᠠ ᠵᠢᠨ ᠶᠣᠰᠤ ᠰᠤᠷᠲᠠᠭ᠍ᠤᠨ᠂ ᠵᠡᠩ ᠲᠠᠳᠬᠠᠯ᠎ᠤᠨ ᠭᠥᠮᠣᠵᠢᠯᠢ ᠬᠡᠪᠰᠢᠭᠦᠯᠬᠦ ᠭᠡᠷᠡᠭᠳᠡᠢ᠃ ᠵᠢᠱ᠌ᠢᠶᠡᠯᠡᠪᠡᠯ᠂ ᠥᠭᠡ ᠭᠡᠯᠡᠨ᠎ᠤ ᠬᠢᠴᠢᠶᠡᠯ᠎ᠳᠤ ᠠᠷᠠᠳ᠎ᠤᠨ ᠲᠣᠮᠤᠭ᠂ ᠵᠤᠭ᠎ᠠ ᠥᠭᠡ᠂ ᠵᠢᠷᠤᠭ᠎ᠠ ᠥᠭᠡ᠎ᠠᠴᠠ ᠠ᠋ᠭᠢᠯᠡᠭᠡᠳ ᠠᠷᠠᠳ᠎ᠤᠨ ᠵᠡᠩ ᠲᠠᠳᠬᠠᠯ᠎ᠲᠠᠢ ᠲᠠᠨᠢᠯᠴᠠᠭ᠍ᠤ; ᠲᠤᠭ᠎ᠠ ᠲᠤᠭ᠋ᠠᠯᠠᠯ᠎ᠤᠨ ᠬᠢᠴᠢᠶᠡᠯ᠎ᠳᠤ ᠪᠤᠭᠤᠨ ᠵᠢᠷᠭᠢ᠂ ᠱᠠᠭ᠎ᠠ ᠵᠢ ᠠᠰᠢᠭᠯᠠᠨ ᠲᠤᠭ᠋ᠠᠯᠠᠯ ᠭᠢᠭᠦ᠂ ᠲᠥᠭᠡ ᠰᠦᠭᠦᠮ ᠮᠡᠲᠦ ᠠᠷᠠᠳ᠎ᠤᠨ ᠲᠤᠮᠳᠠᠭᠢ ᠲᠦᠭᠦᠮ ᠭᠡᠮᠵᠢᠯᠳᠡ ᠵᠢ ᠰᠤᠷᠬᠤ; ᠨᠡᠶ᠋ᠢᠭᠡᠮ᠎ᠤᠨ ᠬᠢᠴᠢᠶᠡᠯ᠎ᠳᠤ ᠠᠮᠤᠷ ᠠ᠋ᠷᠢᠨ ᠮᠡᠨᠳᠦᠴᠢᠯᠡᠭᠦ᠂ ᠵᠤᠴᠢᠨ ᠤᠭᠳᠤᠬᠤ᠂ ᠥᠳᠡᠭᠦ᠂ ᠰᠠᠭᠤᠬᠤ᠂ ᠶᠠᠷᠢᠬᠤ ᠵᠢ ᠰᠤᠷᠬᠤ ᠪᠠ ᠨᠤᠳᠤᠭ ᠤᠰᠤ᠂ ᠣᠷᠴᠢᠨ ᠠᠬᠤᠢ᠎ᠪᠠᠨ ᠬᠠᠶ᠋ᠢᠷᠠᠯᠠᠭ᠍ᠤ ᠬᠠᠮᠠᠭ᠋ᠠᠯᠠᠭ᠍ᠤ; ᠰᠢᠨᠵᠢᠯᠡᠬᠦ ᠤᠬᠠᠭ᠋ᠠᠨ᠎ᠤ ᠬᠢᠴᠢᠶᠡᠯ᠎ᠳᠤ ᠮᠠᠯ ᠠᠬᠤᠢ᠎ᠲᠠᠢ ᠲᠠᠨᠢᠯᠴᠠᠭ᠍ᠤ᠂ ᠨᠤᠳᠤᠭ᠎ᠤᠨ ᠠᠮᠢᠳᠠᠨ᠂ ᠤᠷᠭᠤᠮᠠᠯ᠂ ᠵᠢᠭᠦᠷᠳᠡᠨ ᠰᠢᠪᠠᠭᠤᠳ᠎ᠲᠠᠢ ᠲᠠᠨᠢᠯᠴᠠᠭ᠍ᠤ; ᠲᠠᠭᠤᠤ ᠭᠥᠭᠵᠢᠮ᠎ᠤᠨ ᠬᠢᠴᠢᠶᠡᠯ᠎ᠳᠤ ᠵᠦᠢ᠍ᠷ ᠰᠡᠴᠡᠨ ᠥᠭᠡ᠂ ᠵᠤᠭ᠎ᠠ ᠥᠭᠡ᠎ᠪᠠᠷ ᠬᠤᠭᠤᠯᠠᠢ ᠵᠢᠨ ᠲᠠᠰᠬᠠᠯ ᠭᠢᠭᠦ ᠵᠡᠷᠭᠡ᠎ᠪᠠᠷ ᠨᠠᠭ᠋ᠠᠳᠤᠮ ᠲᠣᠭᠯᠠᠭ᠋ᠠᠮ᠎ᠳᠤ᠎ᠪᠠᠨ ᠠᠷᠠᠳ᠎ᠤᠨ ᠤᠯᠠᠮᠵᠢᠯᠠᠯ᠎ᠢ ᠬᠠᠪᠰᠤᠷᠭ᠋ᠠᠪᠠᠯ ᠪᠠᠭ᠎ᠠ ᠭᠡᠤᠭᠡᠳ᠎ᠤᠨ ᠪᠤᠯᠴᠢᠩ᠎ᠤᠨ ᠬᠥᠭᠵᠢᠯᠲᠡ᠂ ᠲᠠᠨᠢᠯᠳᠠ ᠵᠢᠨ ᠴᠢᠳᠠᠪᠤᠷᠢ᠂ ᠠᠩᠬᠠᠷᠤᠯ ᠲᠦᠪᠯᠡᠷᠡᠭᠦ ᠲᠠᠪᠴᠢᠶᠠᠷᠢ᠎ᠲᠠᠢ ᠪᠡᠶ᠋ᠢᠬᠤ ᠵᠡᠷᠭᠡ ᠲᠠᠯ᠎ᠠ ᠵᠢ ᠭᠦᠮᠦᠵᠢᠭᠦᠯᠭᠦ᠎ᠳᠤ ᠥᠷ᠎ᠡ ᠠᠰᠢᠭᠲᠠᠢ ᠶᠤᠮ᠃
ᠮᠣᠩᠭᠤᠯᠴᠣᠳ᠎ᠤᠨ ᠠᠷᠠᠳ᠎ᠤᠨ ᠠᠮᠠᠨ ᠵᠤᠭᠢᠶᠠᠯ ᠮᠠᠰᠢ ᠣᠷᠳᠣ ᠣᠳᠠᠭ᠋ᠠᠨ ᠵᠢᠯ ᠵᠶ᠋ᠠᠷ ᠭᠦᠭᠵᠢᠵᠣ ᠣᠯᠠᠮᠵᠢᠯᠠᠭᠳᠠᠭᠰᠠᠭ᠋ᠠᠷ ᠢᠷᠡᠭᠰᠡᠨ ᠶᠤᠮ᠃ ᠠᠷᠡᠳ᠎ᠤᠨ ᠠᠮᠠᠨ ᠨᠠᠶ᠋ᠢᠷᠠᠭ᠎ᠨᠢ ᠭᠡᠤᠭᠡᠳ᠎ᠤᠨ ᠭᠡᠯᠡᠨ᠎ᠤ ᠴᠢᠳᠠᠪᠭᠢ ᠤᠶᠤᠨ᠎ᠤ ᠬᠥᠭᠵᠢᠯᠲᠡ ᠵᠢ ᠠᠭᠢᠭᠤᠯᠬᠤ ᠲᠡᠳᠦᠢ ᠥᠭᠡᠢ ᠲᠡᠳᠡᠨ᠎ᠤ ᠰᠡᠳᠬᠢᠬᠦᠢ ᠵᠢᠨ ᠭᠥᠭᠵᠢᠯᠳᠡ ᠵᠢ ᠨᠦᠯᠦᠭᠡᠯᠡᠵᠤ ᠲᠦᠷᠰᠦᠯᠢᠭ ᠰᠡᠳᠬᠢᠬᠦᠢ ᠵᠢᠨ ᠬᠦᠭᠵᠢᠯᠳᠡ ᠵᠢ ᠠᠭᠢᠭᠤᠯᠤᠨ᠎ᠠ᠃ ᠮᠣᠩᠭᠤᠯ ᠤᠯᠠᠮᠵᠢᠯᠠᠯᠲᠦ ᠠᠷᠠᠳ᠎ᠤᠨ ᠰᠤᠷᠭ᠋ᠠᠨ ᠭᠥᠮᠣᠵᠢᠯ᠎ᠳᠤ ᠣᠯᠨᠨ ᠶᠡᠩᠵᠤ ᠭᠡᠯᠪᠠᠷᠢ ᠪᠠᠢ᠍ᠢ᠍ᠳᠠᠬ᠎ᠤᠨ ᠨᠢᠭᠡ ᠭᠡᠯᠪᠠᠷᠢ᠎ᠨᠢ ᠣᠨᠢᠰᠤᠭ᠎ᠠ᠃ ᠠ᠋ᠨ᠋ᠨ ᠲᠣᠭᠯᠠᠭ᠋ᠠᠮ᠎ᠨᠢ ᠭᠡᠤᠭᠡᠳ᠎ᠤᠨ ᠰᠡᠳᠬᠢᠬᠦᠢ ᠵᠢᠨ ᠬᠥᠭᠵᠢᠯ᠎ᠢ ᠭᠦᠡ ᠨᠦᠯᠦᠭᠡᠯᠡᠨ᠎ᠡ᠃ ᠵᠢᠱ᠌ᠢᠶᠡᠯᠡᠪᠡᠯ᠂ 《ᠭᠡᠯ᠎ᠠ ᠵᠦᠭᠰᠢᠷᠡᠭᠦᠯᠭᠦ》᠂ 《ᠰᠡᠴᠠ ᠪᠣᠯᠢᠶᠡᠯᠳᠤᠭ᠍ᠣ》᠂ 《ᠭᠡᠣᠭᠡᠳ᠎ᠤᠨ ᠬᠤᠯᠪᠣᠭ᠎ᠠ ᠰᠢᠯᠦᠭ》᠂ 《ᠣᠨᠢᠰᠤᠭ᠎ᠠ ᠲᠠᠭ᠋ᠠᠪᠣᠷᠢ》᠂ 《ᠬᠤᠯᠣ ᠲᠣᠭ᠋ᠠᠯᠠᠭ᠍ᠣ》 ᠵᠡᠷᠭᠡ ᠠᠮᠠᠨ ᠨᠠᠶ᠋ᠢᠷᠠᠭ᠎ᠤᠨ ᠣᠯᠠᠨ ᠰᠠᠶ᠋ᠢᠬᠠᠨ ᠲᠣᠬᠯᠠᠭ᠋ᠠᠮ ᠪᠣᠯ ᠪᠠᠭ᠋ᠠᠴᠣᠳ ᠭᠡᠣᠭᠡᠳ᠎ᠤᠨ ᠦᠭᠡ ᠭᠡᠯᠠᠨ᠎ᠤ ᠪᠣᠯᠪᠠᠰᠣᠷᠡᠯ ᠲᠠᠰᠬᠠᠯ ᠪᠣᠯᠬᠤ ᠪᠦᠭᠡᠳ ᠮᠣᠩᠭᠤᠯ ᠭᠡᠯᠡᠨ᠎ᠤ ᠦᠭᠡᠰ᠎ᠤᠨ ᠰᠠᠩ᠎ᠢ ᠪᠠᠶᠠᠯᠢᠬ᠍ᠵᠢᠭᠤᠯᠬᠤ᠂ ᠣᠷᠡᠨ ᠵᠣᠭᠢᠶᠡᠯ᠎ᠤᠨ ᠣᠷᠮᠠᠰ ᠪᠢᠯᠢᠭ᠎ᠢ ᠬᠤᠷᠴᠠᠯᠠᠨ᠂ ᠵᠣᠭᠢᠶᠡᠨ ᠪᠦᠳᠣᠭᠡᠭᠦ ᠴᠢᠳᠡᠪᠣᠷᠢ ᠵᠢ ᠲᠡᠭᠡᠭᠰᠢᠯᠡᠭᠦᠯᠳᠡᠭ ᠪᠠᠶ᠋ᠢᠨ᠎ᠠ᠃ ᠮᠣᠩᠭᠤᠯᠴᠣᠳ᠎ᠤᠨ ᠠ᠋ᠳᠡᠭᠡᠷ ᠣᠯᠠᠮᠵᠢᠯᠠᠯᠳᠣ ᠭᠡᠣᠭᠡᠳ᠎ᠤᠨ ᠲᠣᠬᠯᠠᠭ᠋ᠠᠮᠨᠢ ᠭᠦᠮᠣᠨ᠎ᠤ ᠣᠶᠣᠨ ᠣᠬᠠᠭ᠋ᠠᠨ᠂ ᠰᠡᠳᠭᠢᠭᠦᠢ᠎ᠶᠢᠨ ᠴᠢᠳᠡᠪᠣᠷᠢ ᠵᠢ ᠭᠦᠭᠵᠢᠭᠦᠯᠭᠦ ᠲᠠᠯ᠎ᠠ᠎ᠪᠠᠷ ᠲᠣᠪᠣᠶ᠋ᠢᠮ᠎ᠠ ᠪᠦᠭᠡᠳ ᠪᠠᠭ᠋ᠠᠴᠣᠳ ᠭᠡᠣᠭᠡᠳ᠎ᠤᠨ ᠦᠭᠡ ᠭᠡᠯᠠᠨ᠎ᠤ ᠪᠣᠯᠪᠠᠰᠣᠷᠡᠯ᠂ ᠣᠶᠣᠨ᠎ᠤ ᠭᠦᠭᠵᠢᠯᠳᠠ᠎ᠳᠤ ᠲᠣᠩ ᠰᠠᠢ᠍ᠢ᠍ᠨ ᠠᠭᠢᠭᠤᠯᠬᠤ ᠦᠢ᠍ᠯᠡᠳᠣᠯ ᠦᠵᠡᠭᠦᠯᠳᠡᠭ ᠪᠠᠶ᠋ᠢᠨ᠎ᠠ᠃
ᠲᠦᠷᠪᠡ᠂ ᠮᠣᠩᠭᠤᠯᠴᠤᠳ᠎ᠤᠨ ᠣᠯᠠᠮᠵᠢᠯᠠᠯᠳᠣ ᠨᠠᠭ᠋ᠠᠳᠣᠮ ᠲᠣᠬᠯᠠᠭ᠋ᠠᠮᠳᠤᠬᠢ ᠰᠣᠷᠭ᠋ᠠᠨ ᠭᠦᠮᠣᠵᠢᠯ᠎ᠨᠢ ᠭᠡᠤᠭᠡᠳ᠎ᠤᠨ ᠨᠠᠭ᠋ᠠᠳᠤᠮ ᠲᠣᠭᠯᠠᠭ᠋ᠠᠮ᠎ᠤᠨ ᠢᠳᠡᠪᠭᠢ ᠥᠢ᠍ᠯᠡᠳᠤᠯᠢ ᠭᠥᠢ᠍ᠴᠡᠳ ᠪᠠᠳᠠᠷᠠᠭᠤᠯᠤᠨ᠎ᠠ
ᠴᠡᠴᠡᠷᠯᠢᠭ᠎ᠤᠨ ᠭᠡᠣᠭᠡᠳ᠎ᠲᠤ ᠲᠣᠬᠯᠠᠭ᠋ᠠᠮᠤᠨ ᠭᠦᠳᠡᠯᠭᠡᠭᠡ᠎ᠨᠢ ᠵᠢᠭ᠋ᠠᠬᠤ ᠶᠠᠪᠣᠴᠠ ᠲᠣᠮᠳᠠ ᠪᠠᠭᠰᠢ᠎ᠠᠴᠠ ᠠᠮᠢᠳᠣᠯᠢᠭ ᠵᠶ᠋ᠠᠷ ᠭᠦᠳᠣᠯᠵᠣ᠂ ᠭᠡᠣᠭᠡᠳ᠎ᠤᠨ ᠲᠣᠬᠯᠠᠭ᠋ᠠᠮ ᠵᠶ᠋ᠠᠷ ᠲᠠᠮᠵᠢᠭᠤᠯᠤᠨ ᠣᠷᠮ᠎ᠠ ᠪᠠᠬ᠎ᠠ ᠵᠢ ᠭᠦᠭᠵᠢᠭᠡᠭᠦ ᠭᠡᠷᠡᠭᠳᠡᠢ᠃
ᠭᠡᠣᠭᠡᠳ᠎ᠤᠨ ᠲᠣᠬᠯᠠᠭ᠋ᠠᠮᠤᠨ ᠭᠦᠳᠡᠯᠭᠡᠭᠡᠨ ᠲᠣᠮᠳᠠ ᠭᠡᠣᠭᠡᠳ᠎ᠤᠨ ᠢᠳᠡᠪᠭᠢᠳᠡᠢ ᠣᠷᠣᠯᠴᠠᠭ᠍ᠣ ᠪᠦᠳᠦᠭᠡᠯᠴᠢ ᠴᠢᠳᠠᠪᠣᠷᠢ ᠵᠢ ᠭᠦᠮᠣᠵᠢᠭᠦᠯᠵᠣ᠂ ᠲᠡᠳᠡᠨᠡᠷ᠎ᠤᠨ ᠢᠯᠡᠷᠡᠭᠦᠯᠦᠭᠰᠡᠨ ᠠᠰᠠᠭᠤᠳᠠᠯ᠎ᠢ ᠪᠦᠳᠦᠭᠡᠯᠴᠢ᠎ᠪᠠᠷ ᠰᠢᠢ᠍ᠳᠪᠣᠷᠢᠯᠡᠭᠦᠨᠢ ᠲᠣᠩ ᠴᠢᠬᠤᠯᠠ ᠪᠠᠶ᠋ᠢᠳᠠᠭ᠃ ᠴᠡᠴᠡᠷᠯᠢᠭ᠎ᠤᠨ ᠭᠡᠣᠭᠡᠳ᠎ᠢ ᠵᠢᠭ᠋ᠠᠨ ᠰᠣᠷᠭ᠋ᠠᠬᠤ ᠶᠠᠪᠣᠴᠠ ᠲᠣᠮᠳᠠ ᠭᠡᠣᠭᠡᠳ᠎ᠤᠨ ᠲᠣᠬᠯᠠᠭ᠋ᠠᠮᠤᠨ ᠭᠦᠳᠡᠯᠭᠡᠭᠡᠨ ᠪᠣᠯ ᠲᠣᠳᠠᠭᠳᠠᠵᠣ ᠪᠣᠯᠣᠰᠢ ᠦᠭᠡᠢ ᠨᠢᠭᠡ ᠲᠦᠷᠣᠯ᠎ᠤᠨ ᠠᠭᠤᠯᠭ᠎ᠠ ᠪᠣᠯᠣᠨ᠎ᠠ᠃
ᠴᠡᠴᠡᠷᠯᠢᠭ᠎ᠤᠨ ᠭᠡᠣᠭᠡᠳ᠎ᠢ ᠭᠦᠳᠤᠯᠭᠦ᠎ᠳᠤ ᠲᠤᠭᠯᠠᠭ᠋ᠠᠮ ᠵᠶ᠋ᠠᠷ ᠲᠠᠮᠵᠢᠪᠠᠯ ᠭᠡᠣᠭᠡᠳ᠎ᠤᠳ ᠲᠣᠰ ᠭᠦᠳᠡᠯᠭᠡᠭᠡᠨ᠎ᠳᠤ ᠣᠷᠣᠯᠴᠠᠭ᠍ᠣ ᠣᠷᠮᠠᠳᠡᠢ ᠪᠠᠶ᠋ᠢᠵᠣ᠂ ᠲᠣᠶ᠋ᠢᠯ᠎ᠤᠨ ᠢᠳᠡᠪᠭᠢᠳᠡᠢ᠎ᠪᠠᠷ ᠠᠰᠠᠭᠤᠳᠠᠯ᠎ᠢ ᠪᠦᠳᠦᠭᠡᠯᠴᠢ᠎ᠪᠠᠷ ᠰᠢᠢ᠍ᠳᠪᠣᠷᠢᠯᠡᠭᠦ᠂ ᠭᠡᠷᠡᠭ ᠪᠣᠳᠠᠰ᠎ᠢ ᠠᠳᠠᠯᠢ ᠪᠣᠰᠣ ᠠᠷᠭ᠎ᠠ᠎ᠪᠠᠷ ᠵᠠᠳᠠᠯᠵᠣ ᠦᠢ᠍ᠯᠠᠭ᠋ᠠᠬᠤ ᠪᠣᠯᠣᠨ᠎ᠠ᠃ ᠵᠠᠷᠢᠮ ᠪᠠᠭᠰᠢ ᠵᠢᠨ ᠦᠵᠡᠭᠦ᠎ᠪᠠᠷ᠂ ᠭᠡᠣᠭᠡᠳ᠎ᠲᠤ ᠠᠰᠠᠭᠤᠳᠠᠯ᠎ᠢ ᠰᠢᠢ᠍ᠳᠪᠣᠷᠢᠯᠡᠭᠦ ᠠᠷᠭ᠎ᠠ ᠵᠢ ᠰᠢᠭᠤᠳ ᠭᠡᠯᠡᠵᠣ ᠦᠭᠭᠦ᠂ ᠴᠢᠳᠬᠤᠮᠠᠯ ᠵᠶ᠋ᠠᠷ ᠮᠡᠳᠡᠯᠭᠡ ᠵᠢᠭ᠋ᠠᠪᠡᠯ ᠲᠡᠳᠡᠨᠣᠰ᠎ᠤᠨ ᠴᠠᠭ ᠪᠠ ᠭᠦᠴᠣᠨ᠎ᠢ ᠠᠷᠪᠢᠯᠠᠨ᠎ᠠ ᠭᠡᠵᠣ ᠦᠵᠡᠳᠡᠭ᠃ ᠮᠢᠨᠣ ᠦᠵᠡᠭᠦ᠎ᠪᠠᠷ ᠨᠢᠭᠡ ᠠᠷᠡᠳ᠎ᠤᠨ ᠪᠠᠭᠰᠢ ᠪᠣᠯᠣᠬᠰᠠᠨᠤ ᠬᠤᠪᠢ᠎ᠳᠤ ᠢᠡᠭᠭᠢᠵᠣ ᠭᠡᠣᠭᠡᠳ᠎ᠲᠤ ᠬᠠᠨᠳᠣᠬᠤ᠎ᠨᠢ ᠲᠠᠭ᠋ᠠᠷᠠᠭ᠍ᠣ ᠦᠭᠡᠢ᠂ ᠪᠢᠳᠡ ᠵᠠᠪᠠᠯ ᠦᠨᠡᠨ ᠪᠣᠳᠡᠳᠡᠢ᠂ ᠨᠠᠷᠢᠨ ᠭᠢᠨᠠᠮᠠᠭ᠋ᠠᠢ᠎ᠪᠠᠷ ᠭᠡᠣᠭᠡᠳ ᠪᠤᠯᠭ᠋ᠠᠨ᠎ᠢ ᠴᠢᠷᠮᠠᠶ᠋ᠢᠨ ᠭᠦᠮᠣᠵᠢᠭᠦᠯᠪᠠᠯ ᠵᠤᠬᠢᠨ᠎ᠠ᠃ ᠨᠠᠭ᠋ᠠᠳᠣᠮ ᠲᠣᠬᠯᠠᠭ᠋ᠠᠮᠳᠤ ᠲᠣᠷᠡᠳᠡᠢ ᠪᠠᠶ᠋ᠢᠬᠤ ᠪᠣᠯ ᠭᠡᠣᠭᠡᠳ᠎ᠤᠨ ᠲᠦᠷᠦᠯᠭᠢ ᠣᠨᠴᠠᠯᠢᠭ ᠪᠣᠯᠬᠤ ᠶᠤᠮ᠃ ᠮᠦᠨ ᠴᠦ᠍ ᠭᠡᠣᠭᠡᠳ ᠮᠡᠳᠡᠯᠭᠡ᠎ᠪᠠᠨ ᠨᠡᠮᠡᠭᠳᠡᠭᠦᠯᠭᠦ᠂ ᠣᠷᠴᠢᠨ ᠲᠣᠭᠤᠷᠢᠨ᠎ᠳᠤ᠎ᠬᠢ ᠪᠣᠳᠠᠰ᠎ᠤᠨ ᠲᠠᠨᠢᠯᠳᠠ᠎ᠪᠠᠨ ᠲᠡᠭᠡᠭᠰᠢᠯᠡᠭᠦᠯᠭᠦ ᠠᠷᠭ᠎ᠠ ᠪᠠᠷᠢᠯ ᠪᠣᠯᠣᠨ᠎ᠠ᠃ ᠠ᠋ᠶ᠋ᠢᠮᠣ᠎ᠠᠴᠠ ᠴᠡᠴᠡᠷᠯᠢᠭ᠎ᠤᠨ ᠵᠢᠭ᠋ᠠᠨ ᠰᠣᠷᠭ᠋ᠠᠯᠳᠠ ᠵᠢᠨ ᠶᠠᠪᠣᠴᠠ ᠲᠣᠮᠳᠠ᠎ᠪᠠᠨ ᠭᠡᠣᠭᠡᠳ᠎ᠤᠨ ᠨᠠᠭ᠋ᠠᠳᠣᠮ ᠲᠣᠬᠯᠠᠭ᠋ᠠᠮᠤᠨ ᠭᠦᠳᠡᠯᠭᠡᠭᠡ᠎ᠨᠢ ᠢᠯᠡᠭᠦᠭᠡᠨ ᠦᠷᠨᠢᠭᠦᠯᠭᠦ ᠭᠡᠷᠡᠭᠳᠠᠢ᠃ ᠭᠡᠣᠭᠡᠳ ᠨᠠᠭ᠋ᠠᠳᠣᠮ ᠲᠣᠬᠯᠠᠭ᠋ᠠᠮᠤᠨ ᠭᠦᠳᠡᠯᠭᠡᠭᠡᠨ᠎ᠤ ᠲᠣᠮᠳᠠ ᠠᠶᠠᠨᠳᠠᠭ᠋ᠠᠨ ᠲᠤᠭᠯᠠᠭ᠋ᠠᠮ᠎ᠤᠨ ᠲᠦᠷᠢᠮ ᠲᠣᠬᠳᠠᠭ᠋ᠠᠯᠢᠲᠠᠭᠠᠨ ᠡᠵᠡᠮᠰᠢᠳᠡᠭ᠃ ᠲᠡᠳᠡᠨᠡᠷ᠎ᠤᠨ ᠲᠤᠭᠯᠠᠭ᠋ᠠᠮ᠎ᠤᠨ ᠲᠣᠮᠳᠠᠭᠢ ᠢᠳᠡᠪᠭᠢᠳᠣ ᠰᠠᠶ᠋ᠢᠨ ᠢᠯᠡᠷᠡᠯ᠎ᠨᠢ ᠦᠨᠡᠨ᠎ᠳᠤ᠎ᠪᠠᠨ ᠨᠠᠶ᠋ᠢᠭᠡᠮ᠎ᠤᠨ ᠣᠷᠴᠢᠨ ᠲᠣᠭᠤᠷᠢᠨ᠎ᠳᠤ ᠲᠠᠰᠴᠣ ᠪᠠᠶ᠋ᠢᠭ᠎ᠠ ᠵᠢᠨ ᠢᠯᠡᠷᠡᠯ ᠪᠣᠯᠣᠨ᠎ᠠ᠃ ᠭᠡᠤᠭᠡᠳ ᠲᠣᠬᠯᠠᠭ᠋ᠠᠮᠤᠨ ᠭᠦᠳᠡᠯᠭᠡᠭᠡᠨ ᠵᠶ᠋ᠠᠷ ᠳᠠᠮᠵᠢᠨ ᠨᠠᠶ᠋ᠢᠭᠡᠮᠢ ᠲᠠᠨᠢᠵᠣ᠂ ᠨᠠᠶ᠋ᠢᠭᠡᠮᠢ ᠣᠶ᠋ᠢᠯᠠᠭ᠋ᠠᠵᠣ ᠪᠠᠢ᠍ᠢ᠍ᠳᠠᠬ᠃
ᠥᠷ᠎ᠡ ᠭᠡᠤᠭᠡᠳ ᠵᠶ᠋ᠠᠨ ᠠ᠋ᠷᠡᠭᠦᠯ ᠪᠡᠶ᠎ᠡ᠂ ᠰᠠᠷᠠᠭᠤᠯ ᠤᠬᠠᠭ᠋ᠠᠨ᠎ᠲᠠᠢ ᠪᠥᠷᠢᠨ ᠪᠥᠳᠥᠨ ᠭᠥᠮᠥᠨ ᠪᠣᠯᠭ᠋ᠠᠬᠤ ᠭᠥᠮᠣᠵᠢᠯ ᠭᠢᠭᠦ᠎ᠳᠤ᠎ᠪᠠᠨ ᠪᠡᠶ᠎ᠡ ᠮᠠᠭ᠍ᠠᠪᠤᠳ᠎ᠤᠨ ᠠ᠋ᠷᠡᠭᠦᠯ ᠪᠤᠶ᠋ᠢᠵᠢᠯᠳᠠ ᠵᠢ ᠠᠯᠢᠪᠠ ᠮᠡᠳᠡᠯᠭᠡ ᠴᠢᠳᠠᠪᠤᠷᠢ ᠵᠢᠨ ᠰᠠᠭᠤᠷᠢ ᠪᠤᠯᠭ᠋ᠠᠨ ᠴᠢᠬᠤᠯᠠᠴᠢᠯᠠᠳᠠᠭ ᠮᠤᠩᠭᠤᠯᠴᠤᠳ ᠮᠠᠨᠢ 《ᠠ᠋ᠷᠡᠭᠦᠯ ᠪᠡᠶ᠎ᠡ᠎ᠳᠤ ᠰᠠᠷᠠᠭᠤᠯ ᠣᠬᠠᠭ᠋ᠠᠨ》 ᠭᠡᠵᠦ ᠦᠵᠡᠳᠡᠭ᠃ ᠭᠡᠳᠡᠯ᠎ᠡ ᠣᠳᠣᠭᠢ ᠬᠤᠳᠠᠴᠢᠯᠠᠯᠳᠠ ᠵᠢᠨ ᠴᠠᠭ ᠠ᠋ᠷᠡᠨ᠎ᠳᠤ ᠬᠦᠮᠦᠰ ᠰᠠᠭᠤᠷᠢᠰᠢᠮᠠᠯ ᠠᠮᠢᠳᠤᠷᠠᠯ ᠭᠢᠵᠤ ᠭᠡᠤᠭᠡᠳ ᠬᠠᠷᠠᠭ᠎ᠠ ᠲᠡᠯᠭᠡᠭᠰᠡᠨ ᠲᠠᠯ᠎ᠠ᠎ᠠᠴᠠ᠎ᠪᠠᠨ 《ᠠᠯᠠᠭ᠋ᠠᠨ ᠭᠢᠷᠢ》 ᠴᠡᠴᠡᠷᠯᠢᠭ᠎ᠤᠨ ᠭᠥᠷᠢᠶᠡᠨ᠎ᠳᠤ ᠥᠰᠴᠦ ᠦᠨᠳᠡᠢ᠍ᠢ᠍ᠭᠦ ᠪᠣᠯᠵᠠᠢ᠃ ᠠ᠋ᠨ᠋ᠨ᠎ᠨᠢ ᠭᠡᠤᠭᠡᠳ᠎ᠤᠨ ᠬᠠᠷᠠᠭ᠎ᠠ᠂ ᠪᠤᠳᠤᠯ ᠰᠡᠳᠬᠢᠬᠦᠢ ᠵᠢ ᠬᠢᠵᠠᠭ᠋ᠠᠷᠯᠠᠳᠠᠬ᠃ ᠠ᠋ᠶ᠋ᠢᠮᠤ᠎ᠠᠴᠠ ᠴᠡᠴᠡᠷᠯᠢᠭ᠎ᠤᠨ ᠰᠤᠷᠭ᠋ᠠᠨ ᠭᠥᠮᠣᠵᠢᠯ᠎ᠳᠤ ᠠᠷᠠᠳ᠎ᠤᠨ ᠰᠣᠷᠭ᠋ᠠᠨ ᠬᠥᠮᠥᠵᠢᠭᠦᠯᠬᠦ ᠵᠦᠢ᠎ᠳᠤ᠎ᠬᠢ ᠭᠡᠤᠭᠡᠳ᠎ᠤᠨ ᠲᠣᠭᠯᠠᠭ᠋ᠠᠮ᠎ᠢ ᠵᠣᠭᠢᠬᠤ ᠭᠡᠮᠵᠢᠶ᠎ᠡ᠎ᠪᠠᠷ ᠤᠶᠠᠯᠳᠤᠭᠤᠯᠤᠨ ᠠᠰᠢᠭᠯᠠᠵᠤ ᠭᠡᠤᠭᠡᠳ᠎ᠤᠨ ᠪᠡᠶ᠎ᠡ ᠪᠢᠯᠳᠠᠷ᠎ᠤᠨ ᠠ᠋ᠷᠡᠭᠦᠯ ᠪᠤᠶ᠋ᠢᠵᠢᠯᠳᠠ᠂ ᠣᠶᠣᠨ ᠰᠡᠳᠭᠢᠭᠦᠢ ᠵᠢᠨ ᠭᠥᠭᠵᠢᠯᠳᠡ ᠵᠢ ᠠᠭᠢᠭᠤᠯᠬᠤ᠎ᠳᠤ ᠦᠢ᠍ᠯᠡᠴᠢᠯᠡᠭᠦᠯᠬᠦ᠎ᠪᠠᠷ ᠴᠢᠷᠮᠠᠶ᠋ᠢᠪᠠᠯ ᠵᠤᠬᠢᠨ᠎ᠠ᠃
ᠲᠠᠪᠤ᠂ ᠮᠣᠩᠭᠤᠯ ᠴᠡᠴᠡᠷᠯᠢᠭ᠎ᠤᠨ ᠭᠡᠣᠭᠡᠳ᠎ᠢ ᠦᠨᠳᠣᠰᠣᠳᠡᠨ᠎ᠤ ᠣᠯᠠᠮᠵᠢᠯᠠᠯᠳᠣ ᠨᠠᠭ᠋ᠠᠳᠣᠮ ᠲᠣᠬᠯᠠᠭ᠋ᠠᠮᠤᠨ ᠰᠣᠶᠣᠯ᠎ᠤᠨ ᠲᠣᠮᠳᠠ ᠭᠦᠮᠣᠵᠢᠭᠦᠯᠭᠦ ᠵᠢ ᠴᠢᠬᠤᠯᠠᠴᠢᠯᠠᠭ᠍ᠣ ᠭᠡᠷᠡᠭᠳᠠᠢ
ᠭᠡᠣᠭᠡᠳ᠎ᠤᠨ ᠲᠣᠬᠯᠠᠭ᠋ᠠᠮ ᠪᠣᠯ ᠴᠡᠴᠡᠷᠯᠢᠭ᠎ᠤᠨ ᠭᠡᠣᠭᠡᠳ᠎ᠤᠨ ᠪᠡᠶ᠎ᠡ ᠰᠡᠳᠭᠢᠴᠠ ᠵᠢᠨ ᠭᠦᠭᠵᠢᠯᠳᠠ ᠵᠢᠨ ᠵᠢᠮ᠎ᠠ ᠶᠣᠰᠣᠨ᠎ᠳᠤ ᠨᠠᠶ᠋ᠢᠴᠡᠭᠰᠡᠨ ᠦᠨᠳᠣᠰᠣᠨ ᠭᠦᠳᠡᠯᠭᠡᠭᠡᠨ ᠮᠦᠨ᠃ ᠮᠦᠨ ᠴᠦ᠍ ᠭᠡᠣᠭᠡᠳ ᠶᠠᠭᠤᠮ᠎ᠠ ᠵᠢ ᠲᠠᠨᠢᠬᠤ ᠤᠨᠴᠠᠭ᠋ᠠᠢ ᠠᠷᠭ᠎ᠠ ᠪᠠᠷᠢᠯ᠎ᠤᠨ ᠨᠢᠭᠡ ᠮᠦᠨ᠂ ᠭᠡᠣᠭᠡᠳ᠎ᠤᠨ ᠦᠪᠡᠷᠮᠢᠴᠠ ᠴᠢᠨᠠᠷ᠂ ᠨᠠᠶ᠋ᠢᠭᠡᠮᠴᠢ ᠴᠢᠨᠠᠷ᠂ ᠪᠦᠳᠦᠭᠡᠯᠴᠢ ᠴᠢᠳᠠᠪᠣᠷᠢ ᠵᠡᠷᠭᠡ ᠶᠠᠷᠣᠩᠭᠡᠶ᠋ᠢᠯᠡᠭᠰᠡᠨ ᠭᠡᠪ ᠴᠢᠨᠡᠷ᠎ᠢ ᠭᠦᠮᠣᠵᠢᠭᠦᠯᠭᠦ ᠪᠠ ᠭᠦᠭᠵᠢᠭᠦᠯᠭᠦ ᠰᠣᠷᠭ᠋ᠠᠨ ᠭᠦᠮᠣᠵᠢᠯ᠎ᠤᠨ ᠰᠠᠶ᠋ᠢᠨ ᠠᠷᠭ᠎ᠠ ᠪᠠᠷᠢᠯ ᠪᠣᠯᠣᠨ᠎ᠠ᠃
(ᠨᠢᠭᠡ) ᠨᠠᠭ᠋ᠠᠳᠣᠮ ᠲᠣᠬᠯᠠᠭ᠋ᠠᠮᠤᠨ ᠭᠦᠳᠡᠯᠭᠡᠭᠡᠨ ᠲᠣᠮᠳᠠ ᠭᠡᠣᠭᠡᠳ᠎ᠤᠨ ᠲᠠᠷᠢᠭᠢᠨᠤ ᠬᠤᠷᠴᠠ ᠰᠣᠷᠭᠤᠭ ᠴᠢᠨᠠᠷ ᠢᠯᠡᠳᠳᠠ ᠨᠡᠮᠡᠭᠳᠠᠵᠣ᠂ ᠠᠩᠬᠠᠷᠣᠯ᠎ᠤᠨ ᠴᠡᠭ ᠲᠦᠪᠯᠠᠷᠡᠵᠣ᠂ ᠰᠣᠷᠣᠯᠴᠠᠭ᠍ᠣ ᠣᠷᠮ᠎ᠠ ᠨᠡᠮᠡᠭᠳᠡᠵᠣ᠂ ᠣᠶᠣᠨ᠎ᠤ ᠭᠦᠳᠡᠯᠭᠡᠭᠡᠨ᠎ᠳᠤ ᠢᠳᠡᠪᠭᠢᠳᠡᠢ ᠤᠷᠤᠯᠴᠠᠵᠤ᠂ ᠮᠡᠳᠡᠯᠭᠡ ᠵᠢ ᠭᠦᠯᠢᠶᠡᠨ ᠠᠪᠬᠤ᠎ᠳᠤ ᠠᠮᠠᠷ ᠪᠣᠯᠣᠨ᠎ᠠ᠃
ᠦᠡᠭᠭᠡᠷᠡᠭᠰᠡᠨ᠎ᠳᠤ ᠪᠢᠳᠠ ᠭᠡᠣᠭᠡᠳ᠎ᠲᠤ ᠶᠠᠷᠢᠵᠤ ᠦᠭᠭᠦ ᠠ᠋ᠰᠡᠭᠦᠯ᠎ᠡ᠂ ᠠᠰᠠᠭᠤᠯᠳᠠ ᠲᠣᠷᠡᠳᠬᠤᠪᠠᠷ ᠭᠤᠣᠯ ᠪᠣᠯᠭ᠋ᠠᠵᠣ᠂ ᠪᠠᠭᠰᠢ᠎ᠪᠠᠷ ᠲᠦᠪ ᠪᠣᠯᠭ᠋ᠠᠵᠣ ᠪᠠᠶ᠋ᠢᠳᠠᠭ ᠪᠣᠯᠬᠤᠷ ᠪᠠᠭᠰᠢ ᠲᠣᠩ ᠵᠦᠳᠡᠷᠡᠭᠦ ᠮᠦᠷᠳᠡᠭᠡᠨ ᠭᠡᠣᠭᠡᠳ᠎ᠤᠨ ᠠᠩᠬᠠᠷᠣᠯ᠎ᠤᠨ ᠴᠡᠭ ᠴᠦ᠍ ᠲᠦᠪᠯᠠᠷᠡᠵᠣ ᠦᠭᠭᠦ ᠦᠭᠡᠢ ᠪᠠᠶ᠋ᠢᠳᠠᠭ᠃ ᠢᠡᠭᠭᠢᠪᠡᠯ ᠵᠢᠭ᠋ᠠᠬᠤ ᠪᠠ ᠰᠣᠷᠬᠤ ᠭᠡᠰᠡᠨ ᠵᠣᠷᠢᠯᠭ᠎ᠠ᠎ᠳᠤ᠎ᠪᠠᠨ ᠭᠦᠷᠴᠣ ᠴᠢᠳᠠᠭ᠍ᠣ ᠦᠭᠡᠢ ᠪᠣᠯᠳᠠᠭ᠂ ᠠ᠋ᠶ᠋ᠢᠮᠣ᠎ᠠᠴᠠ ᠪᠢᠳᠠ ᠣᠳᠣ ᠰᠢᠨ᠎ᠠ ᠵᠢᠭ᠋ᠠᠨ ᠰᠣᠷᠭ᠋ᠠᠬᠤ ᠠᠷᠭ᠎ᠠ ᠪᠠᠷᠢᠯ᠎ᠢ ᠠᠮᠢᠳᠣᠯᠢᠭ ᠵᠶ᠋ᠠᠷ ᠭᠡᠷᠡᠭᠯᠡᠵᠣ᠂ ᠭᠡᠣᠭᠡᠳ᠎ᠤᠨ ᠣᠶᠣᠨ᠎ᠤ ᠭᠦᠳᠡᠯᠭᠡᠭᠡᠨ᠎ᠤ ᠢᠳᠡᠪᠭᠢᠳᠡᠢ ᠴᠢᠨᠡᠷ᠎ᠢ ᠲᠠᠶ᠋ᠢᠴᠢᠯᠠᠵᠣ᠂ ᠰᠣᠷᠬᠤ ᠣᠷᠮ᠎ᠠ ᠵᠢ᠎ᠨᠢ ᠭᠦᠭᠵᠢᠭᠡᠵᠣ᠂ ᠭᠡᠣᠭᠡᠳ᠎ᠤᠨ ᠰᠣᠶᠣᠯ ᠮᠡᠳᠡᠯᠭᠡ ᠵᠢ ᠭᠦᠯᠢᠶᠡᠨ ᠠᠪᠬᠤ ᠴᠢᠳᠠᠪᠣᠷᠢ ᠵᠢ᠎ᠨᠢ ᠲᠡᠭᠡᠭᠰᠢᠯᠡᠭᠦᠯᠭᠦ ᠭᠡᠷᠡᠭᠳᠡᠢ᠃
(ᠬᠤᠶᠠᠷ) ᠨᠠᠭ᠋ᠠᠳᠣᠮ ᠲᠣᠬᠯᠠᠭ᠋ᠠᠮᠤᠨ ᠭᠦᠳᠡᠯᠭᠡᠭᠡᠨ᠎ᠤ ᠲᠦᠷᠢᠮ᠎ᠨᠢ ᠵᠠᠪᠠᠯ ᠭᠡᠣᠭᠡᠳ᠎ᠤᠨ ᠲᠣᠷ᠎ᠡ ᠪᠠᠬ᠎ᠠ ᠪᠠ ᠣᠨᠴᠠᠯᠢᠭᠲᠤ ᠲᠣᠭᠢᠷᠠᠭᠰᠡᠨ ᠪᠠᠶ᠋ᠢᠵᠣ᠂ ᠰᠢᠭᠤᠳ ᠰᠣᠨᠢᠷᠬᠠᠬᠤ᠎ᠳᠤ ᠪᠣᠳᠡᠳᠡᠢ ᠪᠠᠶ᠋ᠢᠵᠣ᠂ ᠭᠡᠣᠭᠡᠳ᠎ᠤᠨ ᠲᠣᠷ᠎ᠡ ᠰᠣᠨᠢᠷᠬᠠᠯ᠎ᠢ ᠭᠦᠨ ᠲᠠᠳᠠᠭᠰᠡᠨ ᠪᠠᠶ᠋ᠢᠬᠤ ᠭᠡᠷᠡᠭᠳᠡᠢ᠃
ᠲᠣᠬᠯᠠᠭ᠋ᠠᠮᠤᠨ ᠭᠦᠳᠡᠯᠭᠡᠭᠡᠨ ᠲᠣᠮᠳᠠ ᠭᠡᠣᠭᠡᠳ ᠵᠶ᠋ᠠᠷ ᠭᠤᠣᠯ ᠲᠣᠬᠯᠠᠭᠴᠢ᠎ᠪᠠᠨ ᠪᠣᠯᠭ᠋ᠠᠬᠰᠠᠨ ᠲᠣᠬᠯᠠᠭ᠋ᠠᠮᠢ ᠲᠣᠭᠢᠷᠡᠭᠤᠯᠬᠤ ᠴᠢᠬᠤᠯᠠᠳᠡᠢ᠃ ᠵᠢᠱ᠌ᠢᠶᠡᠯᠡᠪᠡᠯ᠄ ᠭᠡᠯᠡᠨ᠎ᠤ ᠪᠣᠯᠪᠠᠰᠣᠷᠡᠯ᠎ᠤᠨ ᠭᠦᠳᠡᠯᠭᠡᠭᠡᠨ ᠲᠣᠮᠳᠠ᠂ ᠭᠡᠣᠭᠡᠳ᠎ᠲᠤ 《ᠪᠢᠴᠢᠬᠠᠨ ᠲᠠᠣᠯᠡᠢ》 ᠭᠡᠰᠡᠨ ᠦᠯᠢᠭᠡᠷ᠎ᠢ ᠶᠠᠷᠢᠬᠤ᠎ᠳᠤ᠎ᠪᠠᠨ ᠭᠡᠣᠭᠡᠳ᠎ᠲᠤ ᠵᠦᠪᠭᠡᠨ ᠦᠯᠢᠭᠡᠷ᠎ᠢ ᠶᠠᠷᠢᠬᠤ᠎ᠠᠴᠠ ᠪᠢᠰᠢ ᠭᠤᠣᠯ ᠲᠣᠬᠯᠠᠭᠴᠢ ᠵᠢᠨ ᠭᠦᠳᠡᠯᠭᠡᠭᠡ᠎ᠨᠢ ᠭᠢᠭᠦ ᠦᠭᠡᠢ ᠪᠣᠯ ᠭᠡᠣᠭᠡᠳ ᠲᠣᠰ ᠭᠦᠳᠡᠯᠭᠡᠭᠡᠨ᠎ᠳᠤ ᠣᠷᠮ᠎ᠠ ᠮᠠᠭᠤᠳᠡᠢ ᠪᠣᠯᠳᠠᠭ᠂ ᠠ᠋ᠶ᠋ᠢᠮᠣ᠎ᠠᠴᠠ ᠲᠣᠰ ᠦᠯᠢᠭᠡᠷ᠎ᠤᠨ ᠭᠤᠣᠯ ᠲᠣᠬᠯᠠᠭᠴᠢ ᠪᠣᠯᠬᠤ 《ᠪᠢᠴᠢᠬᠠᠨ ᠲᠠᠣᠯᠡᠢ》 ᠪᠠ 《ᠴᠢᠨ᠋ᠸ᠎ᠠ》ᠵᠢ ᠭᠡᠣᠭᠡᠳ ᠵᠶ᠋ᠠᠷ ᠲᠣᠬᠯᠠᠭᠤᠯᠬᠤ ᠭᠡᠷᠡᠭᠳᠡᠢ᠂ ᠲᠡᠭᠡᠪᠡᠯ ᠭᠡᠣᠭᠡᠳ᠎ᠤᠨ ᠰᠣᠷᠣᠯᠴᠠᠭ᠍ᠣ ᠣᠷᠮ᠎ᠠ ᠵᠢ ᠭᠦᠭᠵᠢᠭᠡᠭᠦ ᠪᠣᠯᠣᠨ᠎ᠠ᠃ ᠲᠡᠷᠣᠢ ᠪᠢᠴᠢᠬᠠᠨ ᠠᠮᠢᠳᠡ᠎ᠨᠢ ᠲᠠᠭᠤᠷᠢᠶᠠᠭ᠍ᠣ ᠶᠠᠪᠣᠴᠠ ᠲᠣᠮᠳᠠ᠂ ᠭᠡᠣᠭᠡᠳ ᠲᠣᠶ᠋ᠢᠯ᠎ᠤᠨ ᠣᠷᠮ᠎ᠠ ᠪᠠᠭ᠍ᠠᠳᠡᠢ ᠪᠠᠶ᠋ᠢᠵᠣ ᠣᠷᠮ᠎ᠠ ᠰᠡᠳᠭᠢᠯᠭᠡ᠎ᠨᠢ ᠭᠦᠭᠵᠢᠵᠣ᠂ ᠲᠣᠶ᠋ᠢᠯ᠎ᠤᠨ ᠣᠷᠮᠠᠰᠢᠯ᠎ᠲᠠᠢ ᠪᠠᠶᠠᠷ ᠪᠠᠶᠠᠰᠣᠯᠲᠠᠢ᠎ᠪᠠᠷ ᠦᠯᠢᠭᠡᠷ᠎ᠤᠨ ᠠᠭᠤᠯᠭ᠎ᠠ ᠣᠳᠬ᠎ᠠ ᠵᠢ ᠡᠵᠡᠮᠰᠢᠭᠦ ᠪᠣᠯᠣᠨ᠎ᠠ᠃ ᠨᠠᠭ᠋ᠠᠳᠣᠮ ᠲᠣᠬᠯᠠᠭ᠋ᠠᠮᠤᠨ ᠭᠦᠳᠡᠯᠭᠡᠭᠡᠨ᠎ᠤ ᠲᠣᠮᠳᠠ ᠭᠡᠣᠭᠡᠳ᠎ᠤᠨ ᠢᠳᠡᠪᠭᠢᠳᠡᠢ ᠴᠢᠨᠡᠷ᠎ᠢ ᠲᠠᠶ᠋ᠢᠴᠢᠯᠠᠵᠣ᠂ ᠪᠦᠳᠦᠭᠡᠯᠴᠢ᠎ᠪᠠᠷ ᠠᠰᠠᠭᠤᠳᠡᠯ᠎ᠢ ᠢᠯᠡᠷᠡᠭᠦᠯᠵᠣ᠂ ᠦᠭᠡ ᠭᠡᠯᠡᠨ᠎ᠤ ᠢᠯᠡᠳᠭᠡᠭᠦ ᠴᠢᠳᠠᠪᠣᠷᠢ ᠵᠢ ᠲᠡᠭᠡᠭᠰᠢᠯᠡᠭᠦᠯᠵᠣ᠂ ᠮᠦᠨ ᠴᠦ᠍ ᠪᠦᠳᠦᠭᠡᠯᠴᠢ᠎ᠪᠠᠷ ᠠᠰᠠᠭᠤᠳᠡᠯ᠎ᠢ ᠰᠶ᠋ᠢᠳᠪᠣᠷᠢᠯᠡᠭᠦ ᠴᠢᠳᠠᠪᠣᠷᠢ ᠵᠢ᠎ᠨᠢ ᠲᠡᠭᠡᠭᠰᠢᠯᠡᠭᠦᠯᠣᠨ᠎ᠠ᠃ ᠠ᠋ᠶ᠋ᠢᠮᠣ᠎ᠠᠴᠠ ᠴᠡᠴᠡᠷᠯᠢᠭ᠎ᠤᠨ ᠵᠢᠭ᠋ᠠᠨ ᠰᠣᠷᠭ᠋ᠠᠯᠳᠠ ᠵᠢᠨ ᠶᠠᠪᠣᠴᠠ ᠲᠣᠮᠳᠠ᠎ᠪᠠᠨ ᠭᠡᠣᠭᠡᠳ᠎ᠤᠨ ᠨᠠᠭ᠋ᠠᠳᠣᠮ ᠲᠣᠬᠯᠠᠭ᠋ᠠᠮᠤᠨ ᠭᠦᠳᠡᠯᠭᠡᠭᠡ᠎ᠨᠢ ᠢᠯᠡᠭᠦᠭᠡᠨ ᠦᠷᠨᠢᠭᠦᠯᠭᠦ ᠵᠢ ᠭᠦᠡᠭᠭᠡᠪᠴᠢᠯᠡᠵᠣ ᠪᠣᠯᠣᠰᠢ ᠦᠭᠡᠢ ᠶᠣᠮ᠃ ᠭᠡᠣᠭᠡᠳ ᠨᠠᠭ᠋ᠠᠳᠣᠮ ᠲᠣᠬᠯᠠᠭ᠋ᠠᠮᠤᠨ ᠭᠦᠳᠡᠯᠭᠡᠭᠡᠨ᠎ᠤ ᠲᠣᠮᠳᠠ ᠮᠡᠳᠡᠯᠭᠡ ᠴᠢᠳᠠᠪᠣᠷᠢ ᠰᠣᠷᠴᠣ᠂ ᠰᠣᠷᠬᠤ ᠵᠢᠨ ᠲᠣᠮᠳᠠ᠎ᠪᠠᠨ ᠮᠡᠳᠡᠯᠭᠡ ᠡᠵᠡᠮᠰᠢᠭᠦ ᠰᠠᠶ᠋ᠢᠨ ᠰᠠᠶ᠋ᠢᠬᠠᠨ ᠣᠷᠴᠢᠨ ᠲᠣᠭᠤᠷᠢᠨ ᠪᠠ ᠭᠡᠷᠡᠭᠯᠡᠭᠡ ᠵᠢᠨ ᠨᠦᠭᠦᠴᠡᠯ᠎ᠢ ᠬᠠᠨᠭ᠌ᠭ᠋ᠠᠵᠣ ᠦᠭᠭᠦ ᠴᠢᠬᠤᠯᠠᠳᠡᠢ᠃
ᠶᠠᠷᠣᠩᠭᠡᠶ᠋ᠢᠯᠡᠪᠡᠯ᠂ ᠮᠣᠩᠭᠤᠯ ᠦᠨᠳᠣᠰᠣᠳᠡᠨ ᠪᠣᠯ ᠣᠷᠳᠣ ᠣᠳᠠᠭ᠋ᠠᠨ ᠲᠡᠣᠭᠡ᠎ᠲᠠᠢ ᠪᠣᠯᠪᠠᠰᠣᠨ ᠦᠨᠳᠣᠰᠣᠳᠡᠨ ᠶᠣᠮ᠃ ᠠᠭᠤᠣ ᠶᠡᠭᠡ ᠰᠣᠶᠣᠯ ᠪᠣᠯᠪᠠᠰᠣᠨ᠎ᠲᠠᠢ ᠦᠨᠳᠣᠰᠣᠳᠡᠨ᠎ᠤ ᠨᠢᠭᠡ ᠪᠣᠯᠣᠬᠰᠠᠨᠤ ᠬᠤᠪᠢ᠎ᠳᠤ ᠮᠣᠩᠭᠤᠯ ᠦᠨᠳᠣᠰᠣᠳᠡᠨ᠎ᠤ ᠣᠯᠠᠮᠵᠢᠯᠠᠯᠳᠣ ᠲᠣᠬᠯᠠᠭ᠋ᠠᠮᠤᠨ ᠵᠣᠶ᠋ᠢᠯ ᠮᠠᠰᠢ ᠣᠯᠠᠨ ᠵᠦᠢ᠍ᠯ ᠪᠠᠶ᠋ᠢᠳᠠᠭ᠃ ᠮᠣᠩᠭᠤᠯᠴᠣᠳ᠎ᠤᠨ ᠣᠯᠠᠮᠵᠢᠯᠠᠯᠳᠣ ᠲᠣᠬᠯᠠᠭ᠋ᠠᠮ ᠪᠣᠯ ᠮᠣᠩᠭᠤᠯ ᠦᠨᠳᠣᠰᠣᠳᠡᠨ᠎ᠤ ᠰᠣᠶᠣᠯ᠎ᠤᠨ ᠦᠪ ᠭᠦᠷᠣᠩᠭᠡ ᠵᠢᠨ ᠨᠢᠭᠡ ᠲᠦᠷᠣᠯ ᠮᠦᠨ᠃ ᠮᠦᠨ ᠴᠦ᠍ ᠣᠶᠣᠨ ᠣᠬᠠᠭ᠋ᠠᠨ᠎ᠤ ᠪᠣᠯᠪᠠᠰᠣᠨ᠎ᠤ ᠨᠢᠭᠡ ᠵᠣᠶ᠋ᠢᠯ ᠮᠦᠨ᠃ ᠮᠣᠩᠭᠤᠯᠴᠣᠳ᠎ᠤᠨ ᠣᠯᠠᠮᠵᠢᠯᠠᠯᠳᠣ ᠲᠣᠬᠯᠠᠭ᠋ᠠᠮ ᠪᠣᠯ ᠮᠣᠩᠭᠤᠯ ᠦᠨᠳᠣᠰᠣᠳᠡᠨ᠎ᠤ ᠨᠠᠶ᠋ᠢᠭᠡᠮ᠎ᠤᠨ ᠪᠣᠳᠡᠰ᠎ᠤᠨ ᠠᠮᠢᠳᠣᠷᠡᠯ ᠪᠠ ᠣᠶᠣᠨ ᠣᠬᠠᠭ᠋ᠠᠨ᠎ᠤ ᠪᠣᠯᠪᠠᠰᠣ᠎ᠨᠢ ᠨᠢᠭᠡ ᠲᠠᠯ᠎ᠠ᠎ᠪᠠᠷ ᠲᠦᠪᠯᠡᠷᠡᠭᠦᠯᠣᠨ ᠲᠣᠰᠬᠠᠬᠰᠠᠨ ᠦᠪᠡᠷᠮᠢᠴᠠ ᠣᠨᠴᠠᠯᠢᠭ᠎ᠲᠠᠢ ᠮᠦᠷᠳᠡᠭᠡᠨ ᠮᠣᠩᠭᠤᠯ ᠨᠣᠳᠤᠭ᠎ᠤᠨ ᠨᠡᠶ᠋ᠢᠭᠡᠮ᠎ᠤᠨ ᠠᠮᠢᠳᠣᠷᠡᠯᠢ ᠶᠡᠮᠡᠷ ᠨᠢᠭᠡᠨ ᠲᠠᠯ᠎ᠠ᠎ᠪᠠᠷ ᠦᠨᠡᠨ ᠪᠣᠳᠡᠳᠡᠢ ᠬᠠᠷᠡᠭᠤᠯᠵᠣ ᠴᠢᠳᠠᠭᠰᠡᠨ ᠪᠠᠶ᠋ᠢᠳᠠᠭ᠃ ᠭᠡᠣᠭᠡᠳ᠎ᠤᠨ ᠲᠣᠬᠯᠠᠭ᠋ᠠᠮ ᠪᠣᠯ ᠴᠡᠴᠡᠷᠯᠢᠭ᠎ᠤᠨ ᠭᠡᠣᠭᠡᠳ᠎ᠢ ᠭᠦᠳᠣᠯᠵᠣ ᠢᠳᠡᠪᠭᠢᠳᠡᠢ ᠰᠣᠷᠣᠯᠴᠠᠭ᠍ᠣ᠂ ᠢᠳᠡᠪᠭᠢᠳᠡᠢ ᠰᠦᠪᠡᠭᠴᠢᠯᠡᠭᠦ᠂ ᠶᠠᠭᠤᠮ᠎ᠠ ᠵᠢ ᠢᠯᠡᠷᠡᠭᠦᠯᠭᠦ ᠶᠠᠪᠣᠴᠠ ᠵᠢ ᠵᠢᠯᠣᠭᠤᠳᠬᠤ ᠨᠢᠭᠡ ᠵᠣᠶ᠋ᠢᠯ᠎ᠤᠨ ᠭᠦᠳᠡᠯᠭᠡᠭᠡᠨ ᠪᠣᠯᠣᠨ᠎ᠠ᠃ ᠠ᠋ᠶ᠋ᠢᠮᠣ᠎ᠠᠴᠠ ᠪᠠᠭᠰᠢ᠂ ᠭᠡᠷ᠎ᠤᠨ ᠠᠬᠠᠮᠠᠳ᠂ ᠨᠡᠶ᠋ᠢᠭᠡᠮ ᠨᠠᠶ᠋ᠢᠳᠠ᠎ᠪᠠᠷ ᠮᠣᠩᠭᠤᠯ ᠦᠨᠳᠣᠰᠣᠳᠡᠨ᠎ᠤ ᠦᠪᠡᠷᠮᠢᠴᠠ ᠰᠠᠶ᠋ᠢᠬᠠᠨ ᠣᠯᠠᠮᠵᠢᠯᠠᠯᠳᠣ ᠲᠣᠬᠯᠠᠭ᠋ᠠᠮ ᠵᠶ᠋ᠠᠨ ᠣᠯᠠᠮᠵᠢᠯᠠᠨ ᠵᠠᠯᠭ᠋ᠠᠮᠵᠢᠯᠠᠵᠣ ᠭᠡᠣᠭᠡᠳ ᠪᠠᠭ᠋ᠠᠴᠣᠳ᠎ᠤᠨ ᠵᠶ᠋ᠠᠨ ᠣᠶᠣᠨ ᠰᠠᠨᠠᠭ᠋ᠠᠨ᠎ᠤ ᠪᠣᠯᠪᠠᠰᠣᠨ᠎ᠳᠤ ᠦᠢ᠍ᠯᠡᠴᠢᠯᠡᠭᠦᠯᠣᠶᠡ᠃
ᠬᠠᠶᠢᠬ᠄ ᠭᠠᠨᠰᠤ ᠮᠤᠵᠢ ᠵᠢᠨ ᠰᠦᠪᠸᠢ ᠵᠢᠨ ᠮᠣᠩᠭᠤᠯ ᠦᠨᠳᠣᠰᠣᠳᠡᠨ᠎ᠤ
ᠦᠪᠡᠷᠳᠡᠭᠡᠨ ᠵᠠᠰᠠᠭ᠍ᠣ ᠰᠢᠶᠠᠨ᠎ᠤ ᠬᠡᠤᠬᠡᠳ᠎ᠤᠨ ᠴᠡᠴᠡᠷᠯᠢᠭ
(ᠪᠠᠭ᠋ᠠᠨ᠎ᠠ ᠨᠠᠢ᠍ᠢ᠍ᠷᠠᠭᠤᠯᠪᠠ)
2019 ᠣᠨ᠎ᠤ 12 ᠳ᠋ᠤᠭ᠋ᠠᠷ ᠬᠤᠭᠤᠴᠠᠭ᠎ᠠ