ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠪᠠᠭᠰᠢ᠎ᠶᠢᠨ ᠬᠤᠷᠸ᠎ᠠ
ᠪᠠᠭ᠎ᠠ ᠰᠣᠷᠭ᠋ᠠᠭᠤᠯᠢ ᠵᠢᠨ ᠲᠣᠭ᠋ᠠᠨ᠎ᠤ ᠣᠬᠠᠭ᠋ᠠᠨ᠎ᠤ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯᠯᠡᠬᠦ ᠪᠣᠳᠠᠳᠣ ᠠᠷᠭ᠎ᠠ ᠪᠠᠷᠢᠯ᠎ᠤᠨ ᠲᠣᠷᠰᠢᠯᠭ᠎ᠠ ᠬᠤᠷᠠᠮᠳᠣᠭᠤᠯᠣᠯ
ᠨᠡᠶ᠋ᠢᠲᠡᠯᠡᠭᠰᠡᠨ ᠴᠠᠭ᠄ 2019-01-11

                                                        ᠪᠠᠢ ᠵᠢᠨ ᠬᠤᠸᠨ



      ᠪᠠᠭ᠎ᠠ ᠰᠣᠷᠭ᠋ᠠᠭᠤᠯᠢ ᠵᠢᠨ ᠲᠣᠭ᠋ᠠᠨ᠎ᠤ ᠣᠬᠠᠭ᠋ᠠᠨ᠎ᠤ 《ᠭᠤᠷᠪᠠᠨ ᠠᠯᠬᠤᠮᠳᠣ ᠵᠢᠭ᠋ᠠᠬᠤ ᠠᠷᠭ᠎ᠠ》 ᠵᠢ ᠲᠣᠷᠰᠢᠭᠰᠠᠨ ᠬᠤᠶᠠᠷ ᠵᠢᠯ᠎ᠤᠨ ᠲᠣᠷᠰᠢᠳᠡ ᠨᠡᠶ᠋ᠢᠳᠡ 400 ᠢᠯᠡᠭᠦᠣ ᠬᠢᠴᠢᠶᠡᠯᠯᠡᠭᠡ ᠵᠢᠨ ᠪᠣᠳᠠᠳᠣ ᠲᠣᠷᠰᠢᠯᠳᠡ᠂ ᠰᠣᠳᠣᠯᠭ᠋ᠠᠨ ᠵᠶ᠋ᠠᠷ ᠲᠠᠮᠵᠢᠨ ᠨᠢᠭᠡᠨ ᠨᠡᠯᠢᠶᠡᠳ ᠰᠢᠰᠲᠸᠮᠴᠢᠯᠡᠭᠰᠡᠨ ᠮᠦᠷᠳᠡᠭᠡᠨ ᠨᠢᠳᠣᠨ᠎ᠳᠤ ᠦᠵᠡᠭᠳᠡᠵᠦ ᠭᠠᠷ᠎ᠲᠤ ᠪᠠᠷᠢᠭᠳᠠᠭ᠍ᠣ ᠪᠣᠳᠠᠳᠠᠢ ᠠᠷᠭ᠎ᠠ ᠪᠠᠷᠢᠯ ᠪᠣᠯᠭ᠋ᠠᠨ ᠬᠤᠷᠢᠶᠠᠩᠭᠤᠶ᠋ᠢᠯᠠᠭᠰᠠᠨ ᠲᠣᠯᠠᠳᠠ ᠡ᠊ᠨᠳᠡ ᠬᠤᠷᠠᠮᠳᠣᠭᠤᠯᠣᠭᠰᠠᠨ ᠠᠷᠭ᠎ᠠ ᠲᠣᠷᠰᠢᠯᠭ᠎ᠠ᠎ᠪᠠᠨ ᠮᠥᠴᠢᠳ ᠳ᠋ᠥᠨᠭᠨᠡᠨ᠂ 《ᠭᠤᠷᠪᠠᠨ ᠠᠯᠬᠤᠮᠳᠣ ᠵᠢᠭ᠋ᠠᠬᠤ ᠠᠷᠭ᠎ᠠ》 ᠵᠢ ᠦᠷᠭᠦᠯᠵᠢᠯᠡᠨ ᠰᠦᠪᠡᠭᠴᠢᠯᠡᠬᠦ᠎ᠳᠤ ᠯᠠᠪᠯᠠᠯᠳᠠ ᠪᠣᠯᠭ᠋ᠠᠬᠣ ᠵᠢ ᠵᠣᠷᠢᠪᠠ!
      ᠨᠢᠭᠡ᠂ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯᠯᠡᠬᠦ ᠶᠠᠪᠣᠴᠠ ᠵᠢᠨ ᠬᠤᠷᠢᠶᠠᠩᠭᠤᠶ᠋ᠢᠯᠠᠯ
     《ᠭᠤᠷᠪᠠᠨ ᠠᠯᠬᠤᠮᠳᠣ ᠵᠢᠭ᠋ᠠᠬᠤ ᠠᠷᠭ᠎ᠠ》 ᠵᠢᠨ ᠬᠢᠴᠢᠶᠡᠯᠯᠡᠬᠦ ᠶᠠᠪᠣᠴᠠ ᠵᠢ ᠵᠠᠭᠪᠣᠷᠴᠢᠯᠠᠪᠠᠯ᠄ ᠣᠷᠢᠳ ᠵᠶ᠋ᠠᠷ ᠣᠷᠣᠯᠳᠣᠭᠤᠯᠵᠣ᠂ ᠣᠷᠣᠯᠳᠣᠭᠰᠡᠨ ᠰᠡᠳᠬᠢᠮᠵᠢ ᠵᠢ ᠵᠢ ᠶᠠᠷᠢᠭᠤᠯᠣᠨ᠎ᠠ; ᠲᠠᠷᠠᠭ᠎ᠠ᠎ᠨᠢ ᠵᠢᠷᠣᠭᠤᠯᠵᠣ᠂ ᠵᠢᠷᠣᠭᠰᠡᠨ ᠰᠡᠳᠬᠢᠮᠵᠢ ᠵᠢ᠎ᠨᠢ ᠶᠠᠷᠢᠭᠤᠯᠣᠨ᠎ᠠ; ᠲᠠᠷᠠᠭ᠎ᠠ᠎ᠨᠢ ᠪᠣᠳᠣᠭᠤᠯᠵᠣ᠂ ᠪᠣᠳᠣᠭᠰᠡᠨ ᠰᠡᠳᠬᠢᠮᠵᠢ ᠵᠢ᠎ᠨᠢ ᠶᠠᠷᠢᠭᠤᠯᠣᠨ᠎ᠠ; ᠬᠠᠮᠤᠭ ᠰᠡᠭᠦᠯ᠎ᠳᠤ ᠲᠣᠰ ᠠ᠋ᠳᠦᠷ᠎ᠤᠨ ᠰᠣᠷᠣᠭᠰᠡᠨ ᠮᠡᠳᠡᠯᠭᠡ᠎ᠪᠠᠨ ᠠᠰᠢᠭᠯᠠᠨ ᠠᠰᠠᠭᠤᠳᠠᠯ᠎ᠢ ᠰᠢᠢ᠍ᠳᠪᠦᠷᠢᠯᠡᠬᠦ ᠪᠠᠳᠣᠳᠬᠠᠯ ᠪᠣᠯᠪᠠᠰᠣᠷᠠᠯ ᠬᠢᠨ᠎ᠡ᠃
      ᠬᠤᠶᠠᠷ᠂ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯ ᠪᠡᠯᠡᠳᠭᠡᠬᠦ ᠪᠣᠶᠣ ᠬᠢᠴᠢᠶᠡᠯᠯᠡᠬᠦ ᠶᠠᠪᠣᠴᠠ᠎ᠳᠤ᠎ᠬᠢ ᠠᠩᠬᠠᠷᠬᠤ ᠴᠢᠬᠤᠯᠠᠳᠠᠢ ᠵᠣᠶ᠋ᠢᠯᠡᠰ
      ᠲᠣᠷᠰᠢᠯᠳᠡ᠎ᠪᠠᠷ ᠲᠠᠮᠵᠢᠨ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯᠯᠡᠬᠦ᠎ᠳᠤ ᠲᠠᠷᠠᠭ᠋ᠠᠬᠢ ᠲᠣᠯᠣᠭ᠋ᠠᠨ ᠲᠠᠯ᠎ᠠ ᠵᠢ ᠠᠩᠬᠠᠷᠬᠤ ᠴᠢᠬᠤᠯᠠᠳᠠᠢ ᠪᠠᠶ᠋ᠢᠨ᠎ᠠ᠃
     1. ᠶᠡᠷᠦ ᠵᠢᠨ ᠪᠠᠶ᠋ᠢᠳᠠᠯ ᠲᠣᠣᠷ᠎ᠡ ᠬᠢᠴᠢᠶᠡᠯ᠎ᠤᠨ ᠪᠢᠴᠢᠭ᠎ᠲᠤ᠎ᠬᠢ ᠰᠢᠨ᠎ᠡ ᠰᠣᠷᠬᠤ ᠠᠭᠤᠯᠭ᠎ᠠ ᠵᠢ ᠰᠣᠷᠣᠭᠴᠢᠳ ᠵᠶ᠋ᠠᠷ ᠣᠷᠢᠳᠴᠢᠯᠠᠵᠣ ᠲᠠᠪᠳᠠᠭᠤᠯᠬᠤ ᠴᠢᠬᠤᠯᠠ ᠦᠭᠡᠢ᠃ ᠣᠴᠢᠷ᠎ᠨᠢ 《ᠭᠤᠷᠪᠠᠨ ᠠᠯᠬᠤᠮᠳᠣ ᠵᠢᠭ᠋ᠠᠬᠤ ᠠᠷᠭ᠎ᠠ》 ᠵᠢᠨ ᠭᠤᠣᠯᠯᠠᠭᠴᠢ ᠦᠵᠡᠯ ᠰᠠᠨᠠᠭ᠎ᠠ ᠪᠣᠯ 《ᠬᠡᠯᠡᠵᠦ ᠰᠣᠷᠭ᠋ᠠᠬᠤ᠎ᠪᠠᠷ ᠬᠢᠯᠭᠡᠵᠦ ᠰᠣᠷᠭ᠋ᠠᠬᠤ》 ᠲᠣᠯᠠ ᠰᠢᠨ᠎ᠡ ᠰᠣᠷᠬᠤ ᠮᠡᠳᠡᠯᠭᠡ ᠵᠢ ᠰᠣᠷᠣᠭᠴᠢᠳ ᠦᠪᠡᠷᠳᠡᠭᠡᠨ ᠣᠷᠣᠯᠳᠣᠨ ᠰᠦᠪᠡᠭᠴᠢᠯᠡᠵᠦ ᠰᠣᠷᠣᠯᠴᠠᠭ᠍ᠣ ᠴᠢᠬᠤᠯᠠᠳᠠᠢ; ᠬᠡᠷᠪᠡ ᠬᠢᠴᠢᠶᠡᠯ᠎ᠤᠨ ᠪᠢᠴᠢᠭ᠎ᠤᠨ ᠠᠭᠤᠯᠭ᠎ᠠ ᠵᠢ ᠣᠷᠢᠳᠴᠢᠯᠠᠵᠣ ᠲᠠᠪᠳᠠᠪᠠᠯ ᠰᠣᠷᠣᠭᠴᠢᠳ᠎ᠤᠨ ᠰᠡᠳᠬᠢᠬᠦᠢ᠎ᠨᠢ ᠬᠢᠴᠢᠶᠡᠯ᠎ᠤᠨ ᠪᠢᠴᠢᠭ᠎ᠲᠤ ᠢᠯᠡᠷᠡᠭᠰᠡᠨ ᠠᠷᠭ᠎ᠠ᠎ᠳᠤ ᠯᠠ ᠬᠦᠯᠢᠶᠡᠰᠦᠯᠡᠭᠳᠡᠬᠦ ᠪᠣᠯᠣᠨ᠎ᠠ; ᠭᠡᠳᠡᠯ᠎ᠡ ᠲᠣᠭ᠋ᠠᠨ᠎ᠤ ᠣᠬᠠᠭ᠋ᠠᠨ᠎ᠤ ᠰᠣᠷᠣᠯᠴᠠᠯᠭ᠎ᠠ ᠪᠣᠯ ᠨᠢᠭᠡᠨ ᠰᠡᠳᠬᠢᠬᠦᠢ ᠵᠢᠨ ᠪᠣᠯᠪᠠᠰᠣᠷᠠᠯ ᠪᠠᠶ᠋ᠢᠵᠣ᠂ ᠰᠡᠳᠬᠢᠬᠦᠢ ᠵᠢᠨ ᠪᠣᠯᠪᠠᠰᠣᠷᠠᠯ᠎ᠨᠢ ᠮᠡᠳᠡᠯᠭᠡ ᠰᠣᠷᠣᠯᠴᠠᠭ᠍ᠣ᠎ᠠᠴᠠ ᠨᠠᠩ ᠴᠢᠬᠤᠯᠠ ᠪᠣᠯᠬᠤ ᠣᠴᠢᠷ᠎ᠠᠴᠠ ᠪᠢᠳᠡ ᠰᠣᠷᠣᠯᠴᠠᠭ᠍ᠣ ᠠᠭᠤᠯᠭ᠎ᠠ ᠵᠢ ᠴᠢᠯᠦᠭᠡᠳᠠᠢ ᠦᠭᠴᠦ ᠰᠡᠳᠬᠢᠨ ᠣᠷᠣᠯᠳᠣᠭᠤᠯᠬᠤ᠎ᠨᠢ ᠴᠢᠬᠤᠯᠠ᠎ᠠᠴᠠ ᠴᠢᠬᠤᠯᠠ ᠶᠣᠮ᠃
     2. ᠵᠢᠭ᠋ᠠᠬᠤ ᠮᠠᠲᠸᠷᠢᠶᠠᠯ᠎ᠳᠤ᠎ᠬᠢ ᠵᠢᠱ᠌ᠢᠶ᠎ᠡ ᠰᠡᠳᠦᠪ᠎ᠢ ᠠᠮᠢᠳᠣᠯᠢᠭ ᠪᠦᠳᠦᠭᠡᠯᠴᠢ᠎ᠪᠠᠷ ᠠᠰᠢᠭᠯᠠᠨ᠂ ᠵᠢᠱ᠌ᠢᠶ᠎ᠡ ᠰᠡᠳᠦᠪ ᠵᠶ᠋ᠠᠨ ᠰᠣᠷᠣᠭᠴᠢᠳ᠎ᠤᠨ ᠰᠠᠶ᠋ᠢᠨ ᠮᠡᠳᠡᠳᠡᠭ ᠠᠮᠢᠳᠣᠷᠠᠯ᠎ᠤᠨ ᠲᠣᠷᠰᠢᠯᠭ᠎ᠠ᠎ᠲᠠᠢ ᠣᠶᠠᠯᠳᠣᠭᠤᠯᠣᠨ ᠨᠠᠶ᠋ᠢᠷᠠᠭᠤᠯᠵᠣ᠂ ᠰᠣᠷᠣᠭᠴᠢ ᠵᠢᠨ ᠣᠷᠮ᠎ᠡ ᠪᠠᠬ᠎ᠠ ᠵᠢ ᠲᠠᠳᠠᠭᠰᠠᠨ ᠮᠦᠷᠳᠡᠭᠡᠨ ᠲᠣᠪᠴᠢ ᠣᠶ᠋ᠢᠯᠠᠭ᠋ᠠᠮᠵᠢᠳᠠᠢ ᠪᠠᠶ᠋ᠢᠬᠤ ᠵᠢ ᠠᠩᠬᠠᠷᠬᠤ ᠬᠡᠷᠡᠭᠳᠡᠢ᠃
     3. ᠰᠢᠨ᠎ᠡ ᠰᠣᠷᠬᠤ ᠮᠡᠳᠡᠯᠭᠡ (ᠵᠢᠱ᠌ᠢᠶ᠎ᠡ ᠰᠡᠳᠦᠪ) ᠵᠢ ᠠ᠋ᠷᠬᠡᠪᠰᠢ ᠰᠣᠷᠣᠭᠴᠢ᠎ᠪᠠᠷ ᠪᠡᠶᠡᠴᠢᠯᠡᠨ ᠣᠷᠣᠯᠳᠣᠭᠤᠯᠵᠣ᠂ ᠵᠢᠷᠣᠭᠴᠢᠯᠠᠭ᠍ᠣ ᠪᠠ ᠪᠣᠳᠣᠭᠤᠯᠣᠨ ᠰᠦᠪᠡᠭᠴᠢᠯᠡᠭᠦᠯᠬᠦ ᠴᠠᠭ ᠪᠠ ᠨᠠᠮ ᠰᠡᠯᠡᠭᠦᠣ ᠣᠷᠴᠢᠨ᠎ᠢ ᠬᠦᠷᠦᠯᠴᠡᠭᠦᠶ᠋ᠢᠴᠡ ᠬᠠᠨᠭ᠌ᠭ᠋ᠠᠨ ᠦᠭᠬᠦ ᠬᠡᠷᠡᠭᠳᠡᠢ; ᠰᠣᠷᠣᠭᠴᠢᠳ ᠪᠡᠶᠡᠴᠢᠯᠡᠨ ᠣᠷᠣᠯᠳᠣᠵᠣ᠂ ᠵᠢᠷᠣᠭᠴᠢᠯᠠᠭ᠍ᠣ ᠪᠠ ᠪᠣᠳᠣᠵᠣ ᠰᠦᠪᠡᠭᠴᠢᠯᠡᠬᠦ ᠶᠠᠪᠣᠴᠠ᠎ᠳᠤ ᠪᠠᠭᠰᠢ ᠨᠢᠭᠡᠳ ᠨᠢᠭᠡ᠎ᠪᠠᠷ ᠲᠣᠭᠤᠷᠢᠨ ᠠᠵᠢᠭᠯᠠᠭ᠍ᠣ ᠵᠢᠨ ᠵᠡᠷᠭᠡᠪᠡᠷ ᠬᠦᠴᠢᠷᠳᠡᠵᠦ ᠪᠠᠶ᠋ᠢᠭ᠎ᠠ ᠰᠣᠷᠣᠭᠴᠢ ᠵᠢ ᠵᠣᠬᠢᠰᠳᠠᠢ ᠵᠢᠯᠣᠭᠤᠳᠴᠣ᠂ ᠪᠠᠰᠠ ᠰᠣᠷᠣᠭᠴᠢ ᠪᠦᠷᠢ ᠵᠢᠨ ᠣᠷᠣᠯᠳᠣᠵᠣ᠂ ᠵᠢᠷᠣᠭᠴᠢᠯᠠᠵᠣ᠂ ᠪᠣᠳᠣᠵᠣ ᠪᠠᠶ᠋ᠢᠭ᠎ᠠ ᠪᠠᠶ᠋ᠢᠳᠠᠯ᠎ᠳᠤ ᠴᠦᠮ ᠭᠦᠢ᠍ᠴᠡᠳ ᠣᠶ᠋ᠢᠯᠠᠭ᠋ᠠᠯᠳᠠ᠎ᠲᠠᠢ ᠪᠠᠶ᠋ᠢᠬᠤ ᠬᠡᠷᠡᠭᠳᠡᠢ᠃ ᠠ᠋ᠨᠡᠬᠦ ᠶᠠᠪᠣᠴᠠ᠎ᠳᠤ ᠣᠷᠣᠯᠳᠣᠭᠤᠯᠬᠤ᠂ ᠵᠢᠷᠣᠭᠤᠯᠬᠤ ᠪᠣᠶᠣ ᠪᠣᠳᠣᠭᠤᠯᠬᠤ ᠱᠠᠭ᠋ᠠᠷᠳᠠᠯᠭ᠎ᠠ᠎ᠪᠠᠨ 《ᠣᠷᠣᠯᠳᠣᠯᠭ᠎ᠠ ᠵᠢᠨ ᠬᠠᠭᠤᠳᠠᠰᠣ》 ᠪᠣᠶᠣ ᠲᠡᠯᠭᠡᠴᠡ᠎ᠳᠤ ᠵᠦᠪ ᠣᠨᠣᠪᠴᠢᠳᠠᠢ᠂ ᠲᠣᠪᠴᠢ ᠲᠣᠳᠣᠷᠬᠠᠢ᠂ ᠣᠶ᠋ᠢᠯᠠᠭ᠋ᠠᠮᠵᠢᠳᠠᠢ᠎ᠪᠠᠷ ᠵᠣᠷᠪᠣᠰᠯᠠᠨ ᠲᠣᠰᠢᠶᠠᠭ᠍ᠣ᠎ᠨᠢ ᠪᠦᠬᠦᠶ᠋ᠢᠯᠡ ᠬᠢᠴᠢᠶᠡᠯᠯᠡᠭᠡ ᠵᠢᠨ ᠣᠷᠣᠭᠰᠢᠳᠠᠢ ᠶᠠᠪᠣᠭᠳᠠᠭ᠍ᠣ ᠵᠢᠨ ᠪᠠᠳᠣᠯᠠᠭ᠎ᠠ ᠪᠣᠯᠣᠨ᠎ᠠ᠃
     4. ᠰᠣᠷᠣᠭᠴᠢᠳ ᠪᠡᠶᠡᠴᠢᠯᠡᠨ ᠣᠷᠣᠯᠳᠣᠭᠰᠡᠨ᠂ ᠵᠢᠷᠣᠭᠴᠢᠯᠠᠭᠰᠡᠨ ᠪᠠ ᠪᠣᠳᠣᠭᠰᠡᠨ ᠰᠡᠳᠬᠢᠮᠵᠢ᠎ᠪᠠᠨ ᠠ᠋ᠷᠬᠡᠪᠰᠢ ᠶᠠᠷᠢᠬᠤ ᠬᠡᠷᠡᠭᠳᠡᠢ᠃ ᠦᠪᠡᠷ᠎ᠤᠨ ᠰᠡᠳᠬᠢᠮᠵᠢ᠎ᠪᠠᠨ ᠶᠠᠷᠢᠵᠣ ᠢᠯᠡᠳᠭᠡᠵᠦ ᠴᠢᠳᠠᠪᠠᠯ ᠰᠠᠶᠢ ᠦᠨᠡᠨᠬᠦ ᠲᠣᠳᠣᠷᠬᠠᠢ ᠣᠶ᠋ᠢᠯᠠᠭ᠋ᠠᠭᠰᠠᠨ᠎ᠢ ᠬᠠᠷᠠᠭᠤᠯᠵᠣ ᠪᠠᠶ᠋ᠢᠬᠤ ᠲᠣᠯᠠ ᠲᠣᠰ ᠶᠠᠪᠣᠴᠠ ᠵᠢ ᠬᠡᠷᠬᠢᠪᠡᠴᠦ ᠣᠮᠳᠤᠭ᠋ᠠᠶ᠋ᠢᠯᠠᠵᠣ ᠪᠣᠯᠬᠤ ᠦᠭᠡᠢ᠃ ᠰᠡᠳᠬᠢᠮᠵᠢ ᠵᠢ ᠶᠠᠷᠢᠭᠤᠯᠬᠤ᠎ᠳᠤ ᠠᠳᠠᠯᠢ ᠪᠣᠰᠣ ᠠᠷᠭ᠎ᠠ᠎ᠪᠠᠷ ᠵᠦᠪ ᠰᠡᠳᠬᠢᠭᠰᠡᠨ ᠰᠣᠷᠣᠭᠴᠢ᠎ᠪᠠᠷ ᠶᠠᠷᠢᠭᠤᠯᠬᠤ ᠮᠦᠷᠳᠡᠭᠡᠨ ᠪᠣᠷᠣᠭᠤ ᠰᠡᠳᠬᠢᠭᠰᠡᠨ ᠰᠣᠷᠣᠭᠴᠢ ᠵᠢ ᠴᠦ᠍ ᠶᠠᠷᠢᠭᠤᠯᠬᠤ᠎ᠪᠠᠷ ᠲᠠᠮᠵᠢᠨ ᠵᠢᠭ᠋ᠠᠨ ᠵᠢᠯᠣᠭᠤᠳᠬᠤ ᠴᠢᠬᠤᠯᠠᠳᠠᠢ᠃
     5. ᠪᠠᠳᠣᠳᠬᠠᠯ ᠪᠣᠯᠪᠠᠰᠣᠷᠠᠯ᠎ᠢ ᠨᠠᠷᠢᠯᠢᠬ ᠲᠦᠰᠦᠪᠯᠡᠵᠦ᠂ ᠦᠨᠡᠨᠬᠦ ᠰᠣᠷᠣᠭᠰᠠᠨ ᠮᠡᠳᠡᠯᠭᠡ᠎ᠪᠠᠨ ᠪᠠᠳᠣᠳᠬᠠᠨ ᠦᠷᠭᠡᠵᠢᠬᠦᠯᠬᠦ ᠵᠣᠷᠢᠯᠭ᠎ᠠ᠎ᠳᠤ ᠬᠦᠷᠦᠭᠰᠡᠨ ᠪᠠᠶ᠋ᠢᠬᠤ ᠬᠡᠷᠡᠭᠳᠡᠢ᠃ ᠪᠠᠳᠣᠳᠬᠠᠯ ᠪᠣᠯᠪᠠᠰᠣᠷᠠᠯ᠎ᠢ ᠶᠡᠷᠦ᠎ᠳᠤ᠎ᠪᠠᠨ ᠦᠨᠳᠦᠰᠦᠨ ᠪᠠᠳᠣᠳᠬᠠᠯ᠂ ᠦᠷᠭᠡᠳᠭᠡᠯ ᠪᠠᠳᠣᠳᠬᠠᠯ ᠪᠠ ᠠᠰᠠᠭᠤᠳᠠᠯ᠎ᠢ ᠰᠢᠢ᠍ᠳᠪᠦᠷᠢᠯᠡᠬᠦ ᠵᠡᠷᠭᠡ ᠭᠤᠷᠪᠠᠨ ᠵᠣᠶ᠋ᠢᠯ᠎ᠤᠨ ᠪᠠᠳᠣᠳᠬᠠᠯ ᠪᠣᠯᠪᠠᠰᠣᠷᠠᠯ ᠲᠣᠬᠢᠷᠠᠭᠤᠯᠪᠠᠯ ᠵᠣᠬᠢᠨ᠎ᠠ᠃ ᠲᠣᠬᠠᠶ᠋ᠢᠯᠠᠪᠠᠯ᠂ ᠦᠨᠳᠦᠰᠦᠨ ᠪᠠᠳᠣᠳᠬᠠᠯ᠎ᠨᠢ ᠵᠢᠱ᠌ᠢᠶ᠎ᠡ ᠰᠡᠳᠦᠪ᠎ᠲᠠᠢ ᠠᠳᠠᠯᠢᠪᠳᠣᠷ ᠲᠦᠰᠦᠪᠯᠡᠵᠦ᠂ ᠰᠣᠷᠣᠭᠴᠢᠳ᠎ᠤᠨ ᠨᠡᠶ᠋ᠢᠳᠡᠮ᠎ᠤᠨ ᠡᠵᠡᠮᠰᠢᠭᠰᠡᠨ ᠪᠠᠶ᠋ᠢᠳᠠᠯ᠎ᠢ ᠣᠶ᠋ᠢᠯᠠᠭ᠋ᠠᠨ᠎ᠠ᠃ ᠠ᠋ᠭᠦᠨ᠎ᠤ ᠰᠠᠭᠤᠷᠢᠨ ᠲᠡᠭᠡᠷ᠎ᠡ ᠵᠣᠬᠢᠬᠤ ᠦᠷᠭᠡᠳᠭᠡᠯ᠎ᠲᠠᠢ ᠪᠣᠯᠪᠠᠰᠣᠷᠠᠯ ᠲᠣᠬᠢᠷᠠᠭᠤᠯᠵᠣ᠂ ᠰᠣᠷᠣᠭᠴᠢᠳ᠎ᠤᠨ ᠰᠣᠷᠣᠭᠰᠡᠨ ᠮᠡᠳᠡᠯᠭᠡ᠎ᠪᠠᠨ ᠨᠠᠩ ᠠᠮᠢᠳᠣᠯᠢᠭ᠂ ᠪᠠᠳᠣᠳᠠᠢ ᠡᠵᠡᠮᠰᠢᠬᠦ᠎ᠳᠤ᠎ᠨᠢ ᠲᠣᠰᠠᠯᠠᠮᠵᠢ ᠦᠵᠡᠭᠦᠯᠦᠨ᠎ᠡ᠃ ᠬᠠᠮᠤᠭ ᠰᠡᠭᠦᠯ᠎ᠳᠤ 《ᠭᠤᠷᠪᠠᠨ ᠠᠯᠬᠤᠮᠳᠣ ᠵᠢᠭ᠋ᠠᠬᠤ ᠠᠷᠭ᠎ᠠ》 ᠵᠢᠨ ᠬᠠᠮᠤᠭ᠎ᠤᠨ ᠦᠨᠳᠦᠷ ᠪᠠᠷᠢᠮᠵᠢᠶ᠎ᠠ — ᠲᠣᠰ ᠬᠢᠴᠢᠶᠡᠯ᠎ᠤᠨ ᠰᠣᠷᠣᠭᠰᠡᠨ ᠮᠡᠳᠡᠯᠭᠡ᠎ᠪᠠᠨ ᠠᠰᠢᠭᠯᠠᠨ ᠠᠮᠢᠳᠣᠷᠠᠯ ᠲᠣᠮᠳᠡᠬᠢ ᠪᠣᠳᠠᠳᠠᠢ ᠠᠰᠠᠭᠤᠳᠠᠯ᠎ᠢ ᠰᠢᠢ᠍ᠳᠪᠦᠷᠢᠯᠡᠬᠦ ᠪᠣᠯᠪᠠᠰᠣᠷᠠᠯ᠎ᠢ ᠲᠣᠬᠢᠷᠠᠭᠤᠯᠣᠨ᠂ ᠪᠠᠰᠠ ᠴᠠᠭ ᠲᠣᠬᠠᠢ᠎ᠳᠤ᠎ᠨᠢ ᠬᠢᠨᠠᠨ ᠵᠢᠯᠣᠭᠤᠳᠣᠨ᠎ᠠ᠃
     6. 《ᠣᠷᠣᠯᠳᠣᠯᠭ᠎ᠠ ᠵᠢᠨ ᠬᠠᠭᠤᠳᠠᠰᠣ》 ᠵᠢ ᠨᠠᠷᠢᠯᠢᠬ ᠮᠦᠷᠳᠡᠭᠡᠨ ᠴᠢᠨᠠᠷᠯᠢᠭ ᠲᠦᠰᠦᠪᠯᠡᠨ ᠠᠰᠢᠭᠯᠠᠭ᠍ᠣ ᠵᠢᠨ ᠬᠠᠮᠳᠣ ᠨᠠᠷᠢᠨ ᠵᠠᠳᠠᠯᠣᠯᠳᠡ ᠬᠢᠬᠦ ᠵᠢᠨ ᠲᠠᠭ᠋ᠠᠣ ᠬᠢᠴᠢᠶᠡᠯ᠎ᠤᠨ ᠲᠠᠷᠠᠭ᠋ᠠᠬᠢ ᠠ᠋ᠷᠬᠢᠴᠡᠭᠦᠯᠦᠨ ᠲᠣᠩᠭ᠋ᠠᠯᠳᠠ᠎ᠪᠠᠨ ᠪᠦᠬᠦ ᠲᠠᠯ᠎ᠠ᠎ᠪᠠᠷ ᠨᠠᠷᠢᠨ ᠲᠣᠩᠭ᠋ᠠᠨ᠂ ᠠᠮᠵᠢᠯᠳᠡ᠎ᠲᠠᠢ ᠲᠠᠯ᠎ᠠ ᠪᠡ ᠣᠷᠣᠰᠢᠵᠣ ᠪᠦᠬᠦᠢ ᠠᠰᠠᠭᠤᠳᠠᠯ ᠵᠶ᠋ᠠᠨ ᠴᠠᠭ ᠲᠣᠬᠠᠢ᠎ᠳᠤ᠎ᠨᠢ ᠳ᠋ᠦᠡᠭᠨᠡᠨ ᠬᠤᠷᠠᠮᠳᠣᠭᠤᠯᠵᠣ᠂ ᠲᠠᠷᠠᠭ᠋ᠠᠴᠢ ᠵᠢᠨ ᠵᠢᠭ᠋ᠠᠨ ᠰᠣᠷᠭ᠋ᠠᠯᠳᠠ ᠵᠢ ᠲᠦᠰᠦᠪᠯᠡᠬᠦ᠎ᠳᠤ᠎ᠪᠠᠨ ᠯᠠᠪᠯᠠᠯᠳᠠ ᠪᠣᠯᠭ᠋ᠠᠨ ᠭᠦᠢ᠍ᠴᠡᠳ ᠠᠰᠢᠭᠯᠠᠭ᠍ᠣ ᠬᠡᠷᠡᠭᠳᠡᠢ᠃
     7. ᠰᠣᠷᠣᠭᠴᠢᠳ᠎ᠲᠤ ᠬᠢᠴᠢᠶᠡᠯ ᠲᠡᠭᠡᠷ᠎ᠡ ᠬᠢᠨᠠᠮᠠᠭ᠋ᠠᠢ ᠰᠣᠨᠣᠰᠬᠤ᠂ ᠢᠳᠡᠪᠬᠢᠳᠠᠢ ᠰᠡᠳᠬᠢᠬᠦ᠂ ᠰᠠᠨᠠᠭ᠋ᠠᠴᠢᠯᠠᠭ᠎ᠠ᠎ᠠᠴᠠ᠎ᠪᠠᠨ ᠰᠦᠪᠡᠭᠴᠢᠯᠡᠬᠦ᠂ ᠬᠠᠮᠵᠢᠯᠴᠠᠨ ᠰᠣᠯᠢᠯᠴᠠᠭ᠍ᠣ᠂ ᠲᠠᠰᠬᠠᠯ ᠪᠣᠯᠪᠠᠰᠣᠷᠠᠯ ᠵᠶ᠋ᠠᠨ ᠴᠡᠪᠡᠷ ᠲᠡᠭᠰᠢ ᠪᠦᠷᠢᠨ ᠭᠦᠢ᠍ᠴᠡᠳ ᠪᠡᠶᠡᠯᠡᠭᠦᠯᠬᠦ ᠮᠦᠷᠳᠡᠭᠡᠨ ᠪᠣᠷᠣᠭᠤ᠎ᠪᠠᠨ ᠴᠠᠭ ᠲᠣᠬᠠᠢ᠎ᠳᠤ᠎ᠨᠢ ᠬᠠᠯᠠᠨ ᠵᠠᠰᠠᠭ᠍ᠣ ᠮᠡᠳᠦ ᠲᠣᠭ᠋ᠠᠨ᠎ᠤ ᠣᠬᠠᠭ᠋ᠠᠨ᠎ᠢ ᠰᠠᠶ᠋ᠢᠳᠣᠷ ᠰᠣᠷᠣᠯᠴᠠᠭ᠍ᠣ ᠰᠠᠶ᠋ᠢᠨ ᠰᠠᠶ᠋ᠢᠬᠠᠨ ᠲᠠᠳᠬᠠᠯ᠎ᠢ ᠬᠦᠮᠦᠵᠢᠭᠦᠯᠬᠦ ᠵᠢ ᠰᠠᠨᠠᠭ᠋ᠠᠴᠢᠯᠠᠭ᠎ᠠ᠎ᠲᠠᠢ ᠵᠢᠯᠣᠭᠤᠳᠣᠨ᠎ᠠ᠃
      ᠭᠤᠷᠪᠠ᠂ 《ᠲᠤᠭ᠎ᠠ ᠪᠠ ᠠᠯᠭ᠌ᠸᠪᠷᠨ》᠂ 《ᠵᠢᠷᠤᠭ ᠲᠦᠷᠰᠦ ᠪᠠ ᠭ᠋ᠸᠣᠮᠸᠲᠷᠢ》᠂ 《ᠪᠦᠷᠢᠳᠭᠡᠯ ᠪᠠ ᠲᠣᠬᠢᠶᠠᠯᠳᠣᠮᠵᠢ》᠂ 《ᠠᠰᠠᠭᠤᠳᠠᠯ᠎ᠢ ᠰᠢᠢ᠍ᠳᠪᠦᠷᠢᠯᠡᠬᠦ》 ᠵᠡᠷᠭᠡ ᠬᠢᠴᠢᠶᠡᠯ᠎ᠤᠨ ᠠᠭᠤᠯᠭ᠎ᠠ ᠵᠢᠨ ᠣᠨᠴᠠᠯᠢᠭ᠎ᠲᠤ ᠵᠣᠬᠢᠴᠠᠭᠤᠯᠣᠨ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠵᠢᠭ᠋ᠠᠬᠤ ᠪᠣᠳᠠᠳᠣ ᠵᠢᠱ᠌ᠢᠶ᠎ᠡ ᠵᠢᠨ ᠲᠠᠶ᠋ᠢᠯᠣᠮᠵᠢ
     (ᠨᠢᠭᠡ) 《ᠲᠤᠭ᠎ᠠ ᠪᠠ ᠠᠯᠭ᠌ᠸᠪᠷᠨ》 ᠵᠢᠨ ᠠᠭᠤᠯᠭ᠎ᠠ᠎ᠳᠤ ᠲᠣᠭ᠋ᠠᠨ᠎ᠤ ᠣᠳᠬ᠎ᠠ᠂ ᠪᠣᠳᠣᠯᠭ᠎ᠠ ᠵᠢᠨ ᠣᠳᠬ᠎ᠠ ᠪᠠ ᠪᠣᠳᠣᠬᠤ ᠠᠷᠭ᠎ᠠ᠂ ᠦᠷᠭᠦᠯᠵᠢ ᠲᠣᠬᠢᠶᠠᠯᠳᠣᠳᠠᠭ ᠬᠡᠮᠵᠢᠭᠳᠡᠭᠦᠨ ᠵᠢᠴᠢ ᠵᠢᠮ᠎ᠡ ᠶᠣᠰᠣ ᠵᠢ ᠰᠦᠪᠡᠭᠴᠢᠯᠡᠬᠦ ᠭᠡᠬᠦ ᠲᠦᠷᠪᠡᠨ ᠲᠠᠯ᠎ᠠ ᠵᠢᠨ ᠠᠭᠤᠯᠭ᠎ᠠ ᠪᠠᠭᠳᠠᠳᠠᠭ᠃ ᠠ᠋ᠭᠦᠨ᠎ᠳᠤ ᠲᠣᠭ᠋ᠠᠨ᠎ᠤ ᠣᠳᠬ᠎ᠠ ᠪᠠ ᠪᠣᠳᠣᠬᠤ ᠠᠷᠭ᠎ᠠ ᠵᠢ ᠬᠡᠷᠬᠢᠨ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠵᠢᠭ᠋ᠠᠬᠤ ᠲᠣᠬᠠᠢ ᠲᠦᠭᠦᠮ ᠲᠠᠨᠢᠯᠴᠠᠭᠤᠯᠪᠠᠯ᠄
      ᠵᠢᠱ᠌ᠢᠶ᠎ᠡ 1᠄ ᠲᠣᠭ᠋ᠠᠨ᠎ᠤ ᠣᠳᠬ᠎ᠠ ᠵᠢ ᠰᠣᠷᠣᠭᠴᠢᠳ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠪᠡᠶᠡᠴᠢᠯᠡᠵᠦ ᠰᠣᠷᠣᠯᠴᠠᠭ᠍ᠣ᠎ᠳᠤ ᠰᠢᠨ᠎ᠡ ᠰᠣᠷᠬᠤ ᠮᠡᠳᠡᠯᠭᠡ ᠵᠢ ᠰᠣᠷᠣᠭᠴᠢᠳ ᠵᠶ᠋ᠠᠷ ᠰᠢᠭᠤᠳ ᠣᠷᠣᠯᠳᠣᠭᠤᠯᠬᠤ ᠪᠣᠶᠣ ᠵᠢᠷᠣᠭᠤᠯᠬᠤ᠎ᠪᠠᠷ ᠲᠠᠮᠵᠢᠨ ᠲᠣᠭ᠋ᠠᠨ᠎ᠤ ᠣᠳᠬ᠎ᠠ ᠵᠢ ᠦᠪᠡᠷᠳᠡᠭᠡᠨ ᠰᠦᠪᠡᠭᠴᠢᠯᠡᠨ ᠢᠯᠡᠷᠡᠭᠦᠯᠬᠦ ᠪᠣᠯ ᠵᠠᠩᠬᠢᠯᠠᠭ᠎ᠠ ᠪᠣᠯᠣᠨ᠎ᠠ᠃ ᠲᠠᠪᠣᠳᠣᠭ᠋ᠠᠷ ᠣᠨ᠎ᠤ ᠲᠣᠣᠷᠠᠳᠣ ᠬᠤᠭᠤᠴᠠᠭ᠋ᠠᠨ᠎ᠤ 《ᠪᠣᠳᠠᠷᠬᠠᠢ ᠵᠢᠨ ᠣᠳᠬ᠎ᠠ》 ᠭᠡᠬᠦ ᠬᠢᠴᠢᠶᠡᠯ ᠵᠶ᠋ᠠᠷ ᠵᠢᠱ᠌ᠢᠶᠡᠯᠡᠪᠡᠯ᠂ ᠬᠢᠴᠢᠶᠡᠯ ᠠ᠋ᠬᠢᠯᠡᠮᠡᠭᠴᠡ ᠰᠣᠷᠣᠭᠴᠢᠳ 《1/2 ᠵᠢᠨ ᠣᠳᠬ᠎ᠠ ᠵᠢ ᠦᠪᠡᠷ᠎ᠤᠨ ᠲᠣᠷᠠᠳᠠᠢ ᠵᠢᠷᠤᠭ ᠲᠦᠷᠰᠦ᠎ᠪᠠᠷ ᠠᠳᠠᠯᠢ ᠪᠣᠰᠣ ᠠᠷᠭ᠎ᠠ᠎ᠪᠠᠷ ᠵᠢᠷᠣᠵᠣ ᠢᠯᠡᠳᠭᠡ》 ᠭᠡᠬᠦ ᠱᠠᠭ᠋ᠠᠷᠳᠠᠯᠭ᠎ᠠ᠎ᠪᠠᠷ ᠪᠡᠶ᠎ᠡ᠎ᠪᠠᠨ ᠲᠠᠭ᠋ᠠᠭ᠋ᠠᠵᠣ ᠰᠦᠪᠡᠭᠴᠢᠯᠡᠨ ᠣᠷᠣᠯᠳᠣᠪᠠ᠃ ᠰᠣᠷᠣᠭᠴᠢᠳ᠎ᠲᠤ ᠨᠠᠮ ᠰᠡᠯᠡᠭᠦᠣ ᠣᠷᠴᠢᠨ᠎ᠳᠤ ᠰᠦᠪᠡᠭᠴᠢᠯᠡᠬᠦ ᠴᠠᠭ᠎ᠢ ᠬᠦᠷᠦᠯᠴᠡᠭᠦᠶ᠋ᠢᠴᠡ ᠬᠠᠨᠭ᠌ᠭ᠋ᠠᠵᠣ ᠦᠭᠭᠦᠭᠰᠡᠨ᠎ᠠᠴᠠ 《ᠨᠢᠭᠡ ᠪᠡᠶ᠎ᠡ᠂ ᠨᠢᠭᠡ ᠬᠡᠮᠵᠢᠯᠳᠡ ᠵᠢᠨ ᠨᠢᠭᠡᠴᠢ ᠪᠣᠶᠣ ᠨᠢᠭᠡ ᠪᠦᠯᠦᠭ ᠪᠠᠶ᠎ᠠ ᠵᠢ ᠴᠦᠮ ᠨᠢᠭᠡᠴᠢ 1᠎ᠪᠠᠷ ᠦᠵᠡᠵᠦ ᠪᠣᠯᠣᠨ᠎ᠠ》 ᠭᠡᠬᠦ ᠪᠣᠳᠠᠷᠬᠠᠢ ᠵᠢᠨ ᠵᠠᠩᠭᠢᠯᠠᠭ᠎ᠠ ᠵᠢᠨ ᠣᠬᠠᠭᠳᠠᠭ᠍ᠣᠨ᠎ᠢ ᠪᠡᠶᠡᠴᠢᠯᠡᠵᠦ ᠣᠶ᠋ᠢᠯᠠᠭ᠋ᠠᠪᠠ᠃ ᠲᠣᠬᠠᠶ᠋ᠢᠯᠠᠪᠠᠯ᠂ ᠰᠣᠷᠣᠭᠴᠢᠳ 6 ᠪᠣᠣᠪᠤ᠂ 10 ᠪᠠᠭᠴᠠ ᠴᠡᠴᠡᠭ᠂ 100m᠂ 100 ᠲᠦᠭᠦᠷᠢᠭ᠂ 4 ᠠᠯᠮᠣᠷᠠᠳ᠂ 2 ᠬᠦᠮᠦᠨ ᠁᠎ᠢ ᠴᠦᠮ ᠨᠢᠭᠡ ᠪᠦᠬᠦᠯᠢ ᠴᠣᠭᠴᠠ᠎ᠪᠠᠷ ᠦᠵᠡᠵᠦ᠂ ᠲᠡᠭᠦᠨ᠎ᠤ 1/2᠎ᠨᠢ ᠬᠡᠳᠦᠢ ᠪᠣᠯᠬᠤ ᠵᠢ ᠪᠡᠶᠡᠴᠢᠯᠡᠨ ᠰᠦᠪᠡᠭᠴᠢᠯᠡᠵᠦ ᠵᠢᠷᠣᠭᠴᠢᠯᠠᠵᠣ ᠴᠢᠳᠠᠭᠰᠠᠨ᠎ᠠᠴᠠ ᠪᠣᠳᠠᠷᠬᠠᠢ ᠵᠢᠨ ᠣᠳᠬ᠎ᠠ᠎ᠳᠤ ᠲᠣᠳᠣᠷᠬᠠᠢ ᠲᠦᠷᠢ ᠪᠦᠳᠦᠵᠦ᠂ ᠰᠠᠶ᠋ᠢᠳᠣᠷ ᠡᠵᠡᠮᠰᠢᠵᠦ ᠴᠢᠳᠠᠭᠰᠡᠨ ᠮᠦᠷᠳᠡᠭᠡᠨ ᠰᠣᠷᠣᠭᠰᠡᠨ ᠮᠡᠳᠡᠯᠭᠡ᠎ᠪᠠᠨ ᠠᠰᠢᠭᠯᠠᠨ ᠠᠮᠢᠳᠣᠷᠠᠯ ᠲᠣᠮᠳᠡᠬᠢ ᠪᠣᠳᠠᠳᠠᠢ ᠠᠰᠠᠭᠤᠳᠠᠯ᠎ᠢ ᠰᠢᠢ᠍ᠳᠪᠦᠷᠢᠯᠡᠬᠦ ᠰᠡᠳᠦᠪ ᠨᠠᠶ᠋ᠢᠷᠠᠭᠤᠯᠵᠣ ᠰᠢᠢ᠍ᠳᠪᠦᠷᠢᠯᠡᠵᠦ ᠴᠢᠳᠠᠭ᠍ᠣ ᠪᠣᠯᠪᠠ᠃
      ᠵᠢᠱ᠌ᠢᠶ᠎ᠡ 2᠄ ᠰᠣᠷᠣᠭᠴᠢᠳ ᠨᠡᠮᠡᠬᠦ ᠬᠠᠰᠣᠬᠤ ᠪᠠ ᠦᠷᠡᠵᠢᠭᠦᠯᠬᠦ ᠣᠶ᠋ᠢᠯᠡᠳᠦᠯ᠎ᠤᠨ ᠪᠢᠷ ᠵᠶ᠋ᠠᠷ ᠪᠣᠳᠣᠬᠤ ᠠᠷᠭ᠎ᠠ ᠵᠢ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠪᠡᠶᠡᠴᠢᠯᠡᠵᠦ ᠰᠣᠷᠣᠯᠴᠠᠭ᠍ᠣ᠎ᠳᠤ ᠶᠡᠷᠦ᠎ᠳᠤ᠎ᠪᠠᠨ ᠣᠷᠢᠳ ᠵᠶ᠋ᠠᠷ ᠴᠡᠭᠡᠵᠢ᠎ᠪᠠᠷ ᠪᠣᠳᠣᠬᠤ ᠠᠷᠭ᠎ᠠ ᠵᠢ ᠪᠡᠶᠡᠴᠢᠯᠡᠵᠦ ᠵᠢᠷᠣᠭᠴᠢᠯᠠᠨ᠂ ᠵᠢᠷᠣᠭᠴᠢᠯᠠᠭᠰᠡᠨ ᠰᠡᠳᠬᠢᠮᠵᠢ᠎ᠪᠠᠨ ᠶᠠᠷᠢᠯᠴᠠᠭ᠍ᠣ᠎ᠪᠠᠷ ᠲᠠᠮᠵᠢᠨ ᠪᠣᠳᠣᠬᠤ ᠠᠷᠭ᠎ᠠ ᠵᠢ ᠠᠮᠠᠷᠬᠠᠨ ᠡᠵᠡᠮᠰᠢᠵᠦ ᠴᠢᠳᠠᠳᠠᠭ ᠪᠠᠶ᠋ᠢᠨ᠎ᠠ᠃ ᠵᠢᠱ᠌ᠢᠶᠡᠯᠡᠪᠡᠯ᠂ ᠭᠤᠷᠪᠠᠳᠣᠭ᠋ᠠᠷ ᠣᠨ᠎ᠤ ᠲᠣᠣᠷᠠᠳᠣ ᠬᠤᠭᠤᠴᠠᠭ᠋ᠠᠨ᠎ᠳᠤ᠎ᠬᠢ 《ᠬᠤᠶᠠᠷ ᠣᠷᠣᠨᠳᠣ ᠲᠤᠭ᠎ᠠ ᠵᠢ ᠬᠤᠶᠠᠷ ᠣᠷᠣᠨᠳᠣ ᠲᠤᠭ᠎ᠠ᠎ᠪᠠᠷ ᠦᠷᠡᠵᠢᠬᠦᠯᠬᠦ ᠪᠢᠷ ᠪᠣᠳᠣᠯᠭ᠎ᠠ》 (p58 ᠲᠠᠷᠠᠭ᠋ᠠᠯᠠᠨ ᠣᠷᠣᠨ ᠲᠠᠪᠰᠢᠬᠤ) ᠵᠢ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯᠯᠡᠬᠦ᠎ᠳᠤ ᠶᠡᠷᠦ᠎ᠳᠤ᠎ᠪᠠᠨ ᠲᠠᠷᠠᠭ᠋ᠠᠬᠢ ᠵᠢᠷᠭᠤᠭ᠋ᠠᠨ ᠶᠠᠪᠣᠴᠠ᠎ᠪᠠᠷ ᠣᠷᠣᠯᠳᠣᠭᠤᠯᠪᠠᠯ᠂ ᠰᠣᠷᠣᠭᠴᠢᠳ ᠦᠪᠡᠷᠳᠡᠭᠡᠨ ᠪᠡᠶᠡᠴᠢᠯᠡᠨ ᠡᠵᠡᠮᠰᠢᠵᠦ ᠴᠢᠳᠠᠨ᠎ᠠ᠃
     1. ᠬᠢᠴᠢᠶᠡᠯ᠎ᠤᠨ ᠪᠢᠴᠢᠭ᠎ᠲᠤ᠎ᠬᠢ ᠵᠢᠱ᠌ᠢᠶ᠎ᠡ 48 × 37 ᠭᠡᠬᠦ ᠰᠡᠳᠦᠪ᠎ᠤᠨ ᠲᠤᠭ᠎ᠠ ᠵᠢ ᠪᠠᠭ᠋ᠠᠰᠬᠠᠵᠣ 23 × 14 ᠭᠡᠬᠦ ᠰᠡᠳᠦᠪ ᠪᠣᠯᠭ᠋ᠠᠨ ᠦᠭᠡᠷᠡᠴᠢᠯᠡᠨ 《ᠣᠷᠣᠯᠳᠣᠯᠭ᠎ᠠ ᠵᠢᠨ ᠬᠠᠭᠤᠳᠠᠰᠣ》᠎ᠳᠤ ᠨᠢᠭᠡ᠎ᠳᠤ᠂ ᠴᠡᠭᠡᠵᠢ᠎ᠪᠠᠷ ᠪᠣᠳᠣᠬᠤ ᠠᠷᠭ᠎ᠠ ᠵᠢ ᠵᠢᠷᠣᠭᠴᠢᠯᠠᠵᠣ; ᠬᠤᠶᠠᠷ᠎ᠲᠤ᠂ ᠴᠡᠭᠡᠵᠢ᠎ᠪᠠᠷ ᠪᠣᠳᠣᠭᠰᠡᠨ ᠶᠠᠪᠣᠴᠠ᠎ᠪᠠᠨ ᠪᠢᠴᠢᠵᠦ᠂ ᠵᠢᠷᠣᠭᠰᠡᠨ ᠪᠠ ᠪᠣᠳᠣᠭᠰᠡᠨ ᠰᠡᠳᠬᠢᠮᠵᠢ᠎ᠪᠠᠨ ᠶᠠᠷᠢᠬᠤ᠎ᠪᠠᠷ ᠲᠠᠮᠵᠢᠨ ᠪᠢᠷ ᠵᠶ᠋ᠠᠷ ᠪᠣᠳᠣᠬᠤ ᠠᠷᠭ᠎ᠠ᠎ᠳᠤ ᠠᠩᠬᠠᠨ᠎ᠤ ᠲᠦᠷᠢ ᠵᠢ ᠪᠣᠢ ᠪᠣᠯᠭ᠋ᠠᠨ᠎ᠠ᠃
     2. 23 × 14 ᠵᠢ ᠪᠡᠶᠡᠴᠢᠯᠡᠵᠦ ᠪᠢᠷ ᠵᠶ᠋ᠠᠷ ᠪᠣᠳᠣᠭ᠋ᠠᠳ ᠪᠠᠰᠠ ᠪᠣᠳᠣᠭᠰᠡᠨ ᠰᠡᠳᠬᠢᠮᠵᠢ᠎ᠪᠠᠨ ᠶᠠᠷᠢᠬᠤ᠎ᠪᠠᠷ ᠲᠠᠮᠵᠢᠨ 《ᠬᠤᠶᠠᠷ ᠣᠷᠣᠨᠳᠣ ᠲᠤᠭ᠎ᠠ ᠵᠢ ᠬᠤᠶᠠᠷ ᠣᠷᠣᠨᠳᠣ ᠲᠤᠭ᠎ᠠ᠎ᠪᠠᠷ ᠦᠷᠡᠵᠢᠬᠦᠯᠬᠦ ᠪᠢᠷ ᠪᠣᠳᠣᠯᠭ᠎ᠠ》 ᠵᠢᠨ ᠪᠣᠳᠣᠬᠤ ᠠᠷᠭ᠎ᠠ᠎ᠳᠤ ᠣᠯᠠᠮ ᠨᠢᠭᠡ ᠠᠯᠬᠤᠮ᠎ᠤᠨ ᠲᠣᠳᠣᠷᠬᠠᠢ ᠲᠠᠨᠢᠯᠳᠡ᠎ᠲᠠᠢ ᠪᠣᠯᠣᠨ᠎ᠠ᠃
     3. 48 × 37 (ᠵᠢᠱ᠌ᠢᠶ᠎ᠡ ᠰᠡᠳᠦᠪ)᠎ᠢ ᠪᠡᠶ᠎ᠡ᠎ᠪᠠᠨ ᠲᠠᠭ᠋ᠠᠭ᠋ᠠᠨ ᠪᠢᠷ ᠵᠶ᠋ᠠᠷ ᠪᠣᠳᠣᠵᠣ᠂ ᠪᠠᠰᠠ ᠪᠣᠳᠣᠭᠰᠡᠨ ᠰᠡᠳᠬᠢᠮᠵᠢ᠎ᠪᠠᠨ ᠶᠠᠷᠢᠬᠤ᠎ᠪᠠᠷ ᠲᠠᠮᠵᠢᠨ ᠲᠠᠷᠠᠭ᠋ᠠᠯᠠᠨ ᠣᠷᠣᠨ ᠲᠠᠪᠰᠢᠬᠤ ᠦᠷᠡᠵᠢᠭᠦᠯᠬᠦ ᠣᠶ᠋ᠢᠯᠡᠳᠦᠯ᠎ᠤᠨ ᠪᠢᠷ ᠪᠣᠳᠣᠯᠭ᠎ᠠ ᠵᠢᠨ ᠠᠷᠭ᠎ᠠ᠎ᠳᠤ ᠲᠣᠳᠣᠷᠬᠠᠢ ᠲᠦᠷᠢ ᠵᠢ ᠪᠦᠳᠦᠭᠡᠨ᠎ᠡ᠃
     4. ᠪᠠᠭᠰᠢ᠎ᠠᠴᠠ 48 × 37 ᠵᠢ ᠰᠠᠮᠪᠠᠷ᠎ᠠ᠎ᠳᠤ ᠲᠠᠬᠢᠨ ᠨᠢᠭᠡ ᠣᠳᠠᠭ᠎ᠠ ᠲᠦᠷᠢᠮᠴᠢᠯᠠᠨ ᠪᠣᠳᠣᠬᠤ᠎ᠪᠠᠷ ᠲᠠᠮᠵᠢᠨ ᠠᠩᠬᠠᠷᠬᠤ ᠵᠣᠶ᠋ᠢᠯᠡᠰ᠎ᠢ ᠰᠠᠨᠠᠭᠤᠯᠣᠨ ᠮᠡᠳᠡᠯᠭᠡ᠎ᠪᠠᠨ ᠣᠯᠠᠮ ᠨᠢᠭᠡ ᠠᠯᠬᠤᠮ ᠲᠣᠳᠣᠷᠬᠠᠢ ᠡᠵᠡᠮᠰᠢᠬᠦ᠎ᠳᠤ᠎ᠨᠢ ᠲᠣᠰᠠᠯᠠᠮᠵᠢ ᠪᠣᠯᠣᠨ᠎ᠠ᠃
     5. ᠪᠠᠳᠣᠳᠬᠠᠬᠤ ᠪᠣᠯᠪᠠᠰᠣᠷᠠᠯ ᠲᠣᠬᠢᠷᠠᠭᠤᠯᠵᠣ᠂ 《ᠬᠤᠶᠠᠷ ᠣᠷᠣᠨᠳᠣ ᠲᠤᠭ᠎ᠠ ᠵᠢ ᠬᠤᠶᠠᠷ ᠣᠷᠣᠨᠳᠣ ᠲᠤᠭ᠎ᠠ᠎ᠪᠠᠷ ᠦᠷᠡᠵᠢᠬᠦᠯᠬᠦ ᠪᠢᠷ ᠪᠣᠳᠣᠯᠭ᠎ᠠ》 ᠵᠢᠨ ᠪᠣᠳᠣᠬᠤ ᠠᠷᠭ᠎ᠠ ᠪᠠ ᠵᠦᠪ ᠣᠨᠣᠪᠴᠢᠳᠠᠢ ᠪᠣᠳᠣᠵᠣ ᠴᠢᠳᠠᠭ᠍ᠣ ᠵᠣᠷᠢᠯᠭ᠎ᠠ᠎ᠳᠤ ᠬᠦᠷᠦᠨ᠎ᠡ᠃
     6. ᠦᠨᠦᠳᠦᠷ᠎ᠤᠨ ᠰᠣᠷᠣᠭᠰᠡᠨ ᠮᠡᠳᠡᠯᠭᠡ᠎ᠪᠠᠨ ᠠᠰᠢᠭᠯᠠᠨ ᠠᠰᠠᠭᠤᠳᠠᠯ᠎ᠢ ᠰᠢᠢ᠍ᠳᠪᠦᠷᠢᠯᠡᠬᠦ ᠰᠡᠳᠦᠪ ᠨᠠᠶ᠋ᠢᠷᠠᠭᠤᠯᠵᠣ ᠪᠠᠰᠠ ᠪᠣᠳᠣᠵᠣ ᠬᠠᠷᠢᠭᠤᠯᠬᠤ᠎ᠪᠠᠷ ᠲᠠᠮᠵᠢᠨ ᠰᠣᠷᠣᠭᠴᠢᠳ ᠨᠢᠭᠡᠨᠳᠡ ᠰᠣᠷᠣᠭᠰᠡᠨ ᠮᠡᠳᠡᠯᠭᠡ᠎ᠪᠠᠨ ᠠᠮᠢᠳᠣᠷᠠᠯ ᠲᠣᠮᠳᠠ ᠬᠡᠷᠡᠭᠯᠡᠵᠦ ᠴᠢᠳᠠᠭ᠍ᠣ ᠣᠬᠠᠮᠰᠡᠷ ᠪᠠ ᠴᠢᠳᠠᠪᠣᠷᠢ ᠵᠢ ᠬᠦᠮᠦᠵᠢᠭᠦᠯᠦᠨ᠎ᠡ᠃
     (ᠬᠤᠶᠠᠷ) ᠰᠣᠷᠣᠭᠴᠢᠳ 《ᠠᠰᠠᠭᠤᠳᠠᠯ᠎ᠢ ᠰᠢᠢ᠍ᠳᠪᠦᠷᠢᠯᠡᠬᠦ》 ᠠᠭᠤᠯᠭ᠎ᠠ ᠵᠢ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠪᠡᠶᠡᠴᠢᠯᠡᠵᠦ ᠰᠣᠷᠣᠯᠴᠠᠭ᠍ᠣ᠎ᠳᠤ ᠲᠠᠷᠠᠭ᠋ᠠᠬᠢ ᠲᠠᠪᠣᠨ ᠶᠠᠪᠣᠴᠠ᠎ᠪᠠᠷ ᠪᠡᠶᠡᠴᠢᠯᠡᠵᠦ ᠰᠦᠪᠡᠭᠴᠢᠯᠡᠪᠡᠯ ᠨᠡᠯᠢᠶᠡᠳ ᠪᠦᠳᠦᠮᠵᠢᠳᠠᠢ ᠪᠠᠶ᠋ᠢᠳᠠᠭ᠃
     1. ᠰᠡᠳᠦᠪ᠎ᠤᠨ ᠣᠳᠬ᠎ᠠ ᠵᠢ ᠪᠣᠳᠠᠳᠣ ᠪᠠᠭ᠋ᠠᠵᠢ᠎ᠪᠠᠷ ᠦᠷᠦᠭᠦᠯᠵᠦ ᠣᠷᠣᠯᠳᠣᠭᠤᠯᠬᠤ ᠵᠢᠨ ᠬᠠᠮᠳᠣ ᠣᠷᠣᠯᠳᠣᠭᠰᠡᠨ ᠰᠡᠳᠬᠢᠮᠵᠢ᠎ᠪᠠᠨ ᠶᠠᠷᠢᠬᠤ᠎ᠪᠠᠷ ᠲᠠᠮᠵᠢᠨ ᠰᠡᠳᠦᠪ᠎ᠤᠨ ᠣᠳᠬ᠎ᠠ᠎ᠳᠤ ᠠᠩᠬᠠᠨ᠎ᠤ ᠣᠶ᠋ᠢᠯᠠᠭ᠋ᠠᠯᠳᠠ᠎ᠲᠠᠢ ᠪᠣᠯᠣᠨ᠎ᠠ᠃
     2. ᠰᠡᠳᠦᠪ᠎ᠤᠨ ᠣᠳᠬ᠎ᠠ ᠵᠢ ᠵᠢᠷᠣᠭᠴᠢᠯᠠᠭ᠍ᠣ ᠪᠠ ᠵᠢᠷᠣᠭᠰᠡᠨ ᠰᠡᠳᠬᠢᠮᠵᠢ᠎ᠪᠠᠨ ᠶᠠᠷᠢᠬᠤ᠎ᠪᠠᠷ ᠲᠠᠮᠵᠢᠨ ᠰᠡᠳᠦᠪ᠎ᠤᠨ ᠣᠳᠬ᠎ᠠ᠎ᠳᠤ ᠨᠠᠩ ᠲᠣᠳᠣᠷᠬᠠᠢ ᠲᠦᠷᠢ ᠪᠦᠳᠦᠵᠦ ᠴᠢᠳᠠᠨ᠎ᠠ᠃
     3. ᠦᠷᠦᠭᠰᠡᠨ ᠪᠠ ᠵᠢᠷᠣᠭᠰᠡᠨ ᠰᠡᠳᠬᠢᠮᠵᠢ᠎ᠪᠠᠨ ᠦᠨᠳᠦᠰᠦᠯᠡᠵᠦ᠂ ᠠᠳᠠᠯᠢ ᠪᠣᠰᠣ ᠵᠢᠨ ᠠᠷᠭ᠎ᠠ᠎ᠪᠠᠷ ᠪᠣᠳᠣᠵᠣ ᠬᠠᠷᠢᠭᠤᠯᠣᠨ᠎ᠠ᠃
     4. ᠵᠢᠱ᠌ᠢᠶ᠎ᠡ ᠰᠡᠳᠦᠪ᠎ᠲᠠᠢ ᠠᠳᠠᠯᠢᠪᠳᠣᠷ ᠦᠨᠳᠦᠰᠦᠨ ᠪᠠᠳᠣᠳᠬᠠᠯ ᠪᠣᠯᠪᠠᠰᠣᠷᠠᠯ ᠬᠢᠵᠦ᠂ ᠡᠵᠡᠮᠰᠢᠭᠰᠡᠨ ᠪᠠᠶ᠋ᠢᠳᠠᠯ᠎ᠢ ᠪᠠᠶ᠋ᠢᠴᠠᠭ᠋ᠠᠨ ᠣᠶ᠋ᠢᠯᠠᠭ᠋ᠠᠬᠤ ᠵᠢᠨ ᠬᠠᠮᠳᠣ᠂ ᠠᠰᠠᠭᠤᠳᠠᠯ᠎ᠢ ᠰᠢᠢ᠍ᠳᠪᠦᠷᠢᠯᠡᠬᠦ ᠠᠷᠭ᠎ᠠ᠎ᠪᠠᠨ ᠣᠯᠠᠮ ᠨᠢᠭᠡ ᠠᠯᠬᠤᠮ ᠪᠠᠳᠣᠳᠬᠠᠨ᠎ᠠ᠃
     5. ᠲᠣᠰ ᠬᠢᠴᠢᠶᠡᠯ᠎ᠤᠨ ᠰᠣᠷᠣᠭᠰᠡᠨ ᠠᠰᠠᠭᠤᠳᠠᠯ᠎ᠢ ᠰᠢᠢ᠍ᠳᠪᠦᠷᠢᠯᠡᠬᠦ ᠠᠷᠭ᠎ᠠ᠎ᠪᠠᠨ ᠠᠰᠢᠭᠯᠠᠨ ᠠᠰᠠᠭᠤᠳᠠᠯ᠎ᠢ ᠰᠢᠢ᠍ᠳᠪᠦᠷᠢᠯᠡᠬᠦ ᠰᠡᠳᠦᠪ ᠨᠠᠶ᠋ᠢᠷᠠᠭᠤᠯᠣᠭ᠋ᠠᠳ ᠪᠠᠰᠠ ᠪᠣᠳᠣᠵᠣ ᠬᠠᠷᠢᠭᠤᠯᠣᠨ᠎ᠠ᠃
     (ᠭᠤᠷᠪᠠ) ᠰᠣᠷᠣᠭᠴᠢᠳ 《ᠪᠦᠷᠢᠳᠭᠡᠯ ᠪᠠ ᠲᠣᠬᠢᠶᠠᠯᠳᠣᠮᠵᠢ》 ᠵᠢᠨ ᠠᠭᠤᠯᠭ᠎ᠠ ᠵᠢ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠪᠡᠶᠡᠴᠢᠯᠡᠵᠦ ᠰᠣᠷᠣᠯᠴᠠᠭ᠍ᠣ᠎ᠳᠤ ᠶᠠᠷᠦ᠎ᠳᠤ᠎ᠪᠠᠨ ᠰᠢᠨ᠎ᠠ ᠰᠣᠷᠬᠤ ᠮᠡᠳᠡᠯᠭᠡ ᠵᠢ ᠲᠠᠷᠠᠭ᠋ᠠᠬᠢ ᠵᠢᠷᠭᠤᠭ᠋ᠠᠨ ᠶᠠᠪᠣᠴᠠ᠎ᠪᠠᠷ ᠪᠡᠶᠡᠴᠢᠯᠡᠵᠦ ᠰᠦᠪᠡᠭᠴᠢᠯᠡᠪᠡᠯ᠂ ᠰᠡᠳᠬᠢᠬᠦᠢ ᠵᠢ ᠪᠣᠯᠪᠠᠰᠣᠷᠠᠭᠤᠯᠬᠤ ᠮᠦᠷᠳᠡᠭᠡᠨ ᠲᠣᠳᠣᠷᠬᠠᠢ ᠲᠦᠷᠢ ᠪᠦᠳᠦᠵᠦ ᠴᠢᠳᠠᠭ᠍ᠣ ᠪᠣᠯᠣᠨ᠎ᠠ᠃ ᠵᠢᠱ᠌ᠢᠶᠡᠯᠡᠪᠡᠯ᠄ ᠲᠦᠷᠪᠡᠳᠦᠭᠡᠷ ᠣᠨ᠎ᠤ ᠲᠡᠭᠡᠳᠦ ᠲᠡᠪᠳᠡᠷ᠎ᠤᠨ 《ᠰᠠᠪᠠᠭ᠋ᠠᠨ ᠪᠦᠷᠢᠳᠭᠡᠯ᠎ᠤᠨ ᠵᠢᠷᠤᠭ》᠎ᠤᠨ ᠭᠤᠷᠪᠠᠨ ᠵᠢᠱ᠌ᠢᠶ᠎ᠡ ᠵᠢ ᠨᠢᠭᠡᠯᠡ ᠬᠢᠴᠢᠶᠡᠯ᠎ᠤᠨ ᠴᠠᠭ᠎ᠲᠤ ᠲᠣᠬᠢᠷᠠᠭᠤᠯᠣᠨ ᠰᠣᠷᠣᠯᠴᠠᠭᠤᠯᠪᠠᠯ ᠨᠠᠩ ᠦᠷ᠎ᠡ ᠠᠰᠢᠭ᠎ᠲᠠᠢ ᠮᠦᠷᠳᠡᠭᠡᠨ ᠴᠠᠭ᠎ᠲᠤ ᠠᠷᠪᠢᠳᠠᠢ ᠪᠣᠯᠵᠣ ᠴᠢᠳᠠᠨ᠎ᠠ᠃
     1. ᠵᠢᠱ᠌ᠢᠶ᠎ᠡ 1 ᠵᠢᠨ ᠲᠠᠪᠣᠨ ᠵᠣᠶ᠋ᠢᠯ᠎ᠤᠨ ᠠᠳᠠᠯᠢ ᠪᠣᠰᠣ ᠵᠢᠨ ᠴᠠᠭ ᠠᠭᠤᠷ᠎ᠤᠨ ᠠ᠋ᠳᠦᠷ᠎ᠤᠨ ᠪᠠᠶ᠋ᠢᠳᠠᠯ᠎ᠢ ᠶᠠᠭ᠋ᠠᠬᠢᠵᠦ ᠪᠦᠷᠢᠳᠭᠡᠪᠡᠯ ᠣᠯᠠᠨ ᠴᠦᠬᠡᠨ᠎ᠢ ᠠᠮᠠᠷᠬᠠᠨ ᠦᠵᠡᠵᠦ ᠭᠠᠷᠬᠤ ᠵᠢ ᠰᠣᠷᠣᠭᠴᠢᠳ ᠦᠪᠡᠷ᠎ᠤᠨ ᠲᠣᠷᠠᠳᠠᠢ ᠠᠷᠭ᠎ᠠ᠎ᠪᠠᠷ ᠪᠦᠷᠢᠳᠭᠡᠨ ᠵᠢᠷᠣᠭᠴᠢᠯᠠᠵᠣ᠂ ᠵᠢᠷᠣᠭᠰᠡᠨ ᠰᠡᠳᠬᠢᠮᠵᠢ᠎ᠪᠠᠨ ᠶᠠᠷᠢᠯᠴᠠᠭ᠍ᠣ᠎ᠪᠠᠷ ᠲᠠᠮᠵᠢᠨ ᠰᠠᠪᠠᠭ᠋ᠠᠨ ᠪᠦᠷᠢᠳᠭᠡᠯ᠎ᠤᠨ ᠵᠢᠷᠤᠭ᠎ᠲᠤ ᠠᠩᠬᠠᠨ᠎ᠤ ᠲᠠᠨᠢᠯᠳᠠ᠎ᠲᠠᠢ ᠪᠣᠯᠣᠨ᠎ᠠ᠃
     2. ᠪᠠᠭᠰᠢ᠎ᠠᠴᠠ ᠰᠠᠪᠠᠭ᠋ᠠᠨ ᠪᠦᠷᠢᠳᠭᠡᠯ᠎ᠤᠨ ᠵᠢᠷᠤᠭ᠎ᠤᠨ ᠪᠦᠳᠦᠴᠡ ᠪᠠ ᠡᠯ᠎ᠡ ᠬᠡᠰᠡᠭ᠎ᠤᠨ ᠨᠡᠷᠡᠶ᠋ᠢᠳᠦᠯ᠎ᠢ ᠲᠠᠨᠢᠯᠴᠠᠭᠤᠯᠣᠨ᠎ᠠ᠃
     3. ᠰᠣᠷᠣᠭᠴᠢᠳ ᠵᠢᠱ᠌ᠢᠶ᠎ᠡ 1 ᠵᠢ ᠰᠠᠪᠠᠭ᠋ᠠᠨ ᠪᠦᠷᠢᠳᠭᠡᠯ᠎ᠤᠨ ᠵᠢᠷᠤᠭ ᠵᠶ᠋ᠠᠷ ᠵᠢᠷᠣᠵᠣ ᠢᠯᠡᠳᠭᠡᠭᠡᠳ᠂ ᠵᠢᠷᠣᠭᠰᠡᠨ ᠰᠡᠳᠬᠢᠮᠵᠢ᠎ᠪᠠᠨ ᠶᠠᠷᠢᠯᠴᠠᠨ᠎ᠠ᠃
     4. ᠵᠢᠱ᠌ᠢᠶ᠎ᠡ 2 ᠪᠠ ᠵᠢᠱ᠌ᠢᠶ᠎ᠡ 3 ᠵᠢ ᠰᠣᠷᠣᠭᠴᠢᠳ ᠪᠡᠶ᠎ᠡ᠎ᠪᠠᠨ ᠲᠠᠭ᠋ᠠᠭ᠋ᠠᠨ ᠰᠠᠪᠠᠭ᠋ᠠᠨ ᠪᠦᠷᠢᠳᠭᠡᠯ᠎ᠤᠨ ᠵᠢᠷᠤᠭ ᠵᠶ᠋ᠠᠷ ᠢᠯᠡᠳᠭᠡᠬᠦ ᠵᠢᠨ ᠬᠠᠮᠳᠣ ᠰᠡᠳᠬᠢᠮᠵᠢ᠎ᠪᠠᠨ ᠶᠠᠷᠢᠬᠤ᠎ᠪᠠᠷ ᠲᠠᠮᠵᠢᠨ ᠵᠢᠱ᠌ᠢᠶ᠎ᠡ 1᠂ 2 ᠪᠠ 3 ᠵᠢᠨ ᠠᠳᠠᠯᠢ ᠪᠣᠯᠣᠨ ᠠᠳᠠᠯᠢ ᠪᠣᠰᠣ ᠲᠠᠯ᠎ᠠ ᠵᠢ ᠬᠠᠷᠢᠴᠠᠭᠤᠯᠣᠨ ᠭᠤᠷᠪᠠᠨ ᠵᠢᠱ᠌ᠢᠶ᠎ᠡ ᠵᠢ ᠨᠠᠩ ᠰᠠᠶ᠋ᠢᠳᠣᠷ ᠡᠵᠡᠮᠰᠢᠵᠦ ᠴᠢᠳᠠᠨ᠎ᠠ᠃
     5. ᠭᠤᠷᠪᠠᠨ ᠵᠢᠱ᠌ᠢᠶ᠎ᠡ ᠵᠢᠨ ᠲᠤᠭ᠎ᠠ ᠪᠠᠷᠢᠮᠳᠠ᠎ᠳᠤ ᠵᠠᠳᠠᠯᠣᠯᠳᠠ ᠬᠢᠨ᠎ᠡ᠃
     6. ᠦᠨᠳᠦᠰᠦᠨ ᠪᠠᠳᠣᠳᠬᠠᠯ ᠪᠣᠯᠪᠠᠰᠣᠷᠠᠯ ᠬᠢᠵᠦ ᠪᠠᠰᠠ ᠲᠣᠰ ᠴᠠᠭ᠎ᠤᠨ ᠰᠣᠷᠣᠭᠰᠡᠨ ᠮᠡᠳᠡᠯᠭᠡ᠎ᠪᠠᠨ ᠠᠰᠢᠭᠯᠠᠨ ᠨᠢᠭᠡᠨ ᠰᠠᠪᠠᠭ᠋ᠠᠨ ᠪᠦᠷᠢᠳᠭᠡᠯ᠎ᠤᠨ ᠵᠢᠷᠤᠭ ᠲᠦᠰᠦᠪᠯᠡᠨ ᠵᠢᠷᠣᠨ᠎ᠠ᠃
     (ᠲᠦᠷᠪᠡ) ᠰᠣᠷᠣᠭᠴᠢᠳ 《ᠵᠢᠷᠤᠭ ᠲᠦᠷᠰᠦ ᠪᠠ ᠭ᠋ᠸᠣᠮᠸᠲᠷᠢ》 ᠵᠢᠨ ᠠᠭᠤᠯᠭ᠎ᠠ ᠵᠢᠨ ᠪᠣᠳᠠᠳᠠᠢ᠎ᠪᠠᠨ ᠦᠨᠳᠦᠰᠦᠯᠡᠨ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠪᠡᠶᠡᠴᠢᠯᠡᠨ ᠣᠷᠣᠯᠳᠣᠵᠣ ᠰᠦᠪᠡᠭᠴᠢᠯᠡᠨ ᠰᠣᠷᠣᠯᠴᠠᠨ᠎ᠠ᠃ ᠵᠢᠱ᠌ᠢᠶᠡᠯᠡᠪᠡᠯ᠄ ᠵᠢᠷᠭᠤᠳᠣᠭ᠋ᠠᠷ ᠣᠨ᠎ᠤ ᠲᠡᠭᠡᠳᠦ ᠲᠡᠪᠳᠡᠷ᠎ᠤᠨ ᠲᠣᠭᠤᠷᠢᠭ᠎ᠢ ᠲᠠᠨᠢᠬᠤ ᠠᠭᠤᠯᠭ᠎ᠠ ᠵᠢ ᠲᠠᠷᠠᠭ᠋ᠠᠬᠢ ᠲᠦᠷᠪᠡᠨ ᠶᠠᠪᠣᠴᠠ᠎ᠪᠠᠷ ᠪᠡᠶᠡᠴᠢᠯᠡᠵᠦ ᠰᠣᠷᠣᠯᠴᠠᠪᠠᠯ ᠲᠣᠩ ᠦᠷ᠎ᠡ ᠠᠰᠢᠭ᠎ᠲᠠᠢ ᠪᠣᠯᠳᠠᠭ᠃
     1. ᠰᠣᠷᠣᠭᠴᠢᠳ ᠪᠡᠶ᠎ᠡ᠎ᠪᠠᠨ ᠲᠠᠭ᠋ᠠᠭ᠋ᠠᠨ ᠭᠤᠷᠳᠢᠭ ᠵᠶ᠋ᠠᠷ ᠶᠡᠭᠡ ᠪᠠᠭ᠎ᠠ᠎ᠨᠢ ᠠᠳᠠᠯᠢ ᠪᠣᠰᠣ ᠠ᠋ᠳᠦᠢ ᠲᠡᠳᠦᠢ ᠲᠣᠭᠤᠷᠢᠭ᠎ᠢ ᠲᠣᠷᠰᠢᠨ ᠵᠢᠷᠣᠨ᠎ᠠ; ᠲᠣᠭᠤᠷᠢᠭ᠎ᠢ ᠲᠣᠷᠰᠢᠨ ᠵᠢᠷᠣᠬᠤ ᠶᠠᠪᠣᠴᠠ᠎ᠳᠤ ᠲᠣᠭᠤᠷᠢᠭ᠎ᠤᠨ ᠶᠡᠭᠡ ᠪᠠᠭ᠎ᠠ᠎ᠨᠢ ᠶᠠᠭᠤ᠎ᠲᠠᠢ ᠬᠤᠯᠪᠣᠭᠳᠠᠯ᠎ᠲᠠᠢ ᠪᠠᠶ᠋ᠢᠬᠤ ᠪᠠ ᠲᠣᠭᠤᠷᠢᠭ ᠵᠢᠷᠣᠬᠤ ᠠᠷᠭ᠎ᠠ ᠵᠢ ᠠᠵᠢᠭᠯᠠᠵᠣ᠂ ᠲᠠᠷᠠᠭ᠎ᠠ᠎ᠨᠢ ᠲᠣᠭᠤᠶ᠋ᠢᠯᠠᠩ ᠲᠣᠳᠣᠷ᠎ᠡ᠎ᠪᠠᠨ ᠶᠠᠷᠢᠯᠴᠠᠭ᠋ᠠᠳ ᠬᠠᠷᠢᠭᠤ ᠮᠡᠳᠡᠭᠦᠯᠦᠨ᠎ᠡ᠃
     2. ᠬᠢᠴᠢᠶᠡᠯ᠎ᠤᠨ ᠪᠢᠴᠢᠭ᠎ᠠᠴᠠ ᠲᠣᠭᠤᠷᠢᠭ᠎ᠤᠨ ᠡᠯ᠎ᠡ ᠬᠡᠰᠡᠭ᠎ᠤᠨ ᠨᠡᠷᠡᠶ᠋ᠢᠳᠦᠯ᠎ᠢ ᠦᠪᠡᠷᠳᠡᠭᠡᠨ ᠰᠣᠷᠣᠯᠴᠠᠵᠣ᠂ ᠵᠢᠷᠣᠭᠰᠠᠨ ᠲᠣᠭᠤᠷᠢᠭ ᠲᠡᠭᠡᠷ᠎ᠡ᠎ᠪᠠᠨ ᠲᠡᠮᠳᠡᠭᠯᠡᠵᠦ ᠪᠠᠳᠣᠳᠬᠠᠭ᠋ᠠᠳ ᠪᠠᠰᠠ ᠰᠣᠷᠣᠯᠴᠠᠭᠰᠠᠨ ᠣᠶ᠋ᠢᠯᠠᠭ᠋ᠠᠯᠳᠠ᠎ᠪᠠᠨ ᠬᠠᠷᠢᠭᠤ ᠮᠡᠳᠡᠭᠦᠯᠦᠨ᠎ᠡ᠃ ᠰᠣᠷᠣᠭᠴᠢᠳ ᠲᠣᠮᠳᠠ ᠣᠨ ᠪᠣᠯᠬᠤ ᠦᠶᠡᠰ ᠠ᠋ᠢ᠍ᠢ᠍ᠮᠦᠷᠭᠦᠤ ᠨᠡᠯᠢᠶᠡᠳ ᠠᠮᠠᠷᠬᠠᠨ ᠠᠭᠤᠯᠭ᠎ᠠ ᠵᠢ ᠪᠡᠶ᠎ᠡ᠎ᠪᠠᠨ ᠲᠠᠭ᠋ᠠᠭ᠋ᠠᠨ ᠬᠢᠴᠢᠶᠡᠯ᠎ᠤᠨ ᠪᠢᠴᠢᠭ ᠵᠶ᠋ᠠᠨ ᠦᠪᠡᠷᠳᠡᠭᠡᠨ ᠰᠣᠷᠣᠯᠴᠠᠭ᠍ᠣ ᠲᠠᠳᠬᠠᠯ᠎ᠢ ᠢᠳᠡᠭ ᠢᠳᠡᠭ ᠵᠶ᠋ᠠᠷ ᠬᠦᠮᠦᠵᠢᠭᠦᠯᠬᠦ᠎ᠨᠢ ᠲᠣᠩ ᠴᠢᠬᠤᠯᠠ ᠶᠣᠮ᠃
     3. ᠲᠣᠭᠤᠷᠢᠭ᠎ᠤᠨ ᠶᠡᠭᠡ ᠪᠠᠭ᠎ᠠ᠎ᠨᠢ ᠶᠠᠭᠤ᠎ᠪᠠᠷ ᠲᠣᠭᠳᠠᠭ᠋ᠠᠭᠳᠠᠵᠣ ᠪᠠᠶ᠋ᠢᠬᠤ ᠪᠠ ᠳ᠋ᠢᠶᠠᠮᠸᠲᠷ ᠪᠣᠯᠣᠨ ᠷᠠᠳᠢᠣᠰ᠎ᠤᠨ ᠬᠤᠭᠤᠷᠣᠨᠳᠤᠬᠢ ᠬᠤᠯᠪᠣᠭᠳᠠᠯ ᠵᠢᠴᠢ ᠢᠵᠢᠯᠢ ᠨᠢᠭᠡᠨ ᠲᠣᠭᠤᠷᠢᠭ ᠲᠣᠳᠣᠷᠠᠬᠢ ᠳ᠋ᠢᠶᠠᠮᠸᠲᠷ (ᠷᠠᠳᠢᠣᠰ)᠎ᠤᠳ᠎ᠤᠨ ᠬᠤᠯᠪᠣᠭᠳᠠᠯ᠎ᠢ ᠪᠡᠶᠡᠴᠢᠯᠡᠵᠦ ᠰᠦᠪᠡᠭᠴᠢᠯᠡᠭᠦᠯᠦᠨ᠎ᠡ᠃
     4. ᠲᠣᠰ ᠴᠠᠭ᠎ᠤᠨ ᠰᠣᠷᠣᠭᠰᠡᠨ ᠮᠡᠳᠡᠯᠭᠡ᠎ᠪᠠᠨ ᠠᠰᠢᠭᠯᠠᠨ ᠲᠣᠭᠤᠷᠢᠭ᠎ᠨᠢ ᠬᠦᠮᠦᠰ᠎ᠤᠨ ᠠᠮᠢᠳᠣᠷᠠᠯ᠎ᠳᠤ ᠶᠠᠮᠠᠷ ᠬᠡᠷᠡᠭᠴᠡᠭᠡ᠎ᠲᠠᠢ ᠪᠠᠶ᠋ᠢᠬᠤ ᠵᠢ ᠪᠣᠳᠠᠳᠣ ᠵᠢᠱ᠌ᠢᠶ᠎ᠡ᠎ᠲᠠᠢ ᠲᠠᠶ᠋ᠢᠯᠪᠣᠷᠢ ᠬᠢᠨ᠎ᠡ᠃
      ᠶᠡᠷᠦᠩᠬᠡᠶ᠋ᠢᠯᠡᠪᠡᠯ᠂ 《ᠪᠣᠳᠣᠯᠭ᠎ᠠ ᠪᠣᠯ ᠴᠦᠮ ᠲᠡᠮᠳᠡᠭ; ᠲᠡᠮᠳᠡᠭ᠎ᠤᠨ ᠴᠠᠭ᠋ᠠᠨ᠎ᠠ ᠲᠦᠷᠢ ᠨᠢᠭᠤᠭᠳᠠᠵᠣ ᠪᠣᠢ; ᠲᠦᠷᠢ ᠵᠢᠨ ᠴᠠᠭ᠋ᠠᠨ᠎ᠠ ᠣᠷᠣᠯᠳᠣᠯᠭ᠎ᠠ ᠨᠢᠭᠤᠭᠳᠠᠵᠣ ᠪᠣᠢ》 ᠲᠣᠯᠠ ᠠ᠋ᠯᠪᠡᠭ ᠪᠠᠶᠠᠯᠢᠭ ᠪᠡᠶᠡᠴᠢ ᠣᠷᠣᠯᠳᠣᠯᠭ᠎ᠠ᠎ᠨᠢ ᠴᠢᠬᠤᠯᠠ᠎ᠠᠴᠠ ᠴᠢᠬᠤᠯᠠ᠃ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠨᠢ ᠠᠮᠢᠳᠣᠷᠠᠯ᠎ᠠᠴᠠ ᠢᠷᠠᠯᠳᠠᠢ ᠪᠠᠶ᠋ᠢᠳᠠᠭ ᠣᠴᠢᠷ᠎ᠠᠴᠠ ᠪᠢᠳᠡ 《ᠬᠡᠯᠡᠵᠦ ᠰᠣᠷᠭ᠋ᠠᠬᠤ᠎ᠪᠠᠷ ᠬᠢᠯᠭᠡᠵᠦ ᠰᠣᠷᠭ᠋ᠠᠬᠤ》᠎ᠨᠢ ᠬᠡᠣᠬᠡᠳ᠎ᠤᠨ ᠲᠠᠨᠢᠨ ᠮᠡᠳᠡᠷᠡᠬᠦᠢ ᠵᠢᠨ ᠵᠢᠮ᠎ᠡ ᠶᠣᠰᠣᠨ᠎ᠳᠤ ᠵᠣᠬᠢᠴᠠᠨ᠂ ᠰᠣᠷᠣᠭᠴᠢᠳ᠎ᠤᠨ ᠪᠡᠶᠡᠴᠢ ᠣᠷᠣᠯᠳᠣᠯᠭ᠎ᠠ᠎ᠪᠠᠷ ᠭᠤᠣᠯᠯᠠᠵᠣ᠂ ᠲᠣᠭ᠋ᠠᠨ᠎ᠤ ᠣᠬᠠᠭ᠋ᠠᠨ᠎ᠤ ᠰᠡᠳᠬᠢᠬᠦᠢ ᠵᠢ ᠪᠣᠯᠪᠠᠰᠣᠷᠠᠭᠤᠯᠣᠨ᠂ ᠰᠣᠷᠣᠭᠰᠡᠨ ᠮᠡᠳᠡᠯᠭᠡ᠎ᠪᠠᠨ ᠠᠰᠢᠭᠯᠠᠨ ᠠᠮᠢᠳᠣᠷᠠᠯ ᠲᠣᠮᠳᠡᠬᠢ ᠪᠣᠳᠠᠳᠠᠢ ᠠᠰᠠᠭᠤᠳᠠᠯ᠎ᠢ ᠰᠢᠢ᠍ᠳᠪᠦᠷᠢᠯᠡᠬᠦ ᠴᠢᠳᠠᠪᠣᠷᠢ ᠵᠢ ᠬᠦᠮᠦᠵᠢᠭᠦᠯᠵᠦ ᠴᠢᠳᠠᠭ᠍ᠣ ᠠᠰᠢᠭᠳᠠᠢ ᠰᠣᠷᠣᠯᠴᠠᠭ᠍ᠣ ᠠᠷᠭ᠎ᠠ ᠵᠠᠮ ᠮᠦᠨ ᠭᠡᠰᠡᠨ᠎ᠢ ᠬᠤᠶᠠᠷ ᠵᠢᠯ᠎ᠤᠨ ᠪᠣᠳᠠᠳᠣ ᠲᠣᠷᠰᠢᠯᠳᠡ ᠣᠯᠠᠮ ᠨᠢᠭᠡ ᠠᠯᠬᠤᠮ ᠭᠡᠷᠡᠴᠢᠯᠡᠭᠰᠡᠨ ᠪᠠᠶ᠋ᠢᠨ᠎ᠠ᠃
     
    ᠬᠠᠶᠢᠭ᠄ ᠰᠢᠯᠢ ᠵᠢᠨ ᠬᠤᠳᠠ ᠵᠢᠨ ᠵᠢᠭ᠋ᠠᠬᠤ ᠵᠢ ᠰᠣᠳᠣᠯᠬᠤ ᠲᠦᠪ

                 (ᠦᠭᠡᠯᠠᠳ ᠪᠠᠭ᠋ᠠᠳᠤᠷ ᠨᠠᠢ᠍ᠢ᠍ᠷᠠᠭᠤᠯᠪᠠ)

                  2018 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠮᠣᠩᠭᠤᠯ ᠵᠶ᠋ᠠᠷ ᠬᠢᠴᠢᠶᠡᠯᠯᠡᠬᠦ ᠪᠠᠭ᠎ᠠ ᠰᠤᠷᠭ᠋ᠠᠭᠤᠯᠢ ᠵᠢᠨ ᠬᠢᠴᠢᠶᠡᠯ ᠲᠦᠷᠦᠯ᠎ᠤᠨ ᠭᠣᠣᠯᠯᠠᠭᠴᠢ ᠪᠠᠭᠰᠢ ᠵᠢᠨ ᠲᠡᠭᠡᠳᠦ ᠵᠡᠷᠭᠡ ᠵᠢᠨ ᠪᠣᠯᠪᠠᠰᠤᠷᠠᠯ᠎ᠳᠤ ᠣᠷᠤᠯᠴᠠᠭᠰᠠᠨ ᠣᠯᠤᠯᠲᠠ ᠲᠦᠷᠦᠭᠳᠡᠯ
ᠰᠢᠯᠢᠳᠡᠭ ᠪᠠᠭᠰᠢ ᠵᠠᠪᠠᠯ ᠵᠢᠭ᠋ᠠᠨ ᠰᠤᠷᠭ᠋ᠠᠯᠳᠠ ᠵᠢᠨ ᠰᠤᠳᠤᠯᠭ᠋ᠠᠨ ᠬᠢᠵᠤ ᠴᠢᠳᠠᠭᠰᠠᠨ ᠪᠠᠢ᠍ᠢ᠍ᠬᠤ ᠭᠡᠷᠡᠭᠳᠠᠢ
ᠬᠢᠴᠢᠶᠡᠯ ᠲᠦᠷᠦᠯ᠎ᠤᠨ ᠦᠢ᠍ᠯᠡᠴᠢᠯᠡᠭᠡᠨ᠎ᠤ ᠲᠠᠪᠴᠠᠩ᠎ᠤᠨ ᠪᠦᠲᠦᠭᠡᠨ ᠪᠠᠶ᠋ᠢᠭᠤᠯᠣᠯᠲᠠ ᠲᠣᠮᠳᠠ ᠣᠷᠤᠰᠢᠵᠤ ᠪᠠᠶ᠋ᠢᠭ᠎ᠠ ᠠᠰᠠᠭᠤᠳᠠᠯ ᠵᠢᠴᠢ ᠰᠢᠢ᠍ᠳᠪᠤᠷᠢᠯᠡᠭᠦ ᠠᠷᠭ᠎ᠠ ᠪᠣᠳᠣᠯᠭ᠎ᠠ
《ᠰᠤᠷᠭ᠋ᠠᠭᠤᠯᠢ ᠵᠢᠨ ᠲᠡᠰ᠎ᠤᠨ ᠵᠠᠯᠠᠭᠤ ᠪᠠᠭᠰᠢ》 ᠵᠢ ᠪᠤᠯᠪᠠᠰᠤᠷᠠᠭᠤᠯᠬᠤ ᠠᠵᠢᠯᠯᠠᠭ᠋ᠠᠨ᠎ᠤ ᠠ᠋ᠷᠭᠢᠴᠡᠭᠦᠯᠦᠯ
《ᠣᠷᠤᠯᠳᠤᠯᠭ᠎ᠠ᠎ᠪᠠᠷ ᠲᠦᠷᠢ ᠪᠦᠲᠦᠭᠡᠬᠦ》 ᠵᠢᠭ᠋ᠠᠬᠤ ᠠᠷᠭ᠎ᠠ ᠵᠢ ᠪᠤᠳᠠᠳᠦ ᠬᠢᠴᠢᠶᠡᠯᠯᠡᠭᠡ᠎ᠳᠤ ᠦᠢ᠍ᠯᠡᠳᠦᠯᠭᠡᠵᠢᠭᠦᠯᠦᠭᠰᠡᠨ ᠶᠠᠪᠣᠴᠠ
 
             蒙ICP备05000248号