〈ᠨᠠᠮᠤᠷ᠎ᠤᠨ ᠬᠠᠷ᠎ᠠ〉 ᠦᠵᠦᠮ (秋黑葡萄)
ᠮᠣᠳᠣᠨ᠎ᠤ ᠲᠦᠷᠦᠯ᠄ ᠦᠵᠦᠮ
ᠰᠢᠨᠵᠢᠯᠡᠭᠡᠨ᠎ᠤ ᠨᠡᠷ᠎ᠡ᠄ Vitis vinifera' Qiuhei'
ᠲᠦᠷᠦᠯ ᠵᠦᠢ᠍ᠯ᠄ ᠤᠷᠤᠭᠤᠯᠤᠭᠰᠠᠨ ᠡᠭᠦᠯᠳᠡᠷ (引种驯化品种)
ᠪᠠᠲᠤᠯᠠᠭᠰᠠᠨ ᠬᠡᠯᠪᠡᠷᠢ᠄ ᠬᠢᠨᠠᠨ ᠲᠤᠭᠲᠠᠭ᠋ᠠᠯᠳᠠ
ᠭᠤᠶᠤᠴᠢᠯᠠᠭᠴᠢ᠄ ᠤᠯᠠᠭ᠋ᠠᠨᠬᠠᠳᠠ ᠬᠣᠲᠠ ᠵᠢᠨ ᠣᠶ ᠰᠢᠭᠤᠶ ᠵᠢᠨ ᠰᠢᠨᠵᠢᠯᠡᠬᠦ ᠤᠬᠠᠭ᠋ᠠᠨ᠎ᠤ ᠰᠤᠳᠤᠯᠭ᠋ᠠᠨ᠎ᠤ ᠭᠠᠵᠠᠷ

ᠡᠭᠦᠯᠳᠡᠷ᠎ᠤᠨ ᠣᠨᠴᠠᠯᠢᠭ
ᠵᠢᠮᠢᠰ᠎ᠨᠢ ᠬᠥᠬᠡ ᠬᠠᠷ᠎ᠠ ᠥᠩᠭᠡᠲᠡᠶ᠂ ᠵᠤᠤᠪᠠᠩ ᠬᠡᠯᠪᠡᠷᠢᠲᠡᠶ᠃ ᠵᠢᠮᠢᠰ᠎ᠤᠨ ᠲᠦᠷᠦᠭᠦᠦ᠎ᠨᠢ ᠤᠷᠲᠦ ᠱᠣᠷᠣᠯᠵᠢᠨ ᠬᠡᠯᠪᠡᠷᠢᠲᠡᠶ᠂ ᠵᠢᠮᠢᠰ᠎ᠤᠨ ᠲᠦᠷᠦᠬᠦᠦ ᠵᠢᠨ ᠳᠤᠮᠳᠠᠴᠢ ᠬᠦᠨᠳᠦ᠎ᠨᠢ 811.4g᠂ ᠬᠠᠮᠤᠭ ᠬᠦᠨᠳᠦ᠎ᠳᠡᠭᠡᠨ 1800g᠎ᠠᠴᠠ ᠳᠡᠭᠡᠭᠰᠢ ᠪᠠᠶ᠋ᠢᠳᠠᠭ᠃ ᠵᠢᠮᠢᠰ᠎ᠤᠨ ᠮᠥᠬᠥᠯᠢᠭ᠎ᠨᠢ ᠲᠤᠮᠤᠪᠲᠦᠷ ᠥᠨᠳᠡᠭᠡᠨ ᠬᠡᠯᠪᠡᠷᠢ᠎ᠲᠠᠢ᠂ ᠵᠢᠮᠢᠰ ᠪᠦᠷᠢ ᠵᠢᠨ ᠲᠤᠮᠳᠠᠴᠢ ᠬᠦᠨᠳᠦ᠎ᠨᠢ 9.5g᠂ ᠤᠷᠭᠤᠴᠠ᠎ᠨᠢ ᠨᠢᠭᠲᠠ᠂ ᠵᠢᠮᠢᠰ᠎ᠤᠨ ᠬᠠᠯᠢᠰᠤ ᠪᠠ ᠵᠢᠮᠢᠰ᠎ᠤᠨ ᠨᠤᠨᠲᠠᠭ᠎ᠨᠢ ᠨᠡᠯᠢᠶᠡᠳ ᠵᠤᠵᠠᠭ᠋ᠠᠨ᠃ ᠵᠢᠮᠢᠰ᠎ᠨᠢ ᠵᠠᠵᠢᠯᠠᠭᠤᠷ᠎ᠲᠠᠢ᠂ ᠨᠢᠮᠬᠡᠨ ᠬᠡᠰᠡᠭ ᠪᠤᠯᠠᠭ᠋ᠠᠨ ᠬᠡᠷᠴᠢᠵᠦ ᠪᠤᠯᠳᠠᠭ᠂ ᠬᠦᠴᠢᠯᠯᠢᠭ ᠰᠢᠬᠢᠷᠯᠢᠭ ᠠᠮᠲᠠᠲᠠᠢ᠂ ᠠᠭᠤᠰᠤᠮᠠᠯ ᠬᠠᠲᠠᠭᠤ ᠪᠡᠶᠡᠲᠦ ᠪᠣᠳᠠᠰ᠎ᠤᠨ ᠠᠭᠤᠯᠤᠭᠳᠠᠴᠠ᠎ᠨᠢ 22.4g/100g᠂ ᠰᠢᠬᠢᠷ᠎ᠤᠨ ᠠᠭᠤᠯᠤᠭᠳᠠᠴᠠ᠎ᠨᠢ 20g/100g᠂ ᠶᠡᠷᠦᠩᠬᠡᠶ ᠬᠦᠴᠢᠯ᠎ᠤᠨ ᠠᠭᠤᠯᠤᠭᠳᠠᠴᠠ᠎ᠨᠢ 6.17g/kg᠂ ᠸᠢᠲ᠋ᠠᠮᠢᠨ C᠎ᠤᠨ ᠠᠭᠤᠯᠤᠭᠳᠠᠴᠠ᠎ᠨᠢ 1.66mg/100g᠂ ᠺᠠᠯᠼ᠎ᠤᠨ ᠠᠭᠤᠯᠤᠭᠳᠠᠴᠠ᠎ᠨᠢ 1.73 × 102mg/kg᠂ ᠲᠡᠮᠦᠷ᠎ᠤᠨ ᠠᠭᠤᠯᠤᠭᠳᠠᠴᠠ᠎ᠨᠢ 3.90mg/kg᠂ ᠮᠠᠭᠨᠢ ᠵᠢᠨ ᠠᠭᠤᠯᠤᠭᠳᠠᠴᠠ᠎ᠨᠢ 1.11 × 102mg/kg ᠪᠣᠯᠤᠨ᠎ᠠ᠃ ᠲᠠᠷᠢᠵᠤ ᠤᠷᠭᠤᠭᠤᠯᠤᠭᠰᠠᠨᠤ ᠳᠠᠷᠠᠭ᠎ᠠ ᠵᠢᠯ᠎ᠳᠤᠨᠢ ᠮᠦ᠍ ᠪᠦᠷᠢ ᠵᠢᠨ ᠤᠨᠠᠯᠲᠠ᠎ᠨᠢ 1500 kg᠎ᠠᠴᠠ ᠳᠡᠭᠡᠭᠰᠢ᠎ᠳᠤ ᠬᠦᠷᠳᠡᠭ᠃ ᠬᠠᠳᠠᠭ᠋ᠠᠯᠠᠯᠳᠠ ᠵᠦᠭᠡᠭᠡᠪᠦᠷᠢᠯᠡᠯᠳᠠᠳᠤ ᠲᠡᠰᠪᠦᠷᠢᠳᠡᠢ᠂ ᠤᠷᠭᠤᠮᠠᠯ᠎ᠤᠨ ᠡᠪᠡᠳᠴᠢᠨ ᠬᠤᠷᠤᠬᠠᠢ ᠵᠢᠨ ᠬᠢᠵᠢᠭ᠎ᠢ ᠡᠰᠡᠷᠭᠦᠴᠡᠬᠦ ᠴᠢᠨᠠᠷ ᠵᠶ᠋ᠠᠷ ᠴᠢᠩᠭ᠎ᠠ ᠵᠡᠷᠭᠡ ᠣᠨᠴᠠᠯᠢᠭ᠎ᠲᠠᠢ᠃
ᠬᠡᠷᠡᠭᠴᠡᠭᠡ ᠴᠢᠳᠠᠮᠵᠢ᠄
ᠭᠣᠣᠯᠳᠠᠭᠤ ᠠᠵᠤ ᠠᠬᠤᠶ ᠵᠢᠨ ᠣᠶ ᠪᠠᠢ᠌ᠭᠤᠯᠬᠤ᠂ ᠰᠢᠨ᠎ᠡ ᠰᠤᠷᠭᠤᠭ ᠵᠢᠮᠢᠰ ᠬᠠᠩᠭ᠋ᠠᠬᠤ᠎ᠳᠤ ᠬᠡᠷᠡᠭᠯᠠᠵᠦ ᠪᠤᠯᠳᠠᠭ᠃
ᠲᠠᠷᠢᠵᠦ ᠤᠷᠭᠤᠭᠤᠯᠬᠤ ᠮᠡᠷᠭᠡᠵᠢᠯ᠎ᠤᠨ ᠭᠣᠣᠯᠳᠠᠯᠭ᠎ᠠ
ᠭᠠᠵᠠᠷ᠎ᠤᠨ ᠪᠠᠶ᠋ᠢᠴᠠ᠎ᠨᠢ ᠥᠷᠭᠡᠨ ᠬᠠᠷᠠᠭ᠋ᠠᠴᠠᠲᠠᠢ ᠭᠠᠵᠠᠷ᠎ᠢ ᠰᠣᠩᠭᠣᠵᠤ ᠨᠡᠷᠡᠨ᠎ᠤ ᠭᠡᠷᠡᠯ᠎ᠤᠨ ᠬᠦᠯᠡᠮᠵᠢ ᠪᠠᠶ᠋ᠢᠭᠤᠯᠤᠨ᠎ᠠ᠃ ᠪᠤᠢ᠌ᠵᠢᠭᠤᠯᠬᠤ ᠲᠦᠷᠦᠬᠦᠦ ᠵᠢᠨ ᠳ᠋ᠢᠶᠠᠮᠧᠲᠷ᠎ᠨᠢ 0.4~0.5cm᠎ᠠᠴᠠ ᠳᠡᠭᠡᠭᠰᠢᠬᠢ ᠴᠢᠬᠢ ᠵᠢ ᠰᠣᠩᠭᠣᠵᠤ ᠬᠡᠷᠡᠭᠯᠡᠨ᠎ᠡ᠃ 2 ᠰᠠᠷ᠎ᠠ ᠵᠢᠨ ᠳᠤᠮᠳᠠᠴᠢ᠎ᠠᠴᠠ 3 ᠰᠠᠷ᠎ᠠ ᠵᠢᠨ ᠰᠢᠨᠡᠳ ᠪᠤᠶᠤ 4 ᠰᠠᠷ᠎ᠠ ᠵᠢᠨ ᠰᠢᠨᠡᠳ ᠪᠣᠯᠲᠠᠯ᠎ᠠ ᠬᠦᠯᠡᠮᠵᠢ᠎ᠳᠤ ᠪᠤᠢ᠌ᠵᠢᠭᠤᠯᠤᠨ᠎ᠠ᠃ ᠵᠠᠶ᠋ᠢᠯᠠᠬᠤ ᠨᠢᠭᠲᠠᠴᠠ᠎ᠨᠢ 0.7m × 2m᠃ ᠰᠣᠶᠣᠭ᠋ᠠᠯᠠᠬᠤ ᠬᠤᠭᠤᠴᠠᠭ᠎ᠠ᠂ ᠴᠡᠴᠡᠭᠯᠡᠬᠦ ᠬᠤᠭᠤᠴᠠᠭ᠎ᠠ᠂ ᠰᠢᠭᠦᠰᠦᠯᠢᠭ ᠵᠢᠮᠢᠰ᠎ᠤᠨ ᠪᠣᠶ᠋ᠢᠵᠢᠯᠲᠠ ᠵᠢᠨ ᠬᠤᠭᠤᠴᠠᠭ᠎ᠠ᠂ ᠪᠤᠳᠤᠭ ᠰᠠᠭᠤᠵᠦ ᠪᠣᠯᠪᠠᠰᠤᠷᠠᠬᠤ ᠬᠤᠭᠤᠴᠠᠭ᠋ᠠᠨ᠎ᠳᠤ ᠴᠥᠮ ᠳᠤᠯᠠᠭ᠋ᠠᠨ ᠴᠢᠬᠢᠭ᠎ᠤᠨ ᠬᠡᠮᠵᠢᠶ᠎ᠡ ᠵᠢ ᠴᠢᠩᠭ᠎ᠠ ᠲᠣᠬᠢᠷᠠᠭᠤᠯᠬᠤ ᠬᠡᠷᠡᠭᠲᠡᠶ᠃ ᠵᠠᠰᠠᠨ ᠬᠠᠶ᠋ᠢᠴᠢᠯᠠᠬᠤ ᠬᠡᠯᠪᠡᠷᠢ᠎ᠨᠢ 《ᠬᠣᠣᠰ V ᠬᠡᠯᠪᠡᠷᠢ》 ᠪᠣᠯᠤᠨ᠎ᠠ᠃ ᠨᠢᠭᠡ ᠵᠢᠯ᠎ᠳᠤ 3 ~ 4 ᠤᠳᠠᠭ᠎ᠠ ᠪᠣᠷᠳᠣᠭᠤᠷ ᠣᠷᠣᠭᠤᠯᠵᠤ᠂ ᠵᠢᠮᠢᠰ᠎ᠤᠨ ᠪᠤᠯᠪᠠᠰᠤᠷᠠᠬᠤ ᠬᠤᠭᠤᠴᠠᠭ᠎ᠠ᠂ ᠪᠤᠳᠤᠭ ᠰᠠᠭᠤᠬᠤ ᠬᠤᠭᠤᠴᠠᠭ᠎ᠠ᠂ ᠵᠢᠮᠢᠰ᠎ᠢ ᠲᠡᠭᠦᠵᠦ ᠪᠤᠯᠪᠠᠰᠤᠷᠠᠭᠤᠯᠬᠤ ᠬᠤᠭᠤᠴᠠᠭ᠋ᠠᠨ᠎ᠳᠤ᠂ ᠲᠦᠷᠦᠭᠦᠦ ᠬᠡᠳᠦᠨ ᠤᠳᠠᠭ᠎ᠠ᠎ᠨᠢ ᠬᠢᠮᠢ ᠵᠢᠨ ᠪᠣᠷᠳᠣᠭᠤᠷ ᠤᠷᠤᠭᠤᠯᠵᠦ᠂ ᠬᠠᠮᠤᠭ ᠰᠡᠭᠦᠯ᠎ᠤᠨ ᠤᠳᠠᠭ᠎ᠠ᠎ᠨᠢ ᠣᠷᠭ᠋ᠠᠨᠢᠭ ᠪᠣᠷᠳᠣᠭᠤᠷ ᠤᠷᠤᠭᠤᠯᠤᠨ᠎ᠠ᠃ ᠠᠽᠣᠲ ᠪᠤᠷᠳᠤᠭᠤᠷ ᠤᠷᠤᠭᠤᠯᠬᠤ᠂ ᠳᠤᠯᠠᠭ᠋ᠠᠨ ᠴᠢᠭᠢᠭ᠎ᠤᠨ ᠬᠡᠮᠵᠢᠶ᠎ᠡ ᠵᠢ ᠲᠤᠬᠢᠷᠠᠭᠤᠯᠬᠤ᠂ ᠵᠢᠮᠢᠰ᠎ᠤᠨ ᠲᠦᠷᠦᠭᠦᠦ ᠵᠢ ᠰᠡᠢ᠌ᠷᠡᠭᠵᠢᠬᠦᠯᠬᠦ ᠵᠡᠷᠭᠡ᠎ᠪᠠᠷ ᠳᠠᠮᠵᠢᠨ ᠵᠢᠮᠢᠰᠯᠡᠬᠦ ᠨᠤᠷᠮ᠎ᠠ ᠵᠢ ᠳᠡᠭᠡᠭᠰᠢᠯᠡᠭᠦᠯᠦᠨ᠎ᠡ᠃ ᠴᠠᠭ ᠲᠤᠬᠠᠶ᠎ᠳᠤᠨᠢ ᠤᠷᠭᠤᠮᠠᠯ᠎ᠤᠨ ᠡᠪᠡᠳᠴᠢᠨ ᠬᠣᠷᠣᠬᠠᠶ ᠵᠢᠨ ᠬᠥᠨᠥᠭᠡᠯ᠎ᠢ ᠰᠡᠷᠭᠡᠶ᠋ᠢᠯᠡᠨ ᠵᠠᠰᠠᠨ᠎ᠠ᠃
ᠲᠠᠷᠢᠬᠤ᠎ᠳᠤ ᠲᠣᠬᠢᠷᠠᠮᠵᠢᠲᠠᠶ ᠬᠡᠪᠴᠢᠶ᠎ᠡ
ᠲᠤᠰ ᠡᠭᠦᠯᠳᠡᠷ᠎ᠨᠢ 42°00′~43°00′ᠤᠨ ᠥᠷᠭᠡᠷᠢᠭ᠎ᠤᠨ ᠬᠣᠭᠣᠷᠣᠨᠳᠣ᠂ ᠵᠢᠯ᠎ᠤᠨ ᠨᠡᠷᠡᠨ᠎ᠤ ᠲᠤᠰᠤᠯᠲᠠ ᠵᠢᠨ ᠴᠠᠭ᠎ᠤᠨ ᠲᠣᠭ᠎ᠠ᠎ᠨᠢ 2900h᠎ᠠᠴᠠ ᠳᠡᠭᠡᠭᠰᠢᠬᠢ᠂ ᠵᠢᠯ᠎ᠤᠨ ᠳᠤᠮᠳᠠᠴᠢ ᠠᠭ᠋ᠠᠷ᠎ᠤᠨ ᠳᠤᠯᠠᠭ᠋ᠠᠨ᠎ᠨᠢ 4℃ᠠᠴᠠ ᠳᠡᠭᠡᠭᠰᠢᠬᠢ᠂ ᠳᠤᠯᠠᠭ᠋ᠠᠨ᠎ᠤ ᠬᠡᠮᠵᠢᠶ᠎ᠡ ᠵᠢᠨ ᠬᠤᠷᠠᠮᠳᠤᠯ᠎ᠨᠢ 2800℃ᠠᠴᠠ ᠳᠡᠭᠡᠭᠰᠢᠬᠢ ᠭᠠᠵᠠᠷ ᠣᠷᠣᠨ᠎ᠳᠤ ᠲᠠᠷᠢᠬᠤ᠎ᠳᠤ ᠲᠣᠬᠢᠷᠠᠮᠵᠢᠲᠠᠶ᠃