ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠪᠠᠭᠰᠢ᠎ᠶᠢᠨ ᠬᠤᠷᠸ᠎ᠠ
ᠵᠢᠭ᠋ᠠᠬᠤ ᠰᠤᠷᠬᠤ ᠰᠣᠳᠤᠯᠬᠤ ᠵᠢᠨ ᠤᠴᠢᠷᠯᠠᠯ
ᠨᠡᠶ᠋ᠢᠲᠡᠯᠡᠭᠰᠡᠨ ᠴᠠᠭ᠄ 2019-01-11

             — ᠨᠠᠨᠵᠢᠩ᠎ᠳᠤ ᠪᠣᠯᠤᠭᠰᠠᠨ ᠪᠥᠬᠦ ᠣᠷᠤᠨ᠎ᠤ ᠮᠣᠩᠭᠤᠯ ᠵᠶ᠋ᠠᠷ ᠬᠢᠴᠢᠶᠡᠯᠯᠡᠬᠦ ᠳᠣᠮᠳᠠᠳᠤ
                  ᠰᠤᠷᠭ᠋ᠠᠭᠤᠯᠢ ᠵᠢᠨ ᠨᠡᠶ᠋ᠢᠭᠡᠮ᠎ᠤᠨ ᠰᠢᠨᠵᠢᠯᠡᠭᠡᠨ᠎ᠤ ᠭᠤᠣᠯᠯᠠᠭᠴᠢ ᠪᠠᠭᠰᠢ ᠵᠢᠨ
                  ᠳᠡᠭᠡᠳᠦ ᠵᠡᠷᠭᠡ ᠵᠢᠨ ᠪᠣᠯᠪᠠᠰᠤᠷᠠᠯ᠎ᠳᠤ ᠣᠷᠤᠯᠴᠠᠭᠰᠠᠨ ᠲᠥᠷᠦᠭᠳᠡᠯ


                                                                ᠠ᠋ᠷᠳᠠᠨᠢᠪᠠᠶᠠᠷ


     《ᠨᠠᠨᠵᠢᠩ᠎ᠳᠤ ᠣᠴᠢᠵᠤ ᠮᠤᠩᠭᠤᠯ ᠪᠠᠭᠰᠢ ᠨᠠᠷ᠎ᠤᠨ ᠪᠣᠯᠪᠠᠰᠣᠷᠠᠯ᠎ᠳᠤ ᠣᠷᠣᠯᠴᠠᠬᠣ ᠭᠡᠨ᠎ᠠ?》 ᠭᠡᠬᠦ ᠰᠣᠨᠢᠭᠤᠴᠢᠯᠠᠭᠰᠠᠨ ᠠᠰᠠᠭᠤᠯᠲᠠ ᠲᠠᠭ᠋ᠠᠭᠤᠯᠵᠤ ᠪᠢ ᠠ᠋ᠷᠡᠭᠡᠯᠵᠡᠭᠡ᠎ᠲᠠᠢ᠎ᠨᠢ ᠠᠷᠭ᠎ᠠ ᠦᠭᠡᠢ ᠨᠠᠨᠵᠢᠩ᠎ᠢ ᠵᠣᠷᠢᠯ᠎ᠠ᠃ ᠤᠮᠠᠷᠠᠳᠤ ᠣᠷᠤᠨ᠎ᠳᠤ ᠬᠦᠢ᠍ᠲᠡᠨ᠎ᠤ ᠠ᠋ᠷᠴᠢ ᠴᠢᠩᠭ᠋ᠠᠷᠠᠵᠤ ᠪᠠᠶ᠋ᠢᠭᠰᠠᠨ ᠴᠤ᠌ ᠨᠠᠨᠵᠢᠩ᠎ᠳᠤ ᠬᠠᠷᠢᠨ ᠴᠡᠴᠡᠭ ᠵᠤᠯᠭ᠋ᠠᠷᠠᠭ᠋ᠠᠳᠣᠢ ᠪᠠᠶ᠋ᠢᠭᠰᠠᠨ ᠠᠵᠤᠭᠤ᠃
      ᠠ᠋ᠬᠢᠯᠡᠯᠲᠡ ᠵᠢᠨ ᠶᠤᠰᠤᠯᠠᠯ ᠪᠣᠯᠪᠠ᠃ 《ᠪᠥᠬᠦ ᠣᠷᠤᠨ᠎ᠤ ᠮᠣᠩᠭᠤᠯ ᠵᠶ᠋ᠠᠷ ᠬᠢᠴᠢᠶᠡᠯᠯᠡᠬᠦ ᠳᠣᠮᠳᠠᠳᠤ ᠰᠤᠷᠭ᠋ᠠᠭᠤᠯᠢ ᠵᠢᠨ ᠨᠡᠶ᠋ᠢᠭᠡᠮ᠎ᠤᠨ ᠰᠢᠨᠵᠢᠯᠡᠭᠡᠨ᠎ᠤ ᠭᠤᠣᠯᠯᠠᠭᠴᠢ ᠪᠠᠭᠰᠢ ᠵᠢᠨ ᠳᠡᠭᠡᠳᠦ ᠵᠡᠷᠭᠡ ᠵᠢᠨ ᠪᠣᠯᠪᠠᠰᠤᠷᠠᠯ》 ᠭᠡᠬᠦ ᠪᠣᠰᠤᠭ᠎ᠠ ᠮᠤᠩᠭᠤᠯ ᠦᠰᠦᠭ ᠬᠠᠨᠠᠨ ᠲᠠᠭᠡᠷ᠎ᠠ ᠲᠤᠷᠠᠢ᠍ᠢ᠍ᠬᠤ᠎ᠳᠤ ᠴᠥᠭᠡᠨ ᠮᠣᠩᠭᠤᠯᠴᠣᠳ ᠮᠢᠨᠢ ᠨᠠᠨᠵᠢᠩ ᠬᠤᠲᠠ᠎ᠳᠤ ᠬᠥᠯ ᠭᠢᠰᠬᠢᠵᠦ᠂ ᠮᠤᠩᠭᠤᠯ ᠬᠡᠯᠡ᠎ᠪᠠᠨ ᠰᠤᠷᠴᠤ ᠰᠤᠳᠤᠯᠤᠨ᠎ᠠ ᠭᠡᠭᠴᠢ ᠪᠠᠭ᠍ᠠᠷᠬᠠᠯᠲᠠᠢ ᠪᠦᠭᠡᠳ ᠣᠮᠤᠭᠰᠢᠯᠲᠠᠢ ᠰᠠᠨᠠᠭᠳᠠᠯ᠎ᠠ᠃
      ᠵᠢᠶᠠᠩᠰᠤ᠂ ᠨᠠᠨᠵᠢᠩ ᠪᠣᠯ ᠳᠤᠮᠳᠠᠳᠣ ᠤᠯᠤᠰ᠎ᠤᠨ ᠵᠢᠭ᠋ᠠᠨ ᠰᠤᠷᠭ᠋ᠠᠯᠳᠠ ᠵᠢᠨ ᠬᠠᠮᠤᠭ᠎ᠤᠨ ᠰᠠᠶ᠋ᠢᠨ ᠮᠤᠵᠢ ᠬᠤᠲᠠ ᠵᠢᠨ ᠨᠢᠭᠡ᠎ᠨᠢ ᠶᠤᠮ᠃ ᠬᠢᠲᠠᠳ᠎ᠤᠨ ᠲᠠᠪᠰᠢᠭᠰᠠᠨ ᠵᠢᠭ᠋ᠠᠨ ᠰᠤᠷᠭ᠋ᠠᠯᠲᠠ ᠵᠢ ᠰᠤᠷᠴᠣ ᠰᠤᠳᠤᠯᠤᠨ ᠦᠪᠡᠷ᠎ᠤᠨ ᠵᠢᠭ᠋ᠠᠨ ᠰᠤᠷᠭ᠋ᠠᠯᠲᠠ᠎ᠪᠠᠨ ᠤᠯᠠᠮ ᠲᠡᠭᠦᠯᠳᠡᠷᠵᠢᠭᠦᠯᠬᠦ᠎ᠪᠠᠷ ᠪᠦᠭᠦ ᠤᠷᠤᠨ᠎ᠤ ᠰᠢᠯᠢᠳᠡᠭ ᠬᠢᠴᠢᠶᠡᠯᠯᠡᠭᠴᠢ ᠪᠠᠭᠰᠢ ᠨᠠᠷ ᠠ᠋ᠨᠳᠠ ᠢᠷᠡᠭᠰᠡᠨ ᠠᠵᠢ᠃ ᠵᠣᠷᠢᠯᠲᠠ ᠲᠣᠳᠤᠷᠬᠠᠢ᠂ ᠠ᠋ᠭᠦᠷᠭᠡ ᠬᠦᠨᠳᠦ ᠪᠣᠯᠪᠠ᠃
      ᠠ᠋ᠨᠡ ᠤᠳᠠᠭ᠋ᠠᠨ᠎ᠤ ᠪᠣᠯᠪᠠᠰᠤᠷᠠᠯ᠎ᠢ ᠦᠪᠡᠷᠲᠡᠭᠡᠨ ᠵᠠᠰᠠᠭ᠍ᠤ ᠣᠷᠤᠨ᠎ᠤ ᠰᠤᠷᠭ᠋ᠠᠨ ᠬᠦᠮᠦᠵᠢᠯ᠎ᠤᠨ ᠲᠢᠩᠬᠢᠮ᠎ᠠᠴᠠ ᠠ᠋ᠷᠬᠢᠯᠡᠵᠦ ᠪᠠᠶ᠋ᠢᠭ᠎ᠠ ᠠᠵᠢ᠃ ᠪᠤᠯᠪᠠᠰᠤᠷᠠᠯ᠎ᠤᠨ ᠠ᠋ᠬᠢᠨ᠎ᠳᠤ ᠪᠣᠶᠠᠨᠲᠣᠭᠳᠠᠭ᠍ᠤ ᠲᠠᠷᠤᠭ᠎ᠠ ᠵᠢᠨ 《ᠤᠯᠠᠮᠵᠢᠯᠠᠯᠲᠤ ᠵᠢᠭ᠋ᠠᠬᠤ ᠠᠷᠭ᠎ᠠ ᠵᠢᠨ ᠰᠠᠭᠤᠷᠢᠨ ᠳᠡᠭᠡᠷ᠎ᠡ ᠬᠢᠴᠢᠶᠡᠯᠯᠡᠭᠡ ᠵᠢᠨ ᠦᠭᠡᠷᠡᠴᠢᠯᠡᠯᠲᠡ ᠬᠢᠬᠦ ᠬᠡᠷᠡᠭᠳᠡᠢ》 ᠭᠡᠵᠦ ᠬᠡᠯᠡᠭᠰᠡᠨ ᠦᠭᠡ᠎ᠨᠢ ᠰᠡᠳᠭᠢᠯ᠎ᠳᠤ ᠮᠠᠰᠢ ᠲᠠᠭ᠋ᠠᠯᠠᠭᠳᠠᠯ᠎ᠠ᠃ ᠣᠨᠴᠠᠭ᠋ᠠᠶ᠋ᠢᠯᠠᠨ ᠬᠡᠯᠡ ᠪᠢᠴᠢᠭ᠎ᠤᠨ ᠬᠢᠴᠢᠶᠡᠯᠯᠡᠭᠡ᠎ᠳᠤ ᠤᠯᠠᠮᠵᠢᠯᠠᠯᠲᠤ ᠵᠢᠭ᠋ᠠᠬᠤ ᠠᠷᠭ᠎ᠠ ᠲᠤᠩ ᠪᠦᠳᠦᠮᠵᠢᠲᠡᠢ ᠶᠤᠮ ᠭᠡᠵᠦ ᠪᠢ ᠦᠵᠡᠳᠡᠭ᠃ ᠪᠢᠳᠡ ᠴᠦᠮ ᠤᠯᠠᠮᠵᠢᠯᠠᠯᠲᠤ ᠵᠢᠭ᠋ᠠᠬᠤ ᠠᠷᠭ᠎ᠠ ᠵᠢᠨ ᠲᠥᠷᠦᠳᠡᠰᠦ ᠶᠤᠮ᠃ ᠬᠡᠯᠡ ᠪᠢᠴᠢᠭ ᠵᠢᠭ᠋ᠠᠬᠤ ᠠᠷᠭ᠎ᠠ ᠮᠠᠨᠢ ᠤᠳᠠᠭ᠋ᠠᠨ ᠵᠢᠯ᠎ᠤᠨ ᠵᠢᠭ᠋ᠠᠨ ᠰᠤᠷᠭ᠋ᠠᠬᠤ ᠲᠤᠷᠰᠢᠯᠭ᠎ᠠ᠎ᠠᠴᠠ ᠰᠢᠷᠭ᠋ᠠᠭᠳᠠᠨ ᠭᠠᠷᠴᠤ ᠢᠷᠡᠭᠰᠡᠨ ᠣᠬᠢ ᠰᠢᠯᠢᠳᠡᠭ ᠵᠢᠭ᠋ᠠᠬᠤ ᠠᠷᠭ᠎ᠠ ᠪᠣᠯᠬᠤᠷ ᠲᠡᠷᠡ᠎ᠨᠢ ᠬᠡᠯᠡ ᠰᠤᠷᠬᠤ ᠮᠠᠰᠢ ᠲᠣᠬᠢᠷᠠᠮᠵᠢᠲᠠᠢ ᠠᠷᠭ᠎ᠠ ᠮᠦᠨ ᠭᠡᠵᠦ ᠪᠢ ᠦᠵᠡᠨ᠎ᠠ᠃ ᠮᠦᠨ ᠬᠦ᠌ ᠮᠣᠩᠭᠤᠯ ᠬᠡᠯᠡ ᠪᠣᠯ ᠦᠪᠡᠷ᠎ᠤᠨ ᠣᠨᠴᠠᠯᠢᠭ᠎ᠲᠠᠢ᠂ ᠦᠪᠡᠷ᠎ᠤᠨ ᠬᠥᠭᠵᠢᠯ᠎ᠤᠨ ᠵᠢᠮ᠎ᠡ ᠬᠠᠤᠯᠢ᠎ᠲᠠᠢ ᠬᠡᠯᠡ ᠪᠣᠯᠬᠤᠷ ᠦᠪᠡᠷ᠎ᠤᠨ ᠬᠡᠰᠡᠨ ᠵᠢᠭ᠋ᠠᠬᠤ ᠠᠷᠭ᠎ᠠ᠂ ᠰᠤᠷᠬᠤ ᠠᠷᠭ᠎ᠠ᠎ᠲᠠᠢ ᠪᠠᠶ᠋ᠢᠬᠤ᠎ᠨᠢ ᠶᠠᠷᠢᠶᠠᠨ ᠦᠭᠡᠢ᠃ ᠠ᠋ᠨᠠ᠎ᠨᠢ 《ᠬᠠᠭᠤᠴᠢᠨ ᠵᠶ᠋ᠠᠨ ᠪᠠᠷᠢᠮᠲᠠᠯᠠᠵᠤ᠂ ᠮᠣᠵᠢᠭᠤᠳᠠᠯᠠᠵᠤ ᠪᠠᠢ᠍ᠢ᠍ᠭ᠎ᠠ》 ᠬᠡᠷᠡᠭ ᠪᠢᠰᠢ᠃ ᠪᠢ ᠤᠯᠠᠮᠵᠢᠯᠠᠯᠲᠤ ᠵᠢᠭ᠋ᠠᠬᠤ ᠠᠷᠭ᠎ᠠ᠎ᠪᠠᠨ ᠪᠠᠷᠢᠮᠲᠠᠯᠠᠳᠠᠭ ᠴᠤ᠌ ᠬᠢᠴᠢᠶᠡᠯ᠎ᠤᠨ ᠦᠭᠡᠷᠡᠴᠢᠯᠡᠯᠲᠡ ᠵᠢ ᠠ᠋ᠰᠡᠷᠭᠦᠴᠡᠳᠡᠭ ᠦᠭᠡᠢ᠃ ᠨᠡᠩ ᠴᠤ᠌ ᠵᠢᠭ᠋ᠠᠬᠤ ᠠᠷᠭ᠎ᠠ ᠵᠢᠨ ᠰᠢᠨᠡᠴᠢᠯᠡᠯᠲᠡ ᠵᠢ ᠤᠤᠬᠠᠢ ᠵᠢᠨ ᠲᠠᠰᠦ ᠵᠦᠪᠰᠢᠶᠡᠷᠡᠳᠡᠭ ᠨᠢᠭᠡ᠎ᠨᠢ᠃ ᠴᠠᠭ ᠦᠶ᠎ᠡ ᠬᠤᠪᠢᠷᠠᠵᠠᠢ᠂ ᠠᠮᠢᠳᠤᠷᠠᠯ᠎ᠤᠨ ᠬᠡᠯᠪᠡᠷᠢ ᠬᠤᠪᠢᠷᠠᠵᠠᠢ᠃ ᠠ᠋ᠳᠡᠭᠡᠷ ᠬᠤᠪᠢᠷᠠᠯᠲᠠ ᠵᠢ ᠲᠠᠭ᠋ᠠᠯᠳᠤᠨ ᠬᠡᠯᠡ ᠰᠣᠶᠤᠯ᠎ᠤᠨ ᠵᠠᠷᠢᠮ ᠵᠦᠢ᠍ᠯ ᠴᠤ᠌ ᠬᠤᠪᠢᠷᠠᠵᠠᠢ᠂ ᠴᠢᠨᠠᠭᠰᠢᠯᠠᠪᠠᠯ ᠬᠡᠣᠬᠡᠳ ᠴᠤ᠌ ᠬᠤᠪᠢᠷᠠᠵᠤ ᠪᠠᠶ᠋ᠢᠨ᠎ᠠ᠃ ᠭᠠᠭᠴᠠ ᠵᠢᠱ᠌ᠢᠶ᠎ᠡ ᠲᠠᠲᠠᠭ᠍ᠤ᠎ᠳᠤ᠄ ᠮᠣᠩᠭᠤᠯ ᠦᠭᠡ ᠬᠡᠯᠡ ᠮᠠᠨᠢ ᠨᠡᠭᠦᠳᠡᠯ ᠮᠠᠯᠵᠢᠯ ᠰᠤᠶᠤᠯ᠎ᠲᠠᠢ᠎ᠪᠠᠨ ᠤᠶᠠᠯᠳᠤᠨ ᠠ᠋ᠭᠦᠰᠦᠭᠰᠡᠨ ᠦᠭᠡ ᠮᠠᠰᠢ ᠤᠯᠠᠨ ᠪᠠᠶ᠋ᠢᠳᠠᠭ᠃ ᠭᠡᠳᠡᠯ᠎ᠠ ᠠ᠋ᠳᠤᠭᠡ ᠬᠠᠰᠠᠭ ᠲᠡᠷᠭᠡ᠂ ᠬᠠᠨᠠᠲᠤ ᠭᠡᠷ᠂ ᠮᠣᠷᠢᠨ᠎ᠤ ᠵᠢᠰᠦᠮ᠂ ᠮᠠᠯ᠎ᠢ ᠨᠠᠰᠤ ᠬᠦᠢ᠍ᠰᠦ᠎ᠪᠠᠷ ᠨᠡᠷᠡᠯᠡᠬᠦ ᠁ ᠮᠡᠲᠦ ᠵᠢᠨ ᠶᠡᠷᠦ ᠵᠢᠨ ᠮᠡᠳᠡᠯᠬᠡ᠎ᠨᠢ ᠰᠤᠷᠤᠭᠴᠢᠳ᠎ᠤᠨ ᠬᠦᠨᠳᠦ ᠦᠭᠡᠰ᠎ᠤᠨ ᠵᠢᠭᠰᠠᠭ᠋ᠠᠯᠲᠠ᠎ᠳᠤ ᠣᠷᠤᠵᠠᠢ᠃ ᠬᠠᠷᠢᠨ ᠰᠢᠨ᠎ᠡ ᠴᠠᠭ᠎ᠤᠨ ᠰᠢᠨᠵᠢᠯᠡᠬᠦ ᠤᠬᠠᠭ᠋ᠠᠨ᠎ᠤ ᠨᠡᠷ᠎ᠡ ᠲᠣᠮᠢᠶ᠎ᠠ ᠵᠢ ᠰᠤᠷᠤᠭᠴᠢᠳ ᠪᠠᠭᠰᠢ᠎ᠠᠴᠠ᠎ᠪᠠᠨ ᠨᠡᠩ ᠬᠤᠷᠳᠤᠨ ᠬᠦᠯᠢᠶᠡᠨ ᠠᠪᠴᠤ ᠴᠢᠳᠠᠳᠠᠬ᠃ ᠪᠢᠳᠡ ᠴᠤ᠌ ᠵᠢᠭ᠋ᠠᠨ ᠰᠤᠷᠭ᠋ᠠᠯᠲᠠ᠎ᠳᠤ᠎ᠪᠠᠨ ᠦᠭᠡᠷᠡᠴᠢᠯᠡᠯᠲᠡ ᠬᠢᠬᠦ ᠴᠢᠬᠤᠯᠠ᠎ᠲᠠᠢ ᠪᠣᠯᠵᠠᠢ᠃ ᠠ᠋ᠢ᠍ᠢ᠍ᠮᠦᠷᠭᠦᠤ ᠪᠠᠶ᠋ᠢᠳᠠᠯ᠎ᠳᠤ ᠪᠢᠳᠡ ᠬᠡᠯᠡ ᠰᠤᠶᠤᠯ ᠵᠶ᠋ᠠᠨ ᠶᠠᠭ᠋ᠠᠬᠢᠵᠦ ᠤᠯᠠᠮᠵᠢᠯᠠᠭ᠍ᠤ ᠪᠣᠢ? ᠶᠠᠭ᠋ᠠᠬᠢᠵᠦ ᠵᠢᠭ᠋ᠠᠪᠠᠯ ᠬᠠᠮᠤᠭ᠎ᠤᠨ ᠪᠦᠳᠦᠮᠵᠢᠲᠡᠢ ᠪᠣᠢ? ᠬᠤᠪᠢᠷᠠᠯᠳᠠ ᠬᠥᠭᠵᠢᠯᠲᠡ᠎ᠲᠠᠢ ᠬᠡᠷᠬᠢᠨ ᠵᠣᠬᠢᠴᠠᠭ᠍ᠤ ᠪᠣᠢ? ᠭᠡᠳᠡᠭ᠎ᠢ ᠬᠦᠮᠦᠨ ᠪᠣᠯᠭ᠋ᠠᠨ ᠪᠣᠳᠤᠯᠬᠢᠯᠠᠭ᠍ᠤ ᠴᠠᠭ ᠪᠣᠯᠵᠠᠢ᠃ ᠨᠡᠶ᠋ᠢᠭᠡᠮ᠎ᠨᠢ ᠪᠠᠭᠰᠢ ᠵᠢ ᠵᠢᠮᠡᠯᠡᠵᠦ᠂ ᠪᠠᠭᠰᠢ᠎ᠨᠢ ᠭᠡᠷ᠎ᠤᠨ ᠠᠬᠠᠮᠠᠳ᠎ᠲᠤ ᠲᠦᠯᠬᠢᠭᠡᠳ᠂ ᠰᠤᠷᠤᠭᠴᠢ᠎ᠨᠢ ᠦᠢ᠍ᠯᠡ ᠲᠠᠮᠤ᠎ᠪᠠᠨ ᠦᠵᠡᠭᠡᠳ ᠮᠦᠨ ᠰᠤᠷᠴᠤ ᠲᠡᠶ᠋ᠢᠯᠬᠦ ᠦᠭᠡᠢ ᠪᠠᠶ᠋ᠢᠭ᠎ᠠ ᠪᠠ ᠵᠢᠭ᠋ᠠᠬᠤ ᠲᠤᠳᠤᠮ ᠦᠷ᠎ᠡ ᠳ᠋ᠦᠩ ᠠᠨᠠᠢ ᠪᠣᠯᠵᠤ ᠪᠠᠶ᠋ᠢᠭ᠎ᠠ ᠵᠢ ᠪᠢᠳᠡ ᠰᠣᠳᠤᠯᠬᠤ ᠦᠭᠡᠢ ᠪᠠᠶ᠋ᠢᠬᠤ ᠵᠢᠨ ᠠᠷᠭ᠎ᠠ ᠦᠭᠡᠢ ᠪᠣᠯᠪᠠ᠃ ᠠ᠋ᠨᠡ ᠶᠡᠭᠡ ᠬᠢᠮᠦᠷᠠᠯ᠎ᠠᠴᠠ ᠪᠢᠳᠡ ᠵᠠᠪᠠᠯ ᠲᠠᠪᠠᠵᠤ ᠭᠠᠷᠬᠤ ᠣᠴᠢᠷ᠎ᠲᠠᠢ ᠪᠣᠯᠪᠠ᠃ 《ᠬᠥᠭᠵᠢᠯᠲᠡ ᠪᠣᠯ ᠬᠠᠲᠠᠭᠤ ᠶᠣᠰᠤ》 ᠭᠡᠳᠡᠭ ᠵᠶ᠋ᠠᠷ 《ᠥᠭᠡᠷᠡᠴᠢᠯᠡᠯᠳᠡ ᠪᠣᠯ ᠵᠠᠶ᠋ᠢᠯᠠᠰᠢ ᠦᠭᠡᠢ》 ᠪᠣᠯᠵᠠᠢ᠃ ᠭᠡᠬᠦ᠎ᠳᠤ᠎ᠪᠠᠨ 《ᠵᠢᠭ᠋ᠠᠨ ᠰᠤᠷᠭ᠋ᠠᠯᠲᠠ ᠵᠢᠨ ᠥᠭᠡᠷᠡᠴᠢᠯᠡᠯᠲᠠ》 ᠭᠡᠵᠦ ᠬᠡᠳᠦᠨ ᠵᠢᠯ ᠶᠠᠷᠢᠭᠰᠠᠨ ᠪᠣᠯᠪᠠᠴᠤ ᠠᠬᠢᠴᠠ᠎ᠪᠠᠷ ᠠᠨᠠᠢ ᠪᠠᠶ᠋ᠢᠵᠤ ᠮᠦᠨ ᠯᠡ ᠰᠢᠨ᠎ᠡ ᠭᠤᠳᠣᠯ ᠠ᠋ᠮᠦᠰᠴᠦ ᠬᠠᠭᠤᠴᠢᠨ ᠵᠠᠮ ᠵᠶ᠋ᠠᠷ ᠵᠶ᠋ᠠᠨ ᠠᠯᠬᠤᠯᠠᠵᠤ ᠶᠠᠪᠤᠭ᠎ᠠ ᠦᠵᠡᠭᠳᠡᠯ ᠣᠷᠤᠰᠢᠵᠦ ᠪᠠᠶ᠋ᠢᠭ᠎ᠠ ᠶᠤᠮ᠃ ᠦᠭᠡᠷᠡᠴᠢᠯᠠᠯᠳᠠ ᠵᠢᠨ ᠰᠠᠭᠤᠷᠢ ᠪᠤᠯ ᠤᠯᠠᠮᠵᠢᠯᠠᠯ ᠶᠤᠮ᠃ ᠤᠯᠠᠮᠵᠢᠯᠠᠯᠳᠤ 《ᠦᠶᠠᠴᠢᠯᠠᠵᠤ ᠤᠨᠭ᠌ᠰᠢᠬᠤ》 ᠵᠢᠭ᠋ᠠᠨ ᠰᠤᠷᠭ᠋ᠠᠬᠤ ᠠᠷᠭ᠎ᠠ᠎ᠪᠠᠷ ᠵᠢᠱ᠌ᠢᠶᠠᠯᠠᠭᠦ᠎ᠳᠤ ᠲᠠᠷᠠ᠎ᠨᠢ ᠮᠤᠨᠭ᠌ᠭᠤᠯ ᠭᠡᠯᠠᠨ᠎ᠤ ᠲᠠᠭᠤᠳᠠᠯᠭ᠎ᠠ ᠪᠠ ᠪᠢᠴᠢᠯᠭᠡ ᠰᠠᠯᠤᠨᠭ᠌ᠬᠢᠷᠠᠭᠰᠠᠨ ᠵᠠᠯᠭ᠋ᠠᠮᠠᠯ ᠭᠡᠯᠠᠨ᠎ᠤ ᠤᠨᠴᠠᠯᠢᠬ᠎ᠲᠤ ᠵᠤᠬᠢᠴᠠᠭᠰᠠᠨ ᠬᠠᠮᠤᠭ ᠰᠢᠨᠵᠢᠯᠠᠭᠦ ᠤᠬᠠᠭ᠋ᠠᠨᠴᠢ ᠵᠢᠭ᠋ᠠᠬᠤ ᠠᠷᠭ᠎ᠠ ᠶᠤᠮ᠃ ᠬᠢᠳᠠᠳ ᠲᠦᠷᠤᠯ ᠭᠡᠯᠠᠨ᠎ᠤ 《ᠦᠰᠦᠭᠯᠡᠨ ᠤᠨᠭ᠌ᠰᠢᠬᠤ》 ᠵᠢᠭ᠋ᠠᠬᠤ ᠠᠷᠭ᠎ᠠ᠎ᠳᠤ ᠭᠡᠷᠬᠢᠨ ᠦᠨᠳᠤᠰᠤᠯᠠᠵᠤ ᠪᠤᠯᠬᠤ ᠪᠤᠢ᠃ ᠪᠢᠳᠠ ᠤᠯᠠᠮᠵᠢᠯᠠᠯ᠎ᠤᠨ ᠰᠢᠯᠢᠳᠡᠭ᠎ᠢ ᠦᠯᠠᠳᠠᠭᠡᠭᠦ ᠭᠡᠳᠡᠭ᠎ᠢ ᠵᠦᠪ ᠲᠠᠨᠢᠪᠠᠯ ᠵᠤᠬᠢᠨ᠎ᠠ᠃
      ᠵᠢᠷᠭ᠋ᠠᠯᠲᠤ ᠪᠠᠭᠰᠢ 《〈ᠨᠡᠷᠡᠲᠦ ᠪᠠᠭᠰᠢ ᠵᠢᠨ ᠠᠵᠢᠯ᠎ᠤᠨ ᠬᠠᠮᠲᠤᠯᠢᠭ〉᠎ᠤᠨ ᠪᠦᠳᠦᠭᠡᠨ ᠪᠠᠶ᠋ᠢᠭᠤᠯᠤᠯᠳᠠ ᠵᠢᠨ ᠲᠤᠬᠠᠢ》᠂ 《ᠭᠤᠣᠯᠯᠠᠭᠴᠢ ᠪᠠᠭᠰᠢ ᠵᠢᠨ ᠪᠣᠯᠪᠠᠰᠤᠷᠠᠯ ᠬᠢᠭᠡᠳ ᠪᠠᠭᠰᠢ ᠵᠢᠨ ᠲᠤᠰᠬᠠᠶ᠋ᠢᠵᠢᠯᠲᠠ》 ᠭᠡᠬᠦ ᠰᠡᠳᠦᠪ ᠵᠶ᠋ᠠᠷ ᠬᠢᠴᠢᠶᠡᠯ ᠤᠷᠣᠯ᠎ᠠ᠃ ᠦᠭᠡ ᠵᠢ ᠴᠢᠩᠭ᠎ᠠ ᠶᠠᠷᠢᠳᠠᠭ᠎ᠠᠴᠠ᠎ᠨᠢ ᠪᠣᠯᠪᠠ ᠦᠦ᠂ ᠮᠠᠰᠢ ᠢᠳᠡᠯᠢᠭ ᠰᠠᠨᠠᠭᠳᠠᠵᠤ ᠬᠦᠮᠦᠰ᠎ᠲᠤ ᠠ᠋ᠷᠴᠢᠮ ᠬᠦᠴᠦ ᠨᠡᠮᠡᠵᠦ ᠪᠠᠶ᠋ᠢᠯ᠎ᠠ᠃ 《ᠨᠡᠷᠡᠲᠦ ᠪᠠᠭᠰᠢ ᠵᠢᠨ ᠠᠵᠢᠯ᠎ᠤᠨ ᠦᠷᠦᠭᠡ》᠂ 《ᠨᠡᠷᠡᠲᠦ ᠪᠠᠭᠰᠢ ᠵᠢᠨ ᠠᠵᠢᠯ᠎ᠤᠨ ᠬᠠᠮᠲᠤᠯᠢᠭ》 ᠭᠡᠬᠦ ᠬᠤᠯᠪᠤᠭ᠎ᠠ ᠰᠦᠯᠵᠢᠶ᠎ᠡ᠎ᠪᠠᠷ ᠲᠠᠮᠵᠢᠨ ᠬᠠᠮᠲᠤᠷᠠᠨ ᠠᠵᠢᠯᠯᠠᠭ᠍ᠤ ᠠᠷᠭ᠎ᠠ ᠮᠡᠷᠭᠡᠵᠢᠯ᠎ᠤᠨ ᠲᠤᠬᠠᠢ ᠶᠠᠷᠢᠯ᠎ᠠ᠃ 《ᠨᠢᠭᠡ ᠬᠦᠮᠦᠨ᠎ᠤ ᠣᠬᠠᠭ᠋ᠠᠨ ᠵᠠᠷᠤᠭ᠋ᠠᠳ ᠬᠦᠷᠬᠦ ᠦᠭᠡᠢ᠂ ᠬᠤᠶᠠᠷ ᠬᠦᠮᠦᠨ᠎ᠤ ᠣᠬᠠᠭ᠋ᠠᠨ ᠵᠠᠷᠤᠭ᠋ᠠᠳ ᠪᠠᠷᠠᠭ᠍ᠤ ᠦᠭᠡᠢ》 ᠭᠡᠳᠡᠭ ᠵᠶ᠋ᠠᠷ ᠬᠠᠮᠵᠢᠯᠴᠠᠵᠦ ᠬᠤᠷᠰᠢᠯᠴᠠᠭ᠍ᠤ᠎ᠨᠢ ᠵᠦᠢ᠍ᠲᠡᠢ ᠰᠠᠨ᠃ 《ᠨᠠᠳᠠ᠎ᠳᠤ ᠨᠢᠭᠡ ᠠᠯᠮᠤᠷᠠᠳ᠎ᠲᠠᠢ᠂ ᠴᠢᠮ᠎ᠠ᠎ᠳᠤ ᠨᠢᠭᠡ ᠠᠯᠮᠤᠷᠠᠳ᠎ᠲᠠᠢ᠃ ᠬᠠᠷᠢᠯᠴᠠᠨ ᠰᠣᠯᠢᠯᠴᠠᠭ᠍ᠤ᠎ᠳᠤ ᠮᠦᠨ ᠯᠡ ᠨᠢᠭᠡ ᠨᠢᠭᠡ ᠠᠯᠮᠤᠷᠠᠳ᠃ ᠭᠡᠬᠦ᠎ᠳᠤ ᠨᠠᠳᠠ᠎ᠳᠤ ᠨᠢᠭᠡ ᠦᠵᠡᠯ ᠰᠠᠨᠠᠭ᠎ᠠ᠎ᠲᠠᠢ᠂ ᠴᠢᠮ᠎ᠠ᠎ᠳᠤ ᠨᠢᠭᠡ ᠦᠵᠡᠯ ᠰᠠᠨᠠᠭ᠎ᠠ᠎ᠲᠠᠢ᠂ ᠬᠠᠷᠢᠯᠴᠠᠨ ᠰᠣᠯᠢᠯᠴᠠᠪᠠᠯ ᠬᠠᠷᠢᠨ ᠬᠤᠶᠠᠷ ᠦᠵᠡᠯ ᠰᠠᠨᠠᠭ᠎ᠠ᠎ᠲᠠᠢ ᠪᠣᠯᠤᠨ᠎ᠠ》 ᠭᠡᠳᠡᠭ ᠪᠢᠯᠡ᠃ ᠬᠢᠷᠢ ᠲᠡᠩᠴᠡᠭᠰᠡᠨ ᠪᠠᠭᠰᠢ ᠪᠣᠯᠬᠤ᠂ ᠰᠠᠶ᠋ᠢᠨ ᠪᠠᠭᠰᠢ ᠪᠣᠯᠬᠤ᠂ ᠨᠡᠷᠡᠲᠦ ᠪᠠᠭᠰᠢ ᠪᠣᠯᠬᠤ ᠪᠣᠯ ᠪᠠᠭᠰᠢ ᠪᠤᠯᠭ᠋ᠠᠨ᠎ᠤ ᠮᠥᠷᠦᠭᠡᠳᠦᠯ ᠲᠡᠮᠡᠴᠡᠯ ᠪᠠᠶ᠋ᠢᠬᠤ ᠤᠴᠢᠷᠲᠠᠢ ᠪᠢᠯᠡ᠃ ᠭᠡᠬᠦ᠎ᠳᠤ᠎ᠪᠠᠨ ᠪᠠᠭᠰᠢ ᠪᠣᠯᠭ᠋ᠠᠨ ᠲᠤᠭᠤᠷᠠᠳᠠᠯ᠎ᠠ ᠮᠡᠳᠡᠵᠦ ᠪᠠᠢ᠍ᠢ᠍ᠪᠠᠴᠤ ᠪᠠᠷᠢᠮᠲᠠᠯᠠᠵᠤ ᠲᠡᠶ᠋ᠢᠯᠬᠦ ᠦᠭᠡᠢ᠎ᠠᠴᠠ ᠪᠣᠯᠵᠤ ᠵᠠᠮ ᠳᠤᠮᠳᠠ᠎ᠠᠴᠠ᠎ᠪᠠᠨ ᠪᠤᠴᠠᠳᠠᠭ᠎ᠠᠴᠠ ᠠᠮᠵᠢᠯᠲᠠ ᠵᠢᠨ ᠠᠯᠲᠠᠨ ᠳᠦᠷᠦᠭᠡ ᠵᠢ ᠲᠡᠷᠡ ᠪᠣᠯᠭ᠋ᠠᠨ ᠭᠢᠰᠭᠢᠵᠦ ᠲᠡᠶ᠋ᠢᠯᠳᠡᠭ ᠦᠭᠡᠢ᠃ ᠪᠠᠭᠰᠢ ᠵᠢᠨ ᠠᠵᠢᠯ ᠪᠣᠯ ᠤᠳᠠᠭ᠋ᠠᠨ ᠳᠠᠭ᠋ᠠᠭ᠋ᠠᠮᠠᠭ᠋ᠠᠢ ᠴᠢᠨᠠᠷ᠎ᠲᠠᠢ ᠲᠡᠰᠪᠦᠷᠢ ᠲᠡᠪᠴᠢᠶᠡᠷᠢ ᠱᠠᠭ᠋ᠠᠷᠳᠠᠭᠳᠠᠭ᠍ᠤ ᠠᠵᠢᠯ ᠮᠦᠨ᠃ ᠶᠠᠭ᠋ᠠᠷᠠᠵᠤ ᠰᠠᠨᠳᠤᠷᠴᠦ ᠦᠯᠦ ᠪᠣᠯᠬᠤ ᠪᠦᠭᠡᠳ ᠤᠷᠮ᠎ᠠ ᠬᠤᠭᠤᠷᠠᠵᠤ ᠵᠠᠮ᠎ᠠᠴᠠ᠎ᠨᠢ ᠣᠷᠬᠢᠬᠤ ᠠᠵᠢᠯ ᠤᠭᠲᠤ ᠪᠢᠰᠢ᠃ ᠲᠠᠷᠢᠶ᠎ᠠ᠎ᠪᠠᠨ 《ᠤᠷᠭᠤᠭᠤᠯᠬᠤ ᠭᠡᠳ ᠦᠭᠳᠡᠭᠡᠵᠦ》 ᠪᠣᠯᠬᠤ ᠦᠭᠡᠢ ᠶᠤᠮ ᠴᠢᠨᠢ ᠨᠡᠩ ᠴᠤ᠌ ᠬᠡᠣᠭᠡᠳ᠎ᠢ ᠬᠦᠮᠦᠵᠢᠬᠦᠯᠬᠦ᠎ᠳᠤ ᠦᠰᠦᠨ ᠪᠣᠶ᠋ᠢᠵᠢᠯᠲᠠ ᠵᠢᠨ ᠵᠢᠮ᠎ᠡ ᠬᠠᠣᠯᠢ᠎ᠳᠤ᠎ᠨᠢ ᠵᠣᠬᠢᠴᠠᠭᠤᠯᠬᠤ ᠬᠡᠷᠡᠭᠳᠡᠢ ᠶᠤᠮ᠃ ᠵᠢᠷᠭ᠋ᠠᠯᠲᠤ ᠪᠠᠭᠰᠢ ᠵᠢᠨ 《ᠬᠢᠴᠢᠶᠡᠯ᠎ᠤᠨ ᠪᠠᠷᠢᠮᠵᠢᠶ᠎ᠠ ᠵᠢ ᠴᠢᠬᠤᠯᠠᠴᠢᠯᠠᠭ᠍ᠤ》 《ᠬᠢᠴᠢᠶᠡᠯ ᠲᠥᠷᠦᠯ᠎ᠤᠨ ᠳᠤᠰᠬᠠᠢ ᠮᠡᠷᠭᠡᠵᠢᠯᠲᠡᠨ ᠪᠣᠯᠬᠤ》 ᠲᠤᠬᠠᠢ ᠶᠠᠷᠢᠭᠰᠠᠨ᠎ᠨᠢ ᠰᠡᠳᠭᠢᠯ᠎ᠳᠤ ᠭᠦᠨ ᠬᠠᠳᠠᠩᠰᠢᠯ᠎ᠡ᠃ 《ᠬᠢᠴᠢᠶᠡᠯ᠎ᠤᠨ ᠪᠠᠷᠢᠮᠵᠢᠶ᠎ᠠ ᠵᠢ ᠴᠢᠬᠤᠯᠠᠴᠢᠯᠠᠭ᠍ᠤ》 ᠵᠢ ᠪᠠᠭᠰᠢ ᠪᠣᠯᠭ᠋ᠠᠨ ᠮᠡᠳᠡᠳᠡᠭ ᠴᠤ᠌ ᠰᠣᠳᠤᠯᠵᠤ ᠬᠡᠷᠡᠭᠵᠢᠭᠦᠯᠵᠦ ᠪᠠᠶ᠋ᠢᠭ᠎ᠠ᠎ᠨᠢ ᠳᠤᠶ᠋ᠢᠯ᠎ᠤᠨ ᠴᠥᠭᠡᠨ᠃ 《ᠬᠢᠴᠢᠶᠡᠯ᠎ᠤᠨ ᠪᠠᠷᠢᠮᠵᠢᠶ᠎ᠠ》 ᠪᠣᠯ ᠮᠠᠰᠢ ᠣᠯᠠᠨ ᠬᠦᠮᠦᠨ᠎ᠤ ᠣᠢ ᠤᠬᠠᠭ᠋ᠠᠨ᠂ ᠬᠦᠴᠦ ᠬᠥᠳᠡᠯᠮᠦᠷᠢ᠎ᠪᠠᠷ ᠲᠠᠮᠵᠢᠨ ᠪᠤᠯᠪᠠᠰᠤᠷᠠᠭᠤᠯᠤᠭᠳᠠᠨ ᠭᠠᠷᠴᠤ ᠢᠷᠡᠭᠰᠡᠨ ᠵᠢᠭ᠋ᠠᠨ ᠰᠤᠷᠭ᠋ᠠᠯᠲᠠ᠂ ᠰᠤᠷᠭ᠋ᠠᠨ ᠬᠦᠮᠦᠵᠢᠯ᠎ᠳᠤ ᠲᠣᠬᠢᠷᠠᠭᠰᠠᠨ ᠵᠦᠪ ᠣᠨᠤᠪᠴᠢᠳᠤ ᠴᠢᠨᠠᠷ ᠵᠶ᠋ᠠᠷ ᠦᠨᠳᠦᠷ ᠵᠢᠭ᠋ᠠᠨ ᠰᠤᠷᠭ᠋ᠠᠯᠲᠠ ᠵᠢᠨ ᠵᠥᠭᠯᠡᠭᠦᠷ ᠪᠣᠯᠬᠤ ᠶᠤᠮ᠃ 《ᠬᠢᠴᠢᠶᠡᠯ᠎ᠤᠨ ᠪᠠᠷᠢᠮᠵᠢᠶ᠎ᠠ》 ᠵᠢ ᠠᠮᠢᠳᠤᠯᠢᠭ ᠠᠰᠢᠭᠯᠠᠵᠤ ᠬᠠᠷᠠᠯᠲᠠ᠎ᠲᠠᠢ ᠵᠢᠭ᠋ᠠᠨ ᠰᠤᠷᠭ᠋ᠠᠬᠤ᠎ᠨᠢ ᠵᠢᠭ᠋ᠠᠨ ᠰᠤᠷᠭ᠋ᠠᠯᠲᠠ ᠵᠢᠨ ᠠᠮᠵᠢᠯᠳᠠ᠎ᠳᠤ ᠭᠦᠷᠭᠦ ᠵᠠᠶ᠋ᠢᠯᠠᠰᠢ ᠦᠭᠡᠢ ᠵᠠᠮ ᠶᠤᠮ᠃ ᠬᠢᠴᠢᠶᠡᠯ ᠲᠥᠷᠦᠯ᠎ᠤᠨ ᠵᠶ᠋ᠠᠨ ᠲᠤᠰᠬᠠᠢ ᠮᠡᠷᠭᠡᠵᠢᠯᠲᠡᠨ ᠪᠣᠯᠤᠨ᠎ᠠ ᠭᠡᠳᠡᠭ ᠬᠠᠷᠢᠨ ᠬᠢᠯᠪᠠᠷ ᠪᠢᠰᠢ ᠡ᠃ ᠦᠪᠡᠷ᠎ᠤᠨ ᠳᠤᠰᠬᠠᠢ ᠮᠡᠷᠭᠡᠵᠢᠯ᠎ᠳᠤ᠎ᠪᠠᠨ ᠮᠡᠷᠭᠡᠰᠢᠵᠦ ᠴᠠᠭ᠋ᠠᠷᠠᠨ᠎ᠠ ᠭᠡᠳᠡᠭ ᠨᠦᠷᠢ ᠶᠡᠭᠡ ᠬᠥᠳᠡᠯᠮᠦᠷᠢ᠂ ᠣᠶ᠋ᠢᠭ᠎ᠠ ᠦᠭᠡᠢ ᠴᠢᠷᠮᠠᠶ᠋ᠢᠯᠭ᠎ᠠ ᠬᠡᠷᠡᠭᠳᠡᠢ᠃ ᠥᠷᠭᠦᠯᠵᠢ ᠰᠣᠳᠤᠯᠵᠤ᠂ ᠲᠠᠰᠤᠷᠠᠯ ᠦᠭᠡᠢ ᠬᠤᠷᠠᠮᠳᠤᠭᠤᠯᠵᠤ᠂ ᠢᠮᠠᠭᠲᠠ ᠵᠢᠳᠭᠦᠵᠦ ᠪᠠᠶ᠋ᠢᠵᠤ ᠲᠡᠷᠡ ᠬᠡᠮᠵᠢᠶᠡᠨ᠎ᠳᠤ ᠬᠦᠷᠬᠦ ᠵᠢ ᠵᠢᠭ᠋ᠠᠨ᠎ᠠ᠃ ᠪᠠᠭᠰᠢ ᠨᠠᠷ ᠵᠢᠭ᠋ᠠᠨ ᠰᠤᠷᠭ᠋ᠠᠬᠤ ᠶᠠᠪᠤᠴᠠ᠎ᠳᠤ᠎ᠪᠠᠨ ᠥᠪᠡᠷ᠎ᠤᠨ ᠲᠤᠰᠬᠠᠢ ᠮᠡᠷᠭᠡᠵᠢᠯ᠎ᠤᠨ ᠲᠤᠬᠠᠢ ᠣᠨᠤᠯ᠎ᠤᠨ ᠲᠤᠭᠳᠠᠯᠴᠠᠭ᠎ᠠ ᠵᠢ ᠪᠦᠷᠢᠯᠳᠦᠭᠦᠯᠪᠡᠯ ᠵᠦᠢ᠎ᠲᠠᠢ᠃ ᠪᠠᠭᠰᠢ ᠪᠤᠯᠭ᠋ᠠᠨ ᠭᠦᠦᠱ᠌ᠢ ᠪᠣᠯᠵᠤ ᠴᠢᠳᠠᠭ᠍ᠤ ᠦᠭᠡᠢ ᠴᠤ᠌ ᠲᠤᠰᠬᠠᠢ ᠮᠡᠷᠭᠡᠵᠢᠯ᠎ᠤᠨ ᠬᠤᠪᠢ᠎ᠳᠤ 《ᠥᠪᠡᠷ᠎ᠤᠨ ᠬᠡᠰᠡᠨ ᠶᠠᠭᠤᠮ᠎ᠠ᠎ᠲᠠᠢ ᠪᠠᠶ᠋ᠢᠬᠤ》᠎ᠨᠢ ᠲᠡᠭᠡᠷ᠎ᠡ ᠶᠤᠮ᠃
      ᠦᠳᠡ ᠵᠢᠨ ᠬᠤᠶ᠋ᠢᠨ᠎ᠠ᠎ᠨᠢ ᠪᠠᠭᠰᠢ ᠨᠠᠷ᠎ᠢ ᠳᠤᠭᠤᠶ᠋ᠢᠯᠠᠩ ᠬᠤᠪᠢᠶᠠᠵᠤ 《ᠠᠵᠢᠯ᠎ᠤᠨ ᠬᠠᠮᠲᠤᠯᠢᠭ》 ᠪᠠᠶ᠋ᠢᠭᠤᠯᠵᠠᠢ᠃ ᠳᠡᠭᠡᠳᠦ ᠳᠤᠮᠳᠠᠳᠤ ᠵᠢᠨ ᠬᠡᠯᠡ ᠪᠢᠴᠢᠭ᠎ᠤᠨ ᠪᠠᠭᠰᠢ ᠬᠤᠶᠠᠷ ᠳᠤᠭᠤᠶ᠋ᠢᠯᠠᠩ᠎ᠳᠤ ᠬᠤᠪᠢᠶᠠᠭᠳᠠᠯ᠎ᠠ᠃ ᠰᠤᠷᠤᠯᠴᠠᠯᠭ᠎ᠠ ᠵᠢᠨ ᠬᠤᠭᠤᠴᠠᠭ᠋ᠠᠨ᠎ᠳᠤ ᠳᠣᠭᠤᠶ᠋ᠢᠯᠠᠩ ᠵᠶ᠋ᠠᠷ ᠬᠠᠮᠵᠢᠯᠴᠠᠵᠤ ᠰᠤᠳᠤᠯᠤᠨ ᠰᠤᠷᠤᠯᠴᠠᠭ᠍ᠤ ᠠᠵᠢ᠃ ᠳᠤᠭᠤᠶ᠋ᠢᠯᠠᠩ ᠪᠠᠶ᠋ᠢᠭᠤᠯᠤᠭᠳᠠᠮᠠᠭᠴᠠ ᠦᠷᠢᠰᠦᠯᠳᠦᠭᠡᠨ ᠠ᠋ᠬᠢᠯᠡᠯ᠎ᠡ᠃ ᠣᠷᠢᠳ ᠵᠶ᠋ᠠᠷ ᠳᠣᠭᠤᠶ᠋ᠢᠯᠠᠩ ᠪᠦᠷᠢ᠎ᠳᠤ ᠨᠢᠭᠡ ᠪᠠᠭᠴᠠ ᠭᠤᠮ ᠭᠤᠤᠷᠰᠤ ᠦᠭᠴᠦ᠂ 《ᠭᠠᠷ ᠬᠥᠳᠡᠯᠦᠯᠴᠡᠵᠦ ᠬᠠᠮᠤᠭ᠎ᠤᠨ ᠦᠨᠳᠦᠷ ᠬᠠᠮᠤᠭ᠎ᠤᠨ ᠰᠠᠭᠤᠷᠢ᠎ᠲᠠᠢ ᠭᠡᠷ ᠪᠥᠲᠦᠭᠡ》 ᠭᠡᠬᠦ ᠠ᠋ᠭᠦᠷᠭᠡ ᠥᠭᠬᠦᠯ᠎ᠡ᠃ ᠰᠤᠷᠤᠭᠴᠢ ᠵᠢ ᠵᠠᠬᠢᠵᠤ 《ᠳᠣᠭᠤᠶ᠋ᠢᠯᠠᠩ᠎ᠤᠨ ᠠᠵᠢᠯᠯᠠᠭ᠋ᠠᠨ》 ᠬᠢᠯᠭᠡᠳᠡᠭ ᠪᠠᠭᠰᠢ ᠨᠠᠷ ᠠ᠋ᠨᠡ ᠠᠵᠢᠯ᠎ᠳᠤ ᠪᠠᠭ᠍ᠠᠨ ᠪᠠᠷᠢᠴᠠ ᠠᠯᠳᠠᠵᠤ ᠲᠤᠭᠳᠠᠭᠰᠠᠨ ᠴᠠᠭ᠎ᠲᠤ ᠬᠢᠷᠢ ᠲᠡᠩᠴᠡᠭᠰᠡᠨ ᠴᠢᠨᠠᠷ᠎ᠲᠠᠢ ᠰᠠᠶ᠋ᠢᠬᠠᠨ ᠭᠡᠷ ᠪᠤᠰᠬᠠᠵᠤ ᠴᠢᠳᠠᠭ᠎ᠠ ᠦᠭᠡᠢ᠎ᠨᠢ ᠭᠠᠶ᠋ᠢᠬᠠᠮᠠᠷ ᠶᠤᠮ᠃ ᠬᠡᠷᠪᠡ ᠰᠤᠷᠤᠭᠴᠢᠳ ᠵᠶ᠋ᠠᠷ ᠬᠢᠯᠭᠡᠭᠰᠡᠨ ᠪᠣᠯ ᠠ᠋ᠬᠦᠨ᠎ᠠᠴᠠ ᠠᠷᠪᠠᠨ ᠳᠠᠬᠢᠨ ᠲᠡᠭᠡᠷ᠎ᠡ ᠪᠠᠶ᠋ᠢᠬ᠎ᠠ ᠳ᠋ᠠ᠃ 《ᠪᠠᠭᠰᠢ ᠵᠢᠨ ᠬᠠᠮᠵᠢᠯᠴᠠᠭ᠎ᠠ》 ᠶᠠᠭᠤ ᠪᠤᠯᠵᠤ ᠪᠠᠢ᠍ᠢ᠍ᠨ᠎ᠠ? ᠪᠢᠳᠡᠨ᠎ᠳᠤ ᠰᠤᠷᠬᠤ ᠶᠠᠭᠤᠮ᠎ᠠ ᠣᠯᠠᠨ ᠪᠣᠢ ᠰᠢᠦ ᠳ᠋ᠠ᠃ ᠵᠠᠯᠭ᠋ᠠᠭ᠋ᠠᠳ ᠳᠣᠭᠤᠶ᠋ᠢᠯᠠᠩ᠎ᠤᠨ ᠨᠡᠷ᠎ᠡ᠂ ᠤᠷᠢᠶ᠎ᠠ᠂ ᠬᠠᠷᠠᠯᠲᠠ᠂ ᠳᠠᠭᠤᠤ᠂ ᠲᠥᠯᠦᠪᠯᠡᠭᠡ᠎ᠪᠠᠨ ᠲᠣᠭᠲᠠᠭ᠋ᠠᠨ᠎ᠠ᠃ ᠭᠠᠷ ᠬᠥᠳᠡᠯᠵᠦ ᠬᠢᠬᠦ ᠠᠵᠢᠯ᠎ᠳᠤ ᠲᠠᠭ᠋ᠠᠷᠠᠤᠬᠠᠨ ᠴᠤ᠌ ᠣᠶᠤᠨ ᠣᠬᠠᠭ᠋ᠠᠨ ᠬᠡᠷᠡᠭᠯᠡᠬᠦ ᠠᠵᠢᠯ᠎ᠳᠤ ᠪᠠᠭᠰᠢ ᠨᠠᠷ ᠬᠠᠷᠢᠨ ᠮᠠᠰᠢ ᠰᠠᠴᠠᠨ ᠮᠡᠷᠭᠡᠨ ᠶᠤᠮ᠂ ᠤᠳᠠᠯ ᠦᠭᠡᠢ ᠭᠤᠶᠤ ᠰᠠᠶ᠋ᠢᠬᠠᠨ ᠨᠡᠷ᠎ᠡ᠂ ᠢᠳᠡᠯᠢᠭ ᠬᠦᠴᠦᠲᠡᠢ ᠤᠷᠢᠶ᠎ᠠ᠂ ᠰᠡᠳᠭᠢᠯ ᠳᠣᠭᠳᠤᠯᠤᠮ᠎ᠠ ᠬᠠᠷᠠᠯᠲᠠ᠂ ᠭᠤᠴᠤ ᠲᠠᠭᠤᠤ᠂ ᠣᠢ ᠲᠣᠢ᠎ᠳᠤ ᠣᠷᠤᠮ᠎ᠠ ᠦᠭᠡᠢ ᠰᠠᠶ᠋ᠢᠨ ᠲᠥᠯᠥᠪᠯᠡᠭᠡ ᠮᠡᠨᠳᠦᠯᠡᠵᠦ᠂ ᠮᠠᠰᠢ ᠤᠷᠠᠨ ᠰᠠᠨᠠᠭ᠎ᠠ᠎ᠲᠠᠢ ᠵᠢᠷᠤᠭ ᠤᠷᠠᠯᠠᠯ᠎ᠲᠠᠢ ᠪᠥᠲᠦᠭᠡᠯ ᠭᠠᠷᠭ᠋ᠠᠨ ᠭᠠᠶ᠋ᠢᠬᠠᠭᠤᠯᠵᠠᠭ᠋ᠠᠯ᠎ᠠ᠃ ᠵᠠᠷᠢᠮ ᠳᠤᠭᠤᠶ᠋ᠢᠯᠠᠩ᠎ᠨᠢ ᠪᠦᠷ ᠴᠤ᠌ ᠦᠪᠡᠷ ᠵᠶ᠋ᠠᠨ ᠲᠠᠭᠤᠨ᠎ᠤ ᠦᠭᠡ ᠠᠶᠠᠯᠭᠤ ᠵᠣᠬᠢᠶᠠᠵᠤ ᠲᠠᠭᠤᠯᠠᠭᠰᠠᠨ᠎ᠨᠢ ᠮᠣᠨᠳᠠᠭ ᠪᠣᠯᠵᠠᠢ᠃ ᠬᠠᠷᠠᠯᠲᠠ ᠲᠥᠯᠥᠪᠯᠡᠭᠡ᠎ᠲᠠᠢ ᠪᠣᠯᠵᠠᠭ᠋ᠠᠭᠰᠠᠨ ᠪᠢᠳᠠ ᠶᠠᠭᠤ ᠬᠢᠬᠦ ᠪᠣᠢ? ᠶᠠᠭ᠋ᠠᠬᠢᠵᠦ ᠬᠢᠬᠦ ᠪᠣᠢ? ᠭᠡᠵᠦ ᠣᠬᠠᠭ᠋ᠠᠨ ᠲᠡᠯᠡᠵᠦ ᠠ᠋ᠬᠢᠯᠡᠯ᠎ᠡ ᠁
      ᠳᠠᠷᠠᠭ᠎ᠠ ᠬᠤᠶᠠᠷ ᠠ᠋ᠳᠦᠷ᠎ᠨᠢ ᠪᠢᠳᠡ ᠨᠠᠨᠵᠢᠩ᠎ᠤᠨ ᠪᠠᠭᠰᠢ ᠵᠢᠨ ᠶᠡᠭᠡ ᠰᠤᠷᠭ᠋ᠠᠭᠤᠯᠢ ᠵᠢᠨ ᠬᠠᠷᠢᠶᠠᠲᠤ ᠲᠤᠷᠰᠢᠯᠲᠠ ᠵᠢᠨ ᠳᠣᠮᠳᠠᠳᠤ ᠰᠤᠷᠭ᠋ᠠᠭᠤᠯᠢ ᠪᠠ ᠪᠦᠸᠸ ᠯᠸ ᠳᠤᠮᠳᠠᠳᠤ ᠰᠤᠷᠭ᠋ᠠᠭᠤᠯᠢ᠎ᠳᠤ ᠬᠥᠷᠴᠦ ᠬᠢᠴᠢᠶᠡᠯ ᠰᠤᠨᠤᠰᠤᠯ᠎ᠠ᠃ ᠮᠠᠨ᠎ᠤ ᠳᠣᠭᠤᠶ᠋ᠢᠯᠠᠩ᠎ᠤᠨ᠎ᠬᠢᠨ ᠬᠡᠯᠡ ᠪᠢᠴᠢᠭ᠎ᠤᠨ ᠬᠢᠴᠢᠶᠡᠯ᠎ᠢ ᠰᠣᠩᠭᠤᠵᠤ ᠰᠣᠨᠤᠰᠤᠭᠰᠠᠨ ᠪᠢᠯᠠ᠃ ᠬᠤᠶᠠᠷ ᠠ᠋ᠳᠦᠷ᠎ᠤᠨ ᠬᠢᠴᠢᠶᠡᠯ ᠰᠤᠨᠤᠰᠤᠭᠰᠠᠨ ᠶᠠᠪᠤᠴᠠ᠎ᠳᠤ ᠣᠯᠤᠭᠰᠠᠨ ᠣᠯᠤᠯᠲᠠ ᠲᠥᠷᠦᠭᠳᠡᠯ ᠪᠠᠭ᠎ᠠ ᠪᠤᠰᠤ᠃
     1. ᠬᠡᠯᠡ ᠪᠢᠴᠢᠭ᠎ᠤᠨ ᠵᠢᠭ᠋ᠠᠨ ᠰᠤᠷᠭ᠋ᠠᠯᠳᠠ᠎ᠳᠤ ᠵᠢᠮ᠎ᠠ ᠬᠠᠤᠯᠢ ᠪᠠᠶ᠋ᠢᠳᠠᠭ᠂ ᠲᠠᠷᠠ᠎ᠨᠢ ᠠᠯᠢ ᠬᠡᠯᠡᠨ᠎ᠳᠤ ᠴᠤ᠌ ᠠᠳᠠᠯᠢᠬᠠᠨ ᠭᠡᠳᠡᠭ᠎ᠢ ᠨᠡᠩ ᠬᠦᠨᠵᠡᠭᠡᠢ ᠣᠶ᠋ᠢᠯᠠᠭ᠋ᠠᠯ᠎ᠠ᠃ ᠲᠠᠷᠦᠢ ᠤᠩᠰᠢᠬᠤ᠂ ᠣᠶ᠋ᠢᠯᠠᠭ᠋ᠠᠬᠤ᠂ ᠪᠢᠴᠢᠬᠦ᠂ ᠶᠠᠷᠢᠵᠤ ᠢᠯᠡᠳᠭᠡᠬᠦ᠎ᠪᠠᠷ ᠳᠠᠮᠵᠢᠨ ᠬᠡᠯᠡ ᠪᠢᠴᠢᠭ᠎ᠤᠨ ᠮᠡᠳᠡᠯᠭᠡ ᠴᠢᠳᠠᠪᠤᠷᠢ ᠵᠢ ᠣᠯᠭᠤᠨ᠎ᠠ᠃ ᠬᠢᠲᠠᠳ᠎ᠤᠨ ᠬᠢᠴᠢᠶᠡᠯ ᠵᠢᠭ᠋ᠠᠵᠤ ᠪᠦᠬᠦᠢ ᠶᠠᠪᠤᠴᠠ ᠮᠦᠨ ᠯᠡ ᠵᠤᠬᠢᠶᠠᠭᠴᠢ ᠵᠢ ᠲᠠᠨᠢᠯᠴᠠᠭᠤᠯᠬᠤ᠂ ᠦᠭᠡ ᠥᠭᠦᠯᠡᠪᠦᠷᠢ ᠵᠢ ᠰᠢᠨᠵᠢᠬᠦ᠂ ᠠᠭᠤᠯᠭ᠎ᠠ ᠰᠠᠨᠠᠭ᠎ᠠ ᠵᠢ ᠬᠤᠷᠢᠶᠠᠩᠭᠤᠶ᠋ᠢᠯᠠᠭ᠍ᠤ᠂ ᠪᠣᠯᠪᠠᠰᠤᠷᠠᠯ ᠳᠠᠳᠤᠯᠭ᠎ᠠ ᠬᠢᠯᠭᠡᠬᠦ ᠁ ᠮᠡᠲᠤ᠎ᠪᠠᠷ ᠶᠠᠪᠤᠭᠳᠠᠵᠤ ᠪᠣᠢ᠃ ᠬᠡᠯᠡ ᠪᠢᠴᠢᠭ ᠵᠢᠭ᠋ᠠᠬᠤ ᠬᠡᠯᠪᠡᠷᠢ᠎ᠨᠢ ᠠᠳᠠᠯᠢ ᠴᠤ᠌ ᠬᠠᠷᠢᠨ ᠵᠢᠭ᠋ᠠᠬᠤ ᠠᠷᠭ᠎ᠠ ᠵᠢᠨ ᠲᠠᠯ᠎ᠠ᠎ᠪᠠᠷ ᠠᠳᠠᠯᠢ ᠪᠣᠰᠤ ᠵᠦᠢ᠍ᠯ ᠵᠦᠩᠳᠡᠭᠡᠨ ᠬᠠᠷᠠᠭᠳᠠᠵᠤ ᠪᠣᠢ᠃ ᠮᠢᠨᠦ ᠬᠡᠯᠡ ᠪᠢᠴᠢᠭ ᠵᠢᠭ᠋ᠠᠳᠠᠭ ᠵᠣᠷ ᠭᠡᠪᠡᠯ 《ᠨᠣᠮ ᠣᠩᠰᠢᠭᠤᠯᠬᠤ ᠪᠠ ᠵᠣᠬᠢᠶᠠᠯ ᠪᠢᠴᠢᠭᠦᠯᠬᠦ》 ᠠᠷᠭ᠎ᠠ ᠪᠣᠯᠤᠨ᠎ᠠ᠃ ᠰᠤᠷᠤᠭᠴᠢᠳ ᠵᠶ᠋ᠠᠷ ᠣᠯᠠᠨ ᠣᠯᠠᠨ ᠨᠣᠮ ᠣᠩᠰᠢᠭᠤᠯᠳᠠᠭ᠃ ᠰᠤᠷᠤᠭᠴᠢᠳ᠎ᠢ ᠨᠣᠮ ᠴᠤᠭᠯᠠᠭᠤᠯᠬᠤ ᠵᠠᠩᠰᠢᠯ᠎ᠲᠠᠢ ᠪᠤᠯᠭ᠋ᠠᠬᠤ᠂ ᠨᠣᠮ ᠬᠤᠳᠠᠯᠳᠤᠨ ᠠᠪᠬᠤ ᠲᠠᠳᠬᠠᠯ᠎ᠲᠠᠢ ᠪᠣᠯᠭ᠋ᠠᠬᠤ᠂ ᠨᠣᠮ ᠪᠢᠴᠢᠭ᠎ᠢ ᠬᠠᠶ᠋ᠢᠷᠠᠯᠠᠵᠤ᠂ ᠦᠷᠭᠦᠯᠵᠢ ᠣᠩᠰᠢᠵᠤ ᠪᠠᠶ᠋ᠢᠬᠤ ᠵᠢ ᠢᠮᠠᠭᠲᠠ ᠱᠠᠭ᠋ᠠᠷᠳᠠᠭᠰᠠᠭ᠋ᠠᠷ ᠢᠷᠡᠵᠡᠢ᠃ ᠣᠷᠠᠨ ᠵᠣᠬᠢᠶᠠᠯ᠎ᠤᠨ ᠢᠳᠡ ᠠᠮᠲᠠ ᠭᠡᠭᠴᠢ ᠬᠦᠮᠦᠨ᠎ᠤ ᠰᠡᠳᠭᠢᠯ᠎ᠢ ᠣᠷᠢᠶᠠᠯᠠᠨ ᠳᠠᠯᠠᠯᠵᠤ᠂ ᠤᠷᠮᠠᠰᠢᠭᠤᠯᠤᠨ ᠬᠥᠭᠵᠢᠭᠡᠵᠦ ᠰᠠᠷᠬᠤᠳ ᠰᠢᠬ ᠰᠣᠭᠲᠤᠭᠤᠷᠠᠭᠤᠯᠵᠤ ᠣᠷᠬᠢᠳᠠᠭ᠃ ᠲᠡᠷᠡ ᠠᠮᠲᠠ ᠵᠢ ᠨᠣᠮ ᠣᠩᠰᠢᠳᠠᠭ ᠬᠦᠮᠦᠨ ᠯᠡ ᠰᠡᠷᠡᠵᠦ ᠮᠡᠳᠡᠳᠡᠭ ᠰᠠᠨ᠃ ᠦᠪᠡᠷ᠎ᠤᠨ ᠵᠶ᠋ᠠᠨ ᠨᠣᠮ ᠵᠶ᠋ᠠᠨ ᠵᠢᠭᠡᠯᠡᠬᠦᠯᠵᠦ ᠤᠨᠭ᠌ᠰᠢᠭᠤᠯᠴᠢᠬᠠᠭ᠋ᠠᠳ ᠬᠡᠳᠦᠨ ᠰᠠᠶ᠋ᠢᠨ ᠨᠣᠮ ᠭᠡᠭᠡᠭᠰᠡᠨ᠎ᠢ ᠠ᠋ᠰᠡ ᠲᠣᠭ᠋ᠠᠴᠢᠪᠠᠯ ᠣᠭᠳᠤ ᠬᠠᠷᠠᠮᠰᠠᠯ ᠦᠭᠡᠢ ᠪᠦᠭᠡᠳ ᠣᠯᠣᠯᠲᠠ ᠮᠠᠰᠢ ᠶᠡᠭᠡ ᠪᠠᠶ᠋ᠢᠨᠠᠮ᠃ ᠢᠩᠬᠢᠵᠦ ᠵᠢᠯᠤᠭᠤᠳᠣᠭᠰᠠᠨ᠎ᠠᠴᠠ ᠰᠤᠷᠤᠭᠴᠢ ᠣᠩᠰᠢᠯᠭ᠎ᠠ ᠵᠢᠨ ᠪᠣᠭᠤᠮᠲᠠ ᠵᠢ ᠠᠶᠠᠨᠳᠠᠭ᠋ᠠᠨ ᠳᠠᠪᠠᠵᠦ ᠰᠤᠷᠬᠤ᠎ᠳᠤ ᠬᠦᠴᠢᠷᠳᠡᠬᠦ ᠦᠭᠡᠢ ᠪᠣᠯᠳᠠᠭ᠃ 《ᠬᠡᠣᠬᠡᠳ ᠰᠤᠷᠭ᠋ᠠᠭᠤᠯᠢ᠎ᠳᠤ ᠮᠠᠭᠤ ᠰᠤᠷᠳᠠᠭ᠎ᠨᠢ ᠣᠩᠰᠢᠯᠭ᠎ᠠ ᠮᠠᠭᠤᠳᠠᠭᠰᠠᠨ᠎ᠠᠴᠠ ᠪᠣᠯᠵᠠᠢ》 ᠭᠡᠬᠦ ᠳ᠋ᠦᠩᠨᠡᠯᠲᠡ ᠪᠠᠶ᠋ᠢᠳᠠᠭ ᠳ᠋ᠠ᠃ ᠵᠣᠬᠢᠶᠠᠯ ᠪᠢᠴᠢᠭᠦᠯᠬᠦ ᠪᠣᠯ ᠲᠤᠶ᠋ᠢᠯ᠎ᠤᠨ ᠤᠷᠮ᠎ᠠ ᠪᠠᠬ᠎ᠠ᠎ᠲᠠᠢ ᠳᠠᠰᠬᠠᠯ ᠪᠣᠯᠬᠤ ᠶᠤᠮ᠃ ᠵᠣᠬᠢᠶᠠᠯ ᠪᠢᠴᠢᠬᠦ᠎ᠪᠠᠷ ᠳᠠᠮᠵᠢᠨ ᠰᠤᠷᠤᠭᠴᠢ ᠦᠪᠡᠷ᠎ᠤᠨ ᠦᠵᠡᠯ ᠪᠣᠳᠤᠯ ᠵᠶ᠋ᠠᠨ ᠳᠡᠯᠭᠡᠵᠦ ᠴᠢᠳᠠᠭ᠍ᠤ ᠪᠦᠭᠡᠳ ᠬᠡᠯᠡ ᠰᠤᠷᠤᠭᠰᠠᠨ ᠵᠶ᠋ᠠᠨ ᠭᠠᠶ᠋ᠢᠬᠠᠭᠤᠯᠵᠤ ᠦᠵᠡᠭᠦᠯᠬᠦ ᠰᠠᠶ᠋ᠢᠨ ᠲᠤᠬᠢᠶᠠᠯ ᠮᠦᠨ᠃ ᠵᠣᠬᠢᠶᠠᠯ᠎ᠨᠢ ᠲᠡᠷᠡ ᠴᠢᠭ ᠵᠶ᠋ᠠᠷ ᠵᠶ᠋ᠠᠨ ᠰᠤᠷᠤᠭᠴᠢ ᠵᠢᠨ ᠠ᠋ᠭᠦᠳᠦᠨ ᠪᠦᠳᠦᠭᠡᠯ ᠪᠣᠯᠬᠤ ᠲᠤᠯᠠ ᠮᠠᠰᠢ ᠦᠨ᠎ᠡ ᠥᠷᠲᠡᠭ᠎ᠲᠠᠢ ᠶᠤᠮ᠃ 《ᠤᠷᠮ᠎ᠠ ᠵᠢ᠎ᠨᠢ ᠬᠤᠭᠤᠯᠬᠤ᠎ᠪᠠᠷ ᠤᠭᠤᠴᠠ ᠵᠢ᠎ᠨᠢ ᠬᠤᠭᠤᠯ》 ᠭᠡᠳᠡᠭ ᠵᠶ᠋ᠠᠷ ᠵᠣᠬᠢᠶᠠᠨ ᠪᠢᠴᠢᠯᠭᠡ᠎ᠳᠤ ᠤᠷᠮᠠᠰᠢᠭᠤᠯᠬᠤ᠎ᠨᠢ ᠬᠡᠯᠡ ᠪᠢᠴᠢᠭ ᠰᠤᠷᠬᠤ ᠮᠠᠰᠢ ᠰᠠᠶ᠋ᠢᠨ ᠠᠷᠭ᠎ᠠ ᠪᠣᠯᠠᠢ᠃ ᠮᠢᠨᠦ ᠰᠤᠷᠤᠭᠴᠢ᠎ᠠᠴᠠ ᠠᠩᠭᠢ᠎ᠪᠠᠷ ᠵᠶ᠋ᠠᠨ ᠲᠡᠭᠦᠪᠦᠷᠢ ᠭᠠᠷᠭ᠋ᠠᠴᠢᠬᠠᠳᠠᠭ᠂ ᠦᠪᠡᠷ ᠵᠶ᠋ᠠᠨ ᠲᠡᠭᠦᠪᠦᠷᠢ ᠭᠠᠷᠭ᠋ᠠᠭᠰᠠᠨ ᠵᠢᠱ᠌ᠢᠶ᠎ᠡ ᠬᠡᠳᠦ ᠪᠣᠢ᠃ ᠵᠣᠬᠢᠶᠠᠯ᠎ᠢ ᠰᠠᠶ᠋ᠢᠨ ᠪᠢᠴᠢᠵᠤ ᠴᠢᠳᠠᠵᠤ ᠪᠠᠶ᠋ᠢᠨ᠎ᠠ ᠭᠡᠳᠡᠭ ᠴᠢᠨᠢ ᠬᠡᠯᠡ᠎ᠪᠠᠨ ᠰᠠᠶ᠋ᠢᠨ ᠰᠤᠷᠴᠤ ᠪᠠᠶ᠋ᠢᠨ᠎ᠠ ᠭᠡᠵᠦ ᠦᠵᠡᠬᠦ᠎ᠳᠤ ᠲᠠᠰᠢᠶᠠᠷᠠᠭ᠍ᠤ ᠦᠭᠡᠢ ᠪᠣᠢ ᠊ᠶ᠎ᠠ᠃
     2. ᠦᠭᠡ ᠦᠭᠦᠯᠡᠪᠦᠷᠢ᠎ᠪᠠᠨ ᠡᠵᠡᠮᠰᠢᠭᠦᠯᠬᠦ᠂ ᠬᠡᠯᠡᠨ᠎ᠤ ᠮᠡᠳᠡᠷᠡᠮᠵᠢ ᠵᠢ ᠲᠡᠭᠡᠭᠰᠢᠯᠡᠭᠦᠯᠬᠦ᠂ ᠬᠡᠯᠡᠨ᠎ᠤ ᠬᠤᠷᠠᠮᠳᠤᠭᠤᠯᠤᠯ᠎ᠢ ᠪᠠᠶᠠᠯᠢᠬ᠍ᠵᠢᠭᠤᠯᠵᠤ᠂ ᠣᠩᠰᠢᠯᠭ᠎ᠠ ᠵᠢ ᠵᠢᠯᠤᠭᠤᠳᠬᠤ ᠵᠢ ᠴᠢᠬᠤᠯᠠᠴᠢᠯᠠᠨ᠎ᠠ᠃ ᠠ᠋ᠨᠡ ᠲᠠᠯ᠎ᠠ᠎ᠪᠠᠷ ᠬᠢᠲᠠᠳ ᠬᠡᠯᠡ ᠪᠠ ᠮᠣᠩᠭᠤᠯ ᠬᠡᠯᠡᠨ᠎ᠤ ᠵᠢᠭ᠋ᠠᠨ ᠰᠤᠷᠭ᠋ᠠᠯᠲᠠ ᠨᠢᠭᠡᠳᠦᠯᠳᠡᠢ ᠪᠠᠶ᠋ᠢᠨ᠎ᠠ᠃ ᠦᠭᠡ ᠦᠭᠦᠯᠡᠪᠦᠷᠢ᠎ᠪᠠᠨ ᠵᠦᠪ ᠣᠩᠰᠢᠵᠦ᠂ ᠵᠦᠪ ᠪᠢᠴᠢᠵᠦ᠂ ᠵᠦᠪ ᠬᠡᠷᠡᠭᠯᠡᠵᠦ ᠴᠢᠳᠠᠭ᠍ᠤ ᠪᠣᠯ ᠭᠡᠯᠠ ᠰᠤᠷᠬᠤ ᠵᠢᠨ ᠵᠠᠨᠭ᠌ᠬᠢᠯᠠᠭ᠎ᠠ ᠮᠦᠨ᠃ ᠬᠡᠯᠡ ᠰᠤᠷᠬᠤ ᠵᠢᠨ ᠪᠠᠰᠠ ᠨᠢᠭᠡᠨ ᠵᠣᠷᠢᠯᠭ᠎ᠠ ᠮᠦᠨ᠃ ᠬᠦᠮᠦᠰ ᠣᠩᠰᠢᠯᠭ᠎ᠠ᠎ᠪᠠᠷ ᠲᠠᠮᠵᠢᠨ ᠬᠡᠯᠡᠨ᠎ᠤ ᠮᠡᠳᠡᠷᠡᠮᠵᠢ ᠵᠢ ᠣᠯᠵᠤ ᠬᠡᠯᠡᠨ᠎ᠤ ᠬᠤᠷᠠᠮᠳᠤᠭᠤᠯᠤᠯ᠎ᠲᠠᠢ ᠪᠣᠯᠳᠠᠭ᠃ ᠣᠯᠨᠨ ᠨᠣᠮ ᠣᠩᠰᠢᠵᠦ ᠪᠠᠶ᠋ᠢᠨ᠎ᠠ ᠭᠡᠳᠡᠭ ᠴᠢᠨᠢ ᠦᠭᠡᠰ᠎ᠤᠨ ᠰᠠᠩ᠎ᠳᠤ ᠥᠪ ᠬᠥᠷᠦᠩᠭᠡ ᠨᠡᠮᠡᠭᠳᠡᠵᠦ ᠪᠣᠢ ᠯᠡ ᠬᠡᠰᠡᠨ ᠦᠭᠡ᠃
     3. ᠪᠠᠭᠰᠢ ᠨᠠᠷ᠎ᠤᠨ ᠬᠤᠷᠰᠢᠨ ᠠᠵᠢᠯᠯᠠᠭ᠍ᠤ᠎ᠨᠢ ᠦᠷ᠎ᠡ ᠪᠦᠳᠦᠮᠵᠢ᠎ᠪᠠᠷ ᠨᠡᠩ ᠰᠠᠶ᠋ᠢᠨ ᠪᠠᠶ᠋ᠢᠳᠠᠭ᠎ᠢ ᠤᠯᠠᠮ ᠭᠦᠨᠵᠡᠭᠡᠢ ᠣᠶ᠋ᠢᠯᠠᠭ᠋ᠠᠯ᠎ᠠ᠃ ᠪᠠᠭᠰᠢ ᠨᠠᠷ᠎ᠤᠨ ᠬᠤᠷᠰᠢᠨ ᠠᠵᠢᠯᠯᠠᠵᠤ ᠪᠠᠶ᠋ᠢᠭ᠎ᠠ ᠵᠢ ᠪᠦᠸᠸ ᠯᠸ ᠳᠤᠮᠳᠠᠳᠤ ᠰᠤᠷᠭ᠋ᠠᠭᠤᠯᠢ᠎ᠠᠴᠠ ᠬᠠᠷᠠᠯ᠎ᠠ᠃ ᠲᠡᠳᠡ ᠨᠢᠭᠡ ᠬᠢᠴᠢᠶᠡᠯ᠎ᠢ ᠬᠡᠳᠦᠨ ᠪᠠᠭᠰᠢ ᠪᠡᠯᠡᠳᠭᠡᠨ ᠵᠢᠭ᠋ᠠᠬᠤ᠎ᠳᠤ᠎ᠪᠠᠨ ᠮᠡᠳᠡᠯᠭᠡ ᠴᠢᠳᠠᠪᠤᠷᠢ ᠵᠢᠨ ᠬᠠᠷᠠᠯᠲᠠ᠎ᠪᠠᠨ ᠬᠤᠪᠢᠳᠠᠨ ᠠᠪᠴᠦ ᠬᠠᠷᠢᠯᠴᠠᠨ ᠬᠠᠮᠵᠢᠬᠤ ᠬᠡᠯᠪᠡᠷᠢ᠎ᠪᠠᠷ ᠵᠣᠷᠢᠯᠭ᠎ᠠ᠎ᠳᠤ᠎ᠪᠠᠨ ᠬᠦᠷᠳᠡᠭ ᠪᠠᠶ᠋ᠢᠨ᠎ᠠ᠃ ᠪᠠᠭᠰᠢ ᠵᠢᠨ ᠵᠢᠭ᠋ᠠᠭᠰᠠᠨ ᠬᠢᠴᠢᠶᠡᠯ᠎ᠢ ᠦᠨᠡᠯᠡᠬᠦ᠎ᠳᠤ᠎ᠪᠠᠨ ᠬᠡᠳᠦᠨ ᠪᠠᠭᠰᠢ᠎ᠠᠴᠠ ᠠᠳᠠᠯᠢ ᠪᠣᠰᠤ ᠬᠠᠷᠠᠭ᠋ᠠᠰᠤ᠎ᠠᠴᠠ ᠳ᠋ᠦᠩᠨᠡᠨ ᠶᠠᠷᠢᠵᠠᠢ᠃ ᠵᠢᠱ᠌ᠢᠶᠡᠯᠡᠬᠦ᠎ᠳᠤ᠄ ᠨᠢᠭᠡ ᠪᠠᠭᠰᠢ᠎ᠨᠢ ᠬᠢᠴᠢᠶᠡᠯ᠎ᠢ ᠳᠥᠰᠦᠪᠯᠡᠬᠦ᠂ ᠨᠢᠭᠡ᠎ᠨᠢ ᠬᠢᠴᠢᠶᠡᠯ᠎ᠢ ᠵᠢᠭ᠋ᠠᠬᠤ᠂ ᠨᠢᠭᠡ᠎ᠨᠢ ᠰᠤᠷᠤᠭᠴᠢ ᠵᠢᠨ ᠰᠤᠷᠬᠤ᠎ᠳᠤ ᠣᠷᠤᠯᠴᠠᠵᠤ ᠪᠠᠶ᠋ᠢᠭ᠎ᠠ ᠵᠢ ᠪᠠᠶ᠋ᠢᠴᠠᠭ᠋ᠠᠵᠤ᠂ ᠨᠢᠭᠡ᠎ᠨᠢ ᠪᠠᠭᠰᠢ ᠵᠢᠨ ᠬᠢᠴᠢᠶᠡᠯ᠎ᠳᠤ᠎ᠬᠢ ᠠᠵᠢᠯᠯᠠᠭ᠋ᠠᠨ᠎ᠢ ᠠᠵᠢᠭᠯᠠᠵᠤ᠂ ᠨᠢᠭᠡ᠎ᠨᠢ ᠰᠤᠷᠤᠭᠴᠢ ᠵᠢᠨ ᠬᠢᠴᠢᠶᠡᠯ᠎ᠳᠤ᠎ᠬᠢ ᠠᠵᠢᠯᠯᠠᠭ᠎ᠠ ᠵᠢ ᠪᠠᠶ᠋ᠢᠴᠠᠭ᠋ᠠᠨ᠎ᠠ ᠁ ᠭᠡᠬᠦ ᠮᠡᠲᠦ᠃ ᠬᠢᠴᠢᠶᠡᠯ᠎ᠤᠨ ᠳᠠᠷᠠᠭ᠎ᠠ ᠠ᠋ᠳᠡᠭᠡᠷ ᠪᠠᠭᠰᠢ ᠨᠠᠷ ᠦᠪᠡᠷ ᠦᠪᠡᠷ᠎ᠤᠨ ᠬᠤᠪᠢᠳᠠᠭᠰᠠᠨ ᠠᠵᠢᠭᠯᠠᠯᠲᠠ᠎ᠪᠠᠨ ᠬᠤᠪᠢᠶᠠᠯᠴᠠᠵᠤ ᠣᠯᠵᠤ ᠠᠯᠳᠠᠭᠰᠠᠨ ᠵᠶ᠋ᠠᠨ ᠳ᠋ᠦ᠍ᠢ᠍ᠨᠭᠨᠠᠵᠤ ᠪᠣᠢ᠃ ᠮᠦᠨ ᠳᠠᠷᠠᠭ᠎ᠠ ᠬᠢᠴᠢᠶᠡᠯ᠎ᠤᠨ ᠬᠠᠷᠠᠯᠲᠠ᠎ᠪᠠᠨ ᠶᠠᠷᠢᠯᠴᠠᠨ ᠲᠣᠭᠲᠠᠵᠤ ᠠ᠋ᠭᠦᠷᠭᠡ᠎ᠪᠠᠨ ᠬᠤᠪᠢᠳᠠᠨ ᠠᠪᠳᠠᠭ ᠪᠠᠶ᠋ᠢᠪᠠ᠃ ᠠ᠋ᠨᠡ ᠳᠤᠷᠰᠢᠯᠭ᠎ᠠ ᠵᠢ ᠠᠮᠢᠳᠤᠯᠢᠭ ᠠᠰᠢᠭᠯᠠᠵᠤ ᠪᠠᠭᠰᠢ ᠨᠠᠷ ᠦᠷᠭᠦᠯᠵᠢ ᠵᠢᠨ ᠴᠢᠨᠠᠷ᠎ᠲᠠᠢ ᠬᠠᠮᠵᠢᠯᠴᠠᠪᠠᠯ ᠰᠠᠶ᠋ᠢᠨ ᠳ᠋ᠠ᠃ ᠪᠠᠰᠠ ᠨᠢᠭᠡᠨ ᠰᠤᠷᠤᠯᠴᠠᠭᠤᠰᠢᠲᠠᠢ᠎ᠨᠢ ᠬᠢᠳᠡᠳ ᠪᠠᠭᠰᠢ ᠵᠢᠨ ᠬᠢᠴᠢᠶᠡᠯ ᠵᠶ᠋ᠠᠨ ᠮᠠᠰᠢ ᠨᠠᠷᠢᠯᠢᠬ ᠪᠡᠯᠡᠳᠭᠡᠨ ᠨᠢᠮᠪᠠᠢ ᠵᠢᠭ᠋ᠠᠵᠤ ᠪᠠᠶ᠋ᠢᠭ᠎ᠠ᠂ ᠮᠠᠰᠢᠲᠠ ᠲᠡᠰᠪᠦᠷᠢ ᠲᠡᠪᠴᠢᠶᠡᠷᠢᠳᠡᠢ᠎ᠲᠠᠢ ᠬᠠᠨᠳᠤᠵᠤ ᠪᠠᠶ᠋ᠢᠭ᠎ᠠ ᠣᠪᠤᠷ ᠵᠢᠴᠢ ᠪᠠᠭᠰᠢ ᠨᠠᠷ᠎ᠨᠢ ᠬᠢᠴᠢᠶᠡᠯ ᠲᠥᠷᠥᠯ᠎ᠤᠨ ᠳᠤᠰᠬᠠᠢ ᠮᠡᠷᠭᠡᠵᠢᠯᠲᠡᠨ ᠪᠣᠯᠬᠤ᠎ᠪᠠᠷ ᠴᠢᠷᠮᠠᠶ᠋ᠢᠵᠤ ᠪᠠᠶ᠋ᠢᠭ᠎ᠠ ᠵᠢ ᠠᠩᠬᠠᠷᠴᠦ ᠮᠡᠳᠡᠯ᠎ᠡ᠃ ᠠ᠋ᠳᠡᠭᠡᠷ ᠵᠢᠭ᠋ᠠᠬᠤ ᠠᠷᠭ᠎ᠠ ᠮᠤᠨᠭ᠌ᠭᠤᠯ ᠪᠠᠭᠰᠢ ᠵᠢᠨ ᠲᠤᠮᠳᠠ ᠠᠯᠠᠭ᠎ᠠ ᠭᠡᠰᠡᠨ ᠪᠤᠰᠤ᠂ ᠬᠠᠷᠢᠨ ᠪᠦᠷᠢᠨ ᠲᠦᠬᠦᠷ ᠪᠣᠯᠵᠤ ᠰᠢᠰᠲᠸᠮᠴᠢᠯᠡᠵᠦ ᠲᠡᠶ᠋ᠢᠯᠦᠭᠡ ᠦᠭᠡᠢ ᠪᠠᠶ᠋ᠢᠭ᠎ᠠ᠎ᠪᠠᠨ ᠮᠡᠳᠡᠷᠡᠬᠦ ᠬᠡᠷᠡᠭᠳᠡᠢ ᠶᠤᠮ᠃ 《ᠵᠢᠭ᠋ᠠᠬᠤ ᠠᠷᠭ᠎ᠠ ᠪᠣᠯ ᠲᠤᠭᠲᠠᠭᠰᠠᠨ ᠪᠢᠰᠢ》 ᠲᠤᠯᠠ ᠪᠢᠳᠡ ᠬᠢᠲᠠᠳ᠎ᠤᠨ ᠵᠢᠭ᠋ᠠᠨ ᠰᠤᠷᠭ᠋ᠠᠯᠲᠠ ᠵᠢᠨ 《ᠰᠢᠮ᠎ᠡ ᠵᠢ᠎ᠨᠢ ᠰᠢᠩᠭᠡᠭᠡᠵᠦ᠂ ᠰᠢᠭ᠋ᠠᠷᠤ ᠵᠢ᠎ᠨᠢ ᠣᠷᠬᠢᠬᠤ》 ᠣᠪᠤᠷ ᠵᠶ᠋ᠠᠷ ᠬᠠᠨᠳᠤᠪᠠᠯ ᠪᠣᠯᠴᠢᠬᠠᠨ᠎ᠠ᠃ ᠦᠪᠡᠷ᠎ᠤᠨ ᠣᠨᠴᠠᠯᠢᠭ᠎ᠲᠤ᠎ᠪᠠᠨ ᠳᠣᠬᠢᠷᠠᠭᠤᠯᠵᠤ ᠠᠮᠢᠳᠤᠯᠢᠭ ᠬᠡᠷᠡᠭᠯᠡᠪᠡᠯ ᠪᠣᠯᠴᠢᠬᠠᠨ᠎ᠠ᠃
     4. ᠬᠢᠳᠠᠳ ᠦᠨᠳᠦᠰᠦᠳᠡᠨ ᠠ᠋ᠷᠳᠡᠨ᠎ᠤ ᠣᠯᠠᠮᠵᠢᠯᠠᠯᠲᠦ ᠰᠤᠶᠤᠯ ᠤᠷᠤᠭᠤ᠎ᠪᠠᠨ ᠶᠡᠭᠡᠳᠡ ᠦᠩᠭᠡᠶ᠋ᠢᠨ ᠬᠠᠷᠠᠵᠤ ᠪᠠᠶ᠋ᠢᠭ᠎ᠠ ᠶᠤᠮ ᠪᠠᠢ᠍ᠢ᠍ᠨ᠎ᠠ᠃ ᠠ᠋ᠷᠳᠡᠨ᠎ᠤ ᠰᠢᠯᠢᠳᠡᠭ ᠥᠪ ᠤᠯᠠᠮᠵᠢᠯᠠᠯ᠎ᠠᠴᠠ᠎ᠪᠠᠨ ᠠ᠋ᠷᠴᠢᠮ ᠬᠦᠴᠦ᠂ ᠰᠢᠮ᠎ᠡ ᠲᠡᠵᠢᠭᠡᠯ ᠠᠪᠬᠤ᠎ᠨᠢ ᠵᠦᠢ᠍ᠳᠡᠢ᠃ ᠬᠢᠲᠠᠳ ᠦᠨᠳᠦᠰᠦᠳᠡᠨ ᠤᠯᠤᠰ᠎ᠤᠨ ᠰᠢᠯᠭ᠋ᠠᠯᠲᠠ ᠵᠢᠨ ᠰᠡᠳᠦᠪ᠎ᠲᠤ᠎ᠪᠠᠨ ᠮᠦᠨ ᠠ᠋ᠷᠲᠡᠨ᠎ᠤ ᠵᠣᠬᠢᠶᠠᠯ ᠪᠦᠳᠦᠭᠡᠯ᠎ᠠᠴᠠ᠎ᠪᠠᠨ ᠮᠠᠲᠸᠷᠢᠶᠠᠯ ᠠᠪᠴᠤ ᠬᠡᠷᠡᠭᠯᠡᠬᠦ ᠵᠤᠷᠪᠣᠰ ᠲᠣᠭᠲᠠᠭ᠋ᠠᠨ ᠬᠡᠷᠡᠭᠵᠢᠭᠦᠯᠵᠦ ᠪᠠᠶ᠋ᠢᠨ᠎ᠠ᠃ ᠲᠡᠳᠡ 《ᠳᠥᠷᠪᠡᠨ ᠪᠢᠴᠢᠭ》 《ᠲᠠᠪᠤᠨ ᠨᠣᠮ》 ᠵᠶ᠋ᠠᠨ ᠰᠤᠷᠬᠤ ᠪᠢᠴᠢᠭ᠎ᠲᠤ᠎ᠪᠠᠨ ᠶᠡᠬᠡᠲᠡ ᠬᠡᠷᠡᠭᠯᠡᠵᠦ ᠪᠣᠢ᠃ ᠪᠦᠸᠸ ᠯᠸ ᠳᠤᠮᠳᠠᠳᠤ ᠰᠤᠷᠭ᠋ᠠᠭᠤᠯᠢ᠎ᠳᠤ ᠶᠠᠭ ᠰᠠᠶᠢᠬᠠᠨ ᠠ᠋ᠷᠲᠡᠨ᠎ᠤ ᠬᠡᠯᠡᠨ᠎ᠤ ᠵᠣᠬᠢᠶᠠᠯ ᠵᠢᠭ᠋ᠠᠵᠤ ᠪᠠᠶ᠋ᠢᠭ᠎ᠠ᠎ᠲᠠᠢ ᠲᠠᠭ᠋ᠠᠷᠠᠯ᠎ᠠ᠃ 《ᠰᠢᠯᠦᠭᠯᠡᠯᠲᠦ ᠨᠣᠮ》᠎ᠠᠴᠠ᠎ᠪᠠᠨ ᠰᠣᠩᠭᠤᠭᠰᠠᠨ 《ᠬᠤᠯᠤᠰᠤ》 ᠭᠡᠬᠦ ᠵᠣᠬᠢᠶᠠᠯ᠎ᠢ ᠬᠤᠶᠠᠷ ᠪᠠᠭᠰᠢ ᠠᠳᠠᠯᠢ ᠪᠣᠰᠤ ᠬᠠᠷᠠᠯᠲᠠ᠎ᠠᠴᠠ ᠬᠢᠴᠢᠶᠡᠯᠯᠡᠯ᠎ᠡ᠃ ᠨᠢᠭᠡ᠎ᠨᠢ ᠵᠣᠬᠢᠶᠠᠯ᠎ᠤᠨ ᠭᠤᠸ᠎ᠠ ᠲᠠᠭ᠋ᠠᠰᠢᠶᠠᠯ᠂ ᠤᠷᠠᠨ ᠰᠣᠨᠢᠷᠬᠠᠮᠵᠢ ᠵᠢ᠎ᠨᠢ ᠴᠢᠬᠤᠯᠠᠴᠢᠯᠠᠭᠰᠠᠨ ᠪᠠᠶ᠋ᠢᠬᠤ᠎ᠳᠤ ᠨᠦᠭᠦᠭᠡ᠎ᠨᠢ ᠣᠩᠰᠢᠯᠭ᠎ᠠ ᠵᠢ ᠵᠢᠯᠤᠭᠤᠳᠴᠤ ᠬᠡᠯᠡᠨ᠎ᠤ ᠮᠡᠳᠡᠷᠡᠮᠵᠢ ᠵᠢ ᠴᠢᠬᠤᠯᠠᠴᠢᠯᠠᠭᠰᠠᠨ ᠪᠠᠶ᠋ᠢᠨ᠎ᠠ᠃ 《ᠲᠡᠨᠡᠭ ᠡᠪᠦᠭᠡᠨ ᠠᠭᠤᠯᠠ ᠵᠢ ᠨᠡᠭᠦᠯᠭᠡᠭᠰᠡᠨ》 ᠭᠡᠬᠦ ᠬᠢᠴᠢᠶᠡᠯ᠎ᠢ ᠰᠤᠷᠭ᠋ᠠᠭᠤᠯᠢ ᠵᠢᠨ ᠵᠠᠬᠢᠷᠤᠯ᠎ᠨᠢ ᠵᠢᠭ᠋ᠠᠯ᠎ᠠ᠃ ᠣᠳᠤ ᠵᠢᠨ ᠳᠡᠭᠡᠳᠦ ᠬᠥᠭᠵᠢᠯ᠎ᠲᠠᠢ ᠴᠠᠭ᠎ᠲᠤ ᠠ᠋ᠢ᠍ᠢ᠍ᠮᠦᠷᠭᠦᠤ ᠬᠠᠭᠤᠮᠠᠭ᠋ᠠᠢ ᠰᠢᠨᠵᠢ᠎ᠲᠠᠢ ᠦᠯᠢᠭᠡᠷ ᠳᠣᠮᠤᠭ᠎ᠢ ᠵᠢᠭ᠋ᠠᠵᠤ ᠪᠠᠶ᠋ᠢᠭ᠎ᠠ᠎ᠨᠢ ᠬᠢᠲᠠᠳ᠎ᠤᠨ ᠰᠤᠷᠭ᠋ᠠᠨ ᠬᠦᠮᠦᠵᠢᠯ ᠠ᠋ᠷᠲᠡᠨ᠎ᠤ ᠰᠤᠶᠤᠯ᠎ᠠᠴᠠ᠎ᠪᠠᠨ ᠦᠭᠡ ᠬᠡᠯᠡ᠂ ᠦᠵᠡᠯ ᠰᠠᠨᠠᠭ᠎ᠠ ᠠ᠋ᠷᠢᠵᠦ ᠪᠠᠶ᠋ᠢᠭ᠎ᠠ᠎ᠨᠢ ᠢᠯᠡ᠃ ᠰᠤᠷᠭ᠋ᠠᠭᠤᠯᠢ ᠵᠢᠨ ᠵᠠᠬᠢᠷᠦᠯ᠎ᠨᠢ ᠲᠥᠮᠡᠨ ᠶᠠᠭ᠋ᠠᠷᠠᠤ ᠵᠢᠨ ᠳᠤᠮᠳᠠ ᠬᠢᠴᠢᠶᠡᠯ ᠵᠢᠭ᠋ᠠᠵᠤ᠂ ᠬᠢᠴᠢᠶᠡᠯ ᠵᠶ᠋ᠠᠨ ᠰᠤᠨᠤᠰᠬᠠᠵᠤ ᠪᠠᠶ᠋ᠢᠭ᠎ᠠ᠎ᠨᠢ ᠪᠠᠭ᠍ᠠᠷᠬᠠᠯᠲᠠᠢ ᠰᠠᠨᠠᠭᠳᠠᠯ᠎ᠠ᠃ ᠭᠠᠶ᠋ᠢᠬᠠᠰᠢ ᠲᠥᠷᠦᠭᠦᠯᠦᠭᠰᠡᠨ ᠨᠢᠭᠡᠨ ᠵᠦᠢ᠍ᠯ᠎ᠢ ᠦᠭᠦᠯᠡᠪᠡᠰᠦ᠄ ᠨᠢᠭᠡᠨ ᠪᠠᠭᠰᠢ ᠵᠢᠨ ᠰᠤᠷᠤᠭᠴᠢ᠎ᠳᠤ᠎ᠪᠠᠨ ᠦᠭᠭᠦᠭᠰᠡᠨ ᠰᠤᠷᠬᠤ ᠳᠥᠰᠦᠪ᠎ᠲᠤ᠎ᠨᠢ ᠶᠤᠸᠠᠨ ᠤᠯᠤᠰ᠎ᠤᠨ ᠮᠣᠩᠭᠤᠯ ᠰᠢᠯᠦᠭᠴᠢ ᠰᠠᠳᠤᠯᠠ ᠵᠢᠨ ᠰᠢᠯᠦᠭ ᠪᠠᠶ᠋ᠢᠭᠰᠠᠨ᠎ᠢ ᠦᠵᠡᠪᠡᠢ᠃ ᠲᠡᠷᠡ᠎ᠨᠢ ᠰᠠᠳᠤᠯᠠ ᠵᠢᠨ 《ᠮᠠᠨ ᠵᠢᠶᠠᠩ ᠬᠤᠩ ᠳᠠᠭᠤᠯᠠᠯ》 ᠬᠡᠮᠡᠬᠦ ᠪᠦᠳᠦᠭᠡᠯ ᠪᠠᠶ᠋ᠢᠯ᠎ᠠ᠃ ᠤᠤᠯ᠎ᠨᠢ ᠠ᠋ᠨᠡ ᠰᠢᠯᠦᠭ ᠨᠠᠨᠵᠢᠩ᠎ᠲᠠᠢ ᠬᠤᠯᠪᠤᠭ᠎ᠠ᠎ᠲᠠᠢ ᠪᠠᠶ᠋ᠢᠭᠰᠠᠨ᠎ᠠᠴᠠ ᠬᠡᠷᠡᠭᠯᠡᠭᠰᠡᠨ ᠪᠣᠯᠪᠠ ᠦᠦ᠃ ᠲᠡᠷᠡ ᠰᠢᠯᠦᠭ᠎ᠲᠤ 《ᠵᠢᠨ ᠯᠢᠩ᠎ᠳᠤᠷ ᠠ᠋ᠷᠲᠡᠨ᠎ᠢ ᠰᠠᠨᠠᠭ᠋ᠠᠯᠵᠠᠭᠰᠠᠨ ᠢᠨᠦ》 ᠭᠡᠵᠦ ᠲᠣᠳᠤᠷᠬᠠᠶ᠋ᠢᠯᠠᠵᠤ ᠪᠣᠢ᠃ ᠶᠣᠸᠠᠨ ᠤᠯᠤᠰ᠎ᠤᠨ ᠦᠶ᠎ᠡ᠎ᠳᠤ ᠨᠠᠨᠵᠢᠩ᠎ᠢ ᠵᠢᠨ ᠯᠢᠩ ᠭᠡᠵᠦ ᠳᠠᠭᠤᠳᠠᠵᠤ ᠪᠠᠶ᠋ᠢᠵᠠᠢ᠃ ᠰᠠᠳᠤᠯᠠ ᠵᠢᠨ ᠰᠢᠯᠦᠭ᠎ᠲᠤ᠄
      ᠵᠢᠷᠭᠤᠭ᠋ᠠᠨ ᠦᠶ᠎ᠡ ᠵᠢᠨ ᠢᠳᠡᠷᠭᠡᠭ ᠰᠦᠷᠯᠢᠭ᠃
      ᠵᠤᠨ ᠪᠣᠯᠬᠤ ᠣᠶ᠋ᠢᠷᠠᠲᠤᠪᠠᠢ᠂
      ᠵᠢᠭ᠋ᠠᠬᠠᠨ ᠴᠤ᠌ ᠴᠢᠮᠡᠭᠡ ᠢᠮᠡᠭᠡ ᠦᠭᠡᠢ᠃
      ᠤᠶ᠋ᠢᠳᠬᠠᠷᠯᠠᠨ ᠪᠠᠷᠠᠯᠠᠭ᠍ᠤᠶ᠎ᠠ ᠬᠤᠭᠤᠰᠤᠷ᠂
      ᠠᠭᠤᠯᠠ ᠤᠰᠤᠨ᠎ᠤ ᠲᠥᠷᠰᠦ ᠭᠡᠳᠦᠶ᠋ᠢᠳᠦᠭᠡᠳ
      ᠤᠤᠯ᠎ᠤᠨ ᠰᠢᠨᠵᠢ ᠨᠢᠭᠡᠨᠲᠡ ᠪᠣᠰᠤ᠂
      ᠸᠠᠩ᠂ ᠰᠢᠶᠸ ᠣᠪᠤᠭᠲᠤ ᠵᠢᠨ ᠬᠠᠷᠰᠢ ᠵᠢᠨ ᠠ᠋ᠮᠦᠨᠡᠬᠢ ᠬᠤᠣᠰ ᠬᠠᠷᠢᠶᠠᠴᠠᠢ
      ᠡᠦ ᠢ ᠭᠤᠳᠤᠮᠵᠢ ᠵᠢᠨ ᠠᠮᠠᠰᠠᠷ ᠳᠡᠭᠡᠷ᠎ᠡ ᠲᠠᠨᠢᠯᠴᠠᠨ ᠥᠩᠬᠡᠷᠡᠪᠡᠢ᠃
      ᠦᠳᠡᠰᠢ ᠵᠢᠨ ᠭᠦᠨ᠎ᠤ ᠤᠶ᠋ᠢᠳᠬᠠᠷ ᠭᠠᠩᠰᠠᠷᠠᠯ ᠥᠨᠦᠴᠢᠨ ᠬᠤᠲᠠᠨ᠎ᠠ ᠴᠣᠬᠢᠬᠤ ᠵᠢ ᠰᠣᠨᠤᠰᠬᠤᠶ᠎ᠠ᠂
      ᠬᠠᠪᠤᠷ᠎ᠤᠨ ᠲᠣᠯᠭᠢᠶ᠎ᠠ ᠲᠠᠪᠴᠢᠭᠤ᠃
      ᠠ᠋ᠮᠦᠨᠡᠬᠢ ᠬᠡᠷᠡᠭ᠎ᠢ ᠠ᠋ᠷᠭᠢᠴᠡᠭᠦᠯᠬᠦᠶ᠎ᠡ
      ᠦᠰᠦᠨ᠎ᠠᠴᠠ ᠵᠤᠵᠠᠭ᠋ᠠᠨ ᠵᠣᠪᠠᠨᠢᠯ᠃
      ᠦᠩᠬᠡᠷᠡᠭᠰᠡᠨ ᠤᠯᠤᠰ᠎ᠢ ᠰᠠᠨᠠᠭ᠋ᠠᠯᠵᠠᠭ᠍ᠤᠶ᠎ᠠ
      ᠦᠯᠡᠳᠡᠭᠰᠡᠨ ᠮᠥᠷ ᠲᠡᠳᠦᠢ᠃
      ᠳᠠᠩᠳᠠ ᠬᠤᠶ᠋ᠢᠯᠠᠷᠠᠭᠰᠠᠨ ᠤᠲᠤᠭ᠎ᠠ ᠬᠤᠪᠠᠭ᠍ᠠᠶ᠋ᠢᠷᠠᠭᠰᠠᠨ ᠡᠪᠡᠰᠦ᠂
      ᠲᠠᠰᠢᠭᠰᠠᠨ ᠨᠠᠷᠠᠨ᠎ᠳᠤᠷ ᠬᠡᠷᠢᠶ᠎ᠡ ᠰᠦᠯᠵᠢᠮᠦᠢ᠃
      ᠠ᠋ᠷᠳᠡᠨᠢᠲᠦ ᠮᠣᠳᠤᠨ ᠲᠠᠭᠤᠯᠠᠯ ᠳᠣᠷᠤᠶ᠋ᠢᠳᠠᠭᠤᠯᠵᠤ ᠬᠠᠪᠤᠷ᠎ᠤᠨ ᠰᠢᠭᠦᠳᠡᠷᠢ ᠵᠢᠭᠡᠭᠦᠨ᠂
      ᠠ᠋ᠩᠰᠡᠭᠲᠦ ᠬᠤᠳᠳᠤᠭ ᠰᠦᠢ᠍ᠳᠴᠦ ᠡᠪᠳᠡᠷᠡᠬᠦᠶ᠎ᠡ ᠬᠦᠢ᠍ᠲᠡᠨ᠎ᠤ ᠲᠠᠷᠴᠠ ᠤᠬᠢᠯᠠᠨᠠᠮ᠃
      ᠠ᠋ᠨᠡ ᠠ᠋ᠳᠦᠷ ᠪᠣᠯᠬᠤᠶ᠎ᠠ᠂
      ᠵᠢᠶᠠᠩ ᠱᠠᠨ ᠠᠭᠤᠯᠠᠨ ᠭᠠᠭᠴᠠ ᠬᠥᠬᠡᠷᠡᠭᠡᠳ
      ᠴᠢᠨ ᠬᠤᠸᠠᠢ ᠨᠣᠭᠤᠭ᠋ᠠᠷᠠᠮᠤᠢ》 ᠭᠡᠵᠦ ᠣᠶᠠᠩᠭ᠋ᠠᠯᠠᠭᠰᠠᠨ ᠪᠠᠶ᠋ᠢᠨᠠᠮ᠃ ᠰᠡᠳᠦᠪ᠎ᠤᠨ ᠠᠰᠠᠭᠤᠯᠲᠠ᠎ᠨᠢ᠄ ᠲᠤᠰ ᠰᠢᠯᠦᠭ᠎ᠲᠤ 《ᠠ᠋ᠷᠲᠡᠨ᠎ᠢ ᠰᠠᠨᠠᠭ᠋ᠠᠯᠵᠠᠭ᠍ᠤ》᠎ᠪᠠᠷ 《ᠥᠩᠬᠡᠷᠡᠭᠰᠡᠨ ᠣᠴᠢᠷ》᠎ᠢ ᠳᠤᠷᠠᠰᠤᠭᠰᠠᠨ ᠪᠣᠯ 《ᠦᠰᠦᠨ᠎ᠠᠴᠠ ᠵᠤᠵᠠᠭ᠋ᠠᠨ ᠵᠣᠪᠠᠨᠢᠯ》 ᠭᠡᠳᠡᠭ᠎ᠤᠨ 《ᠵᠣᠪᠠᠨᠢᠯ》᠎ᠤᠨ ᠠᠭᠤᠯᠭ᠎ᠠ ᠵᠢ ᠶᠠᠷᠢᠵᠤ ᠦᠵᠡᠭᠡᠷᠡᠢ ᠬᠡᠰᠡᠨ ᠪᠠᠶ᠋ᠢᠯ᠎ᠠ᠃ 《ᠮᠢᠨᠭ᠌ᠭ᠋ᠠᠨ ᠣᠩᠰᠢᠬ᠍ᠴᠢ᠎ᠳᠤ ᠮᠢᠨᠭ᠌ᠭ᠋ᠠᠨ ᠬᠠᠮᠸᠯᠲ᠎ᠲᠠᠢ》 ᠭᠡᠳᠡᠭ ᠵᠶ᠋ᠠᠷ ᠠ᠋ᠨᠡ ᠰᠡᠳᠦᠪ᠎ᠲᠤ ᠣᠯᠠᠨ ᠬᠠᠷᠢᠭᠤᠯᠲᠠ᠎ᠲᠠᠢ ᠪᠠᠶ᠋ᠢᠬ᠎ᠠ ᠳ᠋ᠠ᠃ ᠤᠷᠠᠨ ᠵᠣᠬᠢᠶᠠᠯ ᠪᠠ ᠤᠯᠤᠰ ᠲᠥᠷᠦ ᠵᠢ ᠬᠤᠳᠬᠤᠵᠤ ᠪᠣᠯᠬᠤ ᠦᠭᠡᠢ ᠶᠤᠮ᠃ ᠨᠡᠮᠡᠵᠦ ᠬᠡᠯᠡᠬᠦ᠎ᠳᠤ ᠪᠠᠭᠰᠢ ᠵᠢᠨ ᠲᠠᠯᠪᠢᠭᠰᠠᠨ ᠠᠷᠪᠠᠨ ᠰᠠᠶ᠋ᠢᠨ ᠠᠰᠠᠭᠤᠯᠲᠠ᠎ᠠᠴᠠ ᠰᠤᠷᠤᠭᠴᠢ ᠵᠢᠨ ᠲᠤᠷᠠᠳᠣᠭᠰᠠᠨ ᠨᠢᠭᠡ ᠮᠠᠭᠤ ᠠᠰᠠᠭᠤᠯᠲᠠ ᠲᠡᠭᠡᠷ᠎ᠡ ᠪᠠᠢ᠍ᠢ᠍ᠬᠤ ᠲᠤᠬᠢᠶᠠᠯᠳᠤᠯ ᠪᠤᠢ᠃
      ᠪᠢᠳᠡ ᠴᠤ᠌ ᠣᠯᠠᠮᠵᠢᠯᠠᠯᠲᠦ ᠰᠤᠶᠤᠯ ᠵᠶ᠋ᠠᠨ ᠵᠠᠯᠭ᠋ᠠᠮᠵᠢᠯᠠᠵᠤ ᠬᠦᠭᠵᠢᠬᠦᠯᠵᠦ ᠪᠠᠳᠠᠷᠠᠭᠤᠯᠵᠤ ᠁ ᠬᠡᠮᠡᠨ ᠣᠷᠢᠶᠠᠯᠠᠭᠰᠠᠭ᠋ᠠᠷ ᠢᠷᠡᠯ᠎ᠡ᠃ ᠣᠳᠤ ᠪᠣᠳᠠᠳᠠᠢ ᠬᠢᠬᠦ ᠯᠠ ᠦᠯᠠᠳᠠᠵᠤ ᠪᠤᠢ᠃ ᠮᠠᠨ᠎ᠤ 《ᠨᠢᠭᠤᠴᠠ ᠲᠤᠪᠴᠢᠶᠠᠨ》 ᠮᠠᠨᠢ 《ᠭᠠᠨᠵᠤᠤᠷ ᠳ᠋ᠠᠨᠵᠤᠤᠷ》 《ᠠᠷᠢᠭᠤᠨ ᠨᠤᠮ》 《ᠺᠦᠷᠠᠨ ᠰᠤᠳᠤᠷ》᠎ᠠᠴᠠ ᠲᠤᠤᠷᠠᠳᠠᠬᠤ ᠦᠭᠡᠢ ᠦᠨᠡᠳᠦ ᠪᠥᠲᠦᠭᠡᠯ᠃ 《ᠨᠢᠭᠤᠴᠠ ᠲᠤᠪᠴᠢᠶᠠᠨ》 ᠮᠠᠨᠢ ᠬᠡᠯᠡ᠂ ᠲᠡᠤᠬᠡ᠂ ᠤᠷᠠᠨ ᠵᠣᠬᠢᠶᠠᠯ᠎ᠢ ᠤᠶᠠᠯᠳᠤᠭᠤᠯᠤᠭᠰᠠᠨ ᠲᠠᠪᠳᠠᠭᠳᠠᠰᠢ ᠦᠭᠡᠢ ᠠᠪᠤᠷᠭᠤ ᠪᠦᠳᠦᠭᠡᠯ ᠪᠣᠯᠬᠤ ᠲᠤᠯᠠ ᠵᠢᠭ᠋ᠠᠬᠤ ᠰᠤᠷᠬᠤ᠎ᠳᠤ ᠪᠦᠷ ᠲᠤᠬᠢᠷᠠᠮᠵᠢᠳᠠᠢ ᠪᠦᠭᠡᠳ ᠨᠡᠩ ᠴᠢᠬᠤᠯᠠ᠎ᠨᠢ ᠵᠣᠷᠢᠭ ᠰᠠᠨᠠᠭ᠎ᠠ᠂ ᠬᠡᠯᠡ ᠣᠬᠠᠭ᠋ᠠᠨ ᠰᠤᠷᠬᠤ᠎ᠨᠢ ᠦᠨᠡᠯᠡᠰᠢ ᠦᠭᠡᠢ ᠪᠣᠢ ᠊ᠶ᠎ᠠ᠃ 《ᠬᠡᠰᠡᠷ》 《ᠵᠢᠩᠭ᠋ᠠᠷ》 《ᠠᠯᠲᠠᠨ ᠲᠤᠪᠴᠢ》 《ᠠ᠋ᠷᠳᠡᠨᠢ ᠲᠤᠪᠴᠢ》 《ᠪᠣᠯᠤᠷ ᠠ᠋ᠷᠢᠬᠡ》 《ᠤᠶᠤᠨ ᠲᠦᠯᠬᠢᠭᠦᠷ》 《ᠬᠦᠬᠡ ᠰᠣᠳᠤᠷ》 《ᠮᠣᠩᠭᠤᠯ ᠣᠷᠠᠨ ᠵᠣᠬᠢᠶᠠᠯ᠎ᠤᠨ ᠲᠡᠭᠡᠵᠢ ᠪᠢᠴᠢᠭ》 《ᠠᠷᠠᠳ᠎ᠤᠨ ᠠᠮᠠᠨ ᠦᠯᠢᠭᠡᠷ》 ᠁ ᠮᠡᠲᠦ ᠨᠡᠯᠦᠭᠡᠷ ᠶᠡᠭᠡ ᠠ᠋ᠷᠳᠡᠮ᠎ᠤᠨ ᠳᠠᠯᠠᠢ᠎ᠠᠴᠠ ᠠ᠋ᠷᠳᠡᠨᠢ ᠠᠭᠤᠳᠠᠯᠭ᠍ᠤ᠎ᠳᠤ ᠪᠠᠷᠠᠭᠳᠠᠰᠢ ᠦᠭᠡᠢ᠃ ᠴᠢᠨᠠᠭᠰᠢᠳᠠ ᠦᠭᠦᠯᠠᠭᠦ 《ᠮᠣᠩᠭᠤᠯ ᠠᠷᠠᠳ᠎ᠤᠨ ᠲᠠᠭᠤᠤ》 ᠵᠢ ᠰᠤᠷᠬᠤ ᠪᠢᠴᠢᠭ᠎ᠲᠤ ᠲᠥᠯᠥᠪᠯᠡᠭᠡ᠎ᠲᠠᠢ᠂ ᠬᠠᠷᠠᠯᠲᠠ᠎ᠲᠠᠢ᠂ ᠠᠯᠬᠤᠮ ᠳᠠᠷᠠᠭ᠎ᠠ᠎ᠲᠠᠢ ᠣᠷᠤᠭᠤᠯᠪᠠᠯ ᠰᠢᠯᠦᠭ ᠯᠡ ᠲᠡᠳᠦᠢ ᠪᠣᠰᠤ ᠬᠠᠷᠢᠨ ᠮᠠᠰᠢ ᠶᠡᠭᠡ ᠬᠦᠮᠦᠵᠢᠯ᠎ᠤᠨ ᠭᠠᠶ᠋ᠢᠬᠠᠮᠰᠢᠭᠲᠤ ᠬᠦᠴᠦ᠎ᠲᠠᠢ ᠭᠡᠵᠦ ᠦᠵᠡᠨᠡᠮ᠃ ᠠᠷᠠᠳ᠎ᠤᠨ ᠳᠠᠭᠤᠤ ᠵᠢᠨ ᠦᠭᠡ ᠰᠢᠯᠦᠭ᠎ᠢ ᠲᠠᠪᠠᠭ᠍ᠤ ᠰᠢᠯᠦᠭ ᠴᠦᠭᠡᠨ ᠰᠢᠦ ᠳ᠋ᠠ᠂ ᠰᠤᠨᠤᠰᠤᠩᠭᠤᠲᠠ ᠴᠡᠭᠡᠵᠢᠯᠡᠭᠳᠡᠳᠡᠭ ᠶᠠᠮᠠᠷ ᠰᠠᠶ᠋ᠢᠬᠠᠨ ᠬᠡᠯᠡᠯᠭᠡ ᠪᠣᠢ! ᠨᠤᠲᠤᠭ ᠤᠰᠤ᠎ᠪᠠᠨ ᠮᠠᠭᠲᠠᠭᠰᠠᠨ᠂ ᠠᠪᠤ ᠡᠵᠢ᠎ᠪᠠᠨ ᠬᠠᠶ᠋ᠢᠷᠠᠯᠠᠭᠰᠠᠨ᠂ ᠠᠮᠠᠷᠠᠭ ᠬᠤᠩᠭᠤᠷ ᠵᠶ᠋ᠠᠨ ᠰᠠᠨᠠᠭᠰᠠᠨ᠂ ᠠᠭᠲᠠ ᠬᠦᠯᠦᠭ ᠵᠶ᠋ᠠᠨ ᠪᠠᠭ᠍ᠠᠷᠬᠠᠭᠰᠠᠨ᠂ ᠠᠷᠤᠤᠬᠠᠨ ᠪᠠᠭ᠋ᠠᠲᠤᠷ ᠵᠶ᠋ᠠᠨ ᠳᠠᠭᠤᠯᠠᠵᠤ ᠠᠲᠠᠭ᠋ᠠᠲᠠᠨ ᠳᠠᠶ᠋ᠢᠰᠦᠨ᠎ᠳᠤ ᠬᠤᠷᠣᠰᠤᠭᠰᠠᠨ᠂ ᠦᠨᠡᠨ ᠰᠠᠶ᠋ᠢᠨ ᠰᠠᠶ᠋ᠢᠬᠠᠨ᠎ᠢ ᠬᠦᠰᠡᠵᠦ᠂ ᠬᠤᠳᠠᠯ ᠮᠠᠭᠤ ᠮᠠᠭᠤᠬᠠᠢ ᠵᠢ ᠵᠢᠭᠰᠢᠭᠰᠡᠨ ᠁ ᠶᠠᠮᠠᠷ ᠰᠠᠶ᠋ᠢᠬᠠᠨ ᠰᠢᠯᠦᠭ᠎ᠲᠠᠢ ᠶᠠᠮᠠᠷ ᠤᠶᠠᠷᠠᠮ᠎ᠠ ᠠᠶᠠᠯᠭᠤ᠎ᠲᠠᠢ ᠳᠠᠭᠤᠤ ᠭᠡᠭᠴᠢ ᠪᠣᠢ᠃ ᠲᠡᠷᠡ ᠣᠷᠠᠨ ᠦᠭᠡ᠎ᠠᠴᠠ ᠬᠡᠯᠡ ᠰᠤᠷᠴᠤ᠂ ᠲᠡᠷᠡ ᠣᠶᠠᠩᠭ᠎ᠠ ᠰᠡᠳᠭᠢᠯ᠎ᠠᠴᠠ ᠬᠠᠶ᠋ᠢᠷ᠎ᠠ ᠬᠥᠷᠲᠡᠵᠦ ᠬᠦᠮᠦᠨ ᠪᠣᠯᠤᠨ᠎ᠠ ᠰᠢᠦ ᠳ᠋ᠠ᠃ ᠪᠢ ᠦᠰᠦᠭ ᠲᠠᠨᠢᠬᠤ᠎ᠠᠴᠠ᠎ᠪᠠᠨ ᠤᠷᠢᠳ ᠠᠷᠠᠳ᠎ᠤᠨ ᠳᠠᠭᠤᠨ᠎ᠤ ᠦᠭᠡ ᠠᠶᠠᠯᠭᠤ ᠵᠢ ᠲᠣᠭᠲᠠᠭ᠋ᠠᠨ ᠳᠠᠭᠤᠯᠠᠵᠤ ᠭᠢᠩᠰᠢᠨ᠂ ᠤᠶᠠᠷᠠᠵᠤ ᠬᠠᠶ᠋ᠢᠯᠠᠵᠤ ᠭᠤᠨᠢᠵᠦ ᠪᠠᠶᠠᠰᠤᠨ᠂ ᠵᠢᠷᠭ᠋ᠠᠵᠤ ᠵᠣᠪᠠᠵᠤ ᠦᠰᠦᠭᠰᠡᠨ ᠶᠤᠮᠰᠠᠨ᠃ ᠣᠳᠤ ᠵᠢᠨ ᠬᠡᠣᠬᠡᠳ᠎ᠤᠨ ᠰᠣᠨᠢᠷᠬᠠᠨ ᠲᠠᠭ᠋ᠠᠰᠢᠶᠠᠳᠠᠭ ᠤᠷᠤᠰᠬᠠᠯ ᠲᠠᠭᠤᠤ᠂ ᠳᠡᠯᠭᠡᠷᠡᠭᠡ ᠲᠠᠭᠤᠤ᠂ ᠨᠠᠶ᠋ᠢᠭᠤᠭ᠎ᠠ ᠲᠠᠭᠤᠤ᠂ ᠬᠠᠰᠭᠢᠷᠤᠭ᠎ᠠ ᠳᠠᠭᠤᠤ᠂ ᠬᠢᠲᠠᠳ ᠳᠠᠭᠤᠤ᠎ᠠᠴᠠ ᠲᠡᠢ᠍ᠢ᠍ᠮᠦᠷᠭᠦᠤ ᠬᠦᠮᠦᠵᠢᠯ ᠬᠦᠷᠲᠡᠬᠥ ᠭᠡᠭᠴᠢ ᠬᠥᠴᠢᠷ ᠠᠰᠠᠭᠣᠳᠠᠯ᠃
      ᠥᠷᠬᠥᠯᠵᠢᠯᠡᠨ ᠬᠤᠶᠠᠷ ᠠ᠋ᠳᠦᠷ ᠠ᠋ᠷᠳᠡᠮᠳᠡᠨ ᠪᠠᠭᠰᠢ ᠨᠠᠷ᠎ᠤᠨ ᠢᠯᠡᠳᠭᠡᠯ᠎ᠢ ᠰᠣᠨᠤᠰᠴᠠᠭ᠋ᠠᠯ᠎ᠠ᠃ ᠣᠢ ᠳᠣᠢ᠎ᠳᠤ ᠣᠷᠤᠮ᠎ᠠ ᠦᠭᠡᠢ ᠰᠢᠨ᠎ᠡ ᠰᠠᠶ᠋ᠢᠬᠠᠨ ᠣᠨᠣᠯ ᠳᠤᠷᠠᠳᠴᠤ ᠪᠠᠶ᠋ᠢᠯ᠎ᠠ᠃ ᠣᠴᠢᠷ᠎ᠢ᠎ᠨᠢ ᠣᠯᠵᠤ ᠬᠤᠵᠢᠷ᠎ᠢ᠎ᠨᠢ ᠲᠤᠩᠭ᠋ᠠᠪᠠᠯ ᠶᠠᠭᠤᠮ᠎ᠠ ᠪᠤᠯᠭ᠋ᠠᠨ ᠰᠣᠳᠤᠯᠤᠭᠤᠰᠢᠲᠠᠢ ᠠᠵᠢ᠃ ᠠ᠋ᠷᠳᠡᠮ ᠰᠢᠨᠵᠢᠯᠡᠭᠡᠨ ᠪᠠ ᠵᠢᠭ᠋ᠠᠨ ᠰᠤᠷᠭ᠋ᠠᠯᠲᠠ ᠵᠢ ᠠᠩᠭᠢᠲᠠ ᠦᠵᠡᠳᠡᠭ ᠪᠣᠳᠤᠯ ᠮᠢᠨᠢ ᠠᠷᠠᠢ ᠬᠤᠪᠢᠷᠠᠵᠤ ᠠ᠋ᠬᠢᠯᠡᠵᠦ ᠪᠠᠶ᠋ᠢᠯ᠎ᠠ᠃ ᠠ᠋ᠢ᠍ᠢ᠍ᠮᠦᠷᠭᠦᠤ ᠪᠣᠯᠪᠠᠰᠤᠷᠠᠯ ᠮᠠᠨ᠎ᠳᠤ ᠮᠠᠰᠢ ᠴᠢᠬᠤᠯᠠ ᠪᠦᠭᠡᠳ ᠬᠤᠵᠢᠮ ᠬᠤᠶ᠋ᠢᠰᠢᠲᠠ ᠮᠣᠩᠭᠤᠯ ᠪᠠᠭᠰᠢ ᠨᠠᠷ ᠵᠶ᠋ᠠᠨ ᠢᠯᠡᠭᠦᠭᠡᠨ ᠳᠠᠶ᠋ᠢᠴᠢᠯᠠᠵᠤ ᠲᠤᠰᠬᠠᠢ ᠮᠡᠷᠭᠡᠵᠢᠯᠲᠡᠨ᠎ᠢ ᠬᠦᠮᠦᠵᠢᠭᠦᠯᠵᠦ ᠮᠤᠩᠭᠤᠯ ᠵᠶ᠋ᠠᠷ ᠢᠯᠡᠳᠭᠡᠯ ᠬᠢᠯᠭᠡᠪᠡᠯ ᠬᠡᠴᠢᠨᠡᠭᠡᠨ ᠰᠠᠶ᠋ᠢᠨ ᠪᠤᠢ᠃ ᠮᠠᠨ᠎ᠳᠤ ᠴᠢᠩ ᠦᠨᠡᠨᠴᠢ ᠰᠡᠳᠭᠢᠯ ᠵᠶ᠋ᠠᠷ ᠠᠵᠢᠯ ᠬᠢᠳᠡᠭ ᠲᠠᠯ᠎ᠠ ᠰᠢᠬ ᠰᠡᠳᠭᠢᠯ᠎ᠲᠠᠢ ᠠᠭᠤᠯᠠ ᠰᠢᠬ ᠬᠦᠮᠦᠰ ᠬᠡᠷᠡᠭᠳᠡᠢ᠃ ᠰᠡᠭᠦᠯᠴᠢ ᠵᠢᠨ ᠠ᠋ᠳᠦᠷ 《ᠠᠵᠢᠯ᠎ᠤᠨ ᠬᠠᠮᠲᠤᠯᠢᠭ》᠎ᠤᠨ᠎ᠬᠢᠨ ᠨᠢᠭᠡ ᠵᠢᠯ᠎ᠤᠨ ᠠᠵᠢᠯ᠎ᠤᠨ ᠲᠥᠯᠥᠪᠯᠡᠭᠡ᠎ᠪᠠᠨ ᠲᠤᠭᠳᠠᠭ᠋ᠠᠨ᠂ ᠣᠯᠠᠨ᠎ᠳᠤ ᠶᠠᠷᠢᠵᠦ ᠦᠭᠭᠦᠭᠰᠡᠨ ᠪᠠ ᠪᠦᠭᠦᠳᠡᠭᠡᠷ ᠭᠠᠷ ᠬᠥᠳᠡᠯᠦᠯᠴᠡᠵᠦ 《ᠰᠤᠷᠬᠤ ᠲᠦᠰᠦᠪ》 ᠬᠢᠵᠡᠭᠡᠯ᠎ᠡ᠃ ᠣᠯᠠᠨ ᠬᠦᠮᠦᠨ᠎ᠤ ᠣᠬᠠᠭ᠋ᠠᠨ ᠭᠡᠭᠴᠢ ᠬᠡᠴᠡᠭᠦᠦ ᠯᠡ ᠳ᠋ᠠ᠃ ᠣᠯᠠᠨ ᠰᠠᠶ᠋ᠢᠬᠠᠨ ᠲᠥᠰᠦᠪ ᠮᠡᠨᠳᠦᠯᠡᠵᠦ ᠪᠠᠶ᠋ᠢᠯ᠎ᠠ᠃ ᠬᠠᠷᠢᠯᠴᠠᠨ ᠰᠣᠯᠢᠯᠴᠠᠵᠤ ᠣᠬᠠᠭ᠋ᠠᠨ ᠲᠡᠯᠡᠵᠦ ᠪᠠᠶ᠋ᠢᠯ᠎ᠠ᠃
      ᠬᠥᠬᠡ ᠮᠦᠷᠡᠨ᠎ᠤ ᠬᠦᠪᠡᠭᠡᠨ᠎ᠳᠤ᠎ᠬᠢ ᠨᠠᠨᠵᠢᠩ᠎ᠠᠴᠠ ᠬᠦᠬᠡ ᠮᠤᠩᠭᠤᠯ᠎ᠤᠨ ᠦᠨᠳᠦᠷᠯᠢᠭ᠎ᠲᠤ᠎ᠪᠠᠨ ᠬᠡᠯᠡᠬᠦ ᠶᠠᠭᠤᠮ᠎ᠠ᠎ᠲᠠᠢ᠂ ᠬᠢᠬᠦ ᠮᠥᠷᠦᠭᠡᠳᠦᠯ᠎ᠲᠠᠢ ᠪᠤᠴᠠᠨ᠎ᠠ ᠭᠡᠵᠦ ᠣᠯᠵᠠ ᠪᠣᠰᠤ ᠦᠦ! ᠡ᠊ᠨᠳᠡ ᠥᠪᠦᠷ ᠮᠣᠩᠭᠤᠯ ᠤᠷᠤᠨ᠎ᠤ ᠠ᠋ᠷᠳᠡᠮᠳᠡᠨ ᠪᠠᠭᠰᠢ᠂ ᠬᠡᠯᠡᠨ᠎ᠤ ᠳᠠᠷᠬᠠᠳ᠎ᠲᠠᠢ ᠲᠠᠨᠢᠯᠴᠠᠨ ᠨᠠᠶ᠋ᠢᠵᠠᠯᠠᠭᠰᠠᠨ᠎ᠨᠢ ᠲᠣᠮᠤᠬᠠᠨ ᠣᠯᠵᠠ ᠪᠢᠯᠡ᠃ ᠠᠯᠳᠠᠭ ᠣᠨᠤᠭ ᠲᠣᠭᠲᠠᠭ᠋ᠠᠭᠰᠠᠨ ᠲᠦᠭᠦᠬᠡᠢ ᠱᠦᠭᠦᠷᠬᠡᠢ ᠪᠣᠳᠤᠯ ᠵᠶ᠋ᠠᠨ ᠴᠢᠳᠠᠨ ᠶᠠᠳᠠᠨ ᠬᠡᠯᠬᠢᠵᠦ ᠬᠤᠯᠪᠤᠨ 《ᠵᠢᠭ᠋ᠠᠬᠤ ᠰᠤᠷᠬᠤ ᠰᠣᠳᠤᠯᠬᠤ ᠵᠢᠨ ᠣᠴᠢᠷᠯᠠᠯ》 ᠬᠡᠮᠡᠪᠡᠢ᠃ 《ᠣᠯᠵᠠ ᠵᠢ ᠣᠯᠠᠨ ᠵᠶ᠋ᠠᠷ ᠵᠶ᠋ᠠᠨ》 ᠭᠡᠳᠡᠭ᠃ ᠦᠵᠡᠬᠦ ᠮᠡᠷᠭᠡᠳ ᠰᠢᠭᠦᠮᠵᠢᠯᠡᠮᠦ!
     
      ᠬᠠᠶᠢᠭ᠄ ᠣᠩᠨᠢᠭᠤᠳ ᠬᠤᠰᠢᠭᠤᠨ᠎ᠤ ᠪᠣᠷᠤᠬᠤᠲᠠ ᠮᠣᠩᠭᠤᠯ ᠳᠤᠮᠳᠠᠳᠤ ᠰᠤᠷᠭ᠋ᠠᠭᠤᠯᠢ

                  (ᠾᠥᠩ ᠮᠸᠢ ᠨᠠᠢ᠍ᠢ᠍ᠷᠠᠭᠤᠯᠪᠠ)

                    2018 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠪᠠᠭ᠎ᠠ ᠰᠣᠷᠭ᠋ᠠᠭᠤᠯᠢ ᠵᠢᠨ ᠲᠣᠭ᠋ᠠᠨ᠎ᠤ ᠣᠬᠠᠭ᠋ᠠᠨ᠎ᠤ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯᠯᠡᠬᠦ ᠪᠣᠳᠠᠳᠣ ᠠᠷᠭ᠎ᠠ ᠪᠠᠷᠢᠯ᠎ᠤᠨ ᠲᠣᠷᠰᠢᠯᠭ᠎ᠠ ᠬᠤᠷᠠᠮᠳᠣᠭᠤᠯᠣᠯ
ᠮᠣᠩᠭᠤᠯ ᠵᠶ᠋ᠠᠷ ᠬᠢᠴᠢᠶᠡᠯᠯᠡᠬᠦ ᠪᠠᠭ᠎ᠠ ᠰᠤᠷᠭ᠋ᠠᠭᠤᠯᠢ ᠵᠢᠨ ᠬᠢᠴᠢᠶᠡᠯ ᠲᠦᠷᠦᠯ᠎ᠤᠨ ᠭᠣᠣᠯᠯᠠᠭᠴᠢ ᠪᠠᠭᠰᠢ ᠵᠢᠨ ᠲᠡᠭᠡᠳᠦ ᠵᠡᠷᠭᠡ ᠵᠢᠨ ᠪᠣᠯᠪᠠᠰᠤᠷᠠᠯ᠎ᠳᠤ ᠣᠷᠤᠯᠴᠠᠭᠰᠠᠨ ᠣᠯᠤᠯᠲᠠ ᠲᠦᠷᠦᠭᠳᠡᠯ
ᠰᠢᠯᠢᠳᠡᠭ ᠪᠠᠭᠰᠢ ᠵᠠᠪᠠᠯ ᠵᠢᠭ᠋ᠠᠨ ᠰᠤᠷᠭ᠋ᠠᠯᠳᠠ ᠵᠢᠨ ᠰᠤᠳᠤᠯᠭ᠋ᠠᠨ ᠬᠢᠵᠤ ᠴᠢᠳᠠᠭᠰᠠᠨ ᠪᠠᠢ᠍ᠢ᠍ᠬᠤ ᠭᠡᠷᠡᠭᠳᠠᠢ
ᠬᠢᠴᠢᠶᠡᠯ ᠲᠦᠷᠦᠯ᠎ᠤᠨ ᠦᠢ᠍ᠯᠡᠴᠢᠯᠡᠭᠡᠨ᠎ᠤ ᠲᠠᠪᠴᠠᠩ᠎ᠤᠨ ᠪᠦᠲᠦᠭᠡᠨ ᠪᠠᠶ᠋ᠢᠭᠤᠯᠣᠯᠲᠠ ᠲᠣᠮᠳᠠ ᠣᠷᠤᠰᠢᠵᠤ ᠪᠠᠶ᠋ᠢᠭ᠎ᠠ ᠠᠰᠠᠭᠤᠳᠠᠯ ᠵᠢᠴᠢ ᠰᠢᠢ᠍ᠳᠪᠤᠷᠢᠯᠡᠭᠦ ᠠᠷᠭ᠎ᠠ ᠪᠣᠳᠣᠯᠭ᠎ᠠ
《ᠰᠤᠷᠭ᠋ᠠᠭᠤᠯᠢ ᠵᠢᠨ ᠲᠡᠰ᠎ᠤᠨ ᠵᠠᠯᠠᠭᠤ ᠪᠠᠭᠰᠢ》 ᠵᠢ ᠪᠤᠯᠪᠠᠰᠤᠷᠠᠭᠤᠯᠬᠤ ᠠᠵᠢᠯᠯᠠᠭ᠋ᠠᠨ᠎ᠤ ᠠ᠋ᠷᠭᠢᠴᠡᠭᠦᠯᠦᠯ
 
             蒙ICP备05000248号