ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠰᠤᠷᠭᠠᠨ ᠬᠦᠮᠦᠵᠢᠯ᠎ᠤᠨ ᠬᠠᠨᠲᠤᠯᠭ᠎ᠠ
ᠰᠣᠨᠤᠷ᠎ᠤᠨ ᠲᠠᠪᠴᠠᠩ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠤᠷ᠎ᠤᠨ ᠲᠠᠪᠴᠠᠩ   -   ᠣᠷᠭᠢᠯ ᠪᠤᠯᠠᠭ
《ᠠᠨᠳᠠ》 ᠭᠡᠳᠡᠭ ᠦᠭᠡ ᠵᠢᠨ ᠲᠤᠬᠠᠢ ᠤᠴᠢᠷᠯᠠᠭ᠍ᠤ᠎ᠨᠢ
ᠨᠡᠶ᠋ᠢᠲᠡᠯᠡᠭᠰᠡᠨ ᠴᠠᠭ᠄ 2020-03-20

                                ᠤᠳᠤᠩᠭᠤᠸ᠎ᠠ   ᠦᠨᠳᠤᠰᠤ


     《ᠠᠨᠳᠠ》 ᠭᠡᠰᠡᠨ ᠦᠭᠡ ᠪᠤᠯ 《ᠨᠢᠭᠤᠴᠠ ᠲᠤᠪᠴᠢᠶᠠᠨ》᠎ᠳᠤ ᠲᠡᠮᠳᠡᠭᠯᠡᠰᠤᠳᠠᠢ ᠠ᠋ᠷᠳᠡᠨ᠎ᠤ ᠦᠭᠡ ᠶᠤᠮ᠃ ᠤᠳᠤ ᠪᠤᠯᠬᠤ᠎ᠳᠤ 《ᠠᠨᠳᠠ》 ᠭᠡᠰᠡᠨ ᠦᠭᠡᠨ᠎ᠤ ᠤᠳᠬ᠎ᠠ ᠪᠠᠯᠠᠷᠬᠠᠶ᠋ᠢᠰᠢᠵᠤ 《ᠠᠨᠳᠠ ᠨᠦᠬᠦᠳ》᠂ 《ᠠᠨᠳᠠ ᠨᠠᠶ᠋ᠢᠵᠠ》 ᠭᠡᠬᠦ ᠮᠡᠳᠤᠴᠢᠯᠡᠨ ᠬᠤᠯᠪᠤᠭ᠎ᠠ ᠦᠭᠡ᠎ᠪᠠᠷ ᠭᠡᠷᠡᠭᠯᠡᠬᠦ ᠲᠤᠬᠢᠶᠠᠯᠳᠤᠯ ᠤᠯᠠᠨ ᠪᠤᠯᠤᠭᠰᠠᠨ ᠪᠠᠶ᠋ᠢᠳᠠᠭ᠃ ᠦᠨᠡᠨ᠎ᠳᠤ᠎ᠪᠠᠨ 《ᠠᠨᠳᠠ》᠂ 《ᠨᠦᠬᠦᠷ》᠂ 《ᠨᠠᠶ᠋ᠢᠵᠠ》 ᠵᠢᠨ ᠬᠤᠭᠤᠷᠤᠨᠳᠤ ᠤᠳᠬ᠎ᠠ ᠵᠢᠨ ᠲᠤᠳᠤᠷᠬᠠᠢ ᠢᠯᠭ᠋ᠠᠭ᠎ᠠ᠎ᠲᠠᠢ ᠪᠠᠶ᠋ᠢᠳᠠᠭ᠃ 《ᠠᠨᠳᠠ》 ᠭᠡᠰᠡᠨ ᠦᠭᠡ ᠵᠢᠨ ᠬᠤᠪᠢ ᠵᠢᠨ ᠵᠢᠩ ᠪᠤᠯ 《ᠨᠠᠶ᠋ᠢᠵᠠ》 《ᠨᠦᠬᠦᠷ》᠎ᠠᠴᠠ ᠬᠤᠯᠠ ᠬᠦᠨᠳᠤ ᠶᠤᠮ᠃
      ᠴᠡᠪᠡᠯ᠎ᠤᠨ 《ᠮᠤᠩᠭᠤᠯ ᠬᠡᠯᠡᠨ᠎ᠤ ᠲᠠᠶ᠋ᠢᠯᠪᠤᠷᠢ ᠲᠤᠯᠢ》᠎ᠳᠤ 《ᠠᠨᠳᠠ ᠪᠤᠯᠤᠯᠴᠠᠭ᠍ᠤ》 ᠭᠡᠰᠡᠨ᠎ᠢ 《ᠲᠠᠩᠭ᠋ᠠᠷᠢᠭ ᠲᠠᠯᠪᠢᠬᠤ᠂ ᠪᠠᠷᠢᠯᠳᠤᠬᠤ》 ᠭᠡᠵᠤ ᠲᠠᠶ᠋ᠢᠯᠪᠤᠷᠢᠯᠠᠭᠰᠠᠨ ᠪᠠᠶ᠋ᠢᠳᠠᠭ᠃ ᠴᠡᠩᠭᠡᠯ᠎ᠤᠨ 《ᠮᠤᠩᠭᠤᠯ ᠶᠤᠰᠤ ᠵᠠᠩᠰᠢᠯ᠎ᠤᠨ ᠲᠤᠯᠢ》᠎ᠳᠤ᠄ 《ᠮᠤᠩᠭᠤᠯᠴᠤᠳ᠎ᠤᠨ ᠨᠢᠭᠡ ᠵᠠᠩᠰᠢᠯ᠎ᠨᠢ ᠠᠨᠳᠠ ᠪᠤᠯᠤᠯᠴᠠᠭ᠍ᠤ ᠶᠤᠰᠤ ᠶᠤᠮ᠃ ᠠ᠋ᠨᠡ ᠲᠠᠯ᠎ᠠ᠎ᠪᠠᠷ 〈ᠮᠤᠩᠭᠤᠯ᠎ᠤᠨ ᠨᠢᠭᠤᠴᠠ ᠲᠤᠪᠴᠢᠶᠠᠨ〉᠂ 〈ᠠᠯᠳᠠᠨ ᠲᠤᠪᠴᠢ〉 ᠵᠡᠷᠭᠡ ᠲᠡᠤᠭᠡ ᠵᠢᠨ ᠤᠭ ᠰᠤᠷᠪᠤᠯᠵᠢ ᠪᠢᠴᠢᠭ᠎ᠤᠳ᠎ᠲᠤ ᠪᠠᠷᠢᠮᠳᠠ ᠵᠢᠱ᠌ᠢᠶ᠎ᠡ ᠤᠯᠠᠨ ᠪᠠᠶ᠋ᠢᠳᠠᠭ᠃ ᠵᠢᠱ᠌ᠢᠶᠡᠯᠡᠪᠡᠯ᠂ ᠲᠡᠮᠤᠵᠢᠨ ᠵᠠᠮᠤᠬ᠎ᠠ ᠬᠤᠶᠠᠷ ᠤᠨᠤᠨ ᠮᠦᠷᠡᠨ᠎ᠤ ᠬᠦᠪᠡᠭᠡᠨ᠎ᠳᠤ ᠱᠠᠭ᠎ᠠ ᠰᠤᠯᠢᠯᠴᠠᠨ ᠠᠨᠳᠠ ᠪᠤᠯᠤᠯᠴᠠᠭᠰᠠᠨ ᠲᠡᠤᠭᠡ᠎ᠠᠴᠠ ᠦᠵᠡᠪᠡᠯ ᠰᠠᠶ᠋ᠢᠨ ᠠ᠋ᠷᠡᠴᠤᠳ᠂ ᠠᠩᠴᠢᠨ ᠬᠦᠷᠤᠭᠡᠴᠢᠨ ᠁ ᠠᠨᠳᠠ ᠪᠤᠯᠤᠯᠴᠠᠭ᠍ᠤ᠎ᠨᠢ ᠴᠦᠭᠡᠨ ᠦᠭᠡᠢ᠃ ᠲᠡᠭᠡᠵᠤ ᠠᠨᠳᠠ ᠪᠤᠯᠤᠯᠴᠠᠭ᠍ᠤ᠎ᠳᠤ᠎ᠪᠠᠨ ᠴᠠᠮᠴᠠ᠂ ᠪᠦᠰᠡ ᠪᠤᠶᠤ ᠬᠠᠶ᠋ᠢᠷᠠᠳᠠᠢ ᠪᠤᠳᠠᠰ ᠵᠶ᠋ᠠᠨ ᠰᠤᠯᠢᠯᠴᠠᠨ᠂ ᠦᠨᠢ ᠠ᠋ᠬᠦᠷᠢᠳᠡ ᠨᠦᠬᠦᠷᠯᠡᠬᠦ ᠵᠢ ᠠᠨᠳᠠᠭ᠋ᠠᠶ᠋ᠢᠯᠠᠨ ᠲᠠᠩᠭ᠋ᠠᠷᠢᠭ ᠲᠠᠯᠪᠢᠯᠴᠠᠳᠠᠭ ᠪᠠᠶ᠋ᠢᠨ᠎ᠠ》 ᠭᠡᠵᠤ ᠲᠡᠮᠳᠡᠭᠯᠡᠭᠰᠡᠨ ᠪᠠᠶ᠋ᠢᠳᠠᠭ᠃
     《ᠨᠢᠭᠤᠴᠠ ᠲᠤᠪᠴᠢᠶᠠᠨ》᠎ᠳᠤ᠄ 《ᠮᠡᠷᠬᠢᠳ᠎ᠢ ᠲᠠᠷᠤᠭᠰᠠᠨ᠎ᠤ ᠲᠠᠷᠠᠭ᠎ᠠ ᠲᠡᠮᠤᠵᠢᠨ ᠵᠠᠮᠤᠬ᠎ᠠ ᠬᠤᠶᠠᠷ᠂ ᠬᠤᠷᠬᠤᠨᠠᠭ᠎ᠤᠨ ᠬᠦᠨᠳᠠᠢ᠎ᠳᠤ ᠨᠡᠶ᠋ᠢᠯᠡᠨ ᠪᠠᠭᠤᠵᠤ᠂ ᠠ᠋ᠷᠳᠡᠨ᠎ᠤ ᠠᠨᠳᠠ ᠪᠤᠯᠤᠯᠴᠠᠭᠰᠠᠨ ᠵᠶ᠋ᠠᠨ ᠲᠤᠷᠠᠳᠴᠤ᠂ ᠤᠯᠠᠮ ᠲᠤᠳᠤᠨᠤ ᠪᠤᠯᠵᠤ ᠨᠠᠶ᠋ᠢᠷᠠᠮᠳᠤᠶ᠎ᠠ ᠭᠡᠮᠡᠯᠴᠡᠪᠡ᠃ ᠠᠩᠬ᠎ᠠ ᠤᠷᠢᠳᠤ ᠠᠨᠳᠠ ᠪᠤᠯᠤᠯᠴᠠᠭ᠍ᠤ᠎ᠳᠤ ᠲᠠᠮᠤᠵᠢᠨ ᠠᠷᠪᠠᠨ ᠨᠢᠭᠡᠨ ᠨᠠᠰᠤ᠎ᠲᠠᠢ ᠪᠠᠶ᠋ᠢᠪᠠ᠃ ᠲᠡᠷᠡ ᠴᠠᠭ᠎ᠲᠤ ᠵᠠᠮᠤᠬ᠎ᠠ ᠨᠢᠭᠡᠨ ᠭᠤᠷ᠎ᠠ ᠵᠢᠨ ᠱᠠᠭ᠎ᠠ ᠵᠢ ᠲᠡᠮᠤᠵᠢᠨ᠎ᠳᠤ ᠦᠭᠴᠤ᠂ ᠲᠡᠮᠤᠵᠢᠨ ᠨᠢᠭᠡᠨ ᠴᠢᠳᠬᠤᠮᠠᠯ ᠱᠠᠭ᠎ᠠ (ᠭᠤᠷᠠᠢ) ᠵᠢ ᠵᠠᠮᠤᠬ᠎ᠠ᠎ᠳᠤ ᠦᠭᠴᠤ ᠤᠨᠤᠨ ᠮᠦᠷᠡᠨ᠎ᠤ ᠮᠦᠰᠤᠨ ᠲᠡᠭᠡᠷ᠎ᠡ ᠱᠠᠭ᠋ᠠᠯᠴᠠᠨ ᠨᠠᠭ᠋ᠠᠳᠴᠤ ᠠᠨᠳᠠ ᠪᠤᠯᠤᠯᠴᠠᠪᠠ᠃ ᠲᠡᠬᠦᠨ᠎ᠤ ᠬᠤᠶ᠋ᠢᠳᠤ ᠬᠠᠪᠤᠷ ᠠᠯᠤᠩᠬᠢᠷ ᠰᠤᠮᠤ᠎ᠪᠠᠷ ᠬᠠᠷᠪᠤᠵᠤ ᠪᠦᠬᠦᠢ᠎ᠳᠤ ᠵᠠᠮᠤᠬ᠎ᠠ᠂ ᠪᠢᠷᠠᠭᠤ ᠵᠢᠨ ᠬᠤᠶᠠᠷ ᠡᠪᠡᠷ᠎ᠢ ᠨᠠᠭ᠋ᠠᠵᠤ ᠨᠦᠭᠡᠯᠡᠵᠤ ᠬᠢᠭᠰᠡᠨ ᠲᠠᠭᠤᠳᠤ ᠰᠤᠮᠤ (ᠭᠤᠳᠤᠯᠢ)᠎ᠪᠠᠨ ᠲᠡᠮᠤᠵᠢᠨ᠎ᠳᠤ ᠦᠭᠴᠤ᠂ ᠲᠡᠮᠤᠵᠢᠨ᠂ ᠠᠷᠴᠠ ᠮᠤᠳᠤᠨ ᠭᠤᠳᠤᠯᠢ᠎ᠪᠠᠨ ᠵᠠᠮᠤᠬ᠎ᠠ᠎ᠳᠤ ᠦᠭᠴᠤ ᠠᠨᠳᠠ ᠪᠤᠯᠤᠯᠴᠠᠪᠠ᠃ ᠬᠤᠶᠠᠷ ᠤᠳᠠᠭ᠎ᠠ ᠠᠨᠳᠠ ᠪᠤᠯᠤᠯᠴᠠᠭᠰᠠᠨ ᠶᠤᠰᠤᠨ ᠠ᠋ᠶ᠋ᠢᠮᠤ》 (116 ᠳ᠋ᠤᠭ᠋ᠠᠷ ᠵᠤᠶ᠋ᠢᠯ)
     《ᠠᠬᠠᠰ ᠲᠡᠭᠡᠳᠤᠰ᠎ᠤᠨ ᠦᠭᠡ ᠵᠢ ᠰᠤᠨᠤᠰᠪᠠᠰᠤ
      ᠠᠯᠢᠪᠠ ᠬᠦᠮᠤᠨ ᠬᠠᠷᠢᠯᠴᠠᠨ
      ᠠᠨᠳᠠ ᠨᠦᠬᠦᠷ ᠪᠤᠯᠤᠯᠴᠠᠪᠠᠯ
      ᠠᠮᠢ ᠪᠡᠶ᠎ᠡ᠎ᠳᠤ᠎ᠪᠠᠨ
      ᠠ᠋ᠷᠡᠴᠢ ᠪᠤᠯᠵᠤ
      ᠠᠯᠢ ᠠᠯᠢᠨ᠎ᠳᠤ᠎ᠪᠠᠨ ᠲᠦᠰᠢᠭ ᠪᠤᠯᠵᠤ
      ᠠᠮᠠᠷᠠᠭᠯᠠᠨ ᠬᠠᠨᠢᠯᠠᠭ᠍ᠤ ᠶᠤᠰᠤᠳᠠᠢ᠃ ᠤᠳᠤ ᠪᠢᠳᠡ ᠠᠮᠠᠷᠠᠭᠯᠠᠨ ᠶᠠᠪᠤᠶ᠎ᠠ ᠭᠡᠵᠤ ᠲᠡᠮᠤᠵᠢᠨ᠂ ᠮᠠᠷᠬᠢᠳ᠎ᠤᠨ ᠲᠤᠭᠳᠤᠭ᠎ᠠ᠎ᠠᠴᠠ ᠤᠯᠵᠠᠯᠠᠵᠤ ᠠᠪᠤᠭᠰᠠᠨ ᠠᠯᠳᠠᠨ ᠪᠦᠰᠡ᠎ᠪᠠᠨ ᠵᠠᠮᠤᠬ᠎ᠠ ᠠᠨᠳᠠ᠎ᠳᠤ ᠪᠦᠰᠡᠯᠡᠬᠦᠯᠵᠤ᠂ ᠲᠤᠭᠳᠤᠭ᠎ᠠ ᠵᠢᠨ ᠠ᠋ᠰᠭᠡᠯ (ᠠ᠋ᠷᠡᠮᠡᠭ ᠪᠤᠶᠤ ᠠᠭᠰᠤᠮ) ᠬᠠᠯᠢᠭᠤᠨ᠎ᠢ ᠵᠠᠮᠤᠬ᠎ᠠ ᠠᠨᠳᠠ᠎ᠳᠤ ᠤᠨᠤᠭᠤᠯᠪᠠ᠃ ᠵᠠᠮᠤᠬ᠎ᠠ ᠬᠠᠷᠢᠭᠤ᠎ᠳᠤ ᠤᠸᠠᠰ ᠮᠡᠷᠬᠢᠳ᠎ᠤᠨ ᠲᠠᠶ᠋ᠢᠷ ᠤᠰᠤᠨ᠎ᠠᠴᠠ ᠤᠯᠵᠠᠯᠠᠵᠤ ᠠᠪᠤᠭᠰᠠᠨ ᠠᠯᠳᠠᠨ ᠪᠦᠰᠡ᠎ᠪᠠᠨ ᠲᠡᠮᠤᠵᠢᠨ᠎ᠳᠤ ᠪᠦᠰᠡᠯᠡᠬᠦᠯᠵᠤ᠂ ᠮᠦᠨ ᠲᠠᠶ᠋ᠢᠷ ᠤᠰᠤᠨ᠎ᠤ ᠤᠨᠠᠭ᠋ᠠᠨ ᠴᠠᠭ᠋ᠠᠨ ᠮᠤᠷᠢ ᠵᠢ ᠲᠡᠮᠤᠵᠢᠨ᠎ᠳᠤ ᠤᠨᠤᠭᠤᠯᠪᠠ᠃ ᠠ᠋ᠶ᠋ᠢᠨ ᠬᠦ᠌ ᠠᠨᠳᠠ ᠪᠤᠯᠤᠯᠴᠠᠵᠤ
     《ᠬᠤᠷᠬᠤᠨᠠᠭ ᠵᠤᠪᠤᠷ᠎ᠤᠨ ᠬᠦᠨᠳᠠᠢ᠎ᠳᠤ
      ᠬᠤᠯᠳᠠᠭ᠋ᠠᠷ ᠬᠤᠨ᠎ᠤ ᠦᠪᠤᠷ᠎ᠲᠤ
      ᠰᠠᠭᠯᠠᠭ᠋ᠠᠷ ᠮᠤᠳᠤᠨ᠎ᠤ ᠲᠤᠳᠤᠷ᠎ᠠ
      ᠰᠠᠶ᠋ᠢᠬᠠᠨ ᠬᠤᠷᠢᠮ ᠦᠢ᠍ᠯᠡᠳᠴᠤ
      ᠰᠠᠶ᠋ᠢᠳᠤᠷ ᠪᠦᠵᠢᠭᠯᠡᠨ ᠵᠢᠷᠭ᠋ᠠᠵᠤ
      ᠰᠠᠨᠠᠭ᠎ᠠ ᠰᠡᠳᠬᠢᠯ ᠨᠢᠭᠡᠳᠴᠤ
      ᠰᠠᠶ᠋ᠢᠨ ᠨᠦᠬᠦᠳ ᠪᠤᠯᠤᠭ᠋ᠠᠳ
      ᠰᠦᠨᠢ ᠨᠢᠭᠡᠨ ᠬᠦᠨᠵᠢᠯᠡ᠎ᠳᠤ ᠤᠷᠤᠵᠤ ᠬᠤᠨᠤᠪᠠ》 (1117 ᠳ᠋ᠤᠭ᠋ᠠᠷ ᠵᠤᠶ᠋ᠢᠯ) ᠭᠡᠵᠤ ᠨᠠᠷᠢᠨ ᠨᠠᠷᠢᠨ ᠲᠡᠮᠳᠡᠭᠯᠡᠵᠡᠢ᠃ ᠵᠠᠮᠤᠬ᠎ᠠ ᠴᠢᠩᠬᠢᠰ᠎ᠠᠴᠠ ᠬᠠᠭ᠋ᠠᠴᠠᠨ᠂ ᠲᠠᠶ᠋ᠢᠰᠤᠩᠨᠠᠭ᠋ᠠᠳ ᠡᠴᠤᠰ ᠲᠤ᠎ᠪᠠᠨ ᠲᠤᠤᠷᠠᠬᠢ ᠬᠦᠮᠤᠰ᠎ᠲᠤ᠎ᠪᠠᠨ ᠪᠠᠷᠢᠭᠳᠠᠨ ᠴᠢᠩᠬᠢᠰ᠎ᠲᠤ ᠬᠦᠷᠭᠡᠭᠳᠡᠨ ᠢᠷᠡᠬᠦ᠎ᠳᠤ᠎ᠪᠠᠨ
     《ᠠᠨᠳᠠ ᠨᠦᠬᠦᠷ ᠮᠢᠨᠢ ᠰᠤᠶᠤᠷᠬᠠᠵᠤ
      ᠠᠮᠢ ᠵᠢ ᠮᠢᠨᠢ ᠦᠳᠳᠡᠷ ᠲᠤᠨᠢᠯᠭ᠋ᠠᠪᠠᠯ
      ᠠᠷᠢᠭᠤᠨ ᠵᠢᠷᠤᠭᠡ ᠴᠢᠨᠢ ᠠᠮᠠᠷᠠᠵᠤ
      ᠠᠮᠤᠭᠤᠯᠠᠩ ᠵᠢᠷᠭ᠋ᠠᠬᠤ ᠪᠤᠯᠤᠨ᠎ᠠ᠃
      ᠠᠨᠳᠠ ᠴᠢ ᠰᠤᠶᠤᠷᠬᠠᠵᠤ
      ᠠᠰᠬᠠᠷᠠᠭ᠍ᠤ ᠴᠢᠰᠤ ᠵᠢ ᠭᠠᠷᠭ᠋ᠠᠯ ᠦᠭᠡᠢ
      ᠠᠯᠠᠭᠤᠯᠵᠤ ᠦᠷᠤᠰᠢᠶᠡ ᠨᠠᠮ᠎ᠠ ᠵᠢ》 ᠭᠡᠵᠤ ᠦᠬᠦᠯᠡᠭᠰᠡᠨ ᠪᠠᠶ᠋ᠢᠳᠠᠭ᠃ ᠵᠠᠮᠤᠬ᠎ᠠ ᠵᠢᠨ ᠬᠤᠪᠢ᠎ᠳᠤ ᠠᠪᠴᠤ ᠬᠡᠯᠡᠪᠡᠯ ᠠ᠋ᠨᠡ ᠪᠤᠯ ᠠᠨᠳᠠ᠎ᠳᠤ᠎ᠪᠠᠨ ᠭᠤᠷᠪᠠ ᠤᠳᠠᠭ᠎ᠠ ᠭᠤᠮᠤᠳᠠᠭᠰᠠᠨ ᠶᠠᠪᠤᠳᠠᠯ᠎ᠨᠢ ᠪᠤᠳᠠᠳᠤ ᠪᠠᠶ᠋ᠢᠳᠠᠯ᠎ᠳᠤ ᠦᠯᠤ ᠨᠡᠶ᠋ᠢᠴᠡᠭᠰᠡᠨ ᠵᠶ᠋ᠠᠨ ᠰᠡᠷᠡᠵᠤ ᠤᠬᠠᠭ᠋ᠠᠷᠠᠭᠰᠠᠨ ᠪᠦᠭᠡᠳ ᠲᠡᠮᠤᠵᠢᠨ᠎ᠤ ᠬᠤᠪᠢ᠎ᠳᠤ ᠠᠨᠳᠠ᠎ᠳᠤ᠎ᠪᠠᠨ ᠰᠡᠵᠢᠭ ᠠᠵᠢᠭ ᠲᠦᠷᠤᠬᠦᠯᠦᠭᠰᠡᠨ ᠵᠶ᠋ᠠᠨ ᠮᠡᠳᠡᠷᠡᠭᠰᠡᠨ ᠤᠴᠢᠷ ᠪᠤᠯᠬᠤ ᠶᠤᠮ᠃ ᠨᠦᠬᠦᠭᠡ ᠲᠠᠯ᠎ᠠ᠎ᠪᠠᠷ 《ᠴᠢᠰᠤ ᠦᠵᠡᠬᠦᠯᠬᠦ ᠦᠭᠡᠢ᠎ᠪᠠᠷ ᠦᠬᠦᠬᠦᠯᠬᠦ》 ᠭᠡᠳᠡᠭ ᠪᠤᠯ ᠵᠠᠮᠤᠬ᠎ᠠ᠎ᠠᠴᠠ ᠦᠪᠡᠷ᠎ᠢ᠎ᠪᠠᠨ ᠲᠠᠩᠭ᠋ᠠᠷᠢᠭ ᠡᠪᠳᠡᠭᠰᠡᠨ ᠦᠭᠡᠢ ᠭᠡᠳᠡᠭ ᠵᠶ᠋ᠠᠨ ᠪᠠᠳᠤᠯᠠᠭᠰᠠᠨ ᠮᠦᠷᠳᠡᠭᠡᠨ ᠲᠡᠮᠤᠵᠢᠨ ᠴᠤ᠌ ᠲᠡᠭᠡᠵᠤ ᠦᠬᠦᠬᠦᠯᠬᠦ ᠵᠢ ᠵᠦᠪᠰᠢᠶᠡᠷᠡᠭᠰᠡᠨ᠎ᠨᠢ ᠵᠠᠮᠤᠬ᠎ᠠ ᠠᠨᠳᠠ ᠲᠠᠩᠭ᠋ᠠᠷᠢᠭ ᠠᠯᠳᠠᠭᠰᠠᠨ ᠦᠭᠡᠢ ᠭᠡᠳᠡᠭ᠎ᠢ ᠮᠡᠳᠡᠷᠡᠭᠰᠡᠨ ᠶᠠᠪᠤᠳᠠᠯ ᠪᠤᠯᠬᠤ ᠶᠤᠮ᠃
      ᠶᠡᠷᠤ ᠵᠢᠨ ᠦᠭᠡᠨ᠎ᠳᠤ 《ᠠᠨᠳᠠ ᠬᠦᠮᠤᠨ᠎ᠤ ᠠᠮᠢ᠎ᠨᠢ ᠨᠢᠭᠡ》 ᠭᠡᠵᠤ ᠪᠠᠶ᠋ᠢᠳᠠᠭ᠃ ᠮᠤᠩᠭᠤᠯ ᠶᠤᠰᠤᠨ᠎ᠳᠤ ᠠ᠋ᠩ᠎ᠤᠨ ᠪᠠᠶ᠋ᠢᠳᠠᠯ᠎ᠳᠤ ᠪᠦᠰᠡ᠎ᠪᠠᠨ ᠬᠦᠮᠤᠨ᠎ᠳᠤ ᠦᠭᠬᠦ ᠪᠤᠶᠤ ᠰᠤᠯᠢᠯᠴᠠᠳᠠᠭ ᠦᠭᠡᠢ ᠶᠤᠮ᠃ ᠤᠴᠢᠷ᠎ᠨᠢ ᠡᠷ᠎ᠡ ᠬᠦᠮᠤᠨ᠎ᠤ ᠪᠦᠰᠡᠨ᠎ᠳᠤ ᠭᠡᠶ᠋ᠢᠮᠤᠷᠢ ᠰᠦᠯᠳᠡ ᠪᠤᠶᠤ ᠰᠦᠨᠡᠰᠤ ᠮᠦᠷ᠎ᠨᠢ ᠤᠷᠤᠰᠢᠳᠠᠭ ᠭᠡᠳᠡᠭ᠃ ᠢᠩᠬᠢᠵᠤ ᠮᠦᠷᠳᠡᠪᠡᠯ ᠲᠡᠮᠤᠵᠢᠨ ᠵᠠᠮᠤᠬ᠎ᠠ ᠪᠤᠯ ᠰᠦᠭ ᠰᠦᠨᠡᠰᠤ᠎ᠪᠠᠨ ᠬᠦᠷᠳᠡᠯ᠎ᠡ ᠰᠤᠯᠢᠯᠴᠠᠵᠤ᠂ ᠬᠠᠭ᠋ᠠᠴᠠᠵᠤ ᠪᠤᠯᠤᠰᠢ ᠦᠭᠡᠢ ᠠᠮᠢᠨ᠎ᠳᠤ ᠤᠷᠤᠭᠰᠠᠨ ᠠᠨᠳᠠ ᠭᠡᠳᠡᠭ᠎ᠨᠢ ᠵᠠᠶ᠋ᠢᠯᠠᠰᠢ ᠦᠭᠡᠢ᠃ ᠭᠡᠷᠪᠡ ᠲᠠᠩᠭ᠋ᠠᠷᠢᠭ ᠠᠯᠳᠠᠪᠠᠯ ᠰᠤᠯᠢᠯᠴᠠᠭᠰᠠᠨ ᠬᠢᠳᠤᠭ᠎ᠠ᠂ ᠰᠤᠮᠤᠨ᠎ᠤ᠎ᠪᠠᠨ ᠲᠤᠤᠷ᠎ᠠ ᠠᠮᠢ᠎ᠪᠠᠨ ᠦᠭᠳᠡᠭ ᠬᠠᠳᠠᠭᠤ ᠶᠤᠰᠤ᠎ᠲᠠᠢ᠃ ᠲᠡᠮᠤᠵᠢᠨ ᠵᠠᠮᠤᠬ᠎ᠠ ᠵᠢᠨ ᠨᠢᠭᠤᠴᠠ ᠦᠭᠡᠨ᠎ᠤ ᠤᠳᠬ᠎ᠠ ᠵᠢ ᠤᠯᠵᠤ ᠶᠠᠳᠠᠨ ᠦᠭᠡ ᠲᠠᠭᠤᠨ ᠦᠭᠡᠢ ᠰᠠᠯᠵᠤ ᠤᠳᠤᠭᠰᠠᠨ ᠪᠡ ᠤᠳᠠᠯ ᠦᠭᠡᠢ 《ᠴᠢᠩᠬᠢᠰ》 ᠴᠤᠯᠠ᠎ᠲᠠᠢ ᠬᠠᠨ ᠪᠤᠯᠤᠭᠰᠠᠨ ᠶᠠᠪᠤᠳᠠᠯ᠎ᠳᠤ ᠰᠡᠵᠢᠭ ᠲᠦᠷᠤᠵᠤ ᠪᠠᠶ᠋ᠢᠭᠰᠠᠨ ᠵᠠᠮᠤᠬ᠎ᠠ᠎ᠳᠤ᠂ ᠠᠳᠤᠭᠤ ᠲᠠᠭᠤᠭᠰᠠᠨ ᠤᠴᠢᠷ᠎ᠲᠤ ᠲᠠᠶ᠋ᠢᠴᠢᠷ ᠲᠡᠬᠦᠤ᠎ᠪᠠᠨ ᠠᠯᠤᠭᠤᠯᠤᠭᠰᠠᠨ ᠶᠠᠪᠤᠳᠠᠯ᠎ᠨᠢ ᠠᠨᠳᠠ ᠲᠡᠮᠤᠵᠢᠨ᠎ᠳᠤ ᠨᠢᠭᠡᠮᠤᠰᠤᠨ ᠰᠡᠳᠬᠢᠯ ᠠᠯᠳᠠᠵᠤ 《ᠲᠠᠩᠭ᠋ᠠᠷᠢᠭ ᠠᠰᠠᠭᠤᠬᠤ》᠂ 《ᠠᠨᠳᠠᠭ᠋ᠠᠢ ᠨᠡᠭᠡᠬᠦ》 ᠲᠠᠶ᠋ᠢᠨ ᠠ᠋ᠬᠦᠰᠭᠡᠭᠰᠡᠨ ᠶᠤᠮ᠃ ᠵᠠᠮᠤᠬ᠎ᠠ᠂ ᠲᠡᠮᠤᠵᠢᠨ᠎ᠤ ᠬᠤᠭᠤᠷᠤᠨᠳᠤᠬᠢ ᠲᠠᠶ᠋ᠢᠨ ᠪᠤᠯ ᠦᠰᠢᠶᠡᠳᠡᠨ ᠲᠠᠶ᠋ᠢᠰᠤᠨ᠎ᠤ ᠲᠠᠶ᠋ᠢᠨ ᠪᠢᠰᠢ᠂ ᠬᠠᠷᠢᠨ 《ᠲᠠᠩᠭ᠋ᠠᠷᠢᠭ ᠠᠰᠠᠭᠤᠬᠤ》᠂ 《ᠠᠨᠳᠠᠭ᠋ᠠᠢ ᠨᠡᠭᠡᠬᠦ》 ᠲᠠᠶ᠋ᠢᠨ ᠭᠡᠳᠡᠭ᠎ᠢ ᠮᠡᠳᠡᠬᠦ ᠭᠡᠷᠡᠭᠳᠠᠢ᠃ ᠲᠠᠷᠤᠢ ᠬᠤᠶᠠᠷ ᠠᠨᠳᠠ ᠵᠢᠨ ᠠᠳᠡᠬᠦᠤ ᠤᠶ᠋ᠢᠯᠠᠭ᠋ᠠᠯᠳᠠ᠎ᠠᠴᠠ ᠠ᠋ᠬᠦᠰᠦᠭᠰᠡᠨ ᠲᠠᠶ᠋ᠢᠨ ᠪᠤᠯᠬᠤ ᠶᠤᠮ᠃
      ᠴᠢᠩᠬᠢᠰ ᠪᠤᠭᠳᠠ᠄ 《ᠠᠯᠢᠪᠠ ᠬᠦᠮᠤᠨ ᠬᠠᠷᠢᠯᠴᠠᠨ ᠠᠨᠳᠠ ᠪᠤᠯᠤᠯᠴᠠᠪᠠᠰᠤ ᠶᠤᠰᠤᠳᠠᠢ ᠠᠮᠢ ᠪᠡᠶ᠎ᠡ᠎ᠳᠤ᠎ᠪᠠᠨ ᠠᠷᠠᠰᠤ ᠪᠤᠯᠵᠤ᠂ ᠠᠯᠢ ᠠᠯᠢᠨ᠎ᠳᠤ᠎ᠪᠠᠨ ᠲᠦᠰᠢᠭ ᠪᠤᠯᠵᠤ ᠶᠠᠪᠤᠬᠤ ᠴᠢᠬᠤᠯᠠᠳᠠᠢ》 ᠭᠡᠵᠤ ᠰᠤᠷᠭ᠋ᠠᠭᠰᠠᠨ ᠶᠤᠮ᠃ ᠲᠡᠤᠭᠡᠨ ᠲᠡᠭᠡᠷ᠎ᠡ ᠲᠡᠮᠤᠵᠢᠨ ᠪᠤᠭᠤᠷᠴᠤ ᠬᠤᠶᠠᠷ ᠰᠡᠩᠬᠦᠷ ᠭᠤᠷᠤᠬᠠᠨ᠎ᠤ ᠬᠦᠪᠡᠭᠡᠨ᠎ᠳᠤ ᠠᠨᠳᠠ ᠪᠤᠯᠤᠯᠴᠠᠨ᠂ ᠨᠢᠭᠡ ᠨᠠᠰᠤᠨ᠎ᠤ ᠬᠤᠪᠢ ᠵᠠᠶᠠᠭ᠎ᠠ᠎ᠪᠠᠨ ᠬᠠᠮᠳᠤᠳᠬᠠᠵᠤ᠂ ᠪᠤᠭᠤᠷᠴᠤ ᠦᠬᠦᠨ ᠦᠬᠦᠳᠡᠯ᠎ᠡ ᠠᠨᠳᠠ ᠵᠢᠨ ᠵᠢᠷᠤᠮ᠎ᠢ ᠠ᠋ᠷᠬᠢᠮᠯᠡᠨ ᠴᠢᠩᠬᠢᠰ᠎ᠤᠨ ᠦᠢ᠍ᠯᠡᠰ᠎ᠲᠤ ᠵᠢᠳᠬᠦᠭᠰᠡᠨ ᠪᠠᠶ᠋ᠢᠳᠠᠭ᠃ 《ᠠᠬᠳᠠ ᠵᠢᠨ ᠰᠠᠶ᠋ᠢᠨ᠎ᠢ ᠤᠨᠤᠨ ᠪᠠᠶ᠋ᠢᠵᠤ ᠮᠡᠳᠡᠨ᠎ᠡ᠂ ᠠᠨᠳᠠ ᠵᠢᠨ ᠰᠠᠶ᠋ᠢᠨ᠎ᠢ ᠬᠠᠨᠢᠯᠠᠨ ᠪᠠᠶ᠋ᠢᠵᠤ ᠮᠡᠳᠡᠨ᠎ᠡ》 ᠭᠡᠵᠤ ᠶᠤᠰᠤᠳᠠᠢ ᠠ᠋ᠬᠦᠨ᠎ᠢ ᠬᠡᠯᠡᠨ᠎ᠡ᠃
      ᠤᠷᠤᠰ᠎ᠤᠨ ᠲᠡᠤᠭᠡᠴᠢᠨ ᠸᠠᠯᠳᠢᠮᠢᠷᠽᠤᠸ ᠵᠢᠨ 《ᠮᠤᠩᠭᠤᠯ᠎ᠤᠨ ᠨᠡᠶ᠋ᠢᠭᠡᠮ᠎ᠤᠨ ᠪᠠᠶ᠋ᠢᠭᠤᠯᠤᠯ᠎ᠤᠨ ᠲᠡᠤᠭᠡ》᠎ᠳᠤ᠄ 《ᠬᠦᠴᠦᠷᠭᠡᠭ ᠶᠡᠭᠡ ᠤᠶ᠋ᠢᠷᠠᠳ᠎ᠤᠨ ᠡᠵᠡᠨ ᠨᠤᠶᠠᠨ ᠪᠠᠭ᠋ᠠᠳᠤᠷ ᠬᠤᠭ ᠲᠠᠶ᠋ᠢᠵᠢ ᠤᠶ᠋ᠢᠷᠠᠳ᠎ᠤᠨ ᠨᠢᠭᠡᠨ ᠸᠠᠩ᠎ᠳᠤ ᠵᠠᠷᠢᠮ ᠬᠦᠮᠤᠰ᠎ᠢ ᠭᠠᠷᠭ᠋ᠠᠵᠤ ᠦᠭ ᠭᠡᠵᠤ ᠵᠠᠷᠯᠢᠭ ᠪᠤᠯᠤᠭᠰᠠᠠᠨ᠎ᠳᠤ 〈ᠠᠨᠳᠠ᠎ᠪᠠᠨ ᠭᠠᠷᠭ᠋ᠠᠵᠤ ᠦᠭᠪᠡᠯ ᠪᠢ ᠠᠮᠢᠳᠤ ᠶᠠᠪᠤᠭ᠋ᠠᠳ ᠶᠠᠭᠤ ᠬᠢᠬᠦ ᠪᠤᠢ (415)〉 ᠭᠡᠵᠤ ᠬᠠᠷᠢᠭᠤᠯᠵᠠᠢ》 ᠭᠡᠵᠤ ᠲᠡᠮᠳᠡᠭᠯᠡᠵᠤ ᠪᠤᠢ᠃ ᠠ᠋ᠳᠡᠭᠡᠷ᠎ᠠᠴᠠ ᠪᠢᠳᠡ ᠠᠨᠳᠠ ᠪᠤᠯᠵᠤ ᠠᠨᠳᠠᠭ᠋ᠠᠢ ᠲᠠᠯᠪᠢᠬᠤ ᠵᠢᠨ ᠤᠴᠢᠷ ᠤᠳᠬ᠎ᠠ ᠵᠢ ᠤᠶ᠋ᠢᠯᠠᠭ᠋ᠠᠵᠤ ᠪᠤᠯᠬᠤ ᠶᠤᠮ᠃
    《ᠨᠦᠬᠦᠷ》 ᠭᠡᠳᠡᠭ ᠪᠤᠯ 《ᠬᠠᠮᠳᠤ ᠵᠢᠨ ᠬᠦᠰᠡᠯᠡᠩ ᠪᠤᠶᠤ ᠶᠠᠮᠠᠷ ᠨᠢᠭᠡᠨ ᠦᠢ᠍ᠯᠡᠰ᠎ᠤᠨ ᠲᠦᠯᠤᠭᠡ ᠲᠡᠮᠡᠴᠡᠭᠰᠡᠳ᠎ᠤᠨ ᠨᠡᠷᠡᠶ᠋ᠢᠳᠤᠯ》 ᠪᠤᠶᠤ 《ᠡᠷ᠎ᠡ ᠡᠮ᠎ᠡ ᠬᠤᠶᠠᠷ᠎ᠤᠨ ᠬᠠᠷᠢᠴᠠᠭ᠋ᠠᠨ᠎ᠤ ᠨᠡᠷ᠎ᠡ》 ᠪᠤᠯᠤᠨ᠎ᠠ᠃ ᠠᠷᠠᠳ᠎ᠤᠨ ᠦᠭᠡᠨ᠎ᠳᠤ᠄ 《ᠨᠦᠬᠦᠷ᠎ᠢ᠎ᠨᠢ ᠨᠦᠬᠦᠷ ᠵᠶ᠋ᠠᠷ᠎ᠨᠢ ᠰᠢᠨᠵᠢ》᠂ 《ᠨᠦᠬᠦᠷ ᠵᠶ᠋ᠠᠨ ᠦᠵᠡᠵᠤ ᠰᠤᠷ᠂ ᠰᠡᠬᠦᠳᠡᠷ ᠵᠶ᠋ᠠᠨ ᠦᠵᠡᠵᠤ ᠵᠠᠰᠠ》᠂ 《ᠨᠦᠬᠦᠷ᠎ᠤᠨ ᠮᠠᠭᠤ᠎ᠪᠠᠷ ᠨᠦᠭᠡᠨ᠎ᠳᠤ ᠤᠨᠠᠨ᠎ᠠ᠂ ᠨᠦᠬᠦᠴᠡᠯ᠎ᠤᠨ ᠮᠠᠭᠤ᠎ᠪᠠᠷ ᠲᠠᠮᠤ᠎ᠳᠤ ᠤᠨᠠᠨ᠎ᠠ》 《ᠰᠠᠶ᠋ᠢᠨ᠎ᠲᠠᠢ ᠨᠦᠬᠦᠷᠯᠡᠪᠡᠯ ᠰᠠᠷᠠᠨ᠎ᠤ ᠭᠡᠷᠡᠯ᠂ ᠮᠠᠭᠤ᠎ᠲᠠᠢ ᠨᠦᠬᠦᠷᠯᠡᠪᠡᠯ ᠮᠤᠭ᠋ᠠᠢ ᠵᠢᠨ ᠬᠤᠤᠷ》 ᠭᠡᠬᠦ ᠮᠡᠳᠤ ᠵᠢᠨ ᠨᠦᠬᠦᠷ᠎ᠲᠠᠢ ᠬᠤᠯᠪᠤᠭ᠎ᠠ ᠪᠦᠬᠦᠢ ᠵᠤᠶ᠋ᠢᠷ ᠰᠡᠴᠡᠨ ᠦᠭᠡ ᠲᠤᠩ ᠤᠯᠠᠨ ᠪᠠᠶ᠋ᠢᠳᠠᠭ᠃ 《ᠮᠤᠩᠭᠤᠯ᠎ᠤᠨ ᠨᠢᠭᠤᠴᠠ ᠲᠤᠪᠴᠢᠶᠠᠨ》᠎ᠳᠤ᠄ 《ᠸᠠᠩ ᠬᠠᠨ ᠨᠠᠳᠠ᠎ᠠᠴᠠ ᠨᠡᠩ ᠴᠠᠭ᠋ᠠᠰᠢ ᠠᠵᠤᠭᠤ᠃ ᠴᠠᠭᠳᠤ ᠨᠦᠬᠦᠷ ᠪᠤᠶᠤ᠃ ᠠᠨᠳᠠ᠎ᠳᠤᠷ ᠬᠡᠯᠡ ᠤᠷᠤᠭᠤᠯᠤᠶ᠎ᠠ》 (166-167 ᠳ᠋ᠤᠭᠡᠷ ᠵᠤᠶ᠋ᠢᠯ) ᠭᠡᠵᠤ 《ᠬᠠᠯᠠ ᠬᠠᠯᠵᠢᠳ᠎ᠤᠨ ᠬᠠᠳᠬᠤᠯᠳᠤᠭ᠋ᠠᠨ》᠎ᠤ ᠦᠶ᠎ᠡ ᠵᠢᠨ ᠵᠠᠮᠤᠬ᠎ᠠ ᠵᠢᠨ ᠦᠭᠡ ᠵᠢ ᠲᠡᠮᠳᠡᠭᠯᠡᠭᠰᠡᠨ ᠪᠠᠶ᠋ᠢᠳᠠᠭ᠃ 《ᠴᠠᠭᠳᠤ ᠨᠦᠬᠦᠷ》 ᠭᠡᠳᠡᠭ᠎ᠨᠢ 《ᠲᠦᠷ ᠴᠠᠭ᠎ᠤᠨ᠂ ᠶᠠᠯᠢᠬᠤ ᠦᠭᠡᠢ》 ᠭᠡᠰᠡᠨ ᠰᠠᠨᠠᠭ᠎ᠠ᠎ᠲᠠᠢ᠂ ᠠ᠋ᠬᠦᠨᠴᠡ ᠦᠵᠡᠪᠡᠯ ᠨᠦᠬᠦᠷ᠎ᠲᠤ ᠰᠠᠶ᠋ᠢᠨ ᠨᠦᠬᠦᠷ᠂ ᠮᠠᠭᠤ ᠨᠦᠬᠦᠷ ᠭᠡᠵᠤ ᠪᠠᠶ᠋ᠢᠳᠠᠭ᠃ ᠮᠤᠩᠭᠤᠯᠴᠤᠳ ᠦᠪᠡᠷ ᠵᠶ᠋ᠠᠨ ᠨᠦᠬᠦᠷ ᠰᠤᠩᠭᠤᠬᠤ ᠪᠠᠶ᠋ᠢᠳᠤᠭ᠋ᠠᠢ ᠭᠡᠤᠭᠡᠳ᠎ᠤᠨ ᠵᠶ᠋ᠠᠨ ᠨᠦᠬᠦᠷᠯᠡᠵᠤ ᠪᠠᠶ᠋ᠢᠭ᠎ᠠ ᠬᠠᠨᠢ ᠨᠠᠶ᠋ᠢᠵᠠ᠎ᠶᠢ᠎ᠨᠢ ᠴᠤ᠌ ᠶᠡᠭᠡᠳᠡ ᠠᠩᠬᠠᠷᠴᠤ 《ᠨᠢᠭᠤᠷ᠎ᠢ᠎ᠨᠢ ᠰᠢᠨᠵᠢᠬᠦ᠎ᠪᠠᠷ ᠨᠦᠬᠦᠷ᠎ᠢ᠎ᠨᠢ ᠰᠢᠨᠵᠢ᠂ ᠬᠦᠨᠡᠰᠤ ᠵᠢ᠎ᠨᠢ ᠰᠢᠨᠵᠢᠬᠦ᠎ᠪᠠᠷ ᠬᠤᠳᠳᠤᠭ᠎ᠢ᠎ᠨᠢ ᠰᠢᠨᠵᠢ》 ᠭᠡᠵᠤ᠂ ᠰᠡᠴᠡᠨ ᠰᠡᠷᠬᠦᠯᠡᠩ ᠤᠬᠠᠭ᠋ᠠᠯᠢᠭ ᠲᠤᠮᠤᠭ᠎ᠠ᠎ᠲᠠᠢ ᠬᠡᠤᠬᠡᠳ᠎ᠯᠦᠭᠡ ᠨᠦᠬᠦᠷᠯᠡᠵᠤ ᠪᠠᠶ᠋ᠢᠪᠠᠯ ᠪᠠᠶᠠᠷᠯᠠᠵᠤ᠂ ᠪᠦᠳᠤᠯ ᠦᠭᠡᠢ ᠬᠡᠤᠬᠡᠳ᠎ᠲᠠᠢ ᠦᠶᠡᠷᠭᠡᠵᠤ ᠪᠠᠶ᠋ᠢᠪᠠᠯ ᠰᠡᠷᠡᠮᠵᠢᠯᠡᠬᠦᠯᠵᠤ᠂ ᠠᠯᠢ ᠪᠤᠯᠬᠤᠷ ᠠ᠋ᠷᠳᠡᠭᠡᠨ ᠰᠠᠯᠭ᠋ᠠᠵᠤ ᠵᠠᠶ᠋ᠢᠳᠠᠭᠤᠯᠬᠤ᠎ᠪᠠᠷ ᠤᠷᠤᠯᠳᠤᠳᠠᠭ᠃ ᠮᠤᠩᠭᠤᠯᠴᠤᠳ᠎ᠤᠨ ᠤᠯᠠᠮᠵᠢᠯᠠᠯᠳᠤ ᠭᠡᠷ᠎ᠤᠨ ᠰᠤᠷᠭ᠋ᠠᠯ᠎ᠳᠤ 《ᠨᠡᠬᠦᠷᠡᠰᠤ ᠪᠠᠷᠢᠪᠠᠯ ᠭᠠᠷ ᠵᠶ᠋ᠠᠨ ᠬᠦᠳᠡᠬᠦ᠎ᠨᠢ ᠵᠦᠪ᠂ ᠨᠦᠬᠦᠷ ᠮᠠᠭᠤᠳᠠᠢ ᠶᠠᠪᠤᠪᠠᠯ ᠨᠦᠭᠡᠨ᠎ᠳᠤ ᠤᠨᠠᠭ᠍ᠤ᠎ᠨᠢ ᠯᠠᠪ》 ᠭᠡᠵᠤ ᠪᠦᠳᠤᠯ ᠦᠭᠡᠢ ᠬᠡᠤᠬᠡᠳ᠎ᠲᠠᠢ ᠤᠳᠠᠭ᠋ᠠᠨ ᠨᠠᠶ᠋ᠢᠵᠠᠯᠠᠭᠰᠠᠨ ᠬᠡᠤᠬᠡᠳ ᠯᠠᠪ ᠪᠦᠳᠤᠯ ᠦᠭᠡᠢ ᠪᠤᠯᠤᠨ᠎ᠠ ᠭᠡᠵᠤ ᠦᠵᠡᠳᠡᠭ᠃ ᠠ᠋ᠶ᠋ᠢᠮᠤ᠎ᠠᠴᠠ ᠬᠡᠤᠬᠡᠳ ᠵᠶ᠋ᠠᠨ ᠠᠯᠢ ᠴᠢᠳᠠᠭ᠍ᠤ᠎ᠪᠠᠷ 《ᠬᠠᠶᠠᠭ᠎ᠠ ᠰᠠᠶ᠋ᠢᠳᠠᠢ》 ᠠᠶ᠋ᠢᠯ᠎ᠤᠨ ᠬᠡᠤᠬᠡᠳ᠎ᠲᠠᠢ ᠤᠶ᠋ᠢᠷᠠᠳᠤᠭᠤᠯᠬᠤ ᠵᠢ ᠪᠤᠳᠤᠳᠠᠭ᠃
    《ᠨᠠᠶ᠋ᠢᠵᠠ》 ᠵᠢ 《ᠨᠠᠶ᠋ᠢᠵᠠ ᠨᠦᠬᠦᠷ》 《ᠨᠠᠶ᠋ᠢᠵᠠ ᠨᠠᠶ᠋ᠢᠭ᠋ᠠᠨ》 ᠭᠡᠵᠤ ᠰᠠᠨᠠᠭ᠎ᠠ ᠰᠡᠳᠬᠢᠯ ᠲᠠᠭ᠋ᠠᠷᠠᠭᠰᠠᠨ᠂ ᠬᠤᠪᠢ ᠢᠷᠤᠭᠡᠯ ᠵᠤᠬᠢᠴᠠᠭᠰᠠᠨ ᠬᠦᠮᠤᠨ᠎ᠳᠤ ᠭᠡᠷᠡᠭᠯᠡᠳᠡᠭ᠃ ᠲᠠᠷᠤᠢ ᠬᠠᠷᠢᠯᠴᠠᠨ ᠢᠵᠢᠯᠢᠰᠢᠨ ᠨᠦᠬᠦᠷᠯᠡᠭᠰᠡᠨ ᠲᠤᠳᠤᠨᠤ ᠨᠦᠬᠦᠷ᠎ᠢ ᠵᠢᠭ᠋ᠠᠨ᠎ᠠ᠃
    《ᠮᠢᠨᠤ ᠨᠠᠶ᠋ᠢᠵᠠ》 ᠭᠡᠬᠦ ᠲᠠᠭᠤᠨ᠎ᠳᠤ᠄ 《ᠲᠤᠷᠠᠰᠤᠭ᠋ᠠᠳ ᠰᠡᠳᠬᠢᠯ ᠲᠠᠩᠰᠡᠯᠡᠬᠦ᠎ᠳᠤ / ᠲᠠᠭᠤᠯᠠᠭ᠋ᠠᠳ ᠢᠷᠡᠳᠡᠭ ᠳ᠋ᠸ ᠨᠠᠶ᠋ᠢᠵᠠ ᠮᠢᠨᠢ / ᠲᠤᠨᠢᠶᠠᠷᠳᠤᠭᠰᠠᠨ ᠶᠡᠭᠡ ᠲᠠᠯ᠎ᠠ ᠵᠢ / ᠲᠤᠭᠤᠯᠤᠭ᠋ᠠᠳ ᠢᠷᠡᠳᠡᠭ ᠳ᠋ᠸ ᠨᠠᠶ᠋ᠢᠵᠠ ᠮᠢᠨᠢ / ᠭᠤᠨᠢᠭ᠋ᠠᠳ ᠵᠢᠷᠤᠭᠡ ᠰᠡᠮᠡᠷᠡᠬᠦ᠎ᠳᠤ / ᠲᠦᠰᠢᠭᠡᠳ ᠢᠷᠡᠳᠡᠭ ᠳ᠋ᠸ ᠨᠠᠶ᠋ᠢᠵᠠ ᠮᠢᠨᠢ / ᠭᠠᠤᠯᠢᠨ ᠰᠢᠷᠭ᠋ᠠᠯ ᠭᠤᠪᠢ ᠵᠢ / ᠭᠡᠳᠤᠯᠤᠭᠡᠳ ᠢᠷᠡᠳᠡᠭ ᠳ᠋ᠸ ᠨᠠᠶ᠋ᠢᠵᠠ ᠮᠢᠨᠢ》 ᠭᠡᠵᠤ ᠲᠠᠭᠤᠯᠠᠳᠠᠭ᠃
      ᠠ᠋ᠶ᠋ᠢᠮᠤ᠎ᠠᠴᠠ 《ᠠᠨᠳᠠ》᠂ 《ᠨᠦᠬᠦᠷ》᠂ 《ᠨᠠᠶ᠋ᠢᠵᠠ》 ᠭᠡᠬᠦ ᠦᠭᠡ᠎ᠨᠢ ᠤᠳᠬ᠎ᠠ ᠵᠢᠨ ᠬᠦᠨᠳᠤ ᠬᠦᠩᠭᠡᠨ᠎ᠤ ᠢᠯᠭ᠋ᠠᠭ᠎ᠠ᠎ᠲᠠᠢ ᠪᠦᠭᠡᠳ 《ᠠᠨᠳᠠ》 ᠭᠡᠰᠡᠨ ᠦᠭᠡᠨ᠎ᠤ ᠤᠳᠬ᠎ᠠ ᠵᠢᠨ ᠲᠤᠰᠤᠯᠳᠠ 《ᠨᠠᠶ᠋ᠢᠵᠠ》 《ᠨᠦᠬᠦᠷ》᠎ᠠᠴᠠ ᠬᠤᠯᠠ ᠬᠦᠨ ᠪᠠᠶ᠋ᠢᠳᠠᠭ᠃ 《ᠠᠨᠳᠠ ᠪᠠᠷᠢᠯᠳᠤᠬᠤ》 ᠭᠡᠵᠤ ᠬᠡᠯᠡᠬᠦ᠎ᠠᠴᠠ ᠪᠢᠰᠢ 《ᠨᠠᠶ᠋ᠢᠵᠠ ᠪᠠᠷᠢᠯᠳᠤᠬᠤ》᠂ 《ᠨᠦᠬᠦᠷ ᠪᠠᠷᠢᠯᠳᠤᠬᠤ》 ᠭᠡᠵᠤ ᠬᠡᠯᠡᠬᠦ ᠶᠤᠰᠤ ᠦᠭᠡᠢ᠃ ᠮᠤᠩᠭᠤᠯᠴᠤᠳ ᠠᠨᠳᠠ ᠪᠠᠷᠢᠯᠳᠤᠬᠤ ᠪᠠᠶ᠋ᠢᠳᠤᠭ᠋ᠠᠢ ᠨᠠᠶ᠋ᠢᠵᠠ ᠨᠦᠬᠦᠷ ᠰᠤᠩᠭᠤᠬᠤ᠎ᠳᠤ᠎ᠪᠠᠨ ᠴᠤ᠌ ᠭᠡᠷᠰᠡᠤ ᠪᠤᠯᠭᠤᠮᠵᠢᠳᠠᠢ ᠤᠷᠤᠵᠤ᠂ ᠨᠠᠶ᠋ᠢᠵᠠ ᠪᠤᠯᠤᠯᠴᠠᠭ᠍ᠤ ᠬᠦᠮᠤᠨ᠎ᠤ᠎ᠪᠠᠨ ᠬᠦᠮᠤᠨ ᠮᠦᠰᠤ᠂ ᠭᠡᠪ ᠴᠢᠨᠠᠷ᠎ᠢ ᠨᠠᠪᠳᠠ ᠤᠶ᠋ᠢᠯᠠᠭ᠋ᠠᠭᠰᠠᠨ ᠰᠠᠭᠤᠷᠢᠨ ᠲᠡᠭᠡᠷ᠎ᠡ ᠰᠠᠶᠢ ᠬᠦᠨ ᠨᠦᠬᠦᠷᠯᠡᠳᠡᠭ ᠪᠠᠶ᠋ᠢᠵᠠᠢ᠃ ᠤᠳᠤ ᠪᠤᠯᠬᠤ᠎ᠳᠤ 《ᠰᠦᠯᠵᠢᠶᠡᠨ᠎ᠤ ᠨᠠᠶ᠋ᠢᠵᠠ》 《ᠸᠢᠴᠠᠲ ᠨᠠᠶ᠋ᠢᠵᠠ》 ᠭᠡᠬᠦ ᠮᠡᠳᠤ ᠵᠢᠨ ᠦᠭᠡᠰ ᠭᠠᠵᠠᠷ ᠰᠠᠢ ᠦᠭᠡᠢ ᠬᠠᠷᠠᠭᠳᠠᠭ᠍ᠤ ᠪᠤᠯᠵᠠᠢ᠃ ᠠ᠋ᠳᠡᠭᠡᠷ ᠪᠤᠯ ᠵᠦᠪᠭᠡᠨ ᠬᠢᠳᠠᠳ ᠦᠭᠡ ᠵᠢ ᠮᠢᠬᠠᠴᠢᠯᠠᠨ ᠤᠷᠴᠢᠭᠤᠯᠤᠭᠰᠠᠨ ᠵᠤᠶ᠋ᠢᠯᠡᠰ ᠲᠡᠳᠤᠢ᠃ ᠮᠠᠨ᠎ᠤ ᠮᠤᠩᠭᠤᠯ ᠬᠡᠯᠡᠨ᠎ᠤ ᠦᠭᠡᠰ᠎ᠤᠨ ᠰᠠᠩ ᠪᠤᠯ ᠲᠠᠯᠠᠢ ᠪᠠᠶᠠᠨ ᠶᠤᠮ᠃ ᠪᠢᠳᠡ ᠠ᠋ᠭᠡ ᠬᠡᠯᠡᠨ᠎ᠤ᠎ᠪᠠᠨ ᠲᠠᠯᠠᠢ ᠪᠠᠶᠠᠨ ᠦᠭᠡᠰ᠎ᠤᠨ ᠰᠠᠩ᠎ᠠᠴᠠ ᠰᠤᠪᠤᠳ ᠱᠦᠬᠦᠬᠦ᠎ᠳᠤ᠎ᠪᠠᠨ ᠲᠡᠭᠡᠳᠤ ᠭᠡᠮᠵᠢᠶᠡᠨ᠎ᠤ ᠬᠠᠷᠢᠭᠤᠴᠠᠯᠭ᠋ᠠᠳᠤ ᠤᠪᠤᠷ ᠵᠶ᠋ᠠᠷ ᠬᠠᠨᠳᠤᠵᠤ᠂ ᠦᠭᠡ ᠵᠢ ᠤᠨᠤᠪᠴᠢᠳᠠᠢ᠂ ᠠᠮᠢᠳᠤᠯᠢᠭ ᠭᠡᠷᠡᠭᠯᠡᠵᠤ ᠰᠤᠷᠪᠠᠯ ᠲᠠᠭ᠋ᠠᠷᠠᠨ᠎ᠠ᠃

      ᠬᠠᠶᠢᠬ᠄ ᠦᠪᠤᠷ ᠮᠤᠩᠭᠤᠯ᠎ᠤᠨ ᠷᠠᠳᠢᠤ᠋ ᠲᠸᠯᠸᠢᠰ ᠬᠤᠷᠢᠶ᠎ᠠ
              ᠤᠯᠠᠭ᠋ᠠᠠᠭ᠍ᠠᠳᠠ᠎ᠳᠠᠬᠢ ᠮᠤᠩᠭᠤᠯ ᠦᠨᠳᠤᠰᠤᠳᠡᠨ᠎ᠤ ᠲᠤᠮᠳᠠᠳᠤ ᠰᠤᠷᠭ᠋ᠠᠭᠤᠯᠢ
                                   (ᠦᠨᠠᠨᠪᠠᠳᠤ ᠨᠠᠢ᠍ᠢ᠍ᠷᠠᠭᠤᠯᠪᠠ)
                                     5 ᠳ᠋ᠤᠭ᠋ᠠᠷ ᠬᠤᠭᠤᠴᠠᠭ᠎ᠠ

ᠢᠷᠡᠯᠲᠡ᠄ ᠥᠪᠥᠷ ᠮᠣᠩᠭᠤᠯ᠎ᠤᠨ ᠦᠪᠡᠷᠲᠡᠭᠡᠨ ᠵᠠᠰᠠᠬᠤ ᠣᠷᠣᠨ᠎ᠤ ᠰᠣᠷᠭ᠋ᠠᠨ ᠬᠦᠮᠦᠵᠢᠯ᠎ᠤᠨ ᠲᠢᠩᠬᠡᠮ
          
ᠬᠠᠮᠢᠶ᠎ᠡ ᠪᠦᠬᠦᠢ ᠰᠣᠨᠢᠨ
ᠨᠠᠢ᠍ᠮᠠᠨ ᠬᠤᠰᠢᠭᠤᠨ᠎ᠤ ᡁᠢ ᠠᠨ ᠪᠠᠯᠭ᠋ᠠᠰᠥᠨ᠎ᠤ ᠵᠡᠭᠦᠨ ᠬᠤᠯᠣᠰᠣᠲᠠᠢ ᠪᠠᠭ᠎ᠠ ᠰᠣᠷᠭ᠋ᠠᠭᠤᠯᠢ ᠵᠢᠨ ᠲᠡᠦᠬᠡᠨ ᠮᠦᠷ
《ᠮᠤᠩᠭᠤᠯ᠎ᠤᠨ ᠨᠢᠭᠤᠴᠠ ᠳᠤᠪᠴᠢᠶᠠᠨ》᠎ᠳᠤ᠎ᠬᠢ ᠠ᠋ᠮᠡᠭᠳᠠᠶ᠋ᠢᠴᠦᠳ᠎ᠤᠨ ᠲᠦᠷᠢ ᠵᠢ ᠰᠢᠨᠵᠢᠯᠡᠬᠦ᠎ᠨᠢ
ᠮᠢᠨᠤ ᠬᠦᠭᠡᠷᠦᠬᠦᠨ 《ᠵᠢᠭ᠋ᠠᠯ ᠪᠠᠭᠰᠢ》
ᠤᠭ ᠰᠠᠨᠠᠭ᠎ᠠ᠎ᠪᠠᠨ ᠥᠯᠥ ᠮᠠᠷᠲᠠᠵᠤ ᠠ᠋ᠭᠦᠷᠭᠡ ᠬᠠᠷᠢᠭᠤᠴᠠᠯᠭ᠎ᠠ᠎ᠪᠠᠨ ᠪᠠᠲᠤ ᠴᠡᠭᠡᠵᠢᠯᠡᠨᠡᠮ
ᠣᠳᠣ ᠦᠶ᠎ᠡ ᠵᠢᠨ ᠤᠶᠤᠲᠠᠳ᠎ᠤᠨ ᠠᠵᠢᠯ ᠤᠯᠭᠤᠯᠳᠠ ᠵᠢᠨ ᠠᠰᠠᠭᠤᠳᠠᠯ᠎ᠠᠴᠠ ᠰᠡᠳᠬᠢᠭᠳᠡᠭᠰᠡᠨ᠎ᠨᠢ
 
             蒙ICP备05000248号