ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠪᠠᠭᠰᠢ᠎ᠶᠢᠨ ᠬᠤᠷᠸ᠎ᠠ
ᠪᠦᠬᠦ ᠤᠷᠣᠨ᠎ᠤ ᠮᠤᠩᠭᠤᠯ ᠦᠨᠳᠦᠰᠦᠲᠡᠨ᠎ᠤ ᠳᠣᠮᠳᠠᠳᠦ ᠪᠠᠭ᠎ᠠ ᠰᠣᠷᠭ᠋ᠠᠭᠤᠯᠢ ᠵᠢᠨ ᠪᠠᠭᠰᠢ ᠵᠢᠨ ᠪᠣᠯᠪᠠᠰᠤᠷᠠᠯ᠎ᠠᠴᠠ ᠰᠡᠳᠭᠢᠭᠰᠡᠨ᠎ᠨᠢ
ᠨᠡᠶ᠋ᠢᠲᠡᠯᠡᠭᠰᠡᠨ ᠴᠠᠭ᠄ 2019-01-11

                                                    ᠰ᠊ · ᠪᠣᠶᠠᠨᠲᠣᠭᠲᠠᠭ᠍ᠣ


     2016 ᠣᠨ 9 ᠰᠠᠷ᠎ᠠ᠎ᠳᠤ 《ᠦᠪᠦᠷ ᠮᠣᠩᠭᠤᠯ᠎ᠤᠨ ᠦᠪᠡᠷᠳᠡᠭᠡᠨ ᠵᠠᠰᠠᠭ᠍ᠣ ᠤᠷᠤᠨ᠎ᠤ ᠦᠨᠳᠤᠰᠤᠳᠠᠨ᠎ᠤ ᠰᠣᠷᠭ᠋ᠠᠨ ᠬᠦᠮᠦᠵᠢᠯ᠎ᠤᠨ ᠳᠦᠷᠢᠮ》 ᠨᠡᠶ᠋ᠢᠲᠡᠯᠡᠭᠳᠡᠭᠰᠡᠨ᠎ᠠᠴᠠ ᠬᠤᠶ᠋ᠢᠰᠢ ᠦᠪᠦᠷ ᠮᠣᠩᠭᠤᠯ᠎ᠤᠨ ᠦᠪᠡᠷᠳᠡᠭᠡᠨ ᠵᠠᠰᠠᠭ᠍ᠣ ᠤᠷᠤᠨ᠎ᠤ ᠰᠣᠷᠭ᠋ᠠᠨ ᠬᠦᠮᠦᠵᠢᠯ᠎ᠤᠨ ᠲᠢᠩᠬᠢᠮ᠎ᠤᠨ ᠦᠨᠳᠦᠰᠣᠲᠡᠨ᠎ᠤ ᠰᠤᠷᠭ᠋ᠠᠨ ᠬᠥᠮᠥᠵᠢᠯ᠎ᠤᠨ ᠭᠠᠵᠠᠷ᠎ᠠᠴᠠ 《ᠠᠷᠪᠠᠨ ᠭᠤᠷᠪᠠᠳᠣᠭ᠋ᠠᠷ ᠲᠠᠪᠣᠨ ᠵᠢᠯ᠎ᠤᠨ ᠠᠵᠢᠯ᠎ᠤᠨ ᠲᠦᠯᠦᠪᠯᠡᠭᠡ》᠎ᠳᠤ᠎ᠪᠠᠨ ᠪᠦᠬᠦ ᠤᠷᠣᠨ᠎ᠤ ᠮᠤᠩᠭᠤᠯ ᠵᠶ᠋ᠠᠷ ᠬᠢᠴᠢᠶᠡᠯᠯᠡᠬᠦ ᠳᠣᠮᠳᠠᠳᠦ ᠪᠠᠭ᠎ᠠ ᠰᠤᠷᠭ᠋ᠠᠭᠤᠯᠢ ᠵᠢᠨ ᠡᠯ᠎ᠡ ᠮᠡᠷᠭᠡᠵᠢᠯ᠎ᠤᠨ ᠪᠠᠭᠰᠢ ᠨᠠᠷ᠎ᠤᠨ ᠬᠢᠴᠢᠶᠠᠯᠯᠡᠭᠡ ᠵᠢᠨ ᠶᠠᠰᠣ ᠴᠢᠨᠠᠷ᠎ᠢ ᠳᠡᠭᠡᠭᠰᠢᠯᠡᠭᠦᠯᠭᠦ ᠵᠣᠷᠢᠯᠭ᠎ᠠ᠎ᠲᠠᠢ ᠪᠠᠭᠰᠢ ᠵᠢᠨ ᠪᠤᠯᠪᠠᠰᠣᠷᠠᠯ᠎ᠤᠨ ᠠᠵᠢᠯ᠎ᠢ ᠭᠤᠤᠯᠴᠢᠯᠠᠨ ᠴᠢᠩᠭ᠋ᠠᠳᠬᠠᠪᠠ᠃
      ᠤᠷᠣᠨ᠎ᠤ ᠰᠣᠷᠭ᠋ᠠᠨ ᠬᠦᠮᠦᠵᠢᠯ᠎ᠤᠨ ᠳᠢᠩᠬᠢᠮ᠎ᠠᠴᠠ ᠳᠠᠶ᠋ᠢᠴᠢᠯᠠᠭᠰᠠᠨ ᠪᠦᠬᠦ ᠤᠷᠣᠨ᠎ᠤ ᠮᠤᠩᠭᠤᠯ ᠵᠶ᠋ᠠᠷ ᠬᠢᠴᠢᠶᠠᠯᠯᠠᠬᠦ ᠳᠤᠮᠳᠠᠳᠣ ᠪᠠᠭ᠎ᠠ ᠰᠣᠷᠭ᠋ᠠᠭᠤᠯᠢ ᠵᠢᠨ 《ᠪᠠᠭᠰᠢ ᠵᠢᠨ ᠪᠤᠯᠪᠠᠰᠣᠷᠠᠯ》᠎ᠨᠢ 2011~2017 ᠣᠨ ᠪᠤᠯᠳᠠᠯᠠᠬᠢ ᠲᠤᠯᠤᠭ᠋ᠠᠨ ᠵᠢᠯ᠎ᠤᠨ ᠬᠤᠭᠤᠴᠠᠭ᠋ᠠᠨ᠎ᠳᠤ 15 ᠮᠡᠷᠭᠡᠵᠢᠯ᠂ 9 ᠲᠣᠰᠬᠠᠢ ᠵᠤᠷᠢᠭᠤᠯᠤᠯᠲᠠ᠎ᠪᠠᠷ (ᠵᠠᠬᠢᠷᠤᠯ᠂ ᠠᠩᠭᠢ ᠵᠢᠨ ᠠ᠋ᠷᠬᠢᠯᠡᠭᠴᠢ᠂ ᠠᠰᠠᠷᠠᠭᠴᠢ᠂ ᠰᠣᠷᠠᠭ ᠵᠠᠩᠭᠢ᠂ ᠠᠮᠤᠷ ᠲᠦᠪᠰᠢᠨ᠂ ᠰᠡᠳᠬᠢᠴᠡ ᠵᠢᠨ ᠠ᠋ᠷᠡᠭᠦᠯᠵᠢᠯ᠂ ᠠ᠋ᠳ᠋᠎ᠤᠨ ᠵᠠᠰᠠᠭ ᠬᠠᠮᠢᠶᠠᠷᠤᠬ᠍ᠴᠢ ᠵᠡᠷᠭᠡ) 28690 ᠪᠠᠭᠰᠢ ᠵᠢ (ᠠᠶ᠋ᠢᠮᠠᠭ ᠬᠤᠰᠢᠭᠤ ᠵᠢᠨ ᠪᠤᠯᠪᠠᠰᠤᠷᠠᠭᠤᠯᠣᠭᠰᠠᠨ᠎ᠢ ᠪᠠᠭᠲᠠᠭ᠋ᠠᠬᠤ ᠦᠭᠡᠢ) ᠲᠦᠯᠦᠪᠦᠷᠢ ᠦᠭᠡᠢ ᠪᠤᠯᠪᠠᠰᠣᠷᠠᠭᠤᠯᠪᠠ᠃ 《ᠪᠠᠭᠰᠢ ᠵᠢᠨ ᠪᠤᠯᠪᠠᠰᠣᠷᠠᠯ》᠎ᠢ ᠤᠷᠤᠨ᠎ᠤ ᠰᠣᠷᠭ᠋ᠠᠨ ᠬᠦᠮᠦᠵᠢᠯ᠎ᠤᠨ ᠲᠢᠩᠬᠢᠮ᠎ᠤᠨ ᠦᠨᠳᠦᠰᠣᠲᠡᠨ᠎ᠤ ᠰᠤᠷᠭ᠋ᠠᠨ ᠬᠥᠮᠥᠵᠢᠯ᠎ᠤᠨ ᠭᠠᠵᠠᠷ᠎ᠠᠴᠠ ᠠ᠋ᠷᠬᠢᠯᠡᠵᠣ᠂ ᠤᠷᠤᠨ᠎ᠤ ᠵᠢᠭ᠋ᠠᠬᠤ ᠵᠢ ᠰᠤᠳᠤᠯᠬᠤ ᠲᠠᠰᠤᠬ᠂ ᠤᠷᠤᠨ᠎ᠤ ᠰᠣᠷᠭ᠋ᠠᠨ ᠬᠦᠮᠦᠵᠢᠯ᠎ᠤᠨ ᠰᠢᠨᠵᠢᠯᠡᠬᠦ ᠤᠬᠠᠭ᠋ᠠᠨ᠎ᠤ ᠰᠣᠳᠣᠯᠬᠤ ᠭᠠᠵᠠᠷ ᠪᠠ ᠬᠠᠮᠢᠶ᠎ᠠ ᠪᠦᠬᠦᠢ ᠶᠡᠭᠡ ᠰᠤᠷᠭ᠋ᠠᠭᠤᠯᠢ᠎ᠠᠴᠠ ᠠᠳᠠᠯᠢ ᠪᠤᠰᠤ ᠭᠡᠮᠵᠢᠶ᠎ᠠ᠎ᠪᠠᠷ ᠬᠠᠷᠢᠭᠤᠴᠠᠨ ᠲᠠᠭ᠋ᠠᠭ᠋ᠠᠴᠢᠯᠠᠵᠤ᠂ ᠡᠯ᠎ᠡ ᠠᠶ᠋ᠢᠮᠠᠭ ᠬᠤᠲᠠ ᠵᠢᠨ ᠰᠤᠷᠭ᠋ᠠᠨ ᠬᠥᠮᠥᠵᠢᠯ᠎ᠤᠨ ᠲᠤᠪᠴᠢᠶ᠎ᠠ ᠬᠠᠮᠵᠢᠯᠴᠠᠨ ᠭᠦᠢ᠍ᠴᠡᠳᠭᠡᠪᠡ᠃
     2011 ᠣᠨ᠎ᠤ ᠪᠠᠭᠰᠢ ᠵᠢᠨ ᠪᠣᠯᠪᠠᠰᠣᠷᠠᠯ᠎ᠤᠨ ᠠ᠋ᠬᠢᠨ᠎ᠤ ᠬᠤᠭᠤᠴᠠᠭ᠋ᠠᠨ᠎ᠳᠤ ᠤᠷᠤᠨ᠎ᠠᠴᠠ ᠭᠤᠤᠯᠳᠠᠭᠤ 《ᠰᠢᠨ᠎ᠡ ᠬᠢᠴᠢᠶᠡᠯ᠎ᠤᠨ ᠦᠭᠡᠷᠡᠴᠢᠯᠡᠯᠲᠠ》 ᠵᠢ ᠬᠡᠷᠬᠢᠨ ᠤᠶ᠋ᠢᠯᠠᠭ᠋ᠠᠬᠤ᠂ ᠣᠯᠠᠮᠵᠢᠯᠠᠯᠲᠣ ᠵᠢᠭ᠋ᠠᠬᠤ ᠠᠷᠭ᠎ᠠ᠎ᠨᠢ 《ᠰᠤᠷᠣᠭᠴᠢ᠎ᠪᠠᠷ ᠭᠤᠤᠯᠳᠠᠭ᠍ᠣ》 ᠠᠰᠠᠭᠤᠳᠠᠯ᠎ᠢ ᠬᠡᠷᠬᠢᠨ ᠰᠢᠢ᠍ᠳᠪᠣᠷᠢᠯᠡᠬᠦ ᠦᠭᠡᠷᠡᠴᠢᠯᠡᠯᠲᠠ ᠵᠢᠨ ᠲᠣᠬᠠᠢ ᠠᠭᠤᠯᠭ᠎ᠠ᠎ᠳᠤ ᠴᠢᠭᠯᠡᠭᠦᠯᠦᠨ᠂ ᠳᠤᠲᠣᠷ ᠭᠠᠵᠠᠷ᠎ᠤᠨ ᠪᠠᠭᠰᠢ ᠨᠠᠷ᠎ᠢ ᠵᠠᠯᠠᠵᠣ 《ᠬᠠᠮᠲᠤ ᠵᠢᠨ ᠬᠢᠴᠢᠶᠡᠯ》᠎ᠤᠨ ᠪᠤᠯᠪᠠᠰᠣᠷᠠᠯ ᠬᠢᠪᠡ᠃ ᠦᠨᠳᠦᠰᠦᠲᠡᠨ᠎ᠤ ᠰᠣᠷᠭ᠋ᠠᠨ ᠬᠦᠮᠦᠵᠢᠯ᠎ᠢ 《ᠤᠷᠢᠳᠠᠪᠠᠷ ᠭᠤᠤᠯᠳᠠᠯᠭ᠎ᠠ᠎ᠲᠠᠢ ᠬᠦᠭᠵᠢᠭᠦᠯᠬᠦ》 ᠠᠰᠠᠭᠤᠳᠠᠯ᠎ᠢ ᠬᠡᠷᠬᠢᠨ ᠲᠠᠨᠢᠬᠤ᠂ ᠦᠪᠡᠷᠳᠡᠭᠡᠨ ᠵᠠᠰᠠᠭ᠍ᠤ ᠤᠷᠣᠨ᠎ᠤ ᠦᠪᠡᠷ᠎ᠤᠨ ᠭᠡᠰᠡᠨ ᠰᠣᠷᠭ᠋ᠠᠨ ᠬᠦᠮᠦᠵᠢᠯ᠂ ᠦᠨᠳᠦᠰᠦᠲᠡᠨ᠎ᠤ ᠰᠤᠷᠭ᠋ᠠᠨ ᠬᠦᠮᠦᠵᠢᠯ᠎ᠤᠨ ᠱᠠᠭ᠋ᠠᠷᠳᠠᠯᠭ᠎ᠠ᠎ᠪᠠᠷ ᠪᠡᠶ᠎ᠡ᠎ᠪᠠᠨ ᠳᠠᠭ᠋ᠠᠭ᠋ᠠᠵᠤ ᠬᠦᠭᠵᠢᠬᠦ ᠪᠤᠯᠣᠮᠵᠢ ᠪᠠᠶ᠋ᠢᠬᠤ ᠠ᠋ᠰᠡᠬᠦ; ᠦᠨᠳᠦᠰᠦᠲᠡᠨ᠎ᠤ ᠰᠣᠷᠭ᠋ᠠᠨ ᠬᠦᠮᠦᠵᠢᠯ ᠡᠴᠣᠰ᠎ᠲᠤ᠎ᠪᠠᠨ ᠶᠠᠮᠠᠷ ᠦᠷ᠎ᠡ ᠳ᠋ᠦᠩ᠎ᠳᠤ ᠬᠦᠷᠬᠦ ᠲᠤᠬᠠᠢ ᠨᠡᠶ᠋ᠢᠬᠡᠮ ᠳᠠᠶᠠᠭ᠋ᠠᠷ ᠠᠩᠬᠠᠷᠣᠯ᠎ᠳᠤ᠎ᠪᠠᠨ ᠠᠪᠣᠭᠰᠠᠨ ᠲᠡᠤᠬᠡ ᠵᠢᠨ ᠴᠠᠭ ᠦᠶ᠎ᠡ᠎ᠳᠤ ᠤᠷᠤᠭᠰᠠᠨ ᠪᠠᠶ᠋ᠢᠪᠠ᠃ ᠦᠭᠡᠷ᠎ᠡ᠎ᠪᠠᠷ ᠬᠡᠯᠡᠪᠡᠯ 《ᠮᠤᠩᠭᠤᠯ ᠵᠶ᠋ᠠᠷ ᠵᠶ᠋ᠠᠨ ᠰᠣᠷᠣᠭ᠋ᠠᠳ ᠠᠵᠢᠯ ᠤᠯᠬᠤ ᠦᠭᠡᠢ》 ᠭᠡᠳᠡᠭ ᠪᠤᠳᠠᠲᠠᠢ ᠠᠰᠠᠭᠤᠳᠠᠯ ᠲᠣᠯᠭ᠋ᠠᠷᠠᠭ᠍ᠣ ᠵᠢᠨ ᠬᠠᠮᠲᠦ ᠶᠠᠭᠤᠨ᠎ᠤ ᠲᠦᠯᠦᠭᠡ ᠮᠤᠩᠭᠤᠯ ᠬᠡᠯᠡ ᠦᠰᠦᠭ ᠪᠢᠴᠢᠭ ᠵᠶ᠋ᠠᠨ ᠰᠤᠷᠬᠤ ᠪᠤᠢ? 《ᠬᠤᠲᠠᠴᠢᠯᠠᠭ᠍ᠣ ᠵᠢ ᠳᠠᠭ᠋ᠠᠯᠳᠣᠭ᠋ᠠᠳ᠂ ᠮᠤᠩᠭᠤᠯ ᠬᠡᠯᠡ ᠦᠰᠦᠭ ᠪᠢᠴᠢᠭ ᠵᠶ᠋ᠠᠨ ᠰᠤᠷᠬᠤ ᠳᠣᠷ᠎ᠠ ᠦᠭᠡᠢ ᠬᠡᠣᠬᠡᠳ ᠠ᠋ᠳᠦᠷ᠎ᠠᠴᠠ ᠠ᠋ᠳᠦᠷ ᠤᠯᠠᠰᠢᠷᠠᠪᠠ》 (ᠲᠥᠩᠯᠢᠶᠤᠤ ᠬᠤᠲᠠ ᠵᠢᠨ ᠲᠧᠯᠸᠢᠰ ᠮᠡᠳᠡᠭᠡᠯᠡᠪᠡ) ᠮᠡᠲᠦ ᠵᠢᠨ ᠠᠰᠠᠭᠤᠳᠠᠯ ᠨᠡᠶ᠋ᠢᠭᠡᠮ ᠳᠠᠶᠠᠭ᠋ᠠᠷ᠎ᠤᠨ ᠠᠩᠬᠠᠷᠤᠯ᠎ᠢ ᠲᠠᠲᠠᠭᠰᠠᠨ ᠪᠠᠶ᠋ᠢᠨ᠎ᠠ᠃ ᠠ᠋ᠨᠡ ᠠᠰᠠᠭᠤᠳᠠᠯ᠎ᠳᠤ ᠴᠢᠭᠯᠡᠭᠦᠯᠵᠦ ᠰᠤᠷᠭ᠋ᠠᠨ ᠭᠦᠮᠦᠵᠢᠯ᠎ᠤᠨ ᠲᠢᠩᠬᠢᠮ᠎ᠠᠴᠠ᠄ 《ᠦᠪᠦᠷ ᠮᠣᠩᠭᠤᠯ᠎ᠤᠨ ᠦᠪᠡᠷᠳᠡᠭᠡᠨ ᠵᠠᠰᠠᠭ᠍ᠣ ᠤᠷᠤᠨ᠎ᠤ ᠰᠣᠷᠭ᠋ᠠᠨ ᠬᠦᠮᠦᠵᠢᠯ᠎ᠤᠨ ᠳᠦᠷᠢᠮ》᠎ᠢ ᠲᠤᠭᠲᠠᠭ᠋ᠠᠬᠤ ᠠᠵᠢᠯ᠎ᠳᠤ ᠱᠠᠯᠠᠪᠳᠠᠭ᠍ᠣ ᠵᠢᠨ ᠵᠡᠷᠭᠡᠴᠡᠭᠡ ᠪᠦᠬᠦ ᠤᠷᠤᠨ᠎ᠤ ᠬᠡᠪᠴᠢᠶᠡᠨ᠎ᠳᠤ ᠤᠯᠠᠨ ᠤᠳᠠᠭ᠋ᠠᠨ᠎ᠤ ᠪᠠᠶ᠋ᠢᠴᠠᠭ᠋ᠠᠯᠲᠠ ᠬᠢᠪᠡ᠃ 2013 ᠣᠨ᠎ᠳᠤ ᠦᠪᠦᠷ ᠮᠤᠩᠭᠤᠯ᠎ᠤᠨ ᠠᠷᠠᠳ᠎ᠤᠨ ᠵᠠᠰᠠᠭ᠎ᠤᠨ ᠣᠷᠳᠣᠨ᠎ᠠᠴᠠ᠄ 《ᠠ᠋ᠩ᠎ᠤᠨ ᠶᠡᠭᠡ ᠰᠤᠷᠭ᠋ᠠᠭᠤᠯᠢ᠎ᠠᠴᠠ ᠲᠡᠭᠦᠰᠦᠭᠰᠡᠨ ᠤᠶᠤᠲᠠᠳ᠎ᠲᠤ ᠠᠵᠢᠯ ᠤᠯᠭᠤᠬᠤ ᠲᠤᠬᠠᠢ》  ([2013]4 ᠳ᠋ᠤᠭᠡᠷ ᠲᠤᠭ᠋ᠠᠲᠦ) ᠮᠠᠲᠸᠷᠢᠶᠠᠯ᠎ᠢ ᠨᠡᠶ᠋ᠢᠲᠡᠯᠡᠵᠦ᠂ ᠠᠵᠢᠯ ᠤᠯᠭᠤᠬᠤ ᠨᠤᠷᠮ᠎ᠠ ᠵᠢ 15%᠎ᠳᠤ ᠬᠦᠷᠭᠡᠬᠦ ᠪᠠᠷᠢᠮᠵᠢᠶ᠎ᠠ ᠲᠤᠭᠲᠠᠭ᠋ᠠᠪᠠ᠃ 2014 ᠣᠨ᠎ᠳᠤ ᠦᠪᠦᠷ ᠮᠣᠩᠭᠤᠯ᠎ᠤᠨ ᠦᠪᠡᠷᠲᠡᠭᠡᠨ ᠵᠠᠰᠠᠭ᠍ᠣ ᠤᠷᠣᠨ᠎ᠤ ᠨᠠᠮ᠎ᠤᠨ ᠬᠤᠷᠢᠶᠠᠨ᠎ᠠᠴᠠ 《ᠰᠢ ᠵᠢᠨ ᠫᠢᠩ ᠶᠡᠷᠦᠩᠬᠡᠢ ᠱᠦᠵᠢ ᠮᠠᠨ᠎ᠤ ᠤᠷᠤᠨ᠎ᠢ ᠪᠠᠶ᠋ᠢᠴᠠᠭ᠋ᠠᠭᠰᠠᠨ ᠴᠢᠬᠤᠯᠠ ᠶᠠᠷᠢᠶ᠎ᠠ ᠵᠢ ᠨᠠᠷᠢᠨ ᠬᠢᠨᠠᠮᠠᠭ᠋ᠠᠢ ᠰᠤᠷᠣᠯᠴᠠᠭ᠍ᠣ ᠲᠤᠬᠠᠢ ᠮᠡᠳᠡᠭᠳᠡᠯ》 ([2014] 5 ᠳ᠋ᠤᠭ᠋ᠠᠷ ᠲᠤᠭ᠋ᠠᠲᠦ); 2014 ᠣᠨ᠎ᠤ 10 ᠰᠠᠷ᠎ᠠ ᠵᠢᠨ 12᠎ᠤ ᠠ᠋ᠳᠦᠷ ᠲᠥᠪ᠎ᠠᠴᠠ 《ᠰᠢᠨ᠎ᠡ ᠴᠠᠭ ᠦᠶ᠎ᠡ᠎ᠳᠤ ᠥᠨᠳᠤᠰᠤᠳᠠᠨ᠎ᠤ ᠠᠵᠢᠯ᠎ᠢ ᠴᠢᠩᠭ᠋ᠠᠳᠬᠠᠬᠤ ᠲᠣᠬᠠᠢ》 ([2014] 9 ᠳ᠋ᠤᠭᠡᠷ ᠲᠤᠭ᠋ᠠᠲᠦ); ᠦᠪᠦᠷ ᠮᠤᠩᠭᠤᠯ᠎ᠤᠨ ᠦᠪᠡᠷᠲᠡᠭᠡᠨ ᠵᠠᠰᠠᠭ᠍ᠣ ᠤᠷᠤᠨ᠎ᠤ ᠨᠠᠮ᠎ᠤᠨ ᠬᠤᠷᠢᠶ᠎ᠠ ᠠᠷᠠᠳ᠎ᠤᠨ ᠵᠠᠰᠠᠭ᠎ᠤᠨ ᠣᠷᠳᠣᠨ᠎ᠠᠴᠠ 《ᠰᠢᠨ᠎ᠡ ᠴᠠᠭ ᠦᠶ᠎ᠡ᠎ᠳᠤ ᠥᠨᠳᠤᠰᠤᠳᠠᠨ᠎ᠤ ᠠᠵᠢᠯ᠎ᠢ ᠴᠢᠩᠭ᠋ᠠᠳᠬᠠᠬᠤ ᠲᠣᠬᠠᠢ》 ([2014] 28 ᠳ᠋ᠤᠭ᠋ᠠᠷ ᠲᠤᠭ᠋ᠠᠲᠦ) ᠮᠠᠲ᠋ᠧᠷᠢᠶᠠᠯ ᠨᠡᠶ᠋ᠢᠲᠡᠯᠡᠭᠲᠡᠬᠦ ᠵᠢ ᠳᠠᠭ᠋ᠠᠯᠳᠣᠨ ᠮᠤᠩᠭᠤᠯ ᠭᠡᠷ᠎ᠤᠨ ᠠᠬᠠᠮᠠᠳ ᠬᠡᠣᠬᠡᠳ ᠵᠶ᠋ᠠᠨ ᠮᠣᠩᠭᠤᠯ ᠰᠣᠷᠭ᠋ᠠᠭᠤᠯᠢ᠎ᠳᠤ ᠥᠭᠭᠦ ᠲᠤᠭ᠎ᠠ ᠨᠡᠮᠡᠭᠲᠡᠬᠦ ᠬᠠᠨᠳᠣᠰᠢ᠎ᠲᠠᠢ ᠪᠣᠯᠪᠠ᠃ ᠬᠠᠷᠢᠴᠠᠩᠭᠤᠢ᠎ᠪᠠᠷ ᠨᠠᠮ ᠵᠠᠰᠠᠭ᠂ ᠨᠡᠶ᠋ᠢᠬᠡᠮ ᠨᠡᠶ᠋ᠢᠲᠡ᠂ ᠭᠡᠷ᠎ᠤᠨ ᠠᠬᠠᠮᠠᠳ᠎ᠠᠴᠠ ᠰᠤᠷᠭ᠋ᠠᠭᠤᠯᠢ᠎ᠳᠤ ᠲᠠᠯᠪᠢᠬᠤ ᠱᠠᠭ᠋ᠠᠷᠳᠠᠯᠭ᠎ᠠ ᠠ᠋ᠳᠦᠷ ᠢᠷᠡᠭᠦᠶ᠎ᠡ ᠴᠢᠩᠭ᠋ᠠᠷᠠᠵᠣ᠂ ᠰᠤᠷᠭ᠋ᠠᠭᠤᠯᠢ ᠵᠢᠨ ᠵᠠᠬᠢᠷᠣᠯ᠂ ᠪᠠᠭᠰᠢ ᠵᠢᠨ ᠬᠠᠷᠢᠭᠤᠴᠠᠯᠭ᠎ᠠ᠂ ᠬᠢᠴᠢᠶᠡᠯ᠎ᠤᠨ ᠠ᠋ᠭᠦᠷᠭᠡ ᠳᠠᠷᠣᠭ᠋ᠠᠰᠣ ᠨᠡᠮᠡᠭᠲᠡᠬᠦ ᠵᠢ ᠳᠠᠭ᠋ᠠᠯᠳᠣᠨ᠂ ᠵᠠᠰᠠᠭ ᠲᠠᠮᠠᠭ᠋ᠠᠨ᠎ᠤ ᠭᠠᠵᠠᠷ᠎ᠠᠴᠠ ᠬᠡᠷᠬᠢᠨ ᠵᠠᠬᠢᠷᠣᠯ ᠵᠶ᠋ᠠᠨ ᠬᠠᠮᠵᠢᠵᠣ᠂ ᠪᠠᠭᠰᠢ ᠨᠠᠷ ᠵᠶ᠋ᠠᠨ ᠳᠡᠮᠵᠢᠵᠣ᠂ ᠰᠤᠷᠤᠭᠴᠢ ᠪᠦᠬᠦᠨ᠎ᠳᠤ 《ᠨᠡᠩ ᠰᠠᠶ᠋ᠢᠨ》 ᠰᠣᠷᠭ᠋ᠠᠨ ᠬᠦᠮᠦᠵᠢᠯ᠎ᠢ ᠤᠯᠭᠤᠬᠤ ᠠᠰᠠᠭᠤᠳᠠᠯ᠎ᠨᠢ ᠦᠨᠳᠦᠰᠦᠲᠡᠨ᠎ᠤ ᠰᠤᠷᠭ᠋ᠠᠨ ᠬᠦᠮᠦᠵᠢᠯ᠎ᠤᠨ ᠬᠤᠶ᠋ᠢᠰᠢᠬᠢ ᠨᠢᠭᠡᠨ ᠬᠤᠭᠤᠴᠠᠭ᠋ᠠᠨ᠎ᠤ ᠠᠵᠢᠯ᠎ᠤᠨ ᠭᠤᠣᠯ ᠬᠠᠷᠠᠯᠲᠠ ᠪᠣᠯᠪᠠ᠃
     2013 ᠣᠨ᠎ᠠᠴᠠ ᠠ᠋ᠬᠢᠯᠡᠵᠤ ᠮᠠᠨ᠎ᠤ ᠣᠷᠣᠨ᠎ᠨᠢ 《ᠪᠠᠭᠰᠢ ᠵᠢᠨ ᠪᠤᠯᠪᠠᠰᠣᠷᠠᠯ》᠎ᠤᠨ ᠪᠤᠯᠪᠠᠰᠣᠷᠠᠭᠤᠯᠬᠤ ᠠᠷᠭ᠎ᠠ ᠬᠡᠯᠪᠡᠷᠢ ᠵᠢ ᠦᠭᠡᠷᠠᠴᠢᠯᠡᠬᠦ᠎ᠪᠠᠷ ᠴᠢᠷᠮᠠᠶ᠋ᠢᠵᠤ᠂ ᠤᠷᠤᠨ᠎ᠤ ᠵᠢᠭ᠋ᠠᠬᠤ ᠵᠢ ᠰᠤᠳᠤᠯᠬᠤ ᠲᠠᠰᠤᠬ᠂ ᠤᠷᠤᠨ᠎ᠤ ᠰᠣᠷᠭ᠋ᠠᠨ ᠬᠦᠮᠦᠵᠢᠯ᠎ᠤᠨ ᠰᠢᠨᠵᠢᠯᠡᠬᠦ ᠤᠬᠠᠭ᠋ᠠᠨ᠎ᠤ ᠰᠣᠳᠣᠯᠬᠤ ᠭᠠᠵᠠᠷ ᠵᠡᠷᠭᠡ ᠬᠠᠮᠢᠶ᠎ᠠ ᠪᠦᠬᠦᠢ ᠨᠢᠭᠡᠴᠢ ᠵᠢᠨ ᠪᠠᠭᠰᠢ ᠨᠠᠷ᠎ᠤᠨ ᠢᠲᠡᠪᠬᠢ ᠴᠢᠨᠠᠷ᠎ᠢ ᠪᠠᠳᠠᠷᠠᠭᠤᠯᠵᠣ᠂ ᠨᠢᠭᠡ ᠲᠠᠯ᠎ᠠ᠎ᠪᠠᠷ ᠭᠠᠵᠠᠷ ᠪᠦᠬᠦᠨ᠎ᠠᠴᠠ ᠴᠢᠳᠠᠪᠤᠷᠢᠳᠠᠨ᠎ᠢ ᠰᠢᠯᠢᠨ ᠰᠣᠩᠭᠤᠵᠤ᠂ ᠪᠠᠭᠰᠢ ᠵᠢᠨ ᠪᠤᠯᠪᠠᠰᠤᠷᠠᠯᠲᠠ ᠵᠢᠨ ᠰᠢᠨ᠎ᠡ ᠠᠷᠭ᠎ᠠ ᠵᠠᠮ᠎ᠢ ᠬᠠᠶ᠋ᠢᠪᠠ᠃ ᠪᠤᠯᠪᠠᠰᠤᠷᠠᠭᠤᠯᠬᠤ ᠠᠵᠢᠯ᠎ᠤᠨ ᠲᠠᠯ᠎ᠠ᠎ᠪᠠᠷ ᠦᠩᠭᠡᠷᠡᠭᠰᠡᠨ᠎ᠤ ᠪᠤᠯᠪᠠᠰᠣᠷᠠᠭᠤᠯᠬᠤ ᠬᠡᠯᠪᠡᠷᠢ ᠵᠢ ᠦᠭᠡᠷᠠᠴᠢᠯᠡᠬᠦ ᠵᠢ ᠵᠤᠷᠢᠵᠤ᠂ ᠤᠳᠤᠬᠢ ᠨᠦᠬᠦᠴᠡᠯ᠎ᠤᠨ ᠰᠠᠭᠤᠷᠢᠨ᠎ᠠ ᠮᠠᠨ᠎ᠤ ᠤᠷᠤᠨ᠎ᠳᠤ᠎ᠪᠠᠨ ᠮᠡᠳᠡᠷᠡᠭᠳᠡᠭᠰᠡᠨ ᠰᠢᠯᠢᠳᠡᠭ ᠪᠠᠭᠰᠢ ᠨᠠᠷ᠎ᠢ ᠲᠠᠶ᠋ᠢᠴᠢᠯᠠᠭ᠍ᠤ ᠵᠢᠨ ᠬᠠᠮᠲᠦ ᠨᠡᠭᠡᠭᠡᠯᠲᠡ᠎ᠲᠠᠢ ᠬᠢᠴᠢᠶᠡᠯ ᠤᠷᠤᠭᠤᠯᠵᠣ᠂ ᠲᠤᠷᠰᠢᠯᠭ᠎ᠠ ᠰᠤᠯᠢᠯᠴᠠᠭ᠍ᠤ᠎ᠪᠠᠷ ᠭᠤᠤᠯᠴᠢᠯᠠᠪᠠ᠃ ᠨᠦᠬᠦᠭᠡ ᠲᠠᠯ᠎ᠠ᠎ᠪᠠᠷ ᠰᠢ ᠵᠢᠨ ᠫᠢᠩ ᠱᠦᠵᠢ ᠵᠢᠨ ᠦᠪᠦᠷ ᠮᠤᠩᠭᠤᠯ᠎ᠤᠨ ᠦᠨᠳᠦᠰᠣᠲᠡᠨ᠎ᠤ ᠠᠵᠢᠯ᠎ᠤᠨ ᠵᠢᠯᠣᠭᠤᠳᠣᠯᠭ᠎ᠠ᠎ᠪᠠᠷ 《ᠨᠢᠭᠡ ᠪᠦᠰᠠ ᠨᠢᠭᠡ ᠵᠠᠮ》᠎ᠤᠨ ᠨᠡᠭᠡᠭᠡᠯᠲᠡ ᠵᠢ ᠠᠰᠢᠭᠯᠠᠵᠤ᠂ ᠤᠯᠤᠰ ᠤᠷᠤᠨ᠎ᠤ ᠠᠵᠤ ᠠᠬᠤᠢ ᠵᠢᠨ ᠪᠦᠲᠦᠭᠡᠨ ᠪᠠᠶ᠋ᠢᠭᠤᠯᠤᠯᠲᠠ᠂ ᠦᠨᠳᠦᠰᠦᠲᠡᠨ᠎ᠤ ᠪᠦᠯᠬᠦᠮᠳᠡᠯ᠂ ᠦᠨᠳᠦᠰᠦᠲᠡᠨ᠎ᠤ ᠬᠦᠭᠵᠢᠯᠲᠡ ᠪᠠ ᠬᠤᠵᠢᠮ ᠢᠷᠡᠭᠡᠳᠦᠢ ᠵᠢᠨ ᠲᠦᠯᠦᠭᠡ᠂ ᠵᠣᠷᠢᠭ᠎ᠲᠠᠢ ᠰᠡᠳᠬᠢᠵᠤ᠂ ᠵᠣᠷᠢᠭ᠎ᠲᠠᠢ ᠠᠵᠢᠯᠯᠠᠭ᠍ᠤ᠎ᠪᠠᠷ ᠴᠢᠷᠮᠠᠶ᠋ᠢᠭᠰᠠᠨ ᠪᠦᠭᠡᠳ ᠤᠯᠤᠰ ᠤᠷᠤᠨ᠎ᠤ ᠰᠤᠶᠤᠯ᠎ᠤᠨ ᠰᠤᠯᠢᠯᠴᠠᠭ᠎ᠠ ᠵᠢ ᠠᠬᠢᠭᠤᠯᠤᠨ᠂ ᠬᠠᠷᠢᠯᠴᠠᠨ ᠰᠤᠷᠤᠯᠴᠠᠵᠦ᠂ ᠲᠤᠷᠰᠢᠯᠭ᠎ᠠ ᠰᠤᠯᠢᠯᠴᠠᠭ᠍ᠤ ᠵᠤᠷᠢᠯᠭ᠎ᠠ᠎ᠪᠠᠷ ᠮᠤᠩᠭᠤᠯ ᠤᠯᠤᠰ᠎ᠤᠨ ᠳᠣᠮᠳᠠᠳᠣ ᠪᠠᠭ᠎ᠠ ᠰᠣᠷᠭ᠋ᠠᠭᠤᠯᠢ ᠵᠢᠨ ᠬᠡᠯᠡ ᠲᠣᠭ᠋ᠠᠨ᠎ᠤ ᠮᠡᠷᠭᠡᠵᠢᠯ᠎ᠤᠨ ᠨᠡᠷ᠎ᠡ ᠬᠦᠨᠳᠦᠲᠦ ᠪᠠᠭᠰᠢ ᠨᠠᠷ᠎ᠢ ᠤᠷᠢᠵᠣ᠂ ᠨᠡᠭᠡᠭᠡᠯᠲᠡ᠎ᠲᠠᠢ ᠬᠢᠴᠢᠶᠡᠯ ᠬᠢᠯᠭᠡᠵᠣ 《ᠤᠨᠤᠯ ᠪᠠ ᠦᠢ᠍ᠯᠡᠳᠦᠯᠭᠡ》 ᠵᠢ ᠬᠤᠤᠰᠯᠠᠭᠤᠯᠣᠨ᠂ ᠬᠢᠴᠢᠶᠡᠯ᠎ᠤᠨ ᠲᠠᠩᠬᠢᠮ᠎ᠤᠨ ᠰᠣᠷᠭ᠋ᠠᠨ ᠭᠦᠮᠦᠵᠢᠯ᠎ᠤᠨ ᠰᠢᠨ᠎ᠡ ᠠᠷᠭ᠎ᠠ ᠵᠠᠮ᠎ᠢ ᠬᠠᠶ᠋ᠢᠨ ᠰᠦᠪᠡᠭᠴᠢᠯᠡᠪᠡ᠃ ᠠ᠋ᠳᠡᠭᠡᠷ ᠪᠤᠯᠪᠠᠰᠣᠷᠠᠯ᠎ᠤᠨ ᠠᠷᠭ᠎ᠠ ᠬᠡᠯᠪᠡᠷᠢ᠎ᠪᠠᠷ ᠳᠠᠮᠵᠢᠭᠤᠯᠵᠣ᠂ ᠤᠷᠤᠨ᠎ᠤ ᠳᠡᠰ᠎ᠤᠨ ᠰᠢᠯᠢᠳᠡᠭ ᠪᠠᠭᠰᠢ ᠨᠠᠷ᠎ᠢ ᠪᠤᠯᠪᠠᠰᠣᠷᠠᠭᠤᠯᠤᠭᠰᠠᠨ ᠵᠶ᠋ᠠᠷ ᠦᠯᠦ ᠪᠠᠷᠠᠨ ᠠᠶ᠋ᠢᠮᠠᠭ᠂ ᠬᠤᠰᠢᠭᠤ᠂ ᠰᠣᠷᠭ᠋ᠠᠭᠤᠯᠢ ᠵᠢᠨ ᠨᠢᠭᠡᠴᠢ ᠵᠢᠨ ᠰᠤᠳᠣᠨ ᠪᠠᠭᠰᠢ ᠨᠠᠷ᠎ᠢ ᠬᠦᠮᠦᠵᠢᠭᠦᠯᠵᠣ ᠴᠢᠳᠠᠭᠰᠠᠨ ᠶᠣᠮ᠃
      ᠠ᠋ᠨᠡ ᠰᠠᠭᠤᠷᠢᠨ ᠳᠡᠭᠡᠷ᠎ᠡ 2015 ᠣᠨ᠎ᠠᠴᠠ ᠠ᠋ᠭᠢᠯᠡᠵᠤ᠂ ᠰᠣᠷᠭ᠋ᠠᠨ ᠬᠦᠮᠦᠵᠢᠯ᠎ᠤᠨ ᠲᠢᠩᠬᠢᠮ᠎ᠤᠨ ᠦᠨᠳᠦᠰᠣᠲᠡᠨ᠎ᠤ ᠰᠤᠷᠭ᠋ᠠᠨ ᠬᠥᠮᠥᠵᠢᠯ᠎ᠤᠨ ᠭᠠᠵᠠᠷ᠎ᠠᠴᠠ ᠦᠨᠳᠦᠰᠣᠲᠡᠨ᠎ᠤ ᠲᠦᠷᠣ ᠵᠢᠨ ᠪᠤᠳᠣᠯᠭ᠎ᠠ᠂ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠬᠦᠭᠵᠢᠯᠲᠡ ᠳᠠᠪᠰᠢᠯᠲᠠ ᠵᠢᠨ ᠠᠬᠤᠢ ᠪᠠᠶ᠋ᠢᠳᠠᠯ᠂ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠬᠤᠵᠢᠮ ᠢᠷᠡᠭᠡᠳᠣᠢ᠂ ᠪᠠᠭᠰᠢ ᠵᠢᠨ ᠠ᠋ᠬᠦᠷᠭᠡ ᠬᠠᠷᠢᠭᠤᠴᠠᠯᠭ᠎ᠠ᠎ᠳᠤ ᠤᠨᠣᠭᠳᠠᠭ᠍ᠣ ᠠᠵᠢᠯᠯᠠᠭ᠎ᠠ ᠵᠢ ᠤᠬᠠᠭᠤᠯᠤᠨ ᠲᠠᠶ᠋ᠢᠴᠢᠯᠠᠭᠰᠠᠨ ᠪᠦᠬᠡᠳ ᠦᠨᠳᠦᠰᠦᠲᠡᠨ᠎ᠤ ᠰᠤᠷᠭ᠋ᠠᠨ ᠬᠥᠮᠥᠵᠢᠯ᠎ᠳᠤ ᠤᠷᠣᠰᠢᠵᠣ ᠪᠠᠶ᠋ᠢᠭ᠎ᠠ ᠨᠡᠶ᠋ᠢᠭᠡᠮ ᠨᠡᠶ᠋ᠢᠲᠡ᠂ ᠪᠡᠶᠡᠴᠢ ᠲᠠᠯ᠎ᠠ ᠵᠢᠨ ᠳᠣᠲᠠᠭᠳᠠᠯ᠎ᠢ ᠬᠠᠯᠠᠨ ᠰᠠᠶ᠋ᠢᠵᠢᠷᠠᠭᠤᠯᠬᠤ᠎ᠪᠠᠷ ᠴᠢᠷᠮᠠᠶ᠋ᠢᠪᠠ᠃ ᠮᠠᠨ᠎ᠤ ᠤᠷᠤᠨ᠎ᠤ ᠮᠤᠩᠭᠤᠯ ᠵᠶ᠋ᠠᠷ ᠰᠤᠷᠬᠤ ᠬᠡᠯᠡᠨ᠎ᠤ ᠤᠷᠴᠢᠨ ᠲᠤᠭᠤᠷᠢᠨ ᠬᠢᠭᠡᠳ ᠪᠤᠳᠠᠳᠠᠢ ᠪᠠᠶ᠋ᠢᠳᠠᠯ᠎ᠳᠤ ᠲᠤᠬᠢᠷᠠᠭᠤᠯᠤᠨ᠂ ᠤᠷᠤᠨ᠎ᠤ ᠵᠢᠭ᠋ᠠᠬᠤ ᠵᠢ ᠰᠤᠳᠤᠯᠬᠤ ᠲᠠᠰᠤᠬ᠎ᠠᠴᠠ 《ᠪᠠᠭᠰᠢ ᠵᠢᠨ ᠴᠢᠨᠠᠷ ᠴᠢᠨᠰᠠᠭ᠎ᠠ ᠶᠠᠮᠠᠷ ᠪᠠᠶ᠋ᠢᠬᠤ ᠲᠣᠬᠠᠢ》 ᠲᠤᠰᠬᠠᠢ ᠦᠬᠦᠯᠡᠮᠵᠢ; ᠪᠠᠶ᠋ᠢᠭ᠋ᠠᠯᠢ ᠵᠢᠨ ᠰᠢᠨᠵᠢᠯᠡᠬᠦ ᠣᠬᠠᠭ᠋ᠠᠨ᠎ᠤ ᠬᠢᠴᠢᠶᠡᠯ᠎ᠳᠤ ᠤᠷᠤᠯᠳᠣᠯᠭ᠎ᠠ᠎ᠪᠠᠷ ᠰᠡᠳᠬᠢᠭᠦ᠂ ᠲᠥᠷᠢ᠎ᠪᠠᠷ ᠰᠡᠳᠬᠢᠭᠦ᠂ ᠲᠡᠮᠳᠡᠭ ᠵᠶ᠋ᠠᠷ ᠰᠡᠳᠬᠢᠭᠦ 《ᠭᠤᠷᠪᠠᠨ ᠠᠯᠬᠤᠮᠲᠣ ᠵᠢᠭ᠋ᠠᠬᠤ ᠠᠷᠭ᠎ᠠ》; ᠬᠡᠯᠡ ᠪᠢᠴᠢᠭ᠎ᠤᠨ ᠬᠢᠴᠢᠶᠡᠯ᠎ᠳᠤ᠎ᠬᠢ 《ᠲᠦᠷᠪᠡᠨ ᠪᠤᠭᠤᠮᠲᠠ ᠵᠢ ᠳᠠᠪᠠᠭᠤᠯᠬᠤ ᠠᠷᠭ᠎ᠠ》 (ᠰᠤᠨᠤᠰᠬᠤ᠂ ᠶᠠᠷᠢᠬᠤ᠂ ᠤᠩᠰᠢᠬᠤ᠂ ᠪᠢᠴᠢᠬᠦ) ᠪᠠ ᠰᠢᠯᠢᠳᠡᠭ ᠪᠠᠭᠰᠢ ᠵᠢᠨ ᠨᠡᠭᠡᠭᠡᠯᠲᠡ᠎ᠲᠠᠢ ᠬᠢᠴᠢᠶᠡᠯ᠂ ᠨᠡᠷᠡᠳᠤ ᠪᠠᠭᠰᠢ ᠵᠢᠨ ᠠᠵᠢᠯ᠎ᠤᠨ ᠬᠠᠮᠳᠤᠯᠢᠬ᠂ ᠪᠠᠭᠰᠢᠲᠠᠨ᠎ᠤ ᠵᠦᠪᠯᠡᠯᠭᠡ ᠲᠠᠶ᠋ᠢᠯᠤᠮᠵᠢ ᠁ ᠵᠡᠷᠭᠡ ᠤᠯᠠᠨ ᠶᠠᠩᠵᠤ ᠵᠢᠨ ᠠᠭᠤᠯᠭ᠎ᠠ ᠬᠡᠯᠪᠡᠷᠢ᠎ᠪᠠᠷ 《ᠪᠠᠭᠰᠢ ᠵᠢᠨ ᠪᠤᠯᠪᠠᠰᠣᠷᠠᠯ》᠎ᠤᠨ ᠬᠡᠷᠡᠭᠴᠡᠭᠡ ᠱᠠᠭ᠋ᠠᠷᠳᠠᠯᠭ᠎ᠠ ᠵᠢ ᠬᠠᠨᠭ᠌ᠭ᠋ᠠᠭᠰᠠᠨ ᠶᠤᠮ᠃ ᠠ᠋ᠨᠡ᠎ᠨᠢ ᠰᠤᠷᠭ᠋ᠠᠨ ᠬᠥᠮᠥᠵᠢᠯ᠎ᠤᠨ ᠲᠢᠩᠬᠢᠮ᠎ᠤᠨ ᠲᠦᠯᠦᠪᠯᠡᠭᠡ ᠲᠤᠳᠠᠮᠠᠭ ᠪᠠᠭᠰᠢ ᠵᠢᠨ ᠪᠤᠯᠪᠠᠰᠤᠷᠠᠯᠲᠠ᠎ᠳᠤ 《ᠵᠠᠷᠣᠳᠠᠯ᠎ᠤᠨ ᠬᠡᠮᠵᠢᠶ᠎ᠡ》᠎ᠪᠠᠷ ᠠᠵᠢᠯ ᠵᠶ᠋ᠠᠨ ᠦᠷᠨᠢᠭᠦᠯᠬᠦ ᠬᠡᠪᠰᠢᠮᠡᠯ ᠪᠠᠶ᠋ᠢᠳᠠᠯ᠎ᠳᠤ ᠪᠠᠷᠢᠭᠳᠠᠭᠰᠠᠨ ᠦᠭᠡᠢ᠂ ᠬᠠᠷᠢᠨ ᠬᠠᠮᠲᠦ ᠵᠢᠨ ᠴᠢᠷᠮᠠᠶ᠋ᠢᠯᠭ᠎ᠠ ᠵᠢ ᠲᠦᠰᠢᠭᠯᠡᠵᠦ ᠪᠦᠲᠦᠭᠡᠯᠴᠢ ᠬᠥᠳᠡᠯᠮᠦᠷᠢ᠂ ᠤᠶᠤᠨ ᠰᠠᠨᠠᠭ᠋ᠠᠨ᠎ᠤ ᠤᠷ᠎ᠠ ᠴᠢᠳᠠᠪᠣᠷᠢ᠎ᠲᠠᠢ ᠠᠵᠢᠯᠯᠠᠵᠤ᠂ ᠵᠤᠬᠢᠶᠠᠨ ᠪᠠᠶ᠋ᠢᠭᠤᠯᠤᠯᠲᠠ᠎ᠲᠠᠢ᠂ ᠲᠤᠳᠣᠷᠬᠠᠢ ᠬᠠᠷᠠᠯᠲᠠ᠎ᠲᠠᠢ᠂ ᠮᠤᠩᠭᠤᠯ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠬᠦᠭᠵᠢᠯᠲᠡ ᠵᠢᠨ ᠱᠠᠭ᠋ᠠᠷᠳᠠᠯᠭ᠎ᠠ᠎ᠳᠤ ᠲᠤᠬᠢᠷᠡᠭᠤᠯᠵᠦ ᠠᠵᠢᠯᠯᠠᠪᠠ᠃
      ᠪᠦᠬᠦ ᠣᠷᠣᠨ᠎ᠤ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠪᠠᠭᠰᠢ ᠵᠢᠨ ᠪᠣᠯᠪᠠᠰᠣᠷᠠᠯ᠎ᠤᠨ ᠠᠵᠢᠯ᠎ᠳᠤ ᠵᠢᠳᠬᠦᠭᠰᠡᠨ ᠤᠷᠤᠨ᠎ᠤ ᠵᠢᠭ᠋ᠠᠬᠤ ᠵᠢ ᠰᠤᠳᠤᠯᠬᠤ ᠲᠠᠰᠤᠬ᠂ ᠤᠷᠤᠨ᠎ᠤ ᠰᠣᠷᠭ᠋ᠠᠨ ᠬᠦᠮᠦᠵᠢᠯ᠎ᠤᠨ ᠰᠢᠨᠵᠢᠯᠡᠬᠦ ᠤᠬᠠᠭ᠋ᠠᠨ᠎ᠤ ᠰᠣᠳᠣᠯᠬᠤ ᠭᠠᠵᠠᠷ᠂ ᠭᠠᠳᠠᠭ᠋ᠠᠳᠣ ᠲᠣᠲᠣᠭ᠋ᠠᠳᠣ ᠵᠢᠨ ᠬᠢᠴᠢᠶᠡᠯᠯᠡᠭᠴᠢ ᠪᠠᠭᠰᠢᠲᠠᠨ᠂ ᠡᠯ᠎ᠡ ᠠᠶ᠋ᠢᠮᠠᠭ ᠬᠤᠲᠠ ᠵᠢᠨ ᠰᠣᠷᠭ᠋ᠠᠨ ᠬᠦᠮᠦᠵᠢᠯ᠎ᠤᠨ ᠲᠣᠪᠴᠢᠶᠠᠨ᠎ᠤ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠭᠠᠵᠠᠷ᠎ᠤᠨ ᠳᠠᠷᠤᠭ᠎ᠠ ᠠᠵᠢᠯᠲᠠᠳ ᠵᠢᠴᠢ ᠬᠠᠮᠢᠶ᠎ᠠ ᠪᠦᠬᠦᠢ ᠨᠢᠭᠡᠴᠢ ᠵᠢᠨ ᠴᠢᠷᠮᠠᠢ᠍ᠢ᠍ᠯᠭ᠎ᠠ᠎ᠪᠠᠷ ᠳᠣᠯᠣᠭ᠋ᠠᠨ ᠵᠢᠯ ᠶᠠᠪᠣᠭᠳᠠᠭᠰᠠᠨ ᠪᠠᠭᠰᠢ ᠵᠢᠨ ᠪᠤᠯᠪᠠᠰᠤᠷᠠᠯ᠎ᠢ ᠳ᠋ᠥᠩᠨᠠᠪᠡᠯ ᠠᠮᠵᠢᠯᠲᠠ᠎ᠲᠠᠢ ᠲᠠᠯ᠎ᠠ ᠭᠡᠪᠠᠯ᠄
      ᠨᠢᠭᠡ᠂ 《ᠪᠠᠭᠰᠢ ᠵᠢᠨ ᠪᠤᠯᠪᠠᠰᠤᠷᠠᠯ》 ᠵᠶ᠋ᠠᠷ ᠳᠠᠮᠵᠢᠵᠤ ᠪᠥᠭᠦᠶ᠋ᠢᠯᠨ ᠰᠤᠷᠭ᠋ᠠᠨ ᠬᠥᠮᠥᠵᠢᠯ᠎ᠤᠨ ᠹᠷᠤᠨᠲ᠎ᠲᠤ ᠰᠢᠨ᠎ᠡ ᠬᠢᠴᠢᠶᠡᠯ᠎ᠤᠨ ᠦᠭᠡᠷᠠᠴᠢᠯᠡᠯᠲᠡ ᠦᠷᠨᠢᠬᠦ ᠵᠢ ᠳᠠᠭ᠋ᠠᠭ᠋ᠠᠳ᠂ ᠮᠤᠩᠭᠤᠯ ᠵᠶ᠋ᠠᠷ ᠬᠢᠴᠢᠶᠡᠯᠯᠡᠬᠦ ᠳᠣᠮᠳᠠᠳᠦ ᠪᠠᠭ᠎ᠠ ᠰᠤᠷᠭ᠋ᠠᠭᠤᠯᠢ ᠵᠢᠨ ᠪᠠᠭᠰᠢ ᠨᠠᠷ᠎ᠤᠨ ᠬᠢᠴᠢᠶᠡᠯ᠎ᠤᠨ ᠦᠭᠡᠷᠠᠴᠢᠯᠡᠯᠲᠡ ᠵᠢᠨ ᠲᠣᠬᠠᠢ ᠦᠵᠡᠯᠲᠡ ᠲᠠᠨᠢᠯᠲᠠ ᠳᠡᠭᠡᠭᠰᠢᠯᠡᠪᠡ᠃ 2011 ᠣᠨ᠎ᠠᠴᠠ ᠠ᠋ᠮᠤᠨ᠎ᠡ ᠬᠡᠰᠡᠭ ᠬᠤᠭᠤᠴᠠᠭ᠋ᠠᠨ᠎ᠳᠤ ᠭᠡᠷ᠎ᠤᠨ ᠠᠬᠠᠮᠠᠳ ᠬᠡᠣᠬᠡᠳ ᠵᠶ᠋ᠠᠨ ᠮᠤᠩᠭᠤᠯ ᠦᠭᠡ ᠬᠡᠯᠡ ᠦᠰᠦᠭ ᠪᠢᠴᠢᠭ ᠰᠤᠷᠭ᠋ᠠᠬᠤ ᠰᠤᠨᠢᠷᠬᠠᠯ ᠦᠭᠡᠢ᠂ ᠬᠢᠲᠠᠳ ᠰᠤᠷᠭ᠋ᠠᠭᠤᠯᠢ᠎ᠳᠤ ᠬᠦᠷᠭᠡᠬᠦ ᠦᠵᠡᠭᠳᠡᠯ ᠨᠡᠶ᠋ᠢᠳᠡᠮ ᠤᠷᠤᠰᠢᠵᠤ ᠪᠠᠶ᠋ᠢᠪᠠ᠃ ᠰᠤᠷᠭ᠋ᠠᠭᠤᠯᠢ᠎ᠳᠤ ᠤᠷᠤᠭᠰᠠᠨ ᠬᠡᠣᠬᠡᠳ ᠴᠦ᠍ ᠬᠡᠯᠡ ᠪᠢᠴᠢᠭ᠎ᠤᠨ ᠬᠢᠴᠢᠶᠡᠯ᠎ᠢ ᠰᠣᠷᠬᠤ ᠤᠷᠮᠠᠰ᠎ᠤᠨ ᠲᠠᠯ᠎ᠠ᠎ᠪᠠᠷ ᠬᠠᠷᠢᠴᠠᠩᠭᠤᠢ᠎ᠪᠠᠷ ᠳᠤᠤᠷ᠎ᠠ ᠪᠠᠶ᠋ᠢᠪᠠ᠃ ᠠ᠋ᠨᠡ᠎ᠨᠢ ᠭᠤᠣᠯᠲᠠᠭᠤ ᠮᠤᠩᠭᠤᠯ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠶᠠᠰᠣ ᠴᠢᠨᠠᠷ᠎ᠤᠨ ᠠᠰᠠᠭᠤᠳᠠᠯ ᠭᠡᠵᠣ ᠪᠣᠷᠣᠭᠤ ᠤᠶ᠋ᠢᠯᠠᠭ᠋ᠠᠯᠲᠠ᠎ᠲᠠᠢ ᠪᠠᠶ᠋ᠢᠵᠠᠢ᠃ ᠲᠤᠬᠠᠢ ᠵᠢᠨ ᠦᠶ᠎ᠡ᠎ᠳᠤ ᠦᠨᠳᠦᠰᠦᠲᠡᠨ᠎ᠤ ᠪᠠᠭ᠎ᠠ ᠰᠤᠷᠭ᠋ᠠᠭᠤᠯᠢ ᠵᠢᠨ ᠰᠣᠷᠭ᠋ᠠᠨ ᠬᠦᠮᠦᠵᠢᠯ᠎ᠳᠤ 《ᠭᠤᠷᠪᠠᠨ ᠬᠡᠯᠡᠨ᠎ᠤ ᠵᠢᠭ᠋ᠠᠨ ᠰᠤᠷᠭ᠋ᠠᠯᠲᠠ》 ᠵᠢ ᠴᠢᠬᠤᠯᠠᠴᠢᠯᠠᠵᠣ᠂ ᠨᠢᠭᠡᠳᠦᠭᠡᠷ ᠣᠨ᠎ᠳᠤ ᠮᠤᠩᠭᠤᠯ ᠬᠡᠯᠡᠨ᠎ᠤ ᠴᠠᠭ᠋ᠠᠨ ᠲᠣᠯᠣᠭ᠋ᠠᠢ ᠵᠢᠨ ᠭᠤᠷᠪᠠᠨ ᠬᠤᠪᠢᠷᠠᠯ᠂ ᠬᠤᠶᠠᠳᠣᠭ᠋ᠠᠷ ᠣᠨ᠎ᠳᠤ ᠬᠢᠲᠠᠳ ᠦᠰᠦᠭ ᠪᠠ ᠭᠠᠯᠢᠭ᠂ ᠭᠤᠷᠪᠠᠳᠣᠭ᠋ᠠᠷ ᠣᠨ᠎ᠳᠤ ᠭᠠᠳᠠᠭ᠋ᠠᠳᠣ ᠬᠡᠯᠡ᠎ᠤ ᠭᠠᠯᠢᠭ᠎ᠢ ᠬᠤᠢ᠍ᠢ᠍ᠨ᠎ᠠ ᠬᠤᠢ᠍ᠢ᠍ᠨ᠎ᠠ᠎ᠠᠴᠠ ᠤᠭᠰᠠᠷᠠᠭᠤᠯᠤᠨ ᠵᠢᠭ᠋ᠠᠳᠠᠭ ᠰᠢᠯᠲᠠᠭ᠋ᠠᠨ᠎ᠠᠴᠠ ᠪᠤᠯᠵᠤ ᠰᠤᠷᠣᠭᠴᠢ ᠵᠢᠨ ᠳᠠᠷᠣᠭ᠋ᠠᠰᠣ ᠶᠡᠭᠡ᠂ ᠬᠡᠯᠡᠨ᠎ᠤ ᠤᠷᠴᠢᠨ ᠲᠣᠭᠤᠷᠢᠨ᠎ᠤ ᠨᠦᠯᠦᠭᠡ᠎ᠠᠴᠠ ᠰᠡᠳᠬᠢᠬᠦᠢ ᠵᠢᠨ ᠲᠣᠭᠲᠠᠯᠴᠠᠭ᠎ᠠ ᠵᠢ ᠡᠪᠳᠡᠵᠤ᠂ ᠶᠠᠮᠠᠷ ᠴᠦ᠍ ᠬᠡᠯᠡ ᠵᠢ ᠰᠤᠷᠴᠤ ᠲᠤᠭᠲᠠᠭ᠋ᠠᠬᠤ ᠬᠢᠷᠢ᠎ᠠᠴᠠ᠎ᠨᠢ ᠬᠡᠲᠦᠷᠡᠭᠰᠡᠨ ᠰᠤᠷᠭ᠋ᠠᠨ ᠬᠥᠮᠥᠵᠢᠯ᠎ᠢ ᠬᠦᠯᠢᠶᠡᠭᠰᠡᠨ ᠪᠤᠯᠬᠤᠷ ᠮᠤᠩᠭᠤᠯ ᠬᠡᠯᠡ ᠪᠢᠴᠢᠭ᠎ᠢ ᠰᠠᠶ᠋ᠢᠨ ᠡᠵᠡᠮᠰᠢᠬᠦ ᠨᠦᠭᠦᠴᠡᠯ ᠵᠶ᠋ᠠᠨ ᠠᠯᠳᠠᠪᠠ᠃ ᠢᠯᠠᠩᠭᠤᠶ᠎ᠠ ᠬᠤᠲᠠ᠂ ᠲᠠᠷᠢᠶᠠᠯᠠᠭ᠍ᠤ ᠣᠷᠣᠨ᠎ᠤ ᠬᠡᠦᠬᠡᠳ ᠠ᠋ᠶ᠋ᠢᠮᠦ ᠪᠠᠶ᠋ᠢᠯ᠎ᠠ᠃ 15 ᠵᠢᠯ᠎ᠤᠨ ᠬᠤᠭᠤᠴᠠᠭ᠋ᠠᠨ᠎ᠳᠤ ᠮᠤᠩᠭᠤᠯ ᠰᠤᠷᠤᠭᠴᠢᠳ ᠬᠢᠲᠠᠳ ᠰᠤᠷᠤᠭᠴᠢᠳ᠎ᠠᠴᠠ ᠢᠯᠡᠭᠦᠣ 1171 ᠴᠠᠭ᠎ᠤᠨ ᠬᠢᠴᠢᠶᠡᠯ ᠤᠷᠣᠵᠣ᠂ ᠭᠤᠷᠪᠠᠳᠠᠬᠢ ᠬᠡᠯᠡ ᠵᠢ ᠰᠣᠷᠣᠯᠴᠠᠪᠠ᠃ ᠵᠠᠰᠠᠭ ᠲᠠᠮᠠᠭ᠋ᠠᠨ᠎ᠠᠴᠠ᠂ ᠰᠤᠷᠭ᠋ᠠᠭᠤᠯᠢ ᠨᠡᠶ᠋ᠢᠲᠡ᠎ᠠᠴᠠ ᠪᠠᠭᠰᠢ ᠵᠢ ᠵᠠᠪᠠᠯ ᠪᠤᠯᠪᠠᠰᠣᠷᠠᠭᠤᠯᠬᠤ ᠵᠢᠨ ᠳᠠᠭ᠋ᠠᠣ᠂ ᠰᠢᠨ᠎ᠡ ᠬᠢᠴᠢᠶᠡᠯ᠎ᠤᠨ ᠦᠭᠡᠷᠠᠴᠢᠯᠡᠯᠲᠡ ᠬᠢᠬᠦ ᠵᠢ ᠱᠠᠭ᠋ᠠᠷᠳᠠᠪᠠ᠃ ᠠ᠋ᠭᠦᠨ᠎ᠤ ᠳ᠋ᠦᠩ᠎ᠳᠤ ᠪᠠᠭᠰᠢ ᠨᠠᠷ ᠥᠨᠡᠨ ᠬᠦ᠌ ᠦᠨᠳᠦᠰᠦᠲᠡᠨ᠎ᠤ ᠬᠢᠴᠢᠶᠡᠯ ᠬᠦᠮᠦᠵᠢᠯ᠎ᠤᠨ ᠶᠠᠰᠤ ᠴᠢᠨᠠᠷ᠎ᠢ ᠳᠡᠭᠡᠭᠰᠢᠯᠡᠬᠦᠯᠬᠦ ᠲᠠᠯ᠎ᠠ᠎ᠪᠠᠷ ᠢᠳᠡᠪᠬᠢᠲᠠᠢ᠎ᠪᠠᠷ ᠦᠭᠡᠷᠠᠴᠢᠯᠡᠯᠲᠡ᠎ᠳᠤ ᠤᠷᠤᠯᠴᠠᠪᠠ᠃ ᠪᠦᠬᠦ ᠤᠷᠣᠨ᠎ᠤ ᠬᠡᠮᠵᠢᠶᠠᠨ᠎ᠳᠤ ᠰᠢᠨ᠎ᠡ ᠬᠢᠴᠢᠶᠡᠯ᠎ᠤᠨ ᠦᠭᠡᠷᠠᠴᠢᠯᠡᠯᠲᠡ ᠪᠣᠢ ᠪᠤᠯᠣᠭᠰᠠᠨ ᠵᠶ᠋ᠠᠷ ᠪᠠᠷᠠᠭ᠍ᠤ ᠦᠭᠡᠢ ᠤᠯᠠᠮᠵᠢᠯᠠᠯᠳᠤ ᠵᠢᠭ᠋ᠠᠬᠤ ᠠᠷᠭ᠎ᠠ ᠪᠠ ᠰᠢᠨ᠎ᠡ ᠵᠢᠭ᠋ᠠᠬᠤ ᠠᠷᠭ᠎ᠠ ᠵᠢ ᠬᠠᠷᠢᠴᠠᠭᠤᠯᠣᠨ ᠰᠣᠳᠣᠯᠬᠤ ᠪᠠᠭᠰᠢ ᠤᠯᠠᠰᠢᠷᠠᠭᠰᠠᠨ ᠪᠦᠭᠡᠳ ᠨᠢᠭᠡ ᠪᠦᠯᠦᠭ ᠪᠠᠭᠰᠢ ᠤᠯᠠᠮᠵᠢᠯᠠᠯᠲᠣ ᠵᠢᠭ᠋ᠠᠬᠤ ᠠᠷᠭ᠎ᠠ᠎ᠳᠤ ᠰᠡᠵᠢᠭᠯᠡᠬᠦ ᠣᠪᠤᠷ᠎ᠲᠠᠢ ᠬᠠᠨᠳᠤᠬᠤ ᠪᠤᠯᠵᠠᠢ᠃ ᠪᠤᠳᠠᠳᠠᠢ ᠵᠢᠱ᠌ᠢᠶᠡᠯᠡᠪᠠᠯ᠄ ᠪᠠᠭ᠎ᠠ ᠰᠤᠷᠭ᠋ᠠᠭᠤᠯᠢ ᠵᠢᠨ ᠵᠢᠭ᠋ᠠᠨ ᠰᠤᠷᠭ᠋ᠠᠯᠲᠠ᠎ᠳᠤ 《ᠦᠭᠡᠴᠢᠯᠡᠵᠤ ᠣᠩᠰᠢᠬᠤ》 ᠵᠢ ᠤᠷᠤᠬᠰᠢᠯᠠᠭᠤᠯᠵᠤ᠂ ᠴᠢᠨᠠᠭᠰᠢᠲᠠ ᠵᠠᠷᠢᠮ ᠭᠠᠵᠠᠷ ᠤᠷᠤᠨ᠎ᠳᠤ ᠰᠢᠭᠤᠳ 《ᠦᠭᠡᠴᠢᠯᠡᠵᠤ ᠣᠩᠰᠢᠬᠤ》 ᠪᠤᠯᠪᠠᠰᠤᠷᠠᠯ᠎ᠤᠨ ᠲᠤᠷᠰᠢᠯᠲᠠ ᠵᠢ ᠶᠠᠪᠣᠭᠳᠠᠭᠤᠯᠪᠠ᠃ ᠠ᠋ᠨᠡᠬᠦ ᠲᠣᠷᠰᠢᠯᠲᠠ ᠪᠠ ᠦᠭᠡᠷᠠᠴᠢᠯᠡᠯᠲᠠ ᠵᠢᠨ ᠦᠷ᠎ᠡ ᠳ᠋ᠦᠩ᠎ᠢ ᠠ᠋ᠨᠳᠠ ᠦᠭᠦᠯᠡᠬᠦ ᠦᠭᠡᠢ᠃ ᠶᠠᠭᠤ ᠴᠦ᠍ ᠭᠡᠰᠡᠨ ᠪᠦᠬᠦ ᠤᠷᠤᠨ ᠵᠶ᠋ᠠᠷ ᠵᠶ᠋ᠠᠨ ᠮᠤᠩᠭᠤᠯ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠶᠠᠰᠣ ᠴᠢᠨᠠᠷ᠎ᠢ ᠳᠡᠭᠡᠭᠰᠢᠯᠡᠬᠦᠯᠬᠦ ᠠᠰᠠᠭᠤᠳᠠᠯ᠎ᠳᠤ ᠠᠩᠬᠠᠷᠣᠯ ᠲᠠᠯᠪᠢᠵᠣ᠂ ᠮᠤᠩᠭᠤᠯ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠦᠭᠡᠷᠠᠴᠢᠯᠡᠯᠲᠡ᠎ᠳᠤ ᠢᠳᠡᠪᠬᠢᠲᠠᠢ ᠬᠠᠨᠳᠣᠪᠠ᠃
      ᠬᠤᠶᠠᠷ᠂ 《ᠪᠠᠭᠰᠢ ᠵᠢᠨ ᠪᠤᠯᠪᠠᠰᠤᠷᠠᠯ》 ᠵᠶ᠋ᠠᠷ ᠳᠠᠮᠵᠢᠵᠤ ᠮᠤᠩᠭᠤᠯ ᠣᠯᠤᠰ ᠪᠠ ᠦᠪᠦᠷ ᠮᠤᠩᠭᠤᠯ ᠤᠷᠣᠨ᠎ᠤ ᠬᠤᠭᠤᠷᠣᠨᠳᠣ᠂ ᠨᠠᠢ᠍ᠮᠠᠨ ᠮᠤᠵᠢ ᠤᠷᠤᠨ᠎ᠤ ᠬᠤᠭᠤᠷᠣᠨᠳᠦ᠂ ᠤᠷᠤᠨ᠎ᠤ ᠳᠤᠲᠣᠭ᠋ᠠᠳᠣ᠎ᠳᠤ᠎ᠬᠢ ᠡᠯ᠎ᠡ ᠠᠶ᠋ᠢᠮᠠᠭ ᠬᠤᠰᠢᠭᠤᠨ᠎ᠤ ᠮᠤᠩᠭᠤᠯ ᠵᠶ᠋ᠠᠷ ᠬᠢᠴᠢᠶᠡᠯᠯᠡᠬᠦ ᠳᠣᠮᠳᠠᠳᠦ ᠪᠠᠭ᠎ᠠ ᠰᠤᠷᠭ᠋ᠠᠭᠤᠯᠢ ᠵᠢᠨ ᠬᠤᠭᠤᠷᠤᠨᠳᠤᠬᠢ ᠰᠣᠶᠣᠯᠵᠢᠯ᠂ ᠰᠤᠷᠭ᠋ᠠᠨ ᠬᠥᠮᠥᠵᠢᠯ᠎ᠤᠨ ᠨᠦᠬᠦᠷᠰᠡᠭ ᠬᠠᠷᠢᠯᠴᠠᠭ᠎ᠠ ᠦᠷᠭᠡᠵᠢᠪᠡ᠃ (ᠨᠢᠭᠡ) ᠮᠤᠩᠭᠤᠯ ᠣᠯᠤᠰ ᠪᠠ ᠦᠪᠦᠷ ᠮᠤᠩᠭᠤᠯ ᠤᠷᠣᠨ᠎ᠤ ᠬᠤᠭᠤᠷᠤᠨᠳᠤᠬᠢ ᠦᠭᠡ ᠬᠡᠯᠡ ᠦᠰᠦᠭ ᠪᠢᠴᠢᠭ᠂ ᠵᠠᠩ ᠰᠣᠶᠤᠯ᠂ ᠰᠣᠷᠭ᠋ᠠᠨ ᠬᠦᠮᠦᠵᠢᠯ᠎ᠤᠨ ᠰᠢᠨ᠎ᠡ ᠵᠠᠮ ᠨᠡᠭᠡᠭᠡᠭᠳᠡᠵᠦ᠂ ᠬᠠᠮᠲᠣᠷᠠᠨ ᠠᠵᠢᠯᠯᠠᠭ᠍ᠤ ᠴᠢᠭᠯᠡᠯ ᠵᠶ᠋ᠠᠷ ᠬᠠᠷᠢᠯᠴᠠᠨ ᠪᠠᠭᠰᠢ ᠲᠣᠮᠢᠯᠠᠵᠤ᠂ ᠲᠣᠷᠰᠢᠯᠭ᠎ᠠ᠎ᠪᠠᠨ ᠰᠤᠯᠢᠯᠴᠠᠭ᠍ᠣ᠂ ᠬᠠᠮᠲᠦ᠎ᠪᠠᠷ ᠬᠢᠴᠢᠶᠡᠯ ᠪᠡᠯᠡᠳᠭᠡᠵᠣ᠂ ᠨᠡᠭᠡᠭᠡᠯᠲᠡ᠎ᠲᠠᠢ ᠬᠢᠴᠢᠶᠡᠯ ᠤᠷᠤᠵᠤ᠂ ᠬᠠᠷᠢᠯᠴᠠᠨ ᠰᠣᠷᠣᠯᠴᠠᠭ᠍ᠤ ᠵᠣᠷᠢᠯᠭ᠎ᠠ᠎ᠳᠤ ᠬᠦᠷᠴᠦ ᠴᠢᠳᠠᠭᠰᠠᠨ ᠶᠤᠮ᠃ ᠠ᠋ᠨᠡ ᠠᠵᠢᠯᠯᠠᠭ᠋ᠠᠨ᠎ᠳᠤ ᠬᠦᠬᠡᠬᠤᠲᠠ᠎ᠳᠤ᠎ᠬᠢ ᠮᠤᠩᠭᠤᠯ ᠳᠣᠮᠳᠠᠳᠣ ᠪᠠᠭ᠎ᠠ ᠰᠣᠷᠭ᠋ᠠᠭᠤᠯᠢ ᠪᠠ ᠮᠤᠩᠭᠤᠯ ᠬᠡᠣᠬᠡᠳ᠎ᠤᠨ ᠴᠡᠴᠡᠷᠯᠢᠭ; ᠰᠢᠯᠢ ᠵᠢᠨ ᠭᠤᠣᠯ ᠠᠶ᠋ᠢᠮᠠᠭ᠎ᠤᠨ ᠤᠯᠠᠩᠬᠢ ᠬᠤᠰᠢᠭᠤ ᠪᠠ ᠮᠤᠩᠭᠤᠯ ᠴᠡᠴᠡᠷᠯᠢᠭ; ᠠ᠋ᠷᠢᠶᠡᠨ ᠬᠤᠲᠠ ᠵᠢᠨ ᠮᠣᠩᠭᠤᠯ ᠴᠡᠴᠡᠷᠯᠢᠭ ᠪᠠ ᠮᠤᠩᠭᠤᠯ ᠰᠣᠷᠭ᠋ᠠᠭᠤᠯᠢ᠎ᠤᠳ; ᠣᠯᠠᠭ᠋ᠠᠠᠭ᠍ᠠᠳᠠ ᠬᠤᠲᠠ ᠵᠢᠨ ᠠᠷᠣ ᠬᠤᠷᠴᠢᠨ᠂ ᠵᠡᠭᠦᠨ ᠪᠠᠷᠠᠭᠤᠨ ᠪᠠᠭ᠋ᠠᠷᠢᠨ; ᠲᠦᠩᠯᠢᠶᠣᠣ ᠬᠤᠲᠠ; ᠣᠯᠠᠭ᠋ᠠᠨᠴᠠᠪ ᠠᠶ᠋ᠢᠮᠠᠭ᠎ᠤᠨ ᠴᠠᠭ᠍ᠠᠷ ᠪᠠᠷᠠᠭᠤᠨ ᠭᠠᠷᠤᠨ ᠬᠤᠶ᠋ᠢᠲᠦ ᠬᠤᠰᠢᠭᠤ ᠵᠢᠨ ᠮᠤᠩᠭᠤᠯ ᠰᠣᠷᠭ᠋ᠠᠭᠤᠯᠢ; ᠠᠯᠠᠱ᠌ᠠ ᠠᠶ᠋ᠢᠮᠠᠭ᠎ᠤᠨ ᠭᠤᠷᠪᠠᠨ ᠬᠤᠰᠢᠭᠤ᠎ᠳᠤ᠎ᠬᠢ ᠮᠤᠩᠭᠤᠯ ᠰᠣᠷᠭ᠋ᠠᠭᠤᠯᠢ᠎ᠨᠤᠭᠤᠳ ᠤᠷᠤᠯᠴᠠᠵᠤ ᠮᠠᠰᠢ ᠢᠳᠡᠪᠬᠢᠲᠠᠢ᠎ᠪᠠᠷ ᠠᠵᠢᠯᠯᠠᠵᠤ ᠪᠠᠶ᠋ᠢᠨ᠎ᠠ᠃ (ᠬᠤᠶᠠᠷ) ᠨᠠᠢ᠍ᠮᠠᠨ ᠮᠤᠵᠢ ᠤᠷᠤᠨ᠎ᠤ ᠬᠤᠭᠤᠷᠤᠨᠳᠤᠬᠢ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠠᠵᠢᠯᠯᠠᠭ᠎ᠠ ᠢᠳᠡᠪᠬᠢᠲᠠᠢ ᠶᠠᠪᠣᠭᠳᠠᠵᠤ᠂ ᠤᠷᠢᠳ ᠬᠤᠵᠢᠳ 《ᠦᠪᠦᠷ ᠮᠣᠩᠭᠤᠯ᠎ᠳᠤ᠎ᠬᠢ ᠨᠠᠢ᠍ᠮᠠᠨ ᠮᠤᠵᠢ ᠤᠷᠤᠨ᠎ᠤ ᠮᠤᠩᠭᠤᠯ ᠬᠡᠣᠬᠡᠳ᠎ᠤᠨ ᠴᠡᠴᠡᠷᠯᠢᠭ᠎ᠤᠨ ᠰᠣᠷᠭ᠋ᠠᠨ ᠬᠦᠮᠦᠵᠢᠯ᠎ᠤᠨ ᠨᠡᠶ᠋ᠢᠭᠡᠮᠯᠢᠭ》᠂ 《ᠦᠪᠦᠷ ᠮᠣᠩᠭᠤᠯ᠎ᠳᠤ᠎ᠬᠢ ᠨᠠᠢ᠍ᠮᠠᠨ ᠮᠤᠵᠢ ᠤᠷᠤᠨ᠎ᠤ ᠮᠤᠩᠭᠤᠯ ᠵᠶ᠋ᠠᠷ ᠬᠢᠴᠢᠶᠡᠯᠯᠡᠬᠦ ᠪᠠᠭ᠎ᠠ ᠰᠣᠷᠭ᠋ᠠᠭᠤᠯᠢ ᠵᠢᠨ ᠰᠣᠷᠭ᠋ᠠᠨ ᠬᠦᠮᠦᠵᠢᠯ᠎ᠤᠨ ᠨᠡᠶ᠋ᠢᠭᠡᠮᠯᠢᠭ》 ᠪᠠᠶ᠋ᠢᠭᠤᠯᠣᠭᠳᠠᠭᠰᠠᠨ᠎ᠨᠢ ᠦᠨᠳᠦᠰᠣᠲᠡᠨ᠎ᠤ ᠰᠤᠷᠭ᠋ᠠᠨ ᠭᠦᠮᠦᠵᠢᠯ᠎ᠤᠨ ᠬᠤᠶ᠋ᠢᠰᠢᠳᠡᠬᠢ ᠬᠦᠭᠵᠢᠯᠲᠡ᠎ᠳᠤ ᠠᠰᠤᠷᠤ ᠶᠡᠭᠡ ᠨᠦᠯᠦᠭᠡ ᠲᠣᠰᠬᠠᠯ ᠦᠵᠡᠬᠦᠯᠬᠦ ᠶᠣᠮ᠃ (ᠭᠤᠷᠪᠠ) ᠮᠠᠨ᠎ᠤ ᠤᠷᠤᠨ᠎ᠤ ᠡᠯ᠎ᠡ ᠠᠶ᠋ᠢᠮᠠᠭ ᠬᠤᠰᠢᠭᠤᠨ᠎ᠤ ᠮᠤᠩᠭᠤᠯ ᠵᠶ᠋ᠠᠷ ᠬᠢᠴᠢᠶᠡᠯᠯᠡᠬᠦ ᠳᠣᠮᠳᠠᠳᠦ ᠪᠠᠭ᠎ᠠ ᠰᠤᠷᠭ᠋ᠠᠭᠤᠯᠢ ᠵᠢᠨ ᠬᠤᠭᠤᠷᠤᠨᠳᠤᠬᠢ ᠰᠤᠷᠭ᠋ᠠᠨ ᠬᠥᠮᠥᠵᠢᠯ᠎ᠤᠨ ᠬᠠᠷᠢᠯᠴᠠᠭ᠎ᠠ ᠨᠢᠭᠲᠠᠷᠠᠭ᠍ᠣ ᠵᠢ ᠳᠠᠭ᠋ᠠᠯᠳᠣᠨ᠂ ᠦᠨᠳᠦᠰᠦᠲᠡᠨ᠎ᠤ ᠰᠣᠶᠣᠯ᠎ᠳᠤ ᠬᠤᠯᠪᠣᠭᠳᠠᠭ᠍ᠣ ᠵᠠᠩ ᠵᠠᠩᠰᠢᠯ᠂ ᠤᠷᠣᠨ ᠨᠣᠲᠤᠭ᠎ᠤᠨ ᠦᠭᠡ ᠠᠶᠠᠯᠭᠤ᠂ ᠰᠣᠷᠭ᠋ᠠᠭᠤᠯᠢ ᠵᠢᠨ ᠪᠦᠲᠦᠭᠡᠨ ᠪᠠᠶ᠋ᠢᠭᠤᠯᠤᠯᠲᠠ᠂ ᠬᠢᠴᠢᠶᠡᠯ ᠬᠦᠮᠦᠵᠢᠯ᠎ᠤᠨ ᠲᠣᠷᠰᠢᠯᠭ᠎ᠠ ᠰᠣᠷᠭ᠋ᠠᠮᠵᠢ ᠵᠡᠷᠭᠡ ᠣᠯᠠᠨ ᠲᠠᠯ᠎ᠠ᠎ᠪᠠᠷ ᠬᠠᠷᠢᠯᠴᠠᠨ ᠨᠡᠪᠲᠡᠷᠡᠯᠴᠡᠬᠦ ᠬᠠᠷᠢᠯᠴᠠᠨ ᠲᠦᠰᠢᠭᠯᠡᠯᠴᠡᠬᠦ ᠵᠠᠮ ᠮᠦᠷ ᠭᠠᠷᠴᠤ᠂ ᠬᠤᠶ᠋ᠢᠰᠢᠲᠠ ᠨᠢᠭᠡ ᠰᠡᠳᠬᠢᠯ ᠪᠦᠬᠦ ᠵᠣᠷᠢᠭ ᠵᠶ᠋ᠠᠷ ᠬᠠᠮᠲᠣᠷᠠᠨ ᠠᠵᠢᠯᠯᠠᠵᠤ ᠴᠢᠳᠠᠭ᠍ᠤᠶ᠋ᠢᠴᠠ ᠪᠤᠯᠣᠮᠵᠢ ᠵᠢ ᠪᠦᠷᠢᠳᠦᠭᠦᠯᠪᠡ᠃ (ᠲᠦᠷᠪᠡ) ᠪᠠᠭᠰᠢ ᠨᠠᠷ᠎ᠤᠨ ᠮᠡᠷᠭᠡᠵᠢᠯ᠎ᠳᠤ ᠬᠤᠯᠪᠣᠭᠳᠠᠭᠰᠠᠨ ᠸᠢᠴᠠᠲ᠎ᠤᠨ ᠬᠤᠯᠪᠣᠭ᠎ᠠ ᠨᠡᠭᠡᠭᠡᠭᠳᠡᠵᠦ᠂ ᠮᠡᠳᠡᠬᠦ ᠦᠭᠡᠢ ᠴᠢᠳᠠᠭ᠍ᠣ ᠦᠭᠡᠢ᠎ᠪᠠᠨ ᠬᠤᠯᠪᠣᠭ᠋ᠠᠨ᠎ᠳᠤ ᠭᠠᠷᠴᠦ ᠬᠠᠷᠢᠯᠴᠠᠨ ᠰᠣᠷᠣᠯᠴᠠᠳᠠᠭ ᠪᠣᠯᠪᠠ᠃
      ᠭᠤᠷᠪᠠ᠂ 《ᠪᠠᠭᠰᠢ ᠵᠢᠨ ᠪᠤᠯᠪᠠᠰᠤᠷᠠᠯ》 ᠵᠶ᠋ᠠᠷ ᠳᠠᠮᠵᠢᠵᠤ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠲᠣᠬᠠᠢ ᠰᠢᠨ᠎ᠡ ᠰᠢᠨ᠎ᠡ ᠲᠦᠷᠣ ᠵᠢᠨ ᠪᠤᠳᠣᠯᠭ᠎ᠠ ᠨᠡᠶ᠋ᠢᠲᠡᠯᠡᠭᠳᠡᠬᠦ ᠵᠢ ᠳᠠᠭ᠋ᠠᠯᠳᠣᠨ ᠲᠠᠶ᠋ᠢᠯᠣᠮᠵᠢ ᠦᠭᠴᠦ ᠤᠬᠠᠭᠤᠯᠤᠨ ᠲᠠᠶ᠋ᠢᠴᠢᠯᠠᠭᠰᠠᠨ᠎ᠠᠴᠠ ᠪᠠᠭᠰᠢ ᠨᠠᠷ᠂ ᠭᠡᠷ᠎ᠤᠨ ᠠᠬᠠᠮᠠᠳ᠎ᠤᠨ ᠳᠣᠮᠳᠠ ᠦᠨᠳᠦᠰᠦᠲᠡᠨ᠎ᠤ ᠲᠥᠯᠥᠬᠡ ᠭᠡᠳᠡᠭ ᠨᠡᠶ᠋ᠢᠲᠡᠴᠢ ᠦᠵᠡᠯᠲᠡ᠂ ᠬᠠᠶ᠋ᠢᠷ᠎ᠠ ᠰᠡᠳᠭᠢᠯᠭᠡ᠂ ᠬᠠᠷᠢᠭᠤᠴᠠᠯᠭ᠋ᠠᠲᠣ ᠤᠪᠣᠷ ᠰᠣᠷᠲᠠᠯ ᠠ᠋ᠳᠦᠷ ᠢᠷᠡᠬᠦᠶ᠎ᠡ ᠳᠡᠭᠡᠭᠰᠢᠯᠡᠪᠡ᠃ ᠤᠶ᠋ᠢᠷ᠎ᠠ ᠵᠢᠨ ᠵᠢᠯ᠎ᠳᠤ ᠨᠠᠮ ᠵᠠᠰᠠᠭ᠂ ᠤᠯᠣᠰ ᠤᠷᠣᠨ᠎ᠠᠴᠠ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠬᠦᠭᠵᠢᠯᠲᠡ ᠵᠢ ᠴᠢᠬᠤᠯᠠᠴᠢᠯᠠᠭ᠍ᠣ ᠵᠢ ᠳᠠᠭ᠋ᠠᠯᠳᠣᠨ᠂ ᠨᠡᠶ᠋ᠢᠬᠡᠮ ᠨᠡᠶ᠋ᠢᠲᠡ᠎ᠪᠠᠷ ᠵᠶ᠋ᠠᠨ ᠰᠣᠶᠣᠯ ᠵᠶ᠋ᠠᠨ ᠬᠠᠶ᠋ᠢᠷᠠᠯᠠᠭ᠍ᠣ᠂ ᠰᠣᠶᠣᠯ ᠵᠶ᠋ᠠᠨ ᠬᠦᠨᠳᠦᠳᠬᠡᠬᠦ ᠨᠡᠶ᠋ᠢᠲᠡᠴᠢ ᠦᠵᠡᠯᠲᠡ ᠪᠤᠢ ᠪᠤᠯᠵᠤ᠂ ᠨᠡᠶ᠋ᠢᠬᠡᠮ ᠨᠡᠶ᠋ᠢᠲᠡ ᠭᠡᠷ᠎ᠤᠨ ᠠᠬᠠᠮᠠᠳ᠎ᠠᠴᠠ ᠰᠣᠷᠭ᠋ᠠᠭᠤᠯᠢ ᠵᠢ ᠠᠩᠬᠠᠷᠬᠤ ᠲᠠᠯ᠎ᠠ᠎ᠪᠠᠷ ᠬᠤᠪᠢᠷᠠᠯᠲᠠ᠎ᠲᠠᠢ ᠪᠤᠯᠵᠤ᠂ ᠪᠠᠭᠰᠢ ᠨᠠᠷ ᠴᠦ᠍ ᠬᠤᠪᠢ ᠬᠤᠪᠢᠨ᠎ᠤ ᠠᠵᠢᠯ᠎ᠤᠨ ᠪᠠᠶ᠋ᠢᠷᠢᠨ ᠳᠡᠭᠡᠷ᠎ᠡ ᠦᠨᠳᠦᠰᠦᠲᠡᠨ᠎ᠤ ᠰᠣᠷᠭ᠋ᠠᠨ ᠬᠦᠮᠦᠵᠢᠯ᠎ᠳᠤ ᠬᠠᠨᠳᠣᠬᠤ ᠤᠪᠣᠷ ᠰᠡᠳᠭᠢᠯᠭᠡ ᠵᠢᠨ ᠬᠤᠪᠢᠷᠠᠯᠲᠠ᠎ᠲᠠᠢ ᠪᠤᠯᠵᠣ 《ᠬᠠᠶ᠋ᠢᠷ᠎ᠠ》 ᠪᠠ 《ᠬᠠᠷᠢᠭᠤᠴᠠᠯᠭ᠋ᠠᠲᠣ》 ᠴᠢᠨᠠᠷ᠎ᠨᠢ ᠳᠡᠭᠡᠭᠰᠢᠯᠡᠪᠡ᠃
      ᠲᠦᠷᠪᠡ᠂ 《ᠪᠠᠭᠰᠢ ᠵᠢᠨ ᠪᠤᠯᠪᠠᠰᠤᠷᠠᠯ》 ᠵᠶ᠋ᠠᠷ ᠳᠠᠮᠵᠢᠵᠤ ᠮᠤᠩᠭᠤᠯ ᠵᠶ᠋ᠠᠷ ᠬᠢᠴᠢᠶᠡᠯᠯᠡᠬᠦ ᠳᠣᠮᠳᠠᠳᠦ ᠪᠠᠭ᠎ᠠ ᠰᠤᠷᠭ᠋ᠠᠭᠤᠯᠢ ᠵᠢᠨ ᠪᠠᠭᠰᠢ ᠨᠠᠷ 《ᠬᠢᠴᠢᠶᠡᠯ᠎ᠤᠨ ᠪᠠᠷᠢᠮᠵᠢᠶ᠎ᠠ》 ᠵᠢ ᠰᠠᠨᠠᠭ᠋ᠠᠴᠢᠯᠠᠭ᠎ᠠ᠎ᠲᠠᠢ ᠠᠩᠬᠠᠷᠴᠣ᠂ ᠬᠢᠴᠢᠶᠡᠯᠯᠡᠭᠡ ᠵᠢᠨ ᠶᠠᠪᠣᠴᠠ᠎ᠳᠤ ᠲᠤᠬᠢᠶᠠᠯᠳᠤᠬᠰᠠᠨ ᠬᠦᠴᠢᠷᠳᠡᠯᠭᠡ ᠨᠦᠭᠦᠳ᠎ᠢ ᠵᠦᠪ ᠵᠶ᠋ᠠᠷ ᠲᠠᠨᠢᠵᠣ᠂ ᠵᠦᠪ ᠰᠡᠳᠭᠢᠵᠣ᠂ ᠵᠦᠪ ᠰᠢᠢ᠍ᠳᠪᠣᠷᠢᠯᠡᠬᠦ ᠴᠢᠳᠠᠪᠣᠷᠢ ᠵᠢᠨ ᠲᠠᠯ᠎ᠠ᠎ᠪᠠᠷ ᠳᠡᠭᠡᠭᠰᠢᠯᠡᠪᠡ᠃ ᠦᠬᠡᠷ᠎ᠡ᠎ᠪᠠᠷ ᠬᠡᠯᠡᠪᠡᠯ᠂ ᠦᠩᠭᠡᠷᠡᠭᠰᠡᠨ᠎ᠳᠤ 《ᠬᠢᠴᠢᠶᠡᠯ᠎ᠤᠨ ᠪᠠᠷᠢᠮᠵᠢᠶ᠎ᠠ》 ᠵᠢ ᠠᠩᠬᠠᠷᠳᠠᠭ ᠦᠭᠡᠢ ᠪᠠᠶ᠋ᠢᠭᠰᠠᠨ᠎ᠠᠴᠠ᠎ᠪᠠᠨ ᠠᠩᠬᠠᠷᠳᠠᠭ ᠪᠣᠯᠪᠠ᠃ ᠪᠦᠬᠦ ᠣᠷᠣᠨ᠎ᠤ ᠭᠡᠪᠴᠢᠶᠡᠨ᠎ᠳᠤ 《ᠬᠢᠴᠢᠶᠡᠯ᠎ᠤᠨ ᠪᠠᠷᠢᠮᠵᠢᠶ᠎ᠠ》᠎ᠪᠠᠷ ᠴᠢᠭ ᠪᠣᠯᠭ᠋ᠠᠵᠣ᠂ ᠪᠦᠬᠦᠶ᠋ᠢᠯᠡ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠬᠠᠨᠳᠣᠯᠭ᠋ᠠᠲᠦ ᠴᠢᠨᠠᠷ ᠵᠢᠭᠳᠡ ᠪᠣᠯᠪᠠ᠃
      ᠲᠠᠪᠤ᠂ 《ᠪᠠᠭᠰᠢ ᠵᠢᠨ ᠪᠤᠯᠪᠠᠰᠤᠷᠠᠯ》 ᠵᠶ᠋ᠠᠷ ᠳᠠᠮᠵᠢᠵᠤ ᠪᠦᠬᠦ ᠤᠷᠤᠨ᠎ᠳᠤ ᠪᠠᠭᠰᠢ ᠨᠠᠷ ᠬᠢᠴᠢᠶᠡᠯ᠎ᠤᠨ ᠠᠭᠤᠯᠭ᠎ᠠ᠎ᠪᠠᠨ ᠰᠣᠳᠣᠯᠬᠤ ᠠᠵᠢᠯ᠎ᠤᠨ ᠲᠠᠯ᠎ᠠ᠎ᠳᠤ ᠢᠳᠡᠪᠬᠢᠲᠠᠢ ᠪᠣᠯᠪᠠ᠃ ᠤᠶ᠋ᠢᠷ᠎ᠠ ᠵᠢᠨ ᠵᠢᠯ᠎ᠤᠳ᠎ᠲᠤ ᠤᠷᠤᠨ᠎ᠤ ᠵᠢᠭ᠋ᠠᠬᠤ ᠵᠢ ᠰᠤᠳᠤᠯᠬᠤ ᠲᠠᠰᠤᠬ ᠦᠪᠡᠷ᠎ᠤᠨ ᠰᠣᠳᠣᠯᠭ᠋ᠠᠨ᠎ᠤ ᠠᠵᠢᠯ᠎ᠤᠨ ᠲᠠᠯ᠎ᠠ᠎ᠪᠠᠷ ᠬᠦᠴᠦ ᠲᠠᠯᠪᠢᠬᠤ ᠵᠢᠨ ᠳᠠᠭ᠋ᠠᠣ᠂ ᠪᠦᠬᠦ ᠤᠷᠤᠨ᠎ᠤ ᠠᠶ᠋ᠢᠮᠠᠭ ᠬᠤᠰᠢᠭᠤᠨ᠎ᠤ ᠬᠢᠴᠢᠶᠡᠯ ᠬᠦᠮᠦᠵᠢᠯ᠎ᠤᠨ ᠪᠠᠭᠰᠢ ᠨᠠᠷ᠎ᠢ ᠳᠠᠶ᠋ᠢᠴᠢᠯᠠᠵᠣ᠂ ᠮᠤᠩᠭᠤᠯ ᠵᠶ᠋ᠠᠷ ᠬᠢᠴᠢᠶᠡᠯᠯᠡᠬᠦ ᠳᠣᠮᠳᠠᠳᠣ ᠪᠠᠭ᠎ᠠ ᠰᠤᠷᠭ᠋ᠠᠭᠤᠯᠢ ᠵᠢᠨ ᠬᠢᠴᠢᠶᠡᠯ ᠬᠦᠮᠦᠵᠢᠯ᠎ᠤᠨ ᠶᠠᠰᠤ ᠴᠢᠨᠠᠷ᠎ᠢ ᠳᠡᠭᠡᠭᠰᠢᠯᠡᠬᠦᠯᠬᠦ ᠠᠵᠢᠯᠯᠠᠭ᠎ᠠ᠎ᠳᠤ ᠭᠠᠷᠮᠠᠭ᠋ᠠᠢ ᠵᠢᠳᠭᠦᠯ ᠦᠵᠡᠭᠦᠯᠪᠡ᠃ ᠢᠯᠠᠩᠭᠤᠶ᠎ᠠ ᠪᠣᠲᠠᠲᠠᠢ ᠬᠢᠴᠢᠶᠡᠯ ᠵᠶ᠋ᠠᠷ ᠪᠠᠭᠰᠢ ᠨᠠᠷ᠎ᠢ ᠵᠢᠭ᠋ᠠᠨ ᠵᠢᠯᠣᠭᠤᠳᠴᠣ᠂ ᠲᠠᠶ᠋ᠢᠯᠣᠮᠵᠢ ᠵᠦᠪᠯᠡᠭᠡ ᠦᠭᠬᠦ ᠵᠢᠨ ᠬᠠᠵᠠᠭᠤ᠎ᠪᠠᠷ ᠭᠤᠷᠪᠠᠨ ᠳᠡᠰ᠎ᠤᠨ ᠪᠠᠭᠰᠢ ᠵᠢ ᠰᠢᠯᠭ᠋ᠠᠷᠠᠭᠤᠯᠬᠤ᠎ᠪᠠᠷ ᠳᠠᠮᠵᠢᠵᠣ᠂ ᠠᠶ᠋ᠢᠮᠠᠭ ᠬᠤᠰᠢᠭᠤ ᠱᠠᠲᠣᠨ᠎ᠳᠤ ᠨᠢᠭᠡ ᠪᠦᠯᠦᠭ ᠭᠠᠷᠮᠠᠭ᠋ᠠᠢ ᠪᠠᠭᠰᠢ ᠵᠢᠨ ᠠ᠋ᠩᠨᠡᠭᠡ ᠪᠣᠢ ᠪᠣᠯᠪᠠ᠃ ᠠ᠋ᠳᠡᠭᠡᠷ ᠪᠠᠭᠰᠢ ᠨᠠᠷ ᠦᠪᠡᠷ ᠦᠪᠡᠷ᠎ᠤᠨ ᠠᠵᠢᠯ᠎ᠤᠨ ᠤᠷᠴᠢᠨ ᠲᠣᠭᠤᠷᠢᠨ᠎ᠳᠤ ᠲᠣᠯᠭ᠋ᠠᠭᠤᠷᠢᠯᠠᠵᠣ᠂ ᠨᠠᠢ᠍ᠮᠠᠨ ᠮᠤᠵᠢ ᠤᠷᠣᠨ᠎ᠳᠤ ᠪᠤᠯᠵᠣ ᠦᠩᠭᠡᠷᠡᠭᠰᠡᠨ 《ᠢᠨᠵᠠᠨᠨᠠᠰᠢ ᠬᠤᠨᠳᠠᠭ᠋ᠠᠳᠤ》᠂ 《ᠮᠢᠩᠭ᠋ᠠᠨᠳᠤ ᠬᠤᠨᠳᠠᠭ᠋ᠠᠳᠤ》᠂ 《ᠨᠠᠢ᠍ᠮᠠᠨ ᠰᠢᠷᠭ᠎ᠠ ᠵᠢᠨ ᠵᠤᠭᠢᠶᠠᠯ᠎ᠤᠨ ᠤᠷᠣᠯᠳᠣᠭ᠋ᠠᠨ》 《ᠠᠷᠭ᠋ᠠᠰᠤᠨ ᠬᠤᠨᠳᠠᠭ᠋ᠠᠳᠤ ᠮᠠᠷᠭᠤᠭ᠋ᠠᠨ᠎ᠤ ᠤᠷᠣᠯᠳᠣᠭ᠋ᠠᠨ》᠂ 《ᠵᠦᠪ ᠪᠢᠴᠢᠯᠭᠡ ᠵᠢᠨ ᠤᠷᠣᠯᠳᠣᠭ᠋ᠠᠨ》 ᠵᠡᠷᠭᠡ ᠬᠦᠳᠡᠯᠭᠡᠭᠡᠨ᠎ᠢ ᠠᠮᠵᠢᠯᠲᠠ᠎ᠳᠤ ᠬᠦᠷᠭᠡᠭᠰᠡᠨ ᠶᠤᠮ᠃ ᠠ᠋ᠭᠦᠨ᠎ᠠᠴᠠ ᠭᠠᠳᠠᠨ᠎ᠠ ᠰᠢᠯᠢᠨ ᠭᠤᠣᠯ ᠠᠶ᠋ᠢᠮᠠᠭ᠂ ᠬᠦᠯᠦᠨ ᠪᠤᠶ᠋ᠢᠷ ᠬᠤᠳᠠ᠂ ᠣᠯᠠᠭ᠋ᠠᠠᠭ᠍ᠠᠳᠠ ᠬᠤᠲᠠ᠂ ᠤᠷᠳᠣᠰ ᠬᠤᠳᠠ᠂ ᠠᠯᠠᠱ᠌ᠠ ᠠᠶ᠋ᠢᠮᠠᠭ ᠵᠡᠷᠭᠡ ᠤᠯᠠᠨ ᠣᠯᠠᠨ ᠭᠠᠵᠠᠷ ᠵᠶ᠋ᠠᠷ ᠮᠤᠩᠭᠤᠯ ᠦᠨᠳᠦᠰᠣᠲᠡᠨ᠎ᠤ ᠦᠪ ᠰᠤᠶᠤᠯ᠎ᠳᠤ ᠬᠤᠯᠪᠤᠭᠳᠠᠭᠰᠠᠨ ᠵᠠᠩ ᠰᠤᠶᠣᠯ᠂ ᠳᠠᠭᠤᠣ ᠤᠷᠠᠯᠢᠭ᠂ ᠲᠠᠮᠢᠷ ᠲᠣᠭᠯᠠᠭ᠋ᠠᠮ᠎ᠤᠨ ᠬᠦᠳᠡᠯᠭᠡᠭᠡᠨ ᠪᠦᠬᠦ ᠤᠷᠤᠨ᠎ᠳᠤ ᠪᠤᠯᠵᠣ ᠦᠷᠨᠢᠭᠰᠡᠨ᠎ᠨᠢ ᠪᠠᠭᠰᠢ ᠨᠠᠷ᠎ᠤᠨ ᠴᠢᠷᠮᠠᠶ᠋ᠢᠯᠭ᠎ᠠ᠎ᠲᠠᠢ ᠰᠢᠭᠤᠳ ᠬᠤᠯᠪᠣᠭ᠎ᠠ᠎ᠲᠠᠢ ᠶᠤᠮ᠃
      ᠵᠢᠷᠭᠤᠭ᠎ᠠ᠂ ᠰᠢᠨ᠎ᠡ᠎ᠪᠠᠷ ᠠᠵᠢᠯ᠎ᠤᠨ ᠪᠠᠶ᠋ᠢᠷᠢ᠎ᠳᠤ ᠭᠠᠷᠣᠭᠰᠠᠨ ᠪᠠᠭᠰᠢ ᠨᠠᠷ᠎ᠤᠨ 《ᠪᠠᠭᠰᠢᠯᠠᠭ᠍ᠣ》 ᠠᠵᠢᠯ᠎ᠳᠤ ᠳᠦᠭᠦᠮ ᠦᠵᠡᠬᠦᠯᠪᠡ᠃ ᠤᠶ᠋ᠢᠷ᠎ᠠ ᠵᠢᠨ ᠵᠢᠯ᠎ᠤᠳ᠎ᠲᠤ ᠤᠯᠠᠩᠬᠢ ᠰᠤᠷᠭ᠋ᠠᠭᠤᠯᠢ ᠪᠠᠭᠰᠢ ᠠ᠋ᠯᠰᠡᠬᠦ᠎ᠳᠤ ᠤᠷᠣᠨ᠎ᠤ ᠪᠣᠶᠦ ᠳᠣᠬᠠᠢ ᠵᠢᠨ ᠭᠠᠵᠠᠷ᠎ᠤᠨ ᠨᠢᠭᠡᠳᠤᠯᠳᠠᠢ ᠰᠢᠯᠭ᠋ᠠᠯᠲᠠ᠎ᠪᠠᠷ ᠳᠠᠮᠵᠢᠵᠣ ᠪᠠᠭᠰᠢ ᠠ᠋ᠯᠰᠡᠳᠡᠭ ᠪᠣᠯᠬᠤᠷ ᠰᠢᠨ᠎ᠡ ᠪᠠᠭᠰᠢ ᠵᠢᠨ ᠢᠷᠡᠯᠲᠡ᠎ᠨᠢ ᠶᠡᠷᠣᠩᠬᠡᠢ ᠠᠩᠭᠢ ᠲᠡᠭᠦᠰᠦᠭᠰᠡᠨ ᠭᠡᠳᠡᠭ ᠪᠣᠯᠪᠠᠴᠣ 《ᠲᠠᠳᠣᠯᠭ᠎ᠠ ᠵᠢᠨ ᠪᠣᠯᠪᠠᠰᠣᠷᠠᠯ》 ᠦᠭᠡᠢ᠂ ᠮᠡᠷᠭᠡᠵᠢᠯ᠎ᠤᠨ ᠪᠣᠰᠦ ᠪᠠᠭᠰᠢ ᠨᠠᠷ ᠪᠠᠭᠰᠢᠯᠠᠭᠰᠠᠨ᠎ᠨᠢ ᠤᠯᠠᠨ ᠪᠣᠯᠵᠡᠢ᠃ ᠠ᠋ᠳᠡᠭᠡᠷ ᠪᠠᠭᠰᠢ ᠨᠠᠷ ᠠᠵᠢᠯ᠎ᠤᠨ ᠢᠳᠡᠪᠬᠢ ᠴᠢᠨᠠᠷ ᠰᠠᠶ᠋ᠢᠨ ᠪᠠᠶ᠋ᠢᠭᠰᠠᠨ ᠴᠦ᠍ ᠪᠠᠭᠰᠢ ᠵᠢᠨ ᠲᠣᠰᠬᠠᠢ ᠮᠡᠷᠭᠡᠵᠢᠯ᠎ᠤᠨ ᠪᠣᠯᠪᠠᠰᠣᠷᠠᠯ ᠳᠣᠲᠠᠭᠤ ᠣᠴᠢᠷ᠎ᠠᠴᠠ ᠵᠢᠭ᠋ᠠᠨ ᠰᠣᠷᠭ᠋ᠠᠯᠲᠠ᠎ᠳᠤ ᠬᠥᠯ ᠵᠶ᠋ᠠᠨ ᠤᠯᠬᠤ ᠦᠭᠡᠢ ᠪᠠᠶ᠋ᠢᠳᠠᠯ ᠨᠡᠶ᠋ᠢᠳᠡᠮ ᠣᠷᠣᠰᠢᠵᠣ ᠪᠠᠶ᠋ᠢᠯ᠎ᠠ᠃ ᠪᠠᠭᠰᠢ ᠵᠢᠨ ᠪᠣᠯᠪᠠᠰᠣᠷᠠᠯ ᠵᠶ᠋ᠠᠷ ᠳᠠᠮᠵᠢᠵᠣ ᠠ᠋ᠳᠡᠭᠡᠷ ᠪᠠᠭᠰᠢ ᠵᠢᠨ ᠳᠠᠪᠰᠢᠯᠲᠠ᠎ᠳᠤ ᠳᠦᠯᠬᠢᠬᠦ ᠤᠶ᠋ᠢᠯᠡᠳᠣᠯ ᠦᠵᠡᠭᠦᠯᠪᠡ᠃
      ᠰᠤᠳᠤᠯᠬᠤ ᠴᠢᠨᠠᠷ᠎ᠲᠠᠢ ᠠᠰᠠᠭᠤᠳᠠᠯ ᠪᠠ ᠵᠦᠪᠯᠠᠯᠭᠡ᠄
      ᠤᠯᠣᠰ᠎ᠤᠨ ᠰᠣᠷᠭ᠋ᠠᠨ ᠬᠦᠮᠦᠵᠢᠯ᠎ᠤᠨ ᠶᠠᠮᠣᠨ᠎ᠠᠴᠠ ᠲᠠᠶ᠋ᠢᠴᠢᠯᠠᠭᠰᠠᠨ 《ᠰᠢᠨ᠎ᠡ ᠬᠢᠴᠢᠶᠡᠯ᠎ᠤᠨ ᠦᠭᠡᠷᠠᠴᠢᠯᠡᠯᠲᠡ》 ᠵᠢ ᠤᠯᠠᠨ ᠵᠢᠯ ᠲᠤᠭᠤᠰᠢᠯᠠᠭᠤᠯᠤᠨ ᠬᠦᠢ᠍ᠴᠡᠳᠭᠡᠪᠡ᠃ ᠤᠯᠣᠰ ᠪᠠ ᠣᠷᠣᠨ᠎ᠤ ᠠᠵᠣ ᠠᠬᠤᠢ ᠵᠢᠨ ᠰᠡᠷᠭᠦᠯᠲᠡ ᠵᠢ ᠳᠠᠭ᠋ᠠᠯᠳᠣᠨ᠂ ᠬᠤᠲᠠ ᠬᠦᠳᠡᠭᠡ ᠵᠢᠨ ᠵᠦᠷᠢᠶᠠᠨ᠎ᠢ ᠪᠠᠭ᠋ᠠᠰᠬᠠᠵᠣ ᠰᠣᠷᠭ᠋ᠠᠭᠤᠯᠢ ᠵᠢᠨ ᠨᠦᠭᠦᠴᠡᠯ᠎ᠢ ᠰᠠᠶ᠋ᠢᠵᠢᠷᠠᠭᠤᠯᠬᠤ ᠵᠢᠨ ᠳᠠᠭ᠋ᠠᠣ 《ᠰᠣᠷᠣᠭᠴᠢ ᠨᠢᠭᠡᠪᠣᠷᠢ᠎ᠳᠤ ᠲᠡᠩᠴᠡᠬᠦᠷᠢᠳᠠᠢ ᠰᠣᠷᠭ᠋ᠠᠨ ᠬᠦᠮᠦᠵᠢᠯ ᠭᠦᠷᠳᠠᠭᠡᠭᠦ》 ᠵᠢ ᠴᠢᠬᠤᠯᠠᠴᠢᠯᠠᠵᠣ᠂ ᠣᠯᠠᠮᠵᠢᠯᠠᠯᠲᠣ ᠵᠢᠭ᠋ᠠᠨ ᠰᠣᠷᠭ᠋ᠠᠬᠤ ᠠᠷᠭ᠎ᠠ ᠵᠢᠨ ᠣᠷᠢᠳᠠᠯ᠎ᠳᠤ 《ᠰᠢᠨ᠎ᠡ ᠬᠢᠴᠢᠶᠡᠯ᠎ᠤᠨ ᠦᠭᠡᠷᠠᠴᠢᠯᠡᠯᠲᠡ》 ᠵᠢ ᠤᠯᠠᠨ ᠵᠢᠯ ᠦᠷᠬᠦᠯᠵᠢᠯᠡᠭᠦᠯᠪᠡ᠃ ᠠ᠋ᠩ᠎ᠤᠨ ᠰᠣᠷᠭ᠋ᠠᠨ ᠬᠦᠮᠦᠵᠢᠯ᠎ᠤᠨ 《ᠰᠢᠨ᠎ᠡ ᠬᠢᠴᠢᠶᠡᠯ᠎ᠤᠨ ᠦᠭᠡᠷᠡᠴᠢᠯᠡᠯᠲᠡ》 ᠵᠢᠨ ᠣᠬᠠᠭᠳᠠᠭ᠍ᠣᠨ᠎ᠠᠴᠠ ᠰᠢᠨᠵᠢᠪᠡᠯ᠄
     (ᠨᠢᠭᠡ) ᠰᠢᠨ᠎ᠡ ᠬᠢᠴᠢᠶᠠᠯ ᠪᠤᠯᠤᠨ ᠪᠠᠭᠰᠢ ᠵᠢᠨ ᠬᠠᠷᠢᠴᠠᠭ᠎ᠠ (ᠲᠣᠪᠴᠢᠯᠠᠪᠠ)᠄ ⑴ ᠬᠢᠴᠢᠶᠠᠯ᠎ᠤᠨ ᠶᠠᠪᠤᠴᠠ ᠵᠢ ᠭᠥᠢ᠍ᠴᠡᠥᠡᠭᠡᠳᠡᠭ ᠪᠠᠶ᠋ᠢᠬᠰᠠᠨ᠎ᠠᠴᠠ᠎ᠪᠠᠨ ᠬᠢᠴᠢᠶᠠᠯ᠎ᠢ ᠨᠡᠬᠡᠬᠡᠯᠳᠠ᠎ᠳᠤ ᠭᠥᠷᠬᠡᠭᠦ (ᠬᠢᠴᠢᠶᠠᠯ᠎ᠤᠨ ᠲᠥᠰᠥᠪ᠂ ᠬᠠᠷᠠᠯᠲᠠ᠂ ᠰᠢᠨ᠎ᠡ ᠵᠢ ᠠ᠋ᠭᠦᠥᠠᠭᠦ᠂ ᠲᠠᠶ᠋ᠢᠯᠥᠮᠵᠢ ᠬᠢᠭᠦ) ⑵ ᠪᠠᠭᠰᠢ ᠬᠢᠴᠢᠶᠠᠯ᠎ᠤᠨ ᠠ᠋ᠷᠬᠢᠴᠡᠭᠦᠯᠥᠯ ᠵᠶ᠋ᠠᠷ ᠲᠠᠮᠵᠢᠨ ᠮᠡᠳᠡᠯᠭᠡ ᠤᠯᠠᠮᠵᠢᠯᠠᠳᠠᠭ ᠪᠠᠶ᠋ᠢᠬᠰᠠᠨ᠎ᠠᠴᠠ᠎ᠪᠠᠨ ᠰᠤᠷᠤᠬ᠍ᠴᠢ ᠵᠢᠨ ᠵᠢᠯᠤᠭᠤᠳᠤᠭᠴᠢ ᠪᠤᠯᠬᠤ᠎ᠪᠠᠷ ᠦᠯᠤ ᠪᠠᠷᠠᠨ ᠰᠤᠷᠤᠬ᠍ᠴᠢ ᠵᠢᠨ ᠰᠢᠨ᠎ᠡ ᠰᠡᠥᠠᠬᠢᠭᠦᠢ ᠵᠢᠨ ᠭᠥᠭᠵᠢᠭᠦᠯᠥᠭᠴᠢ ᠪᠤᠯᠤᠬᠰᠠᠨ ⑶ ᠪᠠᠭᠰᠢ ᠠ᠋ᠬᠢ ᠪᠠᠶᠠᠯᠢᠭ᠎ᠢ ᠨᠠᠬᠡᠬᠡᠭᠦ ᠵᠤᠷᠢᠯᠳᠠ᠎ᠠᠴᠠ 《ᠬᠤᠪᠢ ᠵᠢᠨ ᠭᠥᠳᠡᠯᠮᠤᠷᠢᠴᠢ》 ᠪᠠᠶ᠋ᠢᠬᠰᠠᠨ᠎ᠠᠴᠠ᠎ᠪᠠᠨ 《ᠶᠡᠭᠡ ᠰᠤᠷᠭ᠋ᠠᠨ ᠭᠥᠮᠥᠵᠢᠭᠦᠯᠥᠭᠴᠢ》 ᠤᠷᠤᠭᠤ ᠭᠥᠳᠤᠯᠥᠭᠴᠢ ᠪᠤᠯᠵᠤ᠂ ᠠ᠋ᠬᠢ ᠪᠠᠶᠠᠯᠢᠭ᠎ᠢ ᠨᠡᠭᠡᠭᠡᠭᠦ᠎ᠳᠤ ᠥᠢ᠍ᠯᠡᠴᠢᠯᠡᠭᠴᠢ ᠪᠤᠯᠤᠬᠰᠠᠨ ᠪᠠᠶ᠋ᠢᠬᠤ ⑷ ᠪᠠᠭᠰᠢ ᠬᠢᠴᠢᠶᠠᠯ᠎ᠤᠨ ᠲᠥᠰᠥᠪ᠎ᠢ ᠭᠥᠢ᠍ᠴᠡᠥᠡᠭᠡᠭᠴᠢ ᠪᠠᠶ᠋ᠢᠬᠰᠠᠨ᠎ᠠᠴᠠ᠎ᠪᠠᠨ ᠬᠢᠴᠢᠶᠠᠯ᠎ᠤᠨ ᠵᠤᠬᠢᠶᠠᠨ ᠪᠠᠶ᠋ᠢᠭᠤᠯᠤᠬ᠍ᠴᠢ ᠪᠠ ᠬᠠᠮᠵᠢᠯᠴᠠᠭ᠋ᠠᠨ᠎ᠤ ᠠᠵᠢᠯᠯᠠᠭ᠎ᠠ ᠵᠢ ᠤᠳᠤᠷᠢᠥᠠᠭ᠍ᠤ ⑸ ᠪᠠᠭᠰᠢ᠎ᠨᠢ ᠰᠤᠷᠤᠬ᠍ᠴᠢ ᠵᠢᠨ ᠬᠠᠮᠢᠶᠠᠷᠤᠬ᠍ᠴᠢ ᠪᠠᠶ᠋ᠢᠬᠰᠠᠨ᠎ᠠᠴᠠ᠎ᠪᠠᠨ ᠭᠥᠭᠵᠢᠯᠳᠡ ᠵᠢᠨ ᠵᠢᠭ᠋ᠠᠨ ᠵᠢᠯᠤᠭᠤᠳᠤᠬ᠍ᠴᠢ ᠪᠤᠯᠤᠬᠰᠠᠨ ᠪᠠᠶ᠋ᠢᠬᠤ ⑹ ᠪᠠᠭᠰᠢ᠎ᠨᠢ ᠰᠤᠷᠤᠬ᠍ᠴᠢ ᠵᠢᠨ ᠬᠢᠷᠢ ᠬᠡᠮᠵᠢᠶ᠎ᠠ ᠵᠢ ᠥᠨᠡᠯᠡᠭᠴᠢ ᠪᠠᠶ᠋ᠢᠬᠰᠠᠨ᠎ᠠᠴᠠ᠎ᠪᠠᠨ ᠬᠢᠷᠢ ᠬᠡᠮᠵᠢᠶ᠎ᠠ ᠵᠢ ᠲᠡᠭᠡᠭᠰᠢᠯᠠᠭᠦᠯᠭᠦ ᠭᠥᠳᠥᠯᠥᠭᠴᠢ ᠪᠤᠯᠤᠬᠰᠠᠨ ᠪᠠᠶ᠋ᠢᠬᠤ ⑺ ᠪᠠᠭᠰᠢ ᠪᠣᠯ ᠰᠤᠷᠤᠬ᠍ᠴᠢ ᠵᠢᠨ ᠰᠤᠷᠬᠤ ᠵᠢᠨ ᠠᠬᠢᠭᠤᠯᠤᠬ᠍ᠴᠢ (ᠰᠤᠷᠤᠯᠴᠠᠭ᠍ᠤ ᠴᠢᠳᠠᠪᠤᠷᠢ ᠵᠢ ᠭᠥᠭᠵᠢᠬᠡᠭᠴᠢ᠂ ᠰᠤᠷᠤᠬ᠍ᠴᠢ ᠵᠢᠨ ᠭᠥᠮᠥᠨᠰᠢᠭᠦ ᠵᠢᠨ ᠭᠥᠳᠥᠯᠥᠭᠴᠢ) ᠪᠤᠯᠤᠬᠰᠠᠨ ᠪᠠᠶ᠋ᠢᠬᠤ ⑻ ᠵᠢᠭ᠋ᠠᠬᠤ ᠪᠠ ᠰᠤᠳᠤᠯᠬᠤ ᠬᠠᠷᠢᠴᠠᠭ᠋ᠠᠨ᠎ᠠᠴᠠ ᠪᠠᠭᠰᠢ ᠪᠣᠯ ᠭᠥᠮᠥᠨᠰᠢᠭᠦ ᠵᠢᠨ ᠰᠤᠳᠤᠯᠤᠬ᠍ᠴᠢ ᠪᠤᠯᠤᠬᠰᠠᠨ ᠪᠠᠶ᠋ᠢᠬᠤ ⑼ ᠬᠢᠴᠢᠶᠠᠯ ᠪᠠ ᠵᠢᠭ᠋ᠠᠬᠤ ᠬᠠᠷᠢᠴᠠᠭ᠋ᠠᠨ᠎ᠳᠤ ᠪᠠᠭᠰᠢ ᠪᠣᠯ ᠬᠢᠴᠢᠶᠠᠯ᠎ᠤᠨ ᠪᠥᠳᠥᠬᠡᠨ ᠪᠠᠶ᠋ᠢᠭᠤᠯᠤᠬ᠍ᠴᠢ ᠬᠢᠬᠡᠥᠨ ᠠ᠋ᠭᠦᠳᠥᠭᠴᠢ ᠪᠤᠯᠤᠬᠰᠠᠨ ᠪᠠᠶ᠋ᠢᠬᠤ ⑽ ᠪᠠᠭᠰᠢ ᠵᠢᠭ᠋ᠠᠨ ᠰᠤᠷᠭ᠋ᠠᠯᠳᠠ ᠪᠠ ᠬᠠᠮᠵᠢᠯᠴᠠᠭ᠋ᠠᠨ᠎ᠳᠤ ᠤᠷᠤᠯᠴᠠᠭᠴᠢ ᠪᠤᠯᠤᠬᠰᠠᠨ ᠪᠠᠶ᠋ᠢᠬᠤ ⑾ ᠪᠠᠭᠰᠢ᠎ᠠᠴᠠ ᠰᠤᠷᠤᠬ᠍ᠴᠢ ᠵᠢ ᠭᠥᠨᠳᠤᠥᠠᠬᠡᠭᠦ ᠪᠠ ᠵᠤᠷᠢᠬ᠍ᠵᠢᠭᠤᠯᠤᠯ ᠵᠶ᠋ᠠᠷ ᠭᠤᠤᠯᠳᠠᠭᠰᠠᠨ ᠪᠠᠶ᠋ᠢᠬᠤ ⑿ ᠪᠠᠭᠰᠢ᠎ᠠᠴᠠ ᠬᠢᠴᠢᠶᠠᠯᠯᠡᠭᠡ᠎ᠳᠤ ᠰᠤᠷᠤᠬ᠍ᠴᠢ ᠵᠢ ᠲᠤᠰᠠᠯᠠᠭ᠍ᠤ᠎ᠪᠠᠷ ᠲᠠᠮᠵᠢᠵᠤ ᠰᠤᠷᠤᠬ᠍ᠴᠢ ᠵᠢ ᠰᠤᠷᠬᠤ ᠠᠵᠢᠯᠯᠠᠭ᠋ᠠᠨ᠎ᠳᠤ ᠭᠥᠳᠡᠯᠥᠩᠭᠦᠢ ᠤᠷᠤᠯᠴᠠᠭᠤᠯᠬᠤ ⒀ ᠪᠠᠭᠰᠢ ᠬᠢᠴᠢᠶᠠᠯ᠎ᠤᠨ ᠠ᠋ᠮᠤᠨ᠎ᠡ᠂ ᠳᠤᠮᠳᠠ᠂ ᠡᠴᠤᠰ᠎ᠲᠤ ᠠ᠋ᠷᠬᠢᠴᠡᠭᠦᠯᠥᠨ ᠲᠤᠩᠭ᠋ᠠᠬᠰᠠᠨ ᠵᠶ᠋ᠠᠷ ᠭᠤᠤᠯᠳᠠᠭᠰᠠᠨ ᠪᠠᠶ᠋ᠢᠬᠤ ⒁ ᠪᠠᠭᠰᠢ ᠬᠠᠮᠳᠤᠷᠠᠯ᠎ᠤᠨ ᠭᠥᠴᠤᠨ᠎ᠳᠤ ᠲᠥᠰᠢᠭᠯᠡᠨ ᠵᠢᠭ᠋ᠠᠨ ᠰᠤᠷᠭ᠋ᠠᠬᠤ ᠠᠵᠢᠯᠯᠠᠭ᠋ᠠᠨ ᠵᠶ᠋ᠠᠨ ᠪᠡᠶᠡᠯᠡᠭᠦᠯᠥᠭᠰᠡᠨ ᠪᠠᠶ᠋ᠢᠬᠤ (ᠭᠡᠷ᠎ᠤᠨ ᠠᠬᠠᠮᠠᠥᠨ ᠪᠤᠯᠤᠨ ᠪᠤᠰᠤᠤᠨ ᠬᠢᠴᠢᠶᠠᠯ ᠲᠥᠷᠥᠯ᠎ᠤᠨ ᠪᠠᠭᠰᠢ ᠨᠠᠷ᠎ᠲᠠᠢ ᠬᠠᠮᠵᠢᠯᠴᠠᠭ᠍ᠤ) ⒂ ᠪᠠᠭᠰᠢ ᠪᠣᠯ ᠰᠤᠶᠤᠯ᠎ᠤᠨ ᠤᠬᠠᠭᠤᠯᠤᠬ᠍ᠴᠢ᠂ ᠳᠠᠯᠳᠠ ᠭᠥᠴᠤᠨ᠎ᠢ ᠨᠡᠭᠡᠭᠡᠭᠴᠢ᠂ ᠰᠤᠷᠤᠯᠴᠠᠯᠭ᠎ᠠ ᠵᠢᠨ ᠠᠬᠢᠭᠤᠯᠤᠬ᠍ᠴᠢ᠂ ᠰᠤᠷᠭ᠋ᠠᠨ ᠭᠥᠮᠥᠵᠢᠯ᠎ᠤᠨ ᠰᠤᠳᠤᠯᠤᠨ ᠨᠡᠭᠡᠭᠡᠭᠴᠢ ᠪᠤᠯᠤᠬᠰᠠᠨ ᠪᠠᠶ᠋ᠢᠬᠤ᠃
     (ᠬᠤᠶᠠᠷ) ᠰᠢᠨ᠎ᠡ ᠬᠢᠴᠢᠶᠠᠯ᠎ᠳᠤ ᠪᠠᠶᠠᠯᠠᠭᠦᠯᠭᠦ᠎ᠨᠢ᠄ (1) ᠰᠢᠨᠵᠢᠯᠠᠭᠦ ᠤᠬᠠᠭ᠋ᠠᠨ᠎ᠤ ᠬᠡᠪ ᠪᠤᠯᠪᠠᠰᠤᠷᠠᠯ᠎ᠢ ᠲᠡᠬᠡᠭᠰᠢᠯᠠᠭᠦᠯᠭᠦ (2) ᠪᠥᠭᠦ ᠰᠤᠷᠤᠬ᠍ᠴᠢ᠎ᠳᠤ ᠬᠠᠨᠳᠤᠬᠤ  (3) ᠰᠦᠪᠡᠭᠴᠢᠯᠡᠨ ᠰᠤᠷᠬᠤ ᠵᠢ ᠰᠤᠷᠳᠠᠯᠴᠢᠯᠠᠭ᠍ᠤ (4) ᠥᠨᠳᠤᠷ ᠥᠷ᠎ᠡ ᠪᠥᠳᠥᠮᠵᠢᠳᠤ ᠬᠢᠴᠢᠶᠠᠯᠯᠡᠭᠡ ᠵᠢ ᠠ᠋ᠭᠦᠥᠠᠭᠦ
     (ᠭᠤᠷᠪᠠ) ᠬᠢᠴᠢᠶᠠᠯ᠎ᠤᠨ ᠥᠬᠡᠷᠡᠴᠢᠯᠠᠯᠳᠠ ᠵᠢᠨ ᠰᠢᠨ᠎ᠡ ᠤᠨᠤᠯᠵᠢᠬᠤᠨ (ᠲᠣᠪᠴᠢᠯᠠᠪᠠ)᠄ ᠰᠢᠨ᠎ᠡ ᠬᠢᠴᠢᠶᠠᠯ᠎ᠤᠨ ᠥᠬᠡᠷᠡᠴᠢᠯᠠᠯᠳᠠ ᠵᠢᠨ ᠭᠥᠨᠵᠡᠭᠡᠶ᠋ᠢᠷᠠᠭᠦ ᠵᠢ ᠲᠠᠭ᠋ᠠᠯᠳᠤᠨ ᠰᠢᠨ᠎ᠡ ᠬᠢᠴᠢᠶᠠᠯᠯᠡᠭᠡ ᠵᠢᠨ ᠤᠨᠤᠯ᠎ᠨᠢ ᠰᠢᠨᠵᠢᠯᠠᠭᠦ ᠤᠬᠠᠭ᠋ᠠᠨᠴᠢ᠎ᠪᠠᠷ ᠬᠦᠭᠵᠢᠵᠦ᠂ ᠰᠤᠷᠤᠯᠴᠠᠭ᠍ᠤ ᠪᠠ ᠰᠤᠷᠬᠤ ᠠᠷᠭ᠎ᠠ᠂ ᠬᠥᠮᠥᠯᠢᠭ ᠥᠵᠡᠯᠳᠠ᠂ ᠥᠷᠳᠡᠭ᠎ᠤᠨ ᠥᠵᠡᠯᠳᠠ᠂ ᠥᠵᠠᠯᠳᠠ ᠲᠠᠨᠢᠯᠲᠠ ᠪᠠᠶ᠋ᠢᠩᠭᠤ ᠬᠤᠪᠢᠷᠠᠯᠳᠠ ᠭᠠᠷᠳᠠᠭ ᠪᠤᠯᠬᠤᠷ ᠪᠠᠭᠰᠢ ᠵᠠᠪᠡᠯ ᠥᠩᠭᠡᠷᠡᠭᠰᠡᠨ᠎ᠤ ᠤᠯᠠᠮᠵᠢᠯᠠᠯᠳᠤ ᠵᠢᠭ᠋ᠠᠨ ᠰᠤᠷᠭ᠋ᠠᠬᠤ ᠠᠷᠭ᠎ᠠ ᠵᠢᠨ ᠭᠥᠯᠢᠶᠠᠰᠤ᠎ᠠᠴᠠ ᠲᠠᠶ᠋ᠢᠯᠥᠭ᠍ᠳᠠᠵᠤ᠂ ᠰᠢᠨ᠎ᠡ ᠬᠢᠴᠢᠶᠠᠯᠯᠡᠭᠡ ᠵᠢᠨ ᠥᠬᠡᠷᠡᠴᠢᠯᠠᠯᠳᠠ ᠵᠢᠨ ᠵᠣᠷᠢᠯᠭ᠎ᠠ᠎ᠳᠤ ᠭᠥᠷᠭᠦ᠎ᠪᠠᠷ ᠰᠤᠷᠤᠬ᠍ᠴᠢ ᠵᠢᠨ ᠭᠥᠮᠥᠯᠢᠭ ᠥᠵᠡᠯᠳᠠ ᠵᠢᠨ ᠲᠥᠯᠥᠪᠰᠢᠨ ᠲᠤᠬᠳᠠᠭ᠍ᠤ ᠵᠢ ᠰᠤᠳᠤᠯᠵᠤ᠂ ᠥᠷᠳᠡᠭ᠎ᠤᠨ ᠥᠵᠡᠯᠳᠠ ᠪᠠ ᠥᠵᠠᠯᠳᠠ ᠲᠠᠨᠢᠯᠲᠠ ᠵᠢᠨ ᠬᠤᠪᠢᠷᠠᠯᠳᠠ᠎ᠳᠤ ᠲᠤᠰᠠᠯᠠᠭ᠍ᠤ᠎ᠪᠠᠷ ᠰᠢᠨ᠎ᠡ ᠵᠢᠭ᠋ᠠᠬᠤ ᠠᠷᠭ᠎ᠠ ᠵᠢ ᠬᠠᠶ᠋ᠢᠬᠤ ᠬᠡᠷᠡᠭᠳᠡᠢ᠃
      ᠠ᠋ᠨᠡ ᠭᠤᠷᠪᠠᠨ ᠲᠠᠶ᠋ᠢᠯᠣᠮᠵᠢ᠎ᠠᠴᠠ ᠮᠦᠷᠳᠡᠪᠡᠯ᠂ ᠰᠢᠨ᠎ᠡ ᠬᠢᠴᠢᠶᠠᠯ᠎ᠤᠨ ᠥᠬᠡᠷᠡᠴᠢᠯᠠᠯᠳᠠ᠎ᠳᠤ 《ᠰᠣᠷᠣᠭᠴᠢ᠎ᠪᠠᠷ ᠭᠤᠣᠯ ᠴᠣᠭᠴᠠ》 ᠪᠣᠯᠭ᠋ᠠᠵᠣ᠂ ᠪᠠᠭᠰᠢ ᠵᠢᠨ ᠵᠢᠯᠣᠭᠤᠳᠣᠯᠭ᠎ᠠ ᠬᠢᠭᠡᠳ ᠰᠣᠷᠣᠭᠴᠢ ᠵᠢᠨ ᠲᠣᠰ ᠪᠡᠶ᠎ᠡ ᠵᠢᠨ ᠴᠢᠷᠮᠠᠶ᠋ᠢᠯᠭ᠎ᠠ ᠵᠢ ᠲᠦᠰᠢᠭᠯᠡᠵᠦ ᠣᠷᠣᠯᠳᠣᠯᠭ᠎ᠠ᠎ᠪᠠᠷ (ᠵᠢᠷᠤᠭ) ᠳᠦᠷᠰᠣ ᠪᠦᠳᠦᠭᠡᠬᠦ ᠠᠷᠭ᠎ᠠ (ᠬᠡᠯᠪᠡᠷᠢ) ᠵᠢ ᠬᠡᠷᠡᠭᠯᠡᠵᠦ᠂ ᠰᠣᠷᠣᠯᠴᠠᠭ᠍ᠣ ᠵᠣᠷᠢᠯᠭ᠎ᠠ᠎ᠳᠤ ᠬᠦᠷᠬᠦ ᠵᠢ ᠰᠠᠨᠠᠭ᠋ᠠᠴᠢᠯᠠᠭᠰᠠᠨ ᠶᠤᠮ᠃ 《ᠰᠢᠨ᠎ᠡ ᠬᠢᠴᠢᠶᠠᠯ᠎ᠤᠨ ᠥᠬᠡᠷᠡᠴᠢᠯᠠᠯᠳᠠ》᠎ᠨᠢ ᠪᠦᠷᠢᠮᠦᠰᠦᠨ ᠦᠪᠡᠷ᠎ᠤᠨ ᠪᠡᠶ᠎ᠡ᠎ᠪᠠᠨ ᠳᠠᠭ᠋ᠠᠭ᠋ᠠᠭᠰᠠᠨ ᠰᠢᠨ᠎ᠡ ᠦᠵᠡᠯᠲᠡ ᠰᠢᠨ᠎ᠡ ᠣᠨᠣᠯᠲᠠ ᠪᠢᠰᠢ ᠶᠤᠮ᠃ ᠰᠢᠯᠭ᠋ᠠᠯᠲᠠ ᠵᠢᠨ ᠳᠦᠷᠢᠮ᠎ᠢ ᠬᠡᠷᠡᠭᠯᠡᠵᠦ ᠪᠠᠶ᠋ᠢᠭ᠎ᠠ ᠤᠳᠤᠬᠢ ᠨᠦᠭᠦᠴᠡᠯ ᠲᠣᠣᠷ᠎ᠠ ᠣᠯᠠᠮᠵᠢᠯᠠᠯᠲᠦ ᠵᠢᠭ᠋ᠠᠬᠤ ᠠᠷᠭ᠎ᠠ ᠵᠢᠨ ᠰᠠᠭᠤᠷᠢᠨ ᠳᠡᠭᠡᠷ᠎ᠡ ᠪᠣᠢ ᠪᠣᠯᠣᠭᠰᠠᠨ ᠰᠣᠷᠭ᠋ᠠᠨ ᠬᠦᠮᠦᠵᠢᠯ᠎ᠤᠨ ᠬᠦᠭᠵᠢᠯᠲᠡ ᠵᠢᠨ ᠴᠠᠭ ᠦᠶ᠎ᠡ ᠵᠢᠨ ᠦᠭᠡᠷᠠᠴᠢᠯᠡᠯᠲᠡ ᠬᠢᠭᠡᠳ ᠰᠢᠨᠡᠴᠢᠯᠡᠯᠲᠠ ᠶᠤᠮ᠃ ᠠ᠋ᠨᠡ ᠬᠤᠶᠠᠷ ᠵᠢᠭ᠋ᠠᠬᠤ ᠠᠷᠭ᠎ᠠ ᠵᠢᠨ ᠠᠯᠢ ᠵᠢ᠎ᠨᠢ ᠭᠤᠣᠯ ᠪᠣᠯᠭ᠋ᠠᠭᠰᠠᠨ ᠴᠦ᠍ ᠬᠢᠴᠢᠶᠡᠯ ᠪᠦᠭᠦᠨ ᠦᠪᠡᠷ᠎ᠤᠨ ᠬᠢᠨᠢ ᠵᠢᠭ᠋ᠠᠬᠤ ᠪᠠ ᠰᠣᠷᠬᠤ ᠣᠨᠣᠴᠠ ᠪᠠᠶ᠋ᠢᠳᠠᠭ᠂ 《ᠰᠣᠷᠬᠤ》 ᠠᠰᠠᠭᠤᠳᠠᠯ᠎ᠳᠤ ᠰᠣᠷᠣᠭᠴᠢ ᠵᠢᠨ ᠲᠣᠰ ᠪᠠᠶ᠎ᠠ ᠵᠢᠨ ᠠᠵᠢᠯᠯᠠᠭ᠎ᠠ᠎ᠪᠠᠷ ᠳᠠᠮᠵᠢᠵᠣ ᠰᠣᠷᠴᠣ ᠴᠢᠳᠠᠭ᠍ᠣ ᠵᠢᠨ ᠵᠣᠷᠢᠯᠭ᠎ᠠ᠎ᠳᠤ ᠬᠦᠷᠳᠡᠭ ᠪᠣᠯᠬᠤᠷ ᠶᠠᠭ᠋ᠠᠬᠢᠪᠠᠯ ᠰᠠᠶ᠋ᠢᠨ ᠰᠣᠷᠭ᠋ᠠᠬᠤ ᠭᠡᠳᠡᠭ᠎ᠨᠢ ᠪᠠᠭᠰᠢ ᠵᠢᠨ ᠵᠢᠭ᠋ᠠᠬᠤ᠎ᠲᠠᠢ ᠨᠦᠬᠦᠴᠡᠯᠳᠦᠵᠤ ᠪᠠᠶ᠋ᠢᠳᠠᠭ ᠶᠤᠮ᠃ ᠵᠢᠭ᠋ᠠᠬᠤ ᠪᠠ ᠰᠣᠷᠬᠤ ᠣᠷᠭ᠋ᠠᠨᠢᠭ ᠬᠤᠯᠪᠣᠭ᠎ᠠ᠎ᠲᠠᠢ ᠶᠤᠮ᠃ ᠲᠡᠶ᠋ᠢᠮᠣ᠎ᠠᠴᠠ ᠮᠠᠨ᠎ᠤ ᠦᠩᠭᠡᠷᠡᠭᠰᠡᠨ᠎ᠤ ᠬᠢᠭᠰᠡᠨ ᠠᠯᠢ ᠤᠯᠠᠨ ᠪᠣᠯᠪᠠᠰᠣᠷᠠᠯ᠎ᠤᠨ ᠠᠷᠭ᠎ᠠ ᠬᠡᠯᠪᠡᠷᠢ᠂ ᠠᠭᠤᠯᠭ᠎ᠠ᠎ᠨᠢ ᠪᠡᠶ᠎ᠡ᠎ᠪᠠᠨ ᠳᠠᠭ᠋ᠠᠭ᠋ᠠᠭᠰᠠᠨ ᠰᠢᠨᠵᠢ᠎ᠲᠠᠢ ᠪᠣᠯᠪᠠᠴᠦ ᠰᠢᠨ᠎ᠡ ᠬᠢᠴᠢᠶᠡᠯ᠎ᠤᠨ ᠦᠭᠡᠷᠠᠴᠢᠯᠡᠯᠲᠠ ᠵᠢᠨ ᠱᠠᠭ᠋ᠠᠷᠳᠠᠯᠭ᠎ᠠ᠎ᠪᠠᠷ ᠮᠠᠨ᠎ᠤ ᠣᠷᠣᠨ᠎ᠤ ᠦᠨᠳᠦᠰᠦᠲᠡᠨ᠎ᠤ ᠰᠤᠷᠭ᠋ᠠᠨ ᠬᠥᠮᠥᠵᠢᠯ᠎ᠤᠨ ᠦᠭᠡᠷᠠᠴᠢᠯᠡᠯᠲᠠ ᠵᠢᠨ ᠪᠣᠲᠠᠲᠠᠢ ᠪᠠᠶ᠋ᠢᠳᠠᠯ᠎ᠲᠠᠢ ᠵᠣᠬᠢᠴᠠᠭᠤᠯᠬᠤ ᠠ᠋ᠭᠦᠳᠡᠨ᠎ᠠᠴᠠ ᠦᠷᠨᠢᠬᠦᠯᠦᠭᠰᠡᠨ ᠪᠣᠯᠪᠠᠰᠣᠷᠠᠯ ᠶᠤᠮ᠃ ᠪᠣᠯᠪᠠᠰᠣᠷᠠᠯ᠎ᠳᠤ ᠬᠡᠷᠡᠭᠯᠡᠭᠰᠡᠨ ᠠᠷᠭ᠎ᠠ ᠬᠡᠯᠪᠡᠷᠢ᠂ ᠠᠭᠤᠯᠭ᠎ᠠ᠎ᠨᠢ ᠬᠤᠪᠢᠷᠠᠰᠢ ᠦᠭᠡᠢ ᠪᠢᠰᠢ ᠶᠤᠮ᠃ ᠪᠠᠭᠰᠢ ᠨᠠᠷ ᠪᠣᠯᠪᠠᠰᠣᠷᠠᠯ ᠵᠶ᠋ᠠᠷ ᠲᠠᠮᠵᠢᠵᠣ ᠰᠤᠷᠣᠭᠰᠠᠨ ᠠᠷᠭ᠎ᠠ ᠬᠡᠯᠪᠡᠷᠢ᠎ᠪᠠᠷ ᠦᠪᠡᠷ᠎ᠤᠨ ᠬᠢᠴᠢᠶᠡᠯ᠎ᠤᠨ ᠠᠭᠤᠯᠭ᠎ᠠ᠎ᠳᠤ ᠲᠤᠬᠢᠷᠠᠭᠰᠠᠨ ᠵᠢᠭ᠋ᠠᠬᠤ ᠠᠷᠭ᠎ᠠ ᠵᠢ ᠰᠢᠨ᠎ᠡ᠎ᠪᠠᠷ ᠠ᠋ᠭᠦᠳᠤᠨ ᠪᠦᠳᠦᠭᠡᠬᠦ ᠶᠤᠮ ᠦᠦ ᠠ᠋ᠰᠡᠬᠦᠯ᠎ᠡ᠎ᠲᠠᠭᠠᠨ ᠲᠠᠭᠤᠷᠢᠶᠠᠭ᠍ᠣ ᠦᠨᠳᠦᠰᠣᠯᠡᠯ ᠪᠣᠯᠭ᠋ᠠᠪᠠ᠃ ᠠ᠋ᠨᠡ ᠰᠠᠭᠤᠷᠢᠨ ᠳᠡᠭᠡᠷ᠎ᠡ ᠪᠠᠭᠰᠢ ᠨᠢᠭᠡᠪᠣᠷᠢ ᠦᠪᠡᠷ᠎ᠤᠨ ᠭᠡᠰᠡᠨ ᠵᠢᠭ᠋ᠠᠨ ᠰᠤᠷᠭ᠋ᠠᠬᠤ ᠤᠷ᠎ᠠ ᠮᠡᠷᠭᠡᠰᠢᠯ᠎ᠲᠠᠢ ᠪᠣᠯᠵᠤ ᠴᠢᠲᠠᠭ᠍ᠣ᠎ᠨᠢ ᠮᠠᠨ᠎ᠤ ᠪᠣᠯᠪᠠᠰᠣᠷᠠᠯ᠎ᠤᠨ ᠵᠣᠷᠢᠯᠭ᠎ᠠ ᠶᠤᠮ᠃
      ᠴᠠᠭ ᠦᠶ᠎ᠡ ᠬᠤᠪᠢᠷᠠᠯᠲᠠ ᠭᠠᠷᠪᠠ᠃ ᠰᠣᠷᠬᠤ ᠠᠭᠤᠯᠭ᠎ᠠ᠎ᠠᠴᠠ ᠪᠠᠭᠰᠢ᠎ᠳᠤ ᠦᠭᠬᠦ ᠱᠠᠭ᠋ᠠᠷᠳᠠᠯᠭ᠎ᠠ᠂ ᠭᠡᠷ᠎ᠤᠨ ᠠᠬᠠᠮᠠᠳ ᠪᠠ ᠰᠤᠷᠣᠭᠴᠢ ᠵᠢᠨ ᠱᠠᠭ᠋ᠠᠷᠳᠠᠯᠭ᠎ᠠ ᠴᠦ᠍ ᠦᠨᠳᠦᠷ ᠪᠣᠯᠪᠠ᠃ ᠴᠠᠭ ᠦᠶ᠎ᠡ ᠵᠢᠨ ᠱᠠᠭ᠋ᠠᠷᠳᠠᠯᠭ᠎ᠠ᠎ᠳᠤ ᠲᠣᠬᠢᠷᠠᠭᠰᠠᠨ ᠰᠣᠷᠭ᠋ᠠᠨ ᠬᠦᠮᠦᠵᠢᠯ ᠳᠡᠯᠡᠬᠡᠢ ᠵᠢᠨ ᠰᠣᠳᠣᠯᠭ᠋ᠠᠨ ᠪᠣᠯᠬᠤ᠎ᠳᠤ ᠮᠣᠩᠭᠤᠯ ᠦᠨᠳᠦᠰᠣᠲᠡᠨ᠎ᠤ ᠣᠯᠠᠮᠵᠢᠯᠠᠯᠲᠦ ᠵᠢᠭ᠋ᠠᠬᠤ ᠠᠷᠭ᠎ᠠ ᠪᠠ 《ᠰᠢᠨ᠎ᠡ ᠬᠢᠴᠢᠶᠠᠯ᠎ᠤᠨ ᠥᠬᠡᠷᠡᠴᠢᠯᠠᠯᠳᠠ》 ᠵᠢ ᠬᠡᠷᠬᠢᠨ ᠵᠦᠪ ᠵᠶ᠋ᠠᠷ ᠲᠠᠨᠢᠬᠤ ᠠᠰᠠᠭᠤᠳᠠᠯ ᠪᠣᠯ ᠰᠢᠨᠵᠢᠯᠡᠬᠦ ᠤᠬᠠᠭ᠋ᠠᠨᠴᠢ ᠵᠠᠷᠴᠢᠮ᠎ᠤᠨ ᠠᠰᠠᠭᠤᠳᠠᠯ ᠪᠤᠯᠬᠤ ᠶᠤᠮ᠃
      ᠤᠶ᠋ᠢᠭᠤᠷᠵᠢᠨ ᠮᠤᠩᠭᠤᠯ ᠦᠰᠥᠭ᠂ ᠬᠢᠳᠠᠥᠨ ᠲᠥᠷᠪᠡᠯᠵᠢᠨ ᠦᠰᠥᠭ᠂ ᠠᠩᠭ᠍ᠯᠢ ᠦᠰᠥᠭ ᠪᠦᠷ ᠥᠪᠡᠷ ᠥᠪᠡᠷ᠎ᠤᠨ ᠲᠠᠥᠬᠡ ᠰᠤᠶᠤᠯ᠎ᠤᠨ ᠭᠥᠷᠢᠶᠠᠨ᠎ᠳᠤ᠎ᠪᠠᠨ ᠲᠤᠬᠳᠠᠪᠤᠷᠢᠵᠢᠬᠰᠠᠨ ᠮᠥᠷᠳᠡᠬᠡᠨ ᠥᠪᠡᠷ᠎ᠤᠨ ᠥᠨᠳᠤᠰᠤᠳᠠᠨ᠎ᠤ ᠰᠤᠷᠭ᠋ᠠᠨ ᠭᠥᠮᠥᠵᠢᠯ᠎ᠤᠨ ᠥᠨᠳᠤᠰᠤᠨ ᠱᠠᠭ᠋ᠠᠷᠳᠠᠯᠭ᠎ᠠ ᠵᠢᠨ ᠰᠤᠷᠴᠤ ᠬᠡᠷᠡᠭᠯᠡᠭᠳᠡᠬᠦ 《ᠪᠠᠭ᠋ᠠᠵᠢ》 ᠪᠤᠯᠤᠨ ᠦᠯᠡᠳᠡᠵᠤ᠂ ᠲᠠᠯᠠᠬᠡᠢ ᠵᠢᠨ ᠢᠷᠬᠡᠨᠰᠢᠯ᠎ᠤᠨ ᠰᠤᠶᠤᠯ᠎ᠤᠨ ᠬᠡᠷᠡᠭᠴᠡᠭᠡ ᠱᠠᠭ᠋ᠠᠷᠳᠠᠯᠭ᠎ᠠ᠎ᠠᠴᠠ ᠪᠤᠯᠵᠤ ᠰᠡᠭᠦᠯ᠎ᠤᠨ ᠬᠤᠭᠤᠴᠠᠭ᠋ᠠᠨ᠎ᠳᠤ ᠠᠩᠭ᠍ᠯᠢ ᠦᠭᠡ ᠬᠡᠯᠡ ᠦᠰᠥᠭ ᠪᠢᠴᠢᠭ᠂ ᠬᠢᠳᠠᠥᠨ ᠦᠭᠡ ᠬᠡᠯᠡ ᠦᠰᠥᠭ ᠪᠢᠴᠢᠭ ᠲᠠᠯᠠᠬᠡᠢ ᠨᠠᠶ᠋ᠢᠳᠠ᠎ᠳᠤ ᠴᠢᠬᠤᠯᠠᠴᠢᠯᠠᠭᠳᠠᠭᠰᠠᠨ ᠪᠤᠯᠪᠠᠴᠣ ᠪᠦᠷ ᠥᠪᠡᠷ᠎ᠤᠨ ᠬᠡᠰᠡᠨ ᠬᠡᠯᠡ ᠰᠤᠶᠤᠯ᠎ᠳᠤ ᠲᠣᠳᠣᠷᠬᠠᠢ ᠰᠣᠷᠭ᠋ᠠᠨ ᠬᠦᠮᠦᠵᠢᠯ ᠥᠯᠡᠳᠡᠬᠡᠭᠰᠡᠨ ᠪᠥᠬᠡᠥᠨ ᠵᠢᠭ᠋ᠠᠵᠤ ᠰᠤᠷᠭ᠋ᠠᠬᠤ ᠠᠷᠭ᠎ᠠ ᠬᠡᠯᠪᠡᠷᠢ᠎ᠨᠢ ᠲᠤᠬᠳᠠᠪᠤᠷᠢᠵᠢᠬᠰᠠᠨ ᠪᠠᠶ᠋ᠢᠳᠠᠯ᠎ᠳᠤ ᠤᠷᠤᠰᠢᠪᠡ᠃
      ᠥᠨᠳᠤᠰᠤᠳᠠᠨ᠎ᠤ ᠦᠭᠡ ᠬᠡᠯᠡ ᠦᠰᠥᠭ ᠪᠢᠴᠢᠭ᠎ᠢ ᠰᠠᠶ᠋ᠢᠨ ᠰᠤᠷᠴᠤ ᠬᠡᠷᠡᠭᠯᠠᠭᠦ᠎ᠳᠤ ᠶᠠᠭᠤᠨ᠎ᠤ ᠲᠠᠷᠢᠭᠦᠨ᠎ᠳᠤ ᠦᠭᠡ ᠬᠡᠯᠡ ᠦᠰᠥᠭ ᠪᠢᠴᠢᠭ᠎ᠠᠴᠠ ᠭᠠᠳᠠᠨ᠎ᠠ ᠤᠷᠴᠢᠨ ᠲᠤᠭᠤᠷᠢᠨ᠂ ᠠᠵᠤ ᠠᠬᠤᠢ ᠵᠢᠨ ᠰᠠᠭᠤᠷᠢ᠂ ᠤᠯᠤᠰ ᠲᠥᠷᠥ ᠵᠢᠨ ᠨᠥᠭᠦᠴᠠᠯ ᠪᠦᠷᠢᠯᠳᠦᠭᠰᠡᠨ ᠪᠠᠶ᠋ᠢᠳᠠᠭ᠃ ᠬᠡᠭᠦ᠎ᠳᠤ᠎ᠪᠠᠨ ᠨᠢᠭᠡ ᠥᠨᠳᠤᠰᠤᠳᠠᠨ᠎ᠤ ᠰᠤᠷᠭ᠋ᠠᠨ ᠭᠥᠮᠥᠵᠢᠯ᠎ᠤᠨ ᠬᠥᠭᠵᠢᠯᠳᠡ᠎ᠨᠢ ᠥᠭᠡᠷ᠎ᠡ ᠥᠨᠳᠤᠰᠤᠳᠠᠨ᠎ᠤ ᠰᠤᠷᠭ᠋ᠠᠨ ᠭᠥᠮᠥᠵᠢᠯ᠎ᠤᠨ ᠵᠢᠭ᠋ᠠᠨ ᠰᠤᠷᠭ᠋ᠠᠬᠤ ᠨᠦᠯᠦᠭᠡ ᠵᠢ ᠬᠦᠷᠲᠡᠵᠤ᠂ ᠠᠷᠭ᠎ᠠ ᠬᠡᠯᠪᠡᠷᠢ ᠵᠢᠨ ᠲᠠᠯ᠎ᠠ᠎ᠪᠠᠷ ᠬᠤᠪᠢᠷᠠᠯᠲᠠ ᠭᠠᠷᠳᠠᠭ ᠪᠤᠯᠪᠠᠴᠣ ᠪᠦᠷᠢᠮᠦᠰᠦᠨ ᠤᠷᠤᠯᠠᠵᠤ ᠪᠣᠯᠬᠤ ᠦᠭᠡᠢ ᠭᠡᠳᠡᠭ᠎ᠢ ᠲᠠᠷᠡ ᠬᠦ᠌ ᠥᠨᠳᠤᠰᠤᠳᠠᠨ᠎ᠤ ᠰᠤᠶᠤᠯ᠎ᠤᠨ ᠤᠨᠴᠠᠯᠢᠭ᠎ᠠᠴᠠ ᠲᠤᠬᠳᠠᠭ᠋ᠠᠬᠰᠠᠨ ᠶᠤᠮ᠃ ᠦᠨᠳᠦᠰᠣᠲᠡᠨ᠎ᠤ ᠰᠣᠷᠭ᠋ᠠᠨ ᠬᠦᠮᠦᠵᠢᠯ᠎ᠨᠢ ᠦᠪᠡᠷ᠎ᠤᠨ ᠦᠨᠳᠦᠰᠣᠲᠡᠨ᠎ᠤ ᠰᠣᠶᠤᠯ᠎ᠤᠨ ᠱᠠᠭ᠋ᠠᠷᠳᠠᠯᠭ᠎ᠠ᠎ᠪᠠᠷ ᠬᠦᠭᠵᠢᠳᠡᠭ ᠪᠤᠯᠬᠤᠷ ᠠ᠋ᠭᠦᠨ᠎ᠢ ᠬᠡᠨ ᠴᠤ᠌ ᠡᠪᠳᠠᠵᠤ ᠪᠣᠯᠬᠤ ᠦᠭᠡᠢ ᠭᠡᠳᠡᠭ᠎ᠢ ᠤᠯᠠᠨ ᠵᠠᠭᠤᠨ᠎ᠤ ᠲᠤᠷᠰᠢᠬᠢ ᠥᠨᠳᠤᠰᠤᠳᠠᠨ᠎ᠨᠦᠭᠦᠳ᠎ᠤᠨ ᠲᠡᠥᠬᠡ ᠰᠣᠶᠣᠯ ᠬᠡᠷᠡᠴᠢᠯᠡᠭᠰᠡᠨ ᠶᠤᠮ᠃ ᠰᠤᠷᠭ᠋ᠠᠨ ᠭᠥᠮᠥᠵᠢᠯ᠎ᠤᠨ ᠥᠬᠡᠷᠡᠴᠢᠯᠠᠯᠳᠠ᠎ᠳᠤ ᠰᠤᠬᠤᠷ ᠪᠠᠯᠠᠢ᠎ᠪᠠᠷ ᠬᠠᠨᠳᠤᠵᠤ ᠪᠣᠯᠬᠤ ᠦᠭᠡᠢ᠃
      ᠰᠢᠨ᠎ᠡ ᠬᠢᠴᠢᠶᠠᠯ᠎ᠤᠨ ᠥᠬᠡᠷᠡᠴᠢᠯᠠᠯᠳᠠ ᠵᠢ ᠳᠠᠭ᠋ᠠᠯᠳᠣᠭ᠋ᠠᠳ ᠦᠨᠳᠦᠰᠦᠲᠡᠨ᠎ᠤ ᠰᠣᠷᠭ᠋ᠠᠨ ᠬᠦᠮᠦᠵᠢᠯ᠎ᠤᠨ ᠬᠢᠴᠢᠶᠡᠯᠯᠡᠭᠡ ᠵᠢᠨ ᠠᠷᠭ᠎ᠠ ᠬᠡᠯᠪᠡᠷᠢ ᠦᠭᠡᠷᠠᠴᠢᠯᠡᠵᠤ ᠠ᠋ᠬᠢᠯᠡᠪᠡ᠃ ᠠ᠋ᠬᠦᠨ᠎ᠢ ᠳᠠᠭ᠋ᠠᠭ᠋ᠠᠳ ᠵᠦᠪ ᠪᠢᠴᠢᠯᠭᠡ ᠵᠢᠨ ᠳᠦᠷᠢᠮ ᠬᠤᠪᠢᠷᠠᠵᠣ ᠠ᠋ᠬᠢᠯᠡᠪᠡ᠃ ᠦᠭᠡ ᠬᠡᠯᠡ ᠦᠰᠥᠭ ᠪᠢᠴᠢᠭ ᠪᠤᠢ ᠪᠤᠯᠤᠬᠰᠠᠨ᠎ᠤ ᠲᠠᠷᠠᠭ᠎ᠠ ᠬᠡᠯᠠᠨ ᠵᠥᠢ ᠪᠤᠢ ᠪᠤᠯᠤᠬᠰᠠᠨ ᠶᠤᠮ ᠤᠤ? ᠠ᠋ᠰᠠᠭᠦᠯ᠎ᠠ ᠬᠡᠯᠠᠨ ᠵᠥᠢ ᠪᠠᠶ᠋ᠢᠬᠰᠠᠨ᠎ᠤ ᠲᠠᠷᠠᠭ᠎ᠠ ᠦᠭᠡ ᠬᠡᠯᠡ ᠦᠰᠥᠭ ᠪᠢᠴᠢᠭ ᠪᠤᠢ ᠪᠤᠯᠤᠬᠰᠠᠨ ᠶᠤᠮ ᠤᠤ? ᠥᠨᠳᠤᠰᠤᠳᠠᠨ ᠶᠠᠰᠤᠳᠠᠨ᠂ ᠠᠶ᠋ᠢᠮᠠᠭ ᠬᠤᠯᠪᠤᠭ᠎ᠠ ᠪᠤᠢ ᠪᠤᠯᠤᠬᠰᠠᠨ᠎ᠤ ᠲᠠᠷᠠᠭ᠎ᠠ ᠵᠠᠩ ᠰᠤᠶᠤᠯ ᠪᠥᠷᠢᠯᠳᠤᠭ᠌ᠰᠡᠨ ᠶᠤᠮ ᠤᠤ? ᠠ᠋ᠰᠡᠭᠦᠯ᠎ᠠ ᠵᠠᠩ ᠰᠤᠶᠤᠯ ᠪᠥᠷᠢᠯᠳᠤᠭ᠌ᠰᠡᠨ᠎ᠤ ᠲᠠᠷᠠᠭ᠎ᠠ ᠥᠨᠳᠤᠰᠤᠳᠠᠨ ᠶᠠᠰᠤᠳᠠᠨ ᠪᠥᠷᠢᠯᠳᠤᠭ᠌ᠰᠡᠨ ᠶᠤᠮ ᠤᠤ? ᠦᠨᠳᠦᠰᠦᠲᠡᠨ ᠶᠠᠰᠣᠲᠠᠨ ᠬᠡᠳᠦᠶ᠋ᠢᠪᠡᠷ ᠪᠤᠰᠣᠳ ᠰᠣᠶᠣᠯ᠎ᠤᠨ ᠨᠦᠯᠦᠭᠡ ᠵᠢ ᠬᠦᠷᠲᠡᠳᠡᠭ ᠪᠣᠯᠪᠠᠴᠣ ᠪᠣᠰᠣᠳ᠎ᠠᠴᠠ ᠢᠯᠭ᠋ᠠᠭᠳᠠᠭ᠍ᠤ ᠢᠮ ᠲᠠᠮᠠᠭ᠎ᠠ ᠴᠤ᠌ ᠪᠠᠶ᠋ᠢᠳᠠᠭ ᠶᠤᠮ᠃ ᠭᠥᠮᠥᠨ ᠢᠷᠠᠬᠡᠨᠰᠢᠯ᠎ᠤᠨ ᠰᠤᠶᠤᠯ᠎ᠳᠤ ᠮᠠᠳᠠᠷᠠᠭᠦᠢ ᠪᠠ ᠰᠠᠷᠡᠯ᠎ᠤᠨ ᠰᠤᠶᠤᠯ ᠲᠥᠰᠤᠬᠡᠳᠡᠢ ᠪᠤᠯᠪᠠᠴᠣ ᠥᠰᠴᠤ ᠲᠥᠷᠥᠭᠰᠡᠨ ᠭᠠᠵᠠᠷ ᠤᠷᠤᠨ᠂ ᠴᠠᠭ ᠠᠭ᠋ᠠᠷ᠂ ᠤᠷᠤᠰᠢᠨ ᠲᠤᠬᠳᠠᠨᠢᠬᠰᠠᠨ ᠨᠠᠶ᠋ᠢᠳᠡᠯᠢᠭ ᠥᠨᠳᠤᠰᠤᠳᠠᠨ᠎ᠤ ᠰᠤᠶᠤᠯ᠎ᠤᠨ ᠢᠯᠭ᠋ᠠᠭ᠎ᠠ᠎ᠠᠴᠠ ᠪᠤᠯᠵᠤ ᠠᠮᠢᠳᠤᠷᠠᠭ᠍ᠤ ᠰᠤᠶᠤᠯ ᠴᠤ᠌ ᠬᠤᠪᠢ ᠬᠤᠪᠢᠨ᠎ᠳᠤ᠎ᠪᠠᠨ ᠢᠯᠭ᠋ᠠᠭ᠎ᠠ᠎ᠲᠠᠢ ᠪᠠᠶ᠋ᠢᠳᠠᠭ᠃ ᠮᠢᠬ᠎ᠠ ᠰᠦ᠎ᠪᠠᠷ ᠭᠤᠣᠯ ᠬᠤᠭᠤᠯᠠᠯᠠᠳᠠᠭ ᠥᠨᠳᠤᠰᠤᠳᠠᠨ᠎ᠤ ᠰᠤᠶᠤᠯ᠎ᠢ ᠳᠠᠩᠳᠡ ᠨᠤᠭᠤᠭ᠎ᠠ ᠪᠤᠶᠤ ᠲᠠᠯᠬ᠎ᠠ᠎ᠪᠠᠷ ᠬᠤᠭᠤᠯᠠᠯᠠᠳᠠᠭ ᠰᠣᠶᠤᠯ ᠵᠶ᠋ᠠᠷ ᠱᠠᠭ᠋ᠠᠷᠳᠠᠵᠤ ᠪᠣᠯᠬᠤ ᠦᠭᠡᠢ᠃ ᠨᠤᠭᠤᠭ᠎ᠠ ᠪᠤᠶᠤ ᠲᠠᠯᠬ᠎ᠠ᠎ᠪᠠᠷ ᠭᠤᠣᠯ ᠬᠤᠭᠤᠯᠠᠯᠠᠳᠠᠭ ᠥᠨᠳᠤᠰᠤᠳᠠᠨ᠎ᠤ ᠰᠤᠶᠤᠯ᠎ᠢ ᠳᠠᠩᠳᠡ ᠮᠢᠬ᠎ᠠ ᠰᠦ᠎ᠪᠠᠷ ᠬᠤᠭᠤᠯᠠᠯᠠᠳᠠᠭ ᠰᠣᠶᠤᠯ ᠵᠶ᠋ᠠᠷ ᠱᠠᠭ᠋ᠠᠷᠳᠠᠵᠤ ᠪᠣᠯᠬᠤ ᠦᠭᠡᠢ᠃ ᠥᠭᠡᠷ᠎ᠡ᠎ᠪᠠᠷ ᠬᠡᠯᠠᠪᠡᠯ ᠶᠠᠮᠠᠷᠪᠡ ᠨᠢᠭᠡᠨ ᠥᠨᠳᠤᠰᠤᠳᠠᠨ᠎ᠤ ᠬᠦᠭᠵᠢᠯᠲᠡ ᠵᠢᠨ ᠱᠠᠭ᠋ᠠᠷᠳᠠᠯᠭ᠎ᠠ᠎ᠳᠤ ᠲᠤᠬᠢᠷᠠᠭᠰᠠᠨ ᠰᠤᠶᠤᠯ᠎ᠤᠨ ᠥᠢ᠍ᠯᠡᠴᠢᠯᠡᠭᠡ ᠵᠢ ᠬᠠᠩᠭ᠋ᠠᠬᠤ ᠬᠡᠷᠡᠭᠳᠡᠢ᠃ ᠤᠯᠤᠰ ᠦᠨᠳᠦᠰᠦᠲᠡᠨ᠎ᠤ ᠠᠶ᠋ᠢᠮᠠᠭ ᠶᠠᠰᠣᠲᠠᠨ᠎ᠤ ᠭᠥᠮᠥᠨ ᠨᠢᠬᠡᠪᠤᠷᠢ᠎ᠳᠤ 《ᠵᠢᠭᠳᠡ ᠰᠣᠷᠭ᠋ᠠᠨ ᠬᠦᠮᠦᠵᠢᠯ》᠎ᠤᠨ ᠠᠳᠠᠯᠢᠬᠠᠨ ᠱᠠᠭ᠋ᠠᠷᠳᠠᠯᠭ᠎ᠠ ᠲᠠᠯᠪᠢᠵᠤ ᠪᠤᠯᠬᠤ ᠦᠭᠡᠢ᠃ ᠵᠢᠱ᠌ᠢᠶᠠᠯᠠᠪᠡᠯ᠄ ᠭᠥᠮᠥᠨ ᠪᠥᠭᠦᠨ᠎ᠢ ᠰᠣᠳᠣᠨ ᠲᠠᠭᠤᠴᠢᠨ ᠪᠤᠯᠭ᠋ᠠᠵᠤ ᠭᠥᠮᠥᠵᠢᠭᠦᠯᠵᠤ ᠴᠢᠳᠠᠨ᠎ᠠ ᠤᠤ? ᠭᠥᠮᠥᠨ ᠪᠥᠭᠦᠨ᠎ᠢ ᠪᠠ ᠵᠢᠨ᠂ ᠮᠦᠸᠸ ᠶᠠᠨ᠂ ᠠ᠊ · ᠤᠤᠠᠽᠠᠷ᠂ ᠮᠠᠯᠴᠢᠨᠬᠦᠦ᠂ ᠨᠠ᠊ · ᠰᠠᠶ᠋ᠢᠨᠴᠤᠭᠲᠣ ᠠᠳᠠᠯᠢ ᠨᠡᠷᠡᠲᠦ ᠵᠤᠬᠢᠶᠠᠯᠴᠢ ᠪᠤᠯᠭ᠋ᠠᠵᠤ ᠭᠥᠮᠥᠵᠢᠭᠦᠯᠵᠤ ᠴᠢᠳᠠᠨ᠎ᠠ ᠤᠤ? ᠬᠦᠮᠦᠨ ᠪᠦᠷᠢ᠎ᠳᠤ ᠠ᠋ᠩ᠎ᠤᠨ ᠴᠢᠳᠠᠮᠵᠢ ᠪᠠᠶ᠋ᠢᠬᠤ᠎ᠠᠴᠠ ᠭᠠᠳᠠᠨ᠎ᠠ ᠲᠦᠷᠣᠯᠬᠢ ᠵᠢᠨ 《ᠠᠪᠢᠶᠠᠰ ᠴᠢᠳᠠᠪᠣᠷᠢ》 ᠬᠤᠪᠢᠨ᠎ᠳᠤ᠎ᠪᠠᠨ ᠦᠬᠡᠷ᠎ᠡ ᠪᠠᠶ᠋ᠢᠳᠠᠭ ᠶᠤᠮ᠃ ᠶᠠᠮᠠᠷᠪᠡ ᠴᠠᠭ ᠠ᠋ᠷᠡᠨ᠎ᠳᠤ ᠨᠠᠶ᠋ᠢᠬᠡᠮ᠎ᠤᠨ ᠬᠤᠪᠢᠰᠤᠯᠳᠠ᠎ᠳᠤ ᠲᠥᠷᠥᠯᠬᠢ ᠠᠪᠢᠶᠠᠰ᠂ ᠬᠤᠶ᠋ᠢᠨᠠᠬᠢ ᠰᠤᠷᠭ᠋ᠠᠨ ᠭᠥᠮᠥᠵᠢᠯ᠎ᠤᠨ ᠥᠷ᠎ᠡ ᠳ᠋ᠥᠡᠭ᠎ᠳᠤ ᠠᠮᠢᠳᠤᠷᠠᠯ᠎ᠤᠨ ᠤᠬᠠᠭ᠋ᠠᠨ᠎ᠳᠤ ᠭᠥᠮᠥᠵᠢᠭᠳᠡᠭᠦ ᠪᠥᠳᠥᠬᠡᠭᠳᠡᠭᠦᠨ ᠪᠣᠯ ᠰᠤᠷᠤᠬ᠍ᠴᠢ ᠵᠢᠨ ᠢᠷᠡᠬᠡᠳᠤᠢ ᠶᠤᠮ᠃ ᠠ᠋ᠨᠡ ᠵᠠᠮᠨᠠᠯ᠎ᠳᠤ ᠪᠠᠭᠰᠢ ᠶᠠᠭᠤ ᠬᠢᠳᠡᠭ ᠵᠶ᠋ᠠᠨ ᠲᠤᠳᠤᠷᠬᠠᠢ ᠮᠡᠳᠡᠭᠰᠡᠨ ᠵᠢᠭ᠋ᠠᠨ ᠰᠤᠷᠭ᠋ᠠᠬ᠍ᠴᠢ ᠵᠢ ᠵᠢᠩᠭᠢᠨᠢ ᠪᠠᠭᠰᠢ ᠭᠥᠮᠥᠨ ᠭᠡᠳᠡᠭ᠎ᠢ ᠮᠡᠳᠡᠷᠠᠭᠦ ᠶᠤᠰᠤᠳᠠᠢ᠃ ᠥᠡᠭᠭᠡᠷᠡᠭᠰᠡᠨ᠎ᠤ ᠵᠢᠭ᠋ᠠᠨ ᠰᠤᠷᠭ᠋ᠠᠯᠳᠠ ᠵᠢᠨ ᠤᠯᠠᠮᠵᠢᠯᠠᠯᠳᠤ ᠵᠢᠭ᠋ᠠᠬᠤ ᠠᠷᠭ᠎ᠠ ᠵᠢᠨ ᠥᠷ᠎ᠡ ᠳ᠋ᠥᠡᠭ᠎ᠳᠤ ᠮᠤᠩᠭᠤᠯ ᠬᠡᠥᠬᠡᠥᠨ᠎ᠤᠳ ᠭᠡᠷ ᠵᠶ᠋ᠠᠨ ᠪᠠᠷᠢᠵᠤ᠂ ᠮᠣᠷᠢ᠎ᠪᠠᠨ ᠤᠨᠤᠵᠤ᠂ ᠰᠠᠭ᠋ᠠᠯᠢ᠎ᠪᠠᠨ ᠬᠢᠵᠤ ᠴᠢᠳᠠᠳᠠᠭ ᠪᠠᠶ᠋ᠢᠬᠰᠠᠨ᠃ ᠥᠡᠭᠭᠡᠷᠡᠭᠰᠡᠨ᠎ᠳᠤ ᠮᠠᠨ᠎ᠤ ᠮᠤᠩᠭᠤᠯ ᠬᠡᠥᠬᠡᠥᠨ ᠪᠠᠶ᠋ᠢᠬᠤ ᠶᠠᠭᠤᠮ᠎ᠠ᠎ᠪᠠᠨ ᠬᠢᠵᠤ ᠴᠢᠳᠠᠭ᠋ᠠᠥᠨ ᠪᠠᠶ᠋ᠢᠬᠤ ᠦᠭᠡᠢ ᠶᠠᠭᠤᠮ᠎ᠠ᠎ᠪᠠᠨ ᠰᠣᠷᠳᠠᠭ ᠪᠠᠶ᠋ᠢᠬᠰᠠᠨ᠃ ᠣᠳᠤ ᠮᠠᠨ᠎ᠤ ᠬᠡᠥᠬᠡᠥᠨ᠎ᠤᠳ ᠪᠠᠶ᠋ᠢᠬᠤ ᠶᠠᠭᠤᠮ᠎ᠠ᠎ᠪᠠᠨ ᠬᠢᠵᠤ ᠴᠢᠳᠠᠭ᠍ᠤ ᠦᠭᠡᠢ᠂ ᠪᠠᠶ᠋ᠢᠬᠤ ᠦᠭᠡᠢ ᠶᠠᠭᠤᠮ᠎ᠠ᠎ᠪᠠᠨ ᠰᠤᠷᠬᠤ᠎ᠪᠠᠷ ᠴᠢᠷᠮᠠᠶ᠋ᠢᠳᠠᠭ᠎ᠨᠢ ᠴᠦ᠍ ᠴᠦᠭᠡᠷᠡᠵᠡᠢ᠃ ᠰᠤᠷᠤᠬ᠍ᠴᠢ ᠵᠢ ᠪᠦᠦ ᠬᠡᠯᠡ᠂ ᠪᠠᠭᠰᠢ᠂ ᠭᠡᠷ᠎ᠤᠨ ᠠᠬᠠᠮᠠᠥᠨ᠂ ᠨᠡᠶ᠋ᠢᠬᠡᠮ ᠵᠶ᠋ᠠᠷ ᠵᠶ᠋ᠠᠨ ᠰᠣᠶᠣᠯ᠎ᠠᠴᠠ᠎ᠪᠠᠨ ᠬᠤᠯᠠᠳᠠᠵᠣ ᠠ᠋ᠳᠡᠬᠡᠷ᠎ᠢ ᠬᠢᠵᠤ ᠴᠢᠳᠠᠳᠠᠭ ᠬᠦᠮᠦᠰ ᠴᠦ᠍ ᠠ᠋ᠳᠦᠷ᠎ᠤᠨ ᠣᠳᠣ ᠪᠣᠯᠵᠠᠢ᠃ ᠬᠡᠳᠦᠶ᠋ᠢᠪᠡᠷ ᠦᠨᠳᠦᠰᠦᠲᠡᠨ᠎ᠤ ᠵᠠᠷᠢᠮ ᠶᠠᠭᠤᠮ᠎ᠠ ᠠ᠋ᠳ᠋ᠯᠡᠯ ᠴᠠᠭ ᠦᠶ᠎ᠡ᠎ᠠᠴᠠ ᠬᠤᠴᠣᠷᠴᠤ᠂ ᠦᠨᠦᠳᠦᠷ᠎ᠤᠨ ᠠᠮᠢᠳᠦᠷᠠᠯ᠎ᠤᠨ ᠬᠡᠷᠡᠭᠴᠡᠭᠡᠨ᠎ᠳᠤ ᠲᠣᠳᠣᠷᠬᠠᠢ ᠱᠠᠭ᠋ᠠᠷᠳᠠᠯᠭ᠎ᠠ ᠦᠭᠡᠢ ᠪᠣᠯᠣᠭᠰᠠᠨ ᠪᠣᠶᠣ ᠭᠡᠭᠡᠭᠳᠡᠵᠦ ᠠ᠋ᠬᠢᠯᠡᠬᠦ᠎ᠳᠤ ᠠ᠋ᠳᠡᠭᠡᠷ ᠶᠠᠭᠤᠮ᠎ᠠ ᠠ᠋ᠳ᠋ᠯᠡᠯ ᠲᠡᠷᠡ ᠯᠠ ᠦᠨᠳᠦᠰᠦᠲᠡᠨ᠎ᠤ ᠰᠣᠶᠣᠯ ᠠ᠋ᠷᠳᠡᠨᠢᠰ᠎ᠤᠨ ᠰᠠᠩ᠎ᠳᠤ ᠬᠤᠯᠪᠣᠭ᠎ᠠ᠎ᠲᠠᠢ ᠪᠣᠯᠬᠤᠷ ᠪᠦᠬᠦᠨ᠎ᠢ ᠣᠷᠬᠢᠭᠳᠠᠭᠤᠯᠬᠤ᠂ ᠪᠦᠬᠦᠨ᠎ᠢ ᠰᠢᠨᠡᠴᠢᠯᠡᠨ ᠦᠭᠡᠷᠡᠴᠢᠯᠡᠬᠦ᠎ᠨᠢ ᠪᠣᠷᠣᠭᠤ ᠶᠤᠮ᠃ ᠲᠡᠶ᠋ᠢᠮᠣ᠎ᠠᠴᠠ ᠣᠯᠠᠮᠵᠢᠯᠠᠭ᠍ᠤ ᠪᠠ ᠰᠢᠨᠡᠴᠢᠯᠡᠬᠦ ᠠᠰᠠᠭᠤᠳᠠᠯ᠎ᠳᠤ 《ᠦᠭᠡᠷᠡᠴᠢᠯᠡᠯᠲᠡ》 ᠵᠢ ᠶᠠᠭ᠋ᠠᠬᠢᠵᠣ ᠵᠣᠬᠢᠴᠠᠭᠤᠯᠬᠤ ᠠᠰᠠᠭᠤᠲᠠᠯ ᠪᠣᠯ ᠬᠢᠯᠪᠠᠷ ᠵᠶ᠋ᠠᠷ ᠬᠦᠢ᠍ᠴᠡᠳᠭᠡᠬᠦ ᠠᠵᠢᠯᠯᠠᠭ᠎ᠠ ᠪᠢᠰᠢ ᠶᠤᠮ᠃
      ᠤᠯᠤᠰ ᠤᠷᠤᠨ᠎ᠠᠴᠠ ᠰᠢᠨ᠎ᠡ ᠬᠢᠴᠢᠶᠡᠯ᠎ᠤᠨ ᠦᠭᠡᠷᠡᠴᠢᠯᠡᠯᠲᠡ ᠵᠢᠨ ᠠᠵᠢᠯᠯᠠᠭ᠎ᠠ ᠵᠢ ᠦᠷᠨᠢᠭᠦᠯᠬᠦ ᠵᠢᠨ ᠲᠣᠰᠠᠳᠠ ᠤᠨᠤᠯᠰᠢᠭᠤᠯᠬᠤ ᠵᠢᠨ ᠵᠡᠷᠭᠡᠴᠡᠭᠡ 《ᠵᠢᠭ᠋ᠠᠬᠤ ᠪᠠᠭ᠋ᠠᠵᠢ》 ᠵᠢ ᠰᠢᠨᠡᠴᠢᠯᠡᠪᠡ᠂ ᠬᠢᠴᠢᠶᠠᠯ᠎ᠤᠨ ᠭᠡᠷ᠎ᠤᠨ ᠵᠢᠭ᠋ᠠᠨ ᠰᠤᠷᠭ᠋ᠠᠬᠤ ᠲᠤᠨᠤᠭ ᠲᠦᠬᠦᠬᠡᠷᠦᠮᠵᠢ ᠵᠢ ᠪᠥᠷᠢᠨ ᠲᠦᠬᠦᠷ ᠪᠤᠯᠭ᠋ᠠᠪᠠ᠃ ᠵᠢᠱ᠌ᠢᠶᠠᠯᠠᠪᠡᠯ᠄ ᠬᠠᠷ᠎ᠠ ᠰᠠᠮᠪᠠᠷ᠎ᠠ᠎ᠠᠴᠠ ᠴᠠᠭ᠋ᠠᠨ ᠰᠠᠮᠪᠠᠷ᠎ᠠ᠂ ᠠ᠋ᠯᠭᠦᠳᠡᠭ ᠰᠠᠮᠪᠠᠷ᠎ᠠ᠎ᠠᠴᠠ ᠨᠡᠭᠦᠯᠬᠡᠳᠡᠭ ᠰᠠᠮᠪᠠᠷ᠎ᠠ᠂ ᠲᠧᠯᠧᠢ᠍ᠰ᠂ ᠰᠢᠩᠭᠡᠭᠡᠯᠳᠠ ᠵᠢᠨ ᠮᠠᠰᠢᠨ ᠵᠠᠷᠬᠡ ᠵᠢ ᠰᠤᠷᠤᠭᠴᠢᠳ᠎ᠲᠤ ᠵᠢᠭ᠋ᠠᠬᠤ ᠨᠦᠭᠦᠴᠠᠯ᠎ᠢ ᠰᠠᠢ᠍ᠢ᠍ᠵᠢᠷᠠᠭᠤᠯᠬᠤ ᠵᠢᠨ ᠲᠤᠰᠠᠳᠠ ᠪᠠᠯᠠᠳᠭᠡᠭᠰᠡᠨ ᠪᠠᠢ᠍ᠢ᠍ᠨ᠎ᠠ᠃ ᠤᠳᠤᠬᠠᠨ᠎ᠤ ᠰᠤᠷᠤᠬ᠍ᠴᠢ᠎ᠪᠠᠷ ᠭᠤᠣᠯ ᠪᠤᠯᠭ᠋ᠠᠬᠰᠠᠨ ᠰᠤᠷᠭ᠋ᠠᠨ ᠭᠥᠮᠥᠵᠢᠯ᠎ᠨᠢ ᠰᠤᠷᠤᠬ᠍ᠴᠢᠥᠨ᠎ᠲᠤ ᠶᠠᠮᠠᠷ ᠰᠤᠷᠭ᠋ᠠᠨ ᠭᠥᠮᠥᠵᠢᠯ᠎ᠢ ᠭᠦᠷᠳᠡᠭᠡᠭᠦ ᠭᠡᠳᠡᠭ᠎ᠢ ᠠᠩᠬᠠᠷᠬᠤ ᠶᠤᠰᠤᠳᠠᠢ᠃ 40~45 ᠮᠢᠨᠥ᠋ᠲ᠎ᠤᠨ ᠬᠢᠴᠢᠶᠠᠯ᠎ᠤᠨ ᠴᠠᠭ ᠬᠤᠪᠢᠷᠠᠰᠢ ᠦᠭᠡᠢ ᠨᠥᠭᠦᠴᠠᠯ ᠲᠤᠤᠷ᠎ᠠ ᠪᠠᠭᠰᠢ᠎ᠠᠴᠠ 《ᠰᠤᠷᠤᠬ᠍ᠴᠢ ᠵᠢ ᠰᠣᠷᠭ᠋ᠠᠬᠤ᠂ ᠬᠡᠷᠡᠭᠯᠡᠬᠦ ᠪᠠᠭ᠋ᠠᠵᠢ᠂ ᠵᠢᠭ᠋ᠠᠬᠤ ᠠᠭᠤᠯᠭ᠎ᠠ᠂ ᠬᠡᠷᠡᠭᠯᠡᠬᠦ ᠠᠷᠭ᠎ᠠ》 ᠲᠥᠷᠪᠡ ᠵᠢ ᠬᠡᠷᠬᠢᠨ ᠵᠤᠬᠢᠴᠠᠭᠤᠯᠬᠤ ᠠᠵᠢᠯᠯᠠᠭ᠎ᠠ ᠵᠢ ᠠᠩᠬᠠᠷᠬᠤ ᠬᠡᠷᠡᠭ᠎ᠲᠠᠢ ᠶᠤᠮ᠃ ᠰᠤᠷᠭ᠋ᠠᠨ ᠭᠥᠮᠥᠵᠢᠯ ᠪᠣᠯ ᠬᠡᠥᠬᠡᠥᠨ᠎ᠢ ᠨᠡᠶ᠋ᠢᠬᠡᠮ᠎ᠳᠤ ᠵᠤᠭᠢᠴᠠᠭᠤᠯᠬᠤ ᠵᠣᠷᠢᠯᠭ᠎ᠠ᠎ᠲᠠᠢ ᠠᠵᠢᠯᠯᠠᠭ᠎ᠠ ᠶᠤᠮ᠃ ᠪᠠᠭᠰᠢ ᠬᠢᠴᠢᠶᠠᠯ᠎ᠤᠨ ᠵᠢᠭ᠋ᠠᠨ ᠰᠤᠷᠭ᠋ᠠᠯᠳᠠ᠎ᠳᠤ ᠤᠯᠠᠨ ᠠᠷᠭ᠎ᠠ ᠪᠠᠷᠢᠯ᠎ᠢ ᠠᠮᠢᠳᠤᠯᠢᠭ ᠬᠡᠷᠡᠭᠯᠡᠵᠦ ᠴᠢᠳᠠᠭ᠍ᠤ ᠬᠡᠷᠡᠭᠲᠡᠢ᠂ ᠭᠡᠬᠦ᠎ᠳᠤ᠎ᠪᠠᠨ ᠭᠤᠤᠯᠳᠠᠯᠭ᠎ᠠ᠎ᠪᠠᠨ ᠤᠯᠬᠤ ᠦᠭᠡᠢ ᠴᠡᠴᠡᠭ ᠲᠠᠭᠦᠳᠡᠭ ᠠ᠋ᠷᠪᠡᠬᠡᠢ ᠰᠢᠭ ᠪᠠᠭᠰᠢ ᠪᠢᠳᠡᠬᠡᠢ ᠪᠤᠯᠤᠭ᠋ᠠᠷᠠᠢ! ᠪᠠᠭᠰᠢ ᠲᠥᠭᠦᠮ ᠲᠥᠳᠡ ᠲᠤᠳᠤᠷᠬᠠᠢ ᠵᠢᠭ᠋ᠠᠵᠤ ᠴᠢᠳᠠᠭ᠍ᠤ᠎ᠪᠠᠷ ᠪᠠᠷᠠᠭ᠍ᠤ ᠦᠭᠡᠢ᠂ ᠭᠥᠴᠢᠷ ᠠᠭᠤᠯᠭ᠎ᠠ ᠵᠢ ᠲᠤᠳᠤᠷᠬᠠᠢ ᠵᠢᠭ᠋ᠠᠵᠤ ᠴᠢᠳᠠᠭ᠍ᠤ ᠴᠢᠳᠠᠪᠤᠷᠢᠳᠠᠢ ᠪᠠᠶ᠋ᠢᠬᠤ ᠬᠡᠷᠡᠭᠳᠡᠢ᠃ ᠪᠠᠭᠰᠢ ᠰᠤᠷᠭ᠋ᠠᠨ ᠭᠥᠮᠥᠵᠢᠯ᠎ᠢ ᠥᠬᠡᠷᠡᠴᠢᠯᠠᠭᠦ ᠬᠡᠯᠪᠡᠷᠢ ᠵᠢ ᠥᠷᠥᠬᠡᠰᠤᠯ ᠵᠶ᠋ᠠᠷ ᠭᠥᠬᠡᠬᠡᠴᠡᠯᠳᠤᠵᠤ ᠪᠤᠯᠬᠤ ᠦᠭᠡᠢ᠃ ᠵᠠᠪᠠᠯ ᠣᠷᠣᠨ ᠨᠣᠳᠤᠭ ᠰᠣᠷᠣᠭᠴᠢ ᠵᠢᠨ ᠬᠢᠷᠢ ᠬᠡᠮᠵᠢᠶᠡᠨ᠎ᠤ ᠪᠣᠳᠠᠲᠠᠢ ᠪᠠᠶ᠋ᠢᠳᠠᠯ᠎ᠠᠴᠠ ᠦᠨᠳᠦᠰᠦᠯᠡᠵᠦ ᠵᠢᠭ᠋ᠠᠬᠤ ᠠᠷᠭ᠎ᠠ ᠬᠡᠯᠪᠡᠷᠢ᠎ᠪᠠᠨ ᠲᠣᠭᠲᠠᠭ᠋ᠠᠬᠤ ᠬᠡᠷᠡᠭᠲᠡᠢ᠃
     2017 ᠣᠨ 9 ᠰᠠᠷ᠎ᠠ᠎ᠠᠴᠠ ᠪᠦᠬᠦ ᠣᠷᠣᠨ᠎ᠤ ᠲᠠᠪᠢ ᠭᠠᠷᠣᠢ ᠳᠣᠮᠳᠠᠳᠦ ᠪᠠᠭ᠎ᠠ ᠰᠣᠷᠭ᠋ᠠᠭᠤᠯᠢ ᠵᠢᠨ 102 ᠪᠠᠭᠰᠢ ᠵᠢᠨ ᠬᠢᠴᠢᠶᠡᠯ᠎ᠢ ᠰᠣᠨᠣᠰᠪᠠ᠃ ᠬᠢᠴᠢᠶᠡᠯ ᠰᠣᠨᠣᠰᠣᠭᠰᠠᠨ ᠪᠠᠶ᠋ᠢᠳᠠᠯ᠎ᠠᠴᠠ ᠦᠪᠡᠷ᠎ᠤᠨ ᠪᠦᠷᠢᠨ ᠪᠣᠰᠦ ᠰᠠᠨᠠᠯ ᠵᠦᠪᠯᠡᠯᠭᠡ᠎ᠪᠠᠨ ᠦᠭᠭᠦᠶ᠎ᠡ᠂ ᠬᠢᠨᠠᠯᠲᠠ ᠪᠣᠯᠭ᠋ᠠᠮᠦ᠄
     (ᠨᠢᠭᠡ) ᠬᠢᠴᠢᠶᠡᠯᠯᠡᠭᠡ ᠵᠢᠨ 40~45 ᠮᠢᠨᠣᠢ᠍ᠲ᠎ᠲᠤ ᠪᠠᠭᠰᠢ ᠪᠠ ᠰᠣᠷᠣᠭᠴᠢ ᠵᠢᠨ ᠣᠷᠣᠨ ᠪᠠᠶ᠋ᠢᠷᠢ ᠵᠢ ᠲᠣᠭᠲᠠᠭ᠋ᠠᠬᠤ ᠴᠢᠭ᠎ᠤᠨ ᠠᠰᠠᠭᠤᠳᠠᠯ᠎ᠢ ᠬᠡᠷᠬᠢᠨ ᠵᠦᠪ ᠲᠠᠨᠢᠬᠤ ᠪᠣᠯ 《ᠵᠢᠭ᠋ᠠᠬᠤ ᠪᠠ ᠰᠣᠷᠬᠤ》 ᠵᠢᠨ ᠬᠠᠷᠢᠴᠠᠭ᠋ᠠᠨ᠎ᠤ ᠠᠰᠠᠭᠤᠳᠠᠯ ᠶᠤᠮ᠃ ᠪᠠᠭᠰᠢ ᠬᠢᠴᠢᠶᠡᠯ᠎ᠤᠨ ᠵᠢᠭ᠋ᠠᠬᠤ ᠠᠭᠤᠯᠭ᠎ᠠ᠎ᠠᠴᠠ 《ᠣᠯᠠᠨ ᠶᠠᠷᠢᠬᠤ》 (ᠣᠯᠠᠮᠵᠢᠯᠠᠯᠲᠦ ᠵᠢᠭ᠋ᠠᠬᠤ ᠠᠷᠭ᠎ᠠ)᠂ 《ᠪᠠᠭ᠎ᠠ ᠶᠠᠷᠢᠬᠤ》 (ᠰᠢᠨ᠎ᠡ ᠬᠢᠴᠢᠶᠡᠯ᠎ᠤᠨ ᠠᠷᠭ᠎ᠠ) ᠪᠠ ᠰᠣᠷᠣᠭᠴᠢ 《ᠳᠣᠲᠠᠭᠤ ᠬᠦᠳᠡᠯᠬᠦ》 (ᠣᠯᠠᠮᠵᠢᠯᠠᠯᠲᠣ ᠵᠢᠭ᠋ᠠᠬᠤ ᠠᠷᠭ᠎ᠠ ᠵᠢᠨ ᠨᠦᠭᠦᠴᠡᠯ᠎ᠳᠤ)᠂ 《ᠢᠯᠡᠭᠦᠣ ᠬᠦᠳᠡᠯᠬᠦ》 (ᠰᠢᠨ᠎ᠡ ᠬᠢᠴᠢᠶᠡᠯ᠎ᠤᠨ ᠵᠢᠭ᠋ᠠᠬᠤ ᠠᠷᠭ᠎ᠠ ᠵᠢᠨ ᠨᠦᠭᠦᠴᠡᠯ᠎ᠳᠤ)᠎ᠨᠢ ᠤᠯᠠᠩᠬᠢ᠎ᠳᠤ᠎ᠪᠠᠨ ᠬᠡᠯᠪᠡᠷᠢ ᠦᠵᠡᠭᠳᠡᠯ ᠪᠤᠯᠳᠠᠭ᠃ 《ᠵᠢᠭ᠋ᠠᠬᠤ ᠪᠠ ᠰᠣᠷᠬᠤ》 ᠵᠢᠨ ᠬᠠᠷᠢᠴᠠᠭ᠋ᠠᠨ᠎ᠠᠴᠠ ᠪᠠᠭᠰᠢ ᠪᠣᠯ ᠵᠦᠷᠢᠴᠡᠯ᠎ᠤᠨ ᠭᠤᠣᠯ ᠰᠢᠢ᠍ᠳᠪᠦᠷᠢᠯᠡᠭᠴᠢ ᠶᠤᠮ᠃ ᠪᠠᠭᠰᠢ᠎ᠠᠴᠠ ᠪᠦᠬᠦ ᠰᠤᠷᠣᠭᠴᠢ ᠵᠢ ᠠᠩᠬᠠᠷᠣᠯ᠎ᠳᠤ᠎ᠪᠠᠨ ᠠᠪᠴᠣ ᠵᠢᠭ᠋ᠠᠨ ᠰᠤᠷᠭ᠋ᠠᠬᠤ ᠠ᠋ᠭᠦᠷᠭᠡ ᠵᠢ ᠦᠷ᠎ᠠ ᠪᠦᠳᠤᠮᠵᠢ᠎ᠲᠠᠢ ᠪᠠᠶᠠᠯᠠᠭᠦᠯᠭᠦ ᠵᠢ ᠠᠨᠭ᠌ᠬᠠᠷᠪᠠᠯ ᠵᠤᠬᠢᠨ᠎ᠠ᠃
     (ᠬᠤᠶᠠᠷ) ᠦᠨᠦᠳᠦᠷ᠎ᠤᠨ ᠪᠢᠳᠠᠨ᠎ᠤ ᠬᠡᠯᠡᠳᠡᠭ ᠣᠷᠣᠯᠳᠣᠯᠭ᠎ᠠ᠎ᠪᠠᠷ ᠲᠦᠷᠢ ᠪᠦᠲᠦᠭᠡᠨ᠎ᠡ ᠭᠡᠳᠡᠭ ᠴᠢᠨᠢ ᠣᠯᠠᠮᠵᠢᠯᠠᠯᠳᠦ ᠵᠢᠭ᠋ᠠᠬᠤ ᠶᠠᠪᠣᠴᠠ ᠵᠢᠨ 《ᠪᠣᠯᠪᠠᠰᠣᠷᠠᠯ》 ᠶᠤᠮ᠃ ᠦᠩᠭᠡᠷᠡᠭᠰᠡᠨ᠎ᠤ ᠣᠯᠠᠮᠵᠢᠯᠠᠯᠲᠣ ᠵᠢᠭ᠋ᠠᠬᠤ ᠠᠷᠭ᠎ᠠ ᠵᠢᠨ 《ᠪᠣᠯᠪᠠᠰᠣᠷᠠᠯ》 ᠪᠣᠯ ᠰᠣᠷᠣᠭᠴᠢ ᠵᠢᠨ ᠪᠡᠶ᠎ᠡ᠎ᠪᠠᠨ ᠳᠠᠭ᠋ᠠᠭ᠋ᠠᠭᠰᠠᠨ ᠭᠠᠭᠴᠠ ᠬᠦᠮᠦᠨ᠎ᠤ ᠣᠷᠣᠯᠳᠣᠯᠭ᠎ᠠ᠎ᠪᠠᠷ ᠳᠦᠷᠢ ᠪᠦᠲᠦᠭᠡᠬᠦ ᠠᠵᠢᠯᠯᠠᠭ᠎ᠠ ᠪᠠᠶ᠋ᠢᠭᠰᠠᠨ ᠪᠣᠯ ᠦᠨᠦᠳᠦᠷ᠎ᠤᠨ ᠰᠢᠨ᠎ᠡ ᠬᠢᠴᠢᠶᠡᠯ᠎ᠤᠨ ᠦᠭᠡᠷᠠᠴᠢᠯᠡᠯᠲᠡ ᠵᠢᠨ ᠣᠷᠣᠯᠳᠣᠯᠭ᠎ᠠ᠎ᠪᠠᠷ 《ᠳᠦᠷᠢ ᠪᠦᠲᠦᠭᠡᠭᠦ》᠎ᠨᠢ ᠳᠤᠭᠤᠶ᠋ᠢᠯᠠᠩ᠎ᠤᠨ ᠬᠠᠮᠲᠣᠷᠠᠯ ᠵᠶ᠋ᠠᠷ ᠰᠠᠭᠤᠷᠢ ᠪᠣᠯᠭ᠋ᠠᠭᠰᠠᠨ ᠨᠡᠶ᠋ᠢᠲᠡ ᠵᠢᠨ ᠠᠵᠢᠯᠯᠠᠭ᠋ᠠᠨ᠎ᠤ 《ᠪᠣᠯᠪᠠᠰᠣᠷᠠᠯ》 ᠮᠦᠨ᠃ ᠲᠡᠶ᠋ᠢᠮᠣ᠎ᠠᠴᠠ ᠠ᠋ᠨᠡ ᠪᠣᠯ ᠰᠣᠷᠭ᠋ᠠᠨ ᠬᠦᠮᠦᠵᠢᠯ᠎ᠤᠨ ᠦᠭᠡᠷᠠᠴᠢᠯᠡᠯᠲᠡ ᠵᠢᠨ ᠭᠡᠯᠪᠡᠷᠢ ᠵᠢᠨ ᠰᠢᠨᠡᠴᠢᠯᠡᠯ ᠶᠤᠮ᠃ ᠪᠡᠶ᠎ᠡ᠎ᠪᠠᠨ ᠳᠠᠭ᠋ᠠᠭ᠋ᠠᠵᠣ ᠰᠣᠷᠣᠯᠴᠠᠭ᠍ᠣ ᠪᠠ ᠬᠤᠷᠰᠢᠨ ᠰᠣᠷᠣᠯᠴᠠᠭ᠍ᠣ ᠠᠷᠭ᠎ᠠ ᠬᠡᠯᠪᠡᠷᠢ ᠪᠣᠯ ᠲᠣᠰ ᠲᠣᠰ᠎ᠤᠨ ᠳᠠᠪᠠᠭᠤᠯᠢᠭ ᠲᠠᠯ᠎ᠠ᠎ᠲᠠᠢ ᠶᠤᠮ᠃
     (ᠭᠤᠷᠪᠠ) ᠵᠠᠷᠢᠮ ᠪᠠᠭᠰᠢ ᠬᠢᠴᠢᠶᠡᠯ ᠤᠷᠣᠬᠤ᠎ᠳᠤ᠎ᠪᠠᠨ ᠬᠡᠯᠪᠡᠷᠢ ᠵᠢ ᠬᠦᠬᠡᠭᠡᠴᠡᠯᠳᠦᠭᠡᠳ᠂ ᠵᠢᠭ᠋ᠠᠬᠤ ᠠᠷᠭ᠎ᠠ᠎ᠪᠠᠨ ᠰᠣᠳᠣᠯᠬᠤ ᠦᠭᠡᠢ ᠪᠠᠶ᠋ᠢᠨ᠎ᠠ᠃ ᠵᠢᠭ᠋ᠠᠬᠤ ᠠᠷᠭ᠎ᠠ ᠪᠠ ᠬᠢᠴᠢᠶᠡᠯᠯᠡᠬᠦ ᠬᠡᠯᠪᠡᠷᠢ ᠪᠣᠯ ᠬᠠᠷᠢᠯᠴᠠᠨ ᠨᠥᠬᠦᠴᠡᠯᠳᠦᠬᠦ᠂ ᠬᠠᠷᠢᠯᠴᠠᠨ ᠲᠦᠰᠢᠭᠯᠡᠯᠴᠡᠬᠦ ᠬᠠᠷᠢᠴᠠᠭ᠎ᠠ᠎ᠲᠠᠢ ᠠᠵᠢᠯᠯᠠᠭ᠎ᠠ ᠶᠤᠮ᠃ ᠵᠢᠭ᠋ᠠᠬᠤ ᠠᠷᠭ᠎ᠠ ᠵᠢ ᠲᠤᠭᠳᠠᠭ᠋ᠠᠭᠰᠠᠨ᠎ᠤ ᠳᠠᠷᠠᠭ᠎ᠠ ᠰᠠᠶᠢ ᠵᠢᠭ᠋ᠠᠬᠤ ᠬᠡᠯᠪᠡᠷᠢ ᠲᠤᠭᠲᠠᠨ᠎ᠠ᠃ ᠦᠬᠡᠷ᠎ᠡ᠎ᠪᠠᠷ ᠬᠡᠯᠡᠪᠡᠯ ᠵᠢᠭ᠋ᠠᠬᠤ ᠠᠭᠤᠯᠭ᠎ᠠ᠎ᠠᠴᠠ ᠱᠠᠭ᠋ᠠᠷᠳᠠᠭᠰᠠᠨ ᠠᠷᠭ᠎ᠠ ᠵᠢ ᠲᠣᠭᠲᠠᠭ᠋ᠠᠵᠣ᠂ ᠳᠠᠷᠠᠭ᠎ᠠ᠎ᠨᠢ ᠰᠠᠶᠢ ᠠᠷᠭ᠎ᠠ᠎ᠳᠤ᠎ᠪᠠᠨ ᠦᠢ᠍ᠯᠡᠴᠢᠯᠠᠬᠦ ᠬᠡᠯᠪᠡᠷᠢ ᠵᠢ ᠬᠦᠭᠡᠭᠡᠴᠡᠯᠳᠦᠬᠦ ᠶᠤᠮ᠃ ᠪᠠᠭᠰᠢ ᠨᠠᠷ᠎ᠤᠨ ᠬᠢᠴᠢᠶᠡᠯᠯᠡᠭᠡ᠎ᠳᠤ ᠨᠡᠶ᠋ᠢᠳᠡᠮ ᠬᠠᠷᠠᠭᠳᠠᠭ᠍ᠣ ᠦᠵᠡᠭᠳᠡᠯ (ᠪᠢ ᠪᠠᠶ᠋ᠢᠭ᠋ᠠᠯᠢ ᠵᠢᠨ ᠬᠢᠴᠢᠶᠡᠯ᠎ᠢ ᠤᠢ᠍ᠢ᠍ᠯᠠᠭ᠋ᠠᠬᠤ ᠦᠭᠡᠢ ᠪᠣᠯᠬᠤᠷ ᠨᠡᠶ᠋ᠢᠭᠡᠮ᠎ᠤᠨ ᠬᠢᠴᠢᠶᠡᠯ᠎ᠠᠴᠠ ᠭᠠᠷᠳᠠᠵᠣ ᠦᠬᠦᠯᠡᠨ᠎ᠡ) ᠪᠣᠯ ᠬᠢᠴᠢᠶᠡᠯ᠎ᠤᠨ ᠪᠡᠯᠡᠳᠭᠡᠯ ᠰᠠᠶ᠋ᠢᠨ᠂ ᠬᠢᠴᠢᠶᠡᠯ᠎ᠤᠨ ᠶᠠᠪᠣᠴᠠ ᠬᠦᠭᠵᠢᠶᠡᠨ᠎ᠲᠠᠢ᠂ ᠬᠢᠴᠢᠶᠡᠯ᠎ᠤᠨ ᠠᠭᠤᠯᠭ᠎ᠠ ᠵᠢᠨ ᠬᠤᠯᠪᠣᠭ᠋ᠠᠰᠣ᠎ᠳᠤ ᠲᠣᠬᠢᠷᠠᠭᠰᠠᠨ ᠵᠢᠷᠤᠭ ᠳᠦᠷᠰᠦ ᠭᠦᠢ᠍ᠴᠡᠳ ᠠᠰᠢᠭᠯᠠᠭᠳᠠᠨ᠎ᠠ᠃ ᠪᠦᠬᠦᠯᠢ ᠬᠢᠴᠢᠶᠡᠯ᠎ᠤᠨ ᠶᠠᠪᠣᠴᠠ᠎ᠳᠤ ᠪᠠᠭᠰᠢ ᠰᠣᠷᠣᠭᠴᠢ ᠶᠠᠭ᠋ᠠᠷᠠᠯᠲᠠᠢ ᠪᠠᠢ᠍ᠢ᠍ᠵᠤ ᠣᠯᠠᠩᠬᠢ ᠴᠠᠭ᠎ᠲᠤ ᠪᠠᠭᠰᠢ ᠵᠢᠭ᠋ᠠᠬᠤ ᠠᠭᠤᠯᠭ᠎ᠠ᠎ᠪᠠᠨ ᠲᠠᠭᠤᠰᠬᠠᠵᠣ ᠴᠢᠳᠠᠳᠠᠭ ᠦᠭᠡᠢ ᠭᠤᠣᠯ ᠰᠢᠯᠲᠠᠭ᠋ᠠᠨ ᠪᠤᠯ ᠪᠠᠭᠰᠢ ᠬᠢᠴᠢᠶᠡᠯ ᠵᠶ᠋ᠠᠨ ᠪᠡᠯᠡᠳᠭᠡᠬᠦ ᠶᠠᠪᠣᠴᠠ᠎ᠳᠤ ᠬᠡᠯᠪᠡᠷᠢ ᠵᠢ ᠬᠦᠭᠡᠭᠡᠴᠡᠯᠳᠦᠭᠡᠳ᠂ ᠠᠷᠭ᠎ᠠ᠎ᠪᠠᠨ ᠰᠣᠳᠣᠯᠣᠭᠰᠠᠨ ᠲᠠᠯ᠎ᠠ᠎ᠪᠠᠷ ᠳᠣᠲᠠᠮᠠᠭ ᠪᠣᠯᠵᠤ᠂ ᠵᠢᠭ᠋ᠠᠬᠤ ᠵᠤᠷᠢᠯᠲᠠ᠎ᠳᠤ᠎ᠪᠠᠨ ᠬᠦᠷᠴᠦ ᠴᠢᠳᠠᠳᠠᠭ ᠦᠭᠡᠢ 《ᠰᠠᠶ᠋ᠢᠬᠠᠨ ᠬᠠᠷᠠᠭᠳᠠᠪᠠᠴᠤ ᠦᠷ᠎ᠡ ᠪᠦᠳᠦᠮᠵᠢ ᠲᠤᠤᠷ᠎ᠠ》 ᠬᠢᠴᠢᠶᠡᠯ ᠪᠣᠯᠳᠠᠭ᠂ ᠴᠢᠨᠠᠭᠰᠢᠲᠠ ᠦᠬᠡᠷ᠎ᠡ ᠴᠠᠭ᠎ᠢ ᠠᠰᠢᠭᠯᠠᠵᠣ ᠬᠢᠴᠢᠶᠡᠯ ᠨᠦᠬᠦᠬᠦ ᠣᠴᠢᠷ ᠲᠤᠭᠢᠶᠠᠯᠳᠤᠨ᠎ᠠ᠃
     (ᠳᠥᠷᠪᠡ) ᠳᠦᠭᠦᠮ ᠠᠭᠤᠯᠭ᠎ᠠ ᠵᠢ ᠬᠦᠴᠢᠷ ᠵᠢᠭ᠋ᠠᠬᠤ᠂ ᠬᠦᠨᠳᠦ ᠠᠭᠤᠯᠭ᠎ᠠ ᠵᠢ ᠬᠦᠩᠭᠡᠪᠴᠢᠯᠡᠵᠣ ᠵᠢᠭ᠋ᠠᠬᠤ ᠪᠠᠶ᠋ᠢᠳᠠᠯ ᠤᠷᠤᠰᠢᠵᠤ ᠪᠤᠢ᠃ 《ᠰᠡᠩᠬᠡᠷᠡᠭᠦᠯᠵᠣ ᠵᠢᠭ᠋ᠠᠬᠤ》 ᠠᠷᠭ᠎ᠠ᠎ᠳᠤ ᠪᠠᠷᠢᠭᠳᠠᠵᠣ᠂ 《ᠭᠠᠳᠠᠨ᠎ᠠ᠎ᠠᠴᠠ ᠳᠤᠲᠣᠭᠰᠢ᠂ ᠳᠣᠳᠣᠨ᠎ᠠ᠎ᠠᠴᠠ ᠭᠠᠳᠠᠭᠰᠢ》 ᠵᠢᠭ᠋ᠠᠬᠤ ᠠᠷᠭ᠎ᠠ ᠵᠢᠨ ᠶᠠᠪᠣᠴᠠ᠎ᠳᠤ ᠰᠢᠭᠤᠳ ᠭᠤᠣᠯ ᠰᠡᠳᠦᠪ᠎ᠲᠤ᠎ᠪᠠᠨ ᠤᠷᠣᠵᠣ ᠴᠢᠳᠠᠭ᠍ᠣ ᠦᠭᠡᠢ ᠲᠣᠭᠤᠷᠢᠵᠤ ᠲᠡᠨᠤᠬᠦ 《ᠬᠠᠭᠤᠷᠮᠠᠭ ᠦᠵᠡᠭᠳᠡᠯ》 ᠬᠠᠷᠠᠭᠳᠠᠵᠣ ᠪᠠᠶ᠋ᠢᠨ᠎ᠠ᠃ ᠪᠠᠶ᠋ᠢᠭ᠋ᠠᠯᠢ ᠵᠢᠨ ᠰᠢᠨᠵᠢᠯᠡᠬᠦ ᠤᠬᠠᠭ᠋ᠠᠨ᠎ᠤ ᠬᠢᠴᠢᠶᠡᠯ᠎ᠳᠤ ᠰᠠᠭᠤᠷᠢ ᠪᠣᠯᠬᠤ ᠣᠬᠠᠭᠳᠠᠭ᠍ᠣᠨ᠎ᠤ ᠠᠰᠠᠭᠤᠳᠠᠯ᠎ᠢ ᠲᠣᠳᠣᠷᠬᠠᠢ ᠰᠢᠢ᠍ᠳᠪᠣᠷᠢᠯᠡᠵᠣ ᠴᠢᠳᠠᠭ᠍ᠣ ᠦᠭᠡᠢ 《ᠬᠦᠩᠭᠡᠪᠴᠢᠯᠡᠬᠦ ᠦᠵᠡᠭᠳᠡᠯ》 ᠪᠠᠶ᠋ᠢᠩᠭᠤ ᠤᠷᠣᠰᠢᠵᠤ ᠪᠠᠶ᠋ᠢᠨ᠎ᠠ᠃
     (ᠲᠠᠪᠤ) ᠪᠠᠭᠰᠢ ᠵᠢᠨ ᠪᠡᠶᠡᠴᠢ ᠲᠠᠯ᠎ᠠ ᠵᠢᠨ ᠮᠡᠳᠡᠯᠭᠡ ᠵᠢᠨ ᠬᠦᠷᠢᠶ᠎ᠡ ᠬᠡᠪᠴᠢᠶ᠎ᠡ ᠢᠪᠴᠣᠣ᠎ᠠᠴᠠ ᠬᠠᠮᠢᠶ᠎ᠠ ᠪᠦᠬᠦᠢ ᠳᠡᠯᠭᠡᠷᠡᠩᠬᠦᠢ ᠮᠡᠳᠡᠯᠬᠡ ᠦᠭᠬᠦ᠎ᠪᠠᠷ ᠭᠦᠢ᠍ᠴᠠᠳ ᠪᠤᠰᠤ; ᠦᠭᠡᠰ᠎ᠤᠨ ᠰᠠᠩ ᠶᠠᠳᠠᠭᠤ᠎ᠠᠴᠠ ᠬᠡᠯᠡ ᠶᠠᠷᠢᠶ᠎ᠠ ᠬᠦᠰᠢᠬᠦᠨ; ᠨᠢᠭᠡ ᠬᠢᠴᠢᠶᠡᠯ ᠵᠶ᠋ᠠᠷ ᠪᠠᠭᠰᠢ᠎ᠠᠴᠠ ᠪᠦᠬᠦ ᠠᠪᠢᠶᠠᠰ ᠠ᠋ᠷᠳᠡᠮ ᠵᠶ᠋ᠠᠨ ᠭᠠᠷᠭ᠋ᠠᠬᠤ ᠵᠢᠨ ᠲᠦᠯᠦᠭᠡ 《ᠲᠠᠶ᠋ᠢᠰᠠᠨ᠎ᠤ ᠣᠷᠠᠯᠢᠭ》 ᠪᠣᠯᠭ᠋ᠠᠨ ᠬᠦᠢ᠍ᠴᠡᠳᠭᠡᠵᠣ ᠪᠠᠶ᠋ᠢᠭ᠎ᠠ ᠦᠵᠡᠭᠳᠠᠯ ᠴᠦ᠍ ᠪᠤᠢ᠃ ᠬᠡᠰᠡᠭ ᠵᠠᠯᠠᠭᠤ ᠪᠠᠭᠰᠢ ᠬᠢᠴᠢᠶᠡᠯ᠎ᠤᠨ ᠠᠭᠤᠯᠭ᠎ᠠ᠎ᠠᠴᠠ ᠰᠠᠯᠵᠤ ᠴᠢᠳᠠᠭ᠍ᠣ ᠦᠭᠡᠢ ᠮᠸᠬᠠᠨᠢᠬ᠍ᠴᠢᠯᠠᠨ ᠵᠢᠭ᠋ᠠᠬᠤ ᠠᠷᠭ᠎ᠠ ᠵᠢ ᠬᠡᠷᠡᠭᠯᠡᠵᠦ ᠪᠠᠶ᠋ᠢᠨ᠎ᠠ᠃
      ᠠ᠋ᠳᠡᠭᠡᠷ ᠲᠠᠪᠣᠨ ᠦᠵᠡᠭᠳᠡᠯ ᠪᠣᠯ ᠪᠠᠭᠰᠢ ᠵᠢᠨ ᠪᠡᠶᠡᠴᠢ ᠲᠠᠯ᠎ᠠ ᠵᠢᠨ ᠳᠣᠲᠠᠭᠳᠠᠯ ᠪᠣᠯᠵᠤ ᠬᠠᠷᠠᠭᠳᠠᠭᠰᠠᠨ ᠶᠤᠮ᠃ ᠠ᠋ᠬᠦᠨ᠎ᠠᠴᠠ ᠭᠠᠳᠠᠨ᠎ᠠ ᠤᠷᠣᠰᠢᠵᠤ ᠪᠠᠶ᠋ᠢᠬᠤ ᠠᠰᠠᠭᠤᠳᠠᠯ ᠪᠣᠯ᠄
     (ᠵᠢᠷᠭᠤᠭ᠎ᠠ) ᠤᠷᠣᠨ᠎ᠤ ᠪᠠᠭᠰᠢ ᠵᠢᠨ ᠪᠣᠯᠪᠠᠰᠣᠷᠠᠯ᠎ᠤᠨ ᠵᠢᠯᠣᠭᠤᠳᠣᠯᠭ᠎ᠠ ᠵᠢ ᠨᠠᠵᠠᠭ᠋ᠠᠢ᠎ᠪᠠᠷ ᠤᠶ᠋ᠢᠯᠠᠭ᠋ᠠᠵᠣ ᠪᠠᠶ᠋ᠢᠬᠤ ᠰᠢᠬ ᠬᠠᠷᠠᠭᠳᠠᠭᠰᠠᠨ ᠣᠴᠢᠷ ᠭᠡᠪᠡᠯ ᠤᠷᠤᠨ᠎ᠤ ᠵᠢᠭ᠋ᠠᠬᠤ ᠰᠤᠳᠤᠯᠬᠤ ᠲᠠᠰᠤᠬ᠎ᠠᠴᠠ 《ᠪᠠᠭᠰᠢ ᠵᠢᠨ ᠪᠤᠯᠪᠠᠰᠣᠷᠠᠯ》᠎ᠳᠤ ᠳᠠᠭ᠋ᠠᠭᠤᠯᠣᠨ ᠵᠢᠯᠣᠭᠤᠳᠣᠭᠰᠠᠨ ᠲᠤᠰᠬᠠᠢ ᠦᠬᠦᠯᠡᠮᠵᠢ᠂ ᠪᠠᠶ᠋ᠢᠭ᠋ᠠᠯᠢ ᠵᠢᠨ ᠰᠢᠨᠵᠢᠯᠡᠬᠦ ᠣᠬᠠᠭ᠋ᠠᠨ᠎ᠤ ᠬᠢᠴᠢᠶᠡᠯ᠎ᠳᠤ ᠤᠷᠤᠯᠳᠣᠯᠭ᠎ᠠ᠎ᠪᠠᠷ ᠳᠦᠷᠢ ᠪᠦᠳᠦᠭᠡᠬᠦ 《ᠭᠤᠷᠪᠠᠨ ᠠᠯᠬᠤᠮᠲᠣ ᠵᠢᠭ᠋ᠠᠬᠤ ᠠᠷᠭ᠎ᠠ》᠂ ᠬᠡᠯᠡ ᠪᠢᠴᠢᠭ᠎ᠤᠨ ᠬᠢᠴᠢᠶᠡᠯ᠎ᠳᠤ᠎ᠬᠢ 《ᠲᠦᠷᠪᠡᠨ ᠪᠤᠭᠤᠮᠲᠠ ᠵᠢ ᠳᠠᠪᠠᠭᠤᠯᠬᠤ ᠠᠷᠭ᠎ᠠ》 (ᠰᠤᠨᠤᠰᠬᠤ᠂ ᠶᠠᠷᠢᠬᠤ᠂ ᠤᠩᠰᠢᠬᠤ᠂ ᠪᠢᠴᠢᠬᠦ)᠂ 《ᠰᠡᠳᠬᠢᠯᠭᠡ ᠵᠢᠨ ᠤᠷᠴᠢᠨ᠎ᠢ ᠪᠦᠳᠦᠭᠡᠵᠤ ᠵᠤᠬᠢᠶᠠᠨ ᠪᠢᠴᠢᠭᠦᠯᠬᠦ》᠂ 《ᠵᠡᠷᠭᠡᠴᠡᠭᠡ ᠤᠩᠰᠢᠯᠭ᠎ᠠ》᠂ 《ᠦᠰᠦᠭᠯᠡᠯ᠎ᠤᠨ ᠭᠥᠵᠥᠷ ᠲᠤᠭᠯᠠᠭ᠋ᠠᠮ》 ᠵᠡᠷᠭᠡ ᠤᠯᠠᠨ ᠶᠠᠩᠵᠤ ᠵᠢᠨ ᠵᠢᠯᠣᠭᠤᠳᠣᠯᠭ᠎ᠠ ᠵᠢᠨ ᠬᠡᠷᠡᠭᠴᠡᠭᠡ ᠱᠠᠭ᠋ᠠᠷᠳᠠᠯᠭ᠎ᠠ ᠵᠢ ᠭᠦᠢ᠍ᠴᠡᠳ ᠤᠶ᠋ᠢᠯᠠᠭ᠋ᠠᠵᠣ ᠪᠣᠯᠪᠠᠰᠣᠷᠠᠭ᠎ᠠ ᠦᠭᠡᠢ᠃ ᠵᠢᠱ᠌ᠢᠶᠡᠯᠡᠪᠡᠯ᠄ 《ᠵᠡᠷᠭᠡᠴᠡᠭᠡ ᠤᠩᠰᠢᠯᠭ᠎ᠠ》᠂ 《ᠦᠰᠦᠭᠯᠡᠯ᠎ᠤᠨ ᠭᠥᠵᠥᠷ ᠲᠤᠭᠯᠠᠭ᠋ᠠᠮ》᠂ 《ᠰᠡᠳᠬᠢᠯ᠎ᠤᠨ ᠤᠷᠴᠢᠨ᠎ᠢ ᠪᠦᠳᠦᠭᠡᠵᠤ ᠵᠤᠬᠢᠶᠠᠨ ᠪᠢᠴᠢᠭᠦᠯᠬᠦ》 ᠠᠷᠭ᠎ᠠ ᠪᠣᠯ ᠣᠯᠠᠨ᠎ᠳᠤ ᠵᠦᠪᠰᠢᠶᠡᠷᠡᠭᠳᠡᠭᠰᠡᠨ ᠲᠣᠷᠰᠢᠯᠭ᠎ᠠ ᠶᠤᠮ᠃ ᠪᠠᠭᠰᠢ ᠨᠠᠷ ᠦᠪᠡᠷ᠎ᠤᠨ ᠰᠣᠷᠭ᠋ᠠᠭᠤᠯᠢ ᠵᠢᠨ ᠣᠷᠴᠢᠨ ᠲᠣᠭᠤᠷᠢᠨ (ᠣᠷᠣᠨ)᠎ᠤ ᠪᠠᠶ᠋ᠢᠳᠠᠯ᠎ᠠᠴᠠ ᠦᠭᠡ ᠬᠡᠯᠡ᠎ᠪᠠᠷ ᠶᠠᠳᠠᠭᠤᠷᠠᠵᠣ ᠪᠠᠶ᠋ᠢᠬᠤ᠂ ᠦᠰᠦᠭ ᠪᠢᠴᠢᠭ ᠵᠶ᠋ᠠᠨ ᠵᠦᠪ ᠪᠢᠴᠢᠬᠦ᠎ᠳᠤ ᠬᠦᠴᠢᠷᠳᠡᠵᠤ ᠪᠠᠶ᠋ᠢᠬᠤ᠂ ᠦᠭᠦᠯᠡᠪᠣᠷᠢ ᠵᠤᠬᠢᠶᠠᠭ᠍ᠣ᠎ᠳᠤ ᠬᠦᠴᠢᠷᠳᠡᠵᠣ ᠪᠠᠶ᠋ᠢᠬᠤ ᠰᠣᠷᠣᠭᠴᠢ ᠵᠢᠨ ᠪᠣᠲᠠᠳᠠᠢ ᠪᠠᠶ᠋ᠢᠳᠠᠯ᠎ᠠᠴᠠ ᠵᠢᠭ᠋ᠠᠨ ᠵᠢᠯᠣᠭᠤᠳᠬᠤ ᠲᠣᠷᠰᠢᠯᠭ᠎ᠠ᠎ᠪᠠᠨ ᠳ᠋ᠦᠩᠨᠡᠭᠡᠳ ᠣᠯᠣᠭᠰᠠᠨ ᠵᠢᠭ᠋ᠠᠬᠤ ᠠᠷᠭ᠎ᠠ ᠶᠤᠮ᠃ ᠠ᠋ᠭᠦᠨ᠎ᠢ ᠪᠢᠳᠠ ᠦᠪᠡᠷ᠎ᠤᠨ ᠰᠣᠷᠭ᠋ᠠᠭᠤᠯᠢ᠎ᠳᠤ᠎ᠪᠠᠨ ᠰᠢᠭᠤᠳ ᠵᠢᠭ᠋ᠠᠬᠤ ᠠᠷᠭ᠎ᠠ ᠪᠣᠯᠭ᠋ᠠᠵᠣ ᠭᠡᠷᠡᠭᠯᠡᠬᠦ᠎ᠳᠤ ᠬᠦᠷᠪᠡᠯ ᠵᠠᠷᠢᠮ ᠨᠦᠭᠦᠴᠡᠯ᠎ᠳᠤ ᠲᠣᠬᠢᠷᠠᠭ᠍ᠣ ᠦᠭᠡᠢ ᠮᠠᠭ᠋ᠠᠳ᠂ ᠠᠮᠢᠳᠤᠯᠢᠭ ᠪᠦᠲᠦᠭᠡᠯᠴᠢ᠎ᠪᠠᠷ ᠬᠡᠷᠡᠭᠯᠡᠵᠦ ᠴᠢᠳᠠᠭ᠍ᠣ᠎ᠨᠢ ᠮᠠᠨ᠎ᠤ ᠪᠣᠯᠪᠠᠰᠣᠷᠠᠯ᠎ᠤᠨ ᠵᠣᠷᠢᠯᠭ᠎ᠠ ᠶᠤᠮ᠃ ᠨᠦᠭᠦᠭᠡ ᠲᠠᠯ᠎ᠠ᠎ᠪᠠᠷ ᠰᠤᠨᠤᠰᠬᠤ᠂ ᠶᠠᠷᠢᠬᠤ᠂ ᠤᠩᠰᠢᠵᠤ ᠪᠢᠴᠢᠬᠦ ᠪᠣᠯᠪᠠᠰᠣᠷᠠᠯ᠎ᠢ ᠨᠡᠶ᠋ᠢᠳᠡᠮ ᠣᠮᠳᠤᠭ᠋ᠠᠶ᠋ᠢᠯᠠᠭ᠍ᠣ ᠦᠵᠡᠭᠳᠡᠯ ᠣᠷᠣᠰᠢᠵᠤ ᠪᠠᠶ᠋ᠢᠬᠤ᠎ᠪᠠᠷ ᠦᠯᠦ ᠪᠠᠷᠠᠨ ᠪᠠᠭᠰᠢ ᠨᠠᠷ᠎ᠤᠨ 《ᠲᠦᠷᠪᠡᠨ ᠴᠢᠳᠠᠪᠣᠷᠢ》᠂ 《ᠭᠤᠷᠪᠠᠨ ᠪᠢᠷ ᠪᠢᠴᠢᠯᠭᠡ》 ᠵᠢ ᠳᠡᠭᠡᠭᠰᠢᠯᠡᠭᠦᠯᠬᠦ ᠠᠰᠠᠭᠤᠳᠠᠯ᠎ᠢ ᠠᠩᠬᠠᠷᠣᠯ᠎ᠳᠤ᠎ᠪᠠᠨ ᠠᠪᠬᠤ ᠬᠡᠷᠡᠭᠲᠡᠢ᠃ ᠠ᠋ᠨᠡ ᠲᠠᠯ᠎ᠠ ᠵᠢᠨ ᠠᠵᠢᠯ᠎ᠳᠤ ᠱᠠᠳᠤ ᠱᠠᠲᠦ᠎ᠪᠠᠷ ᠬᠠᠮᠵᠢᠯᠴᠠᠵᠣ᠂ ᠢᠯᠠᠩᠭᠤᠶ᠎ᠠ ᠠᠶ᠋ᠢᠮᠠᠭ ᠬᠤᠰᠢᠭᠤ ᠰᠣᠷᠭ᠋ᠠᠭᠤᠯᠢ ᠵᠢᠨ ᠲᠡᠰ᠎ᠤᠨ ᠬᠢᠴᠢᠶᠡᠯ ᠬᠦᠮᠦᠵᠢᠯ᠎ᠢ ᠰᠣᠳᠣᠯᠣᠨ ᠭᠦᠢ᠍ᠴᠡᠳᠭᠡᠵᠤ ᠪᠠᠶ᠋ᠢᠭ᠎ᠠ ᠪᠠᠭᠰᠢ ᠨᠠᠷ᠂ 《ᠨᠡᠷᠡᠳᠤ ᠪᠠᠭᠰᠢ ᠵᠢᠨ ᠠᠵᠢᠯ᠎ᠤᠨ ᠬᠠᠮᠳᠤᠯᠢᠬ》᠎ᠠᠴᠠ ᠨᠢᠭᠲᠠᠷᠠᠨ ᠠᠵᠢᠯᠯᠠᠪᠠᠯ 《ᠤᠨᠣᠯ ᠪᠠ ᠦᠢ᠍ᠯᠡᠳᠦᠯᠭᠡ》 ᠵᠢ ᠵᠤᠬᠢᠴᠠᠭᠤᠯᠬᠤ ᠠᠵᠢᠯ ᠤᠯᠠᠮ ᠠᠮᠵᠢᠯᠲᠠ᠎ᠲᠠᠢ ᠪᠣᠯᠵᠤ ᠴᠢᠳᠠᠬᠤ ᠶᠤᠮ᠃
                (ᠦᠭᠡᠯᠠᠳ ᠪᠠᠭ᠋ᠠᠳᠤᠷ ᠨᠠᠢ᠍ᠢ᠍ᠷᠠᠭᠤᠯᠪᠠ)

                 2018 ᠣᠨ᠎ᠤ 2 ᠳ᠋ᠤᠭ᠋ᠠᠷ ᠬᠤᠭᠤᠴᠠᠭ᠎ᠠ

ᠢᠷᠡᠯᠲᠡ᠄ ᠦᠪᠦᠷ ᠮᠣᠩᠭᠣᠯ᠎ᠤᠨ ᠦᠪᠡᠷᠲᠡᠭᠡᠨ ᠵᠠᠰᠠᠬᠤ ᠣᠷᠣᠨ᠎ᠤ ᠰᠤᠷᠭ᠋ᠠᠨ ᠬᠦᠮᠦᠵᠢᠯ᠎ᠤᠨ ᠲᠢᠩᠬᠢᠮ
          
ᠬᠠᠮᠢᠶ᠎ᠡ ᠪᠦᠬᠦᠢ ᠰᠣᠨᠢᠨ
ᠵᠢᠭ᠋ᠠᠬᠤ ᠰᠤᠷᠬᠤ ᠰᠣᠳᠤᠯᠬᠤ ᠵᠢᠨ ᠤᠴᠢᠷᠯᠠᠯ
ᠪᠠᠭ᠎ᠠ ᠰᠣᠷᠭ᠋ᠠᠭᠤᠯᠢ ᠵᠢᠨ ᠲᠣᠭ᠋ᠠᠨ᠎ᠤ ᠣᠬᠠᠭ᠋ᠠᠨ᠎ᠤ 《ᠭᠤᠷᠪᠠᠨ ᠠᠯᠬᠤᠮᠳᠣ ᠵᠢᠭ᠋ᠠᠬᠤ ᠠᠷᠭ᠎ᠠ》᠎ᠪᠠᠷ ᠬᠢᠴᠢᠶᠡᠯᠯᠡᠬᠦ ᠪᠣᠳᠠᠳᠣ ᠠᠷᠭ᠎ᠠ ᠪᠠᠷᠢᠯ᠎ᠤᠨ ᠲᠣᠷᠰᠢᠯᠭ᠎ᠠ ᠬᠤᠷᠠᠮᠳᠣᠭᠤᠯᠣᠯ
ᠮᠣᠩᠭᠤᠯ ᠵᠶ᠋ᠠᠷ ᠬᠢᠴᠢᠶᠡᠯᠯᠡᠬᠦ ᠪᠠᠭ᠎ᠠ ᠰᠤᠷᠭ᠋ᠠᠭᠤᠯᠢ ᠵᠢᠨ ᠬᠢᠴᠢᠶᠡᠯ ᠲᠦᠷᠦᠯ᠎ᠤᠨ ᠭᠣᠣᠯᠯᠠᠭᠴᠢ ᠪᠠᠭᠰᠢ ᠵᠢᠨ ᠲᠡᠭᠡᠳᠦ ᠵᠡᠷᠭᠡ ᠵᠢᠨ ᠪᠣᠯᠪᠠᠰᠤᠷᠠᠯ᠎ᠳᠤ ᠣᠷᠤᠯᠴᠠᠭᠰᠠᠨ ᠣᠯᠤᠯᠲᠠ ᠲᠦᠷᠦᠭᠳᠡᠯ
ᠰᠢᠯᠢᠳᠡᠭ ᠪᠠᠭᠰᠢ ᠵᠠᠪᠠᠯ ᠵᠢᠭ᠋ᠠᠨ ᠰᠤᠷᠭ᠋ᠠᠯᠳᠠ ᠵᠢᠨ ᠰᠤᠳᠤᠯᠭ᠋ᠠᠨ ᠬᠢᠵᠤ ᠴᠢᠳᠠᠭᠰᠠᠨ ᠪᠠᠢ᠍ᠢ᠍ᠬᠤ ᠭᠡᠷᠡᠭᠳᠠᠢ
ᠬᠢᠴᠢᠶᠡᠯ ᠲᠦᠷᠦᠯ᠎ᠤᠨ ᠦᠢ᠍ᠯᠡᠴᠢᠯᠡᠭᠡᠨ᠎ᠤ ᠲᠠᠪᠴᠠᠩ᠎ᠤᠨ ᠪᠦᠲᠦᠭᠡᠨ ᠪᠠᠶ᠋ᠢᠭᠤᠯᠣᠯᠲᠠ ᠲᠣᠮᠳᠠ ᠣᠷᠤᠰᠢᠵᠤ ᠪᠠᠶ᠋ᠢᠭ᠎ᠠ ᠠᠰᠠᠭᠤᠳᠠᠯ ᠵᠢᠴᠢ ᠰᠢᠢ᠍ᠳᠪᠤᠷᠢᠯᠡᠭᠦ ᠠᠷᠭ᠎ᠠ ᠪᠣᠳᠣᠯᠭ᠎ᠠ
 
             蒙ICP备05000248号