ᠵᠠᠭ᠋ᠠᠨ ᠪᠣᠯ ᠡᠬᠡ ᠬᠠᠭᠤᠷᠠᠶ ᠳᠡᠭᠡᠷ᠎ᠡ ᠠᠮᠢᠳᠤᠷᠠᠵᠤ ᠪᠠᠶ᠋ᠢᠭ᠎ᠠ ᠬᠠᠮᠤᠭ᠎ᠤᠨ ᠲᠣᠮᠣ ᠬᠥᠬᠥᠲᠡᠨ ᠠᠮᠢᠲᠠᠨ ᠪᠤᠯᠤᠨ᠎ᠠ᠃
ᠵᠠᠭ᠋ᠠᠨ᠎ᠤ ᠢᠳᠡᠬᠦ ᠬᠡᠮᠵᠢᠶ᠎ᠡ ᠮᠠᠰᠢ ᠶᠡᠬᠡ᠂ ᠨᠠᠰᠤᠨ᠎ᠳᠤ ᠬᠦᠷᠦᠭᠰᠡᠨ ᠵᠠᠭ᠋ᠠᠨ ᠡᠳᠦᠷ᠎ᠲᠤ ᠪᠠᠷᠤᠭ 300 ᠺᠢᠯᠤᠭ᠌ᠷᠠᠮ ᠢᠳᠡᠳᠡᠭ᠃ ᠭᠣᠤᠯᠳᠠᠭᠤ ᠮᠣᠳᠣ᠂ ᠨᠠᠪᠴᠢ᠂ ᠵᠢᠮᠢᠰ᠂ ᠮᠣᠳᠣᠨ ᠰᠠᠯᠠᠭ᠎ᠠ᠂ ᠬᠤᠯᠤᠰᠤ ᠵᠡᠷᠭᠡ᠎ᠪᠠᠷ ᠭᠣᠤᠯ ᠢᠳᠡᠭᠡᠨ ᠪᠣᠯᠭ᠋ᠠᠨ᠎ᠠ᠃
ᠵᠠᠭ᠋ᠠᠨ ᠮᠠᠰᠢ ᠶᠡᠬᠡ ᠬᠦᠴᠦᠲᠠᠢ᠂ ᠪᠦᠳᠦᠬᠦᠨ ᠤᠷᠭᠤᠭ᠎ᠠ ᠮᠣᠳᠣ ᠵᠢ ᠴᠦ᠍ ᠠᠮᠠᠷᠬᠠᠨ ᠳᠦᠯᠬᠢᠨ ᠤᠨᠠᠭ᠋ᠠᠵᠤ ᠴᠢᠳᠠᠳᠠᠭ᠃ ᠵᠠᠷᠢᠮ ᠦᠶᠡᠰ ᠠᠷᠰᠯᠠᠨ ᠴᠤ᠌ ᠲᠡᠭᠦᠨ᠎ᠠᠴᠠ ᠬᠡᠯᠮᠡᠭᠳᠡᠳᠡᠭ᠃
ᠠᠽᠢᠶ᠎ᠠ ᠵᠢᠨ ᠵᠠᠭ᠋ᠠᠨ᠄ ᠳᠤᠮᠳᠠᠳᠤ ᠤᠯᠤᠰ᠎ᠤᠨ ᠶᠦᠨᠨᠠᠨ ᠮᠤᠵᠢ ᠵᠢᠨ ᠡᠮᠦᠨᠡᠲᠦ ᠬᠡᠰᠡᠭ᠎ᠲᠤ ᠲᠠᠷᠬᠠᠵᠤ ᠪᠠᠶ᠋ᠢᠨ᠎ᠠ᠃ ᠭᠠᠳᠠᠭ᠋ᠠᠳᠤ᠎ᠳᠤ ᠡᠮᠦᠨᠡᠲᠦ ᠠᠽᠢᠶ᠎ᠠ ᠪᠠ ᠵᠡᠭᠦᠨ ᠡᠮᠦᠨᠡᠲᠦ ᠠᠽᠢᠶ᠎ᠠ ᠵᠢᠨ ᠭᠠᠵᠠᠷ ᠣᠷᠣᠨ᠎ᠳᠤ ᠲᠠᠷᠬᠠᠵᠤ ᠪᠤᠶ᠃ ᠶᠡᠷᠦ᠎ᠳᠡᠭᠡᠨ ᠪᠡᠶ᠎ᠡ ᠵᠢᠨ ᠥᠨᠳᠥᠷ᠎ᠨᠢ ᠪᠠᠷᠤᠭ 2.9 ᠮᠧᠲᠷ (ᠬᠠᠮᠤᠭ᠎ᠤᠨ ᠥᠨᠳᠥᠷ ᠲᠡᠮᠳᠡᠭᠯᠡᠯ᠎ᠨᠢ 3.3 ᠮᠧᠲᠷ) ᠪᠠᠶ᠋ᠢᠵᠤ᠂ ᠬᠦᠨᠳᠦ᠎ᠨᠢ 6 ᠲᠣᠨ᠎ᠳᠤ ᠬᠦᠷᠴᠦ ᠪᠠᠢ᠌ᠨ᠎ᠠ᠃ ᠠᠽᠢᠶ᠎ᠠ ᠵᠠᠭ᠋ᠠᠨ ᠪᠣᠯ 《ᠣᠯᠠᠨ ᠤᠯᠤᠰ᠎ᠤᠨ ᠮᠥᠬᠥᠬᠦ ᠰᠢᠬᠠᠭᠰᠠᠨ ᠳᠦᠷᠰᠦ ᠵᠢᠨ ᠲᠦᠷᠦᠯ᠎ᠤᠨ ᠠᠷᠠᠯᠵᠢᠶᠠᠨ᠎ᠤ ᠨᠡᠶ᠋ᠢᠲᠡ ᠵᠢᠨ ᠭᠡᠷ᠎ᠡ》 ᠵᠢᠨ ᠮᠥᠬᠥᠬᠦ ᠰᠢᠬᠠᠭᠰᠠᠨ ᠳᠦᠷᠰᠦ ᠵᠢᠨ ᠲᠦᠷᠦᠯ᠎ᠤᠨ ᠨᠢᠭᠡ᠎ᠨᠢ ᠪᠤᠯᠤᠨ᠎ᠠ᠂ ᠪᠠᠰᠠ ᠴᠤ᠌ ᠳᠤᠮᠳᠠᠳᠤ ᠤᠯᠤᠰ᠎ᠤᠨ ᠨᠢᠭᠡᠳᠦᠭᠡᠷ ᠳᠡᠰ᠎ᠤᠨ ᠬᠡᠭᠡᠷ᠎ᠡ ᠵᠢᠨ ᠬᠠᠮᠠᠭ᠋ᠠᠯᠠᠯᠲᠠ ᠵᠢᠨ ᠠᠮᠢᠲᠠᠨ ᠪᠣᠯᠤᠨ᠎ᠠ᠂ ᠳᠤᠮᠳᠠᠳᠤ ᠤᠯᠤᠰ᠎ᠤᠨ ᠬᠢᠯᠢ ᠳᠣᠲᠣᠷᠠᠬᠢ ᠬᠡᠭᠡᠷ᠎ᠡ ᠵᠢᠨ ᠵᠠᠭ᠋ᠠᠨ ᠣᠳᠣ ᠵᠥᠪᠬᠡᠨ 300 ᠭᠠᠷᠤᠶ ᠦᠯᠡᠳᠡᠵᠦ ᠪᠠᠶ᠋ᠢᠨ᠎ᠠ᠃
![]()
ᠠᠽᠢᠶ᠎ᠠ ᠵᠢᠨ ᠵᠠᠭ᠋ᠠᠨ (ᠪᠠᠰᠠ ᠵᠠᠭ᠋ᠠᠨ ᠭᠡᠳᠡᠭ)᠄ ᠬᠠᠯᠠᠭᠤᠨ ᠪᠦᠰᠡᠨ᠎ᠤ ᠣᠶ ᠰᠢᠭᠤᠶ᠂ ᠪᠤᠲᠠᠯᠢᠭ ᠣᠶ ᠪᠤᠶᠤ ᠲᠠᠯ᠎ᠠ ᠨᠤᠳᠤᠭ ᠵᠶ᠋ᠠᠷ ᠠᠮᠢᠳᠤᠷᠠᠳᠠᠭ᠃ ᠪᠦᠯᠦᠭᠯᠡᠨ ᠰᠠᠭᠤᠷᠢᠰᠢᠵᠤ᠂ ᠡᠮ᠎ᠡ ᠵᠠᠭ᠋ᠠᠨ ᠬᠤᠰᠢᠭᠤᠴᠢᠯᠠᠳᠠᠭ᠂ ᠲᠣᠭᠲᠠᠮᠠᠯ ᠣᠷᠣᠰᠢᠨ ᠠᠮᠢᠳᠤᠷᠠᠳᠠᠭ ᠤᠷᠤᠨ ᠪᠠᠢ᠌ᠬᠤ ᠦᠭᠡᠢ᠃ ᠬᠠᠷᠠᠭ᠋ᠠᠨ ᠰᠡᠷᠡᠯ ᠠᠨᠠᠢ (ᠭᠣᠣᠯᠳᠠᠭᠤ ᠵᠠᠭ᠋ᠠᠨ᠎ᠤ ᠰᠣᠷᠮᠤᠤᠰᠤ ᠤᠷᠲᠤ ᠤᠴᠢᠷ᠎ᠠᠴᠠ ᠬᠠᠷᠠᠭ᠎ᠠ ᠵᠢ᠎ᠨᠢ ᠨᠦᠯᠦᠭᠡᠯᠡᠳᠡᠭ)᠂ ᠦᠨᠦᠷᠯᠡᠬᠦ᠂ ᠰᠣᠨᠣᠰᠬᠤ ᠰᠡᠷᠡᠯ ᠰᠣᠷᠭᠣᠭ᠂ ᠠᠭ᠋ᠠᠭᠢᠮ᠎ᠠ ᠬᠠᠯᠠᠭᠤᠨ ᠴᠠᠭ᠎ᠲᠤ ᠤᠰᠤᠨ᠎ᠳᠤ ᠰᠡᠷᠢᠬᠦᠴᠡᠬᠦ ᠲᠤᠷᠠᠳᠠᠢ᠃ ᠬᠡᠭᠡᠷ᠎ᠡ ᠵᠢᠨ ᠡᠪᠡᠰᠦ᠂ ᠮᠣᠳᠣᠨ ᠨᠠᠪᠴᠢ᠂ ᠬᠤᠯᠤᠰᠤᠨ ᠨᠠᠪᠴᠢ᠂ ᠬᠡᠭᠡᠷ᠎ᠡ ᠵᠢᠨ ᠵᠢᠮᠢᠰ ᠵᠡᠷᠭᠡ᠎ᠪᠠᠷ ᠢᠳᠡᠰᠢ ᠪᠣᠯᠭ᠋ᠠᠳᠠᠭ᠃
ᠠᠹᠷᠢᠺᠠ ᠵᠠᠭ᠋ᠠᠨ᠄ ᠠᠹᠷᠢᠺᠠ ᠲᠢᠪ᠎ᠤᠨ ᠳᠤᠮᠳᠠ ᠬᠡᠰᠡᠭ᠂ ᠵᠡᠭᠦᠨ ᠬᠡᠰᠡᠭ ᠪᠠ ᠡᠮᠦᠨᠡᠲᠦ ᠬᠡᠰᠡᠭ ᠵᠶ᠋ᠠᠷ ᠲᠠᠷᠬᠠᠳᠠᠭ᠃
ᠠᠹᠷᠢᠺᠠ ᠵᠠᠭ᠋ᠠᠨ ᠳᠠᠯᠠᠶ ᠵᠢᠨ ᠲᠦᠪᠰᠢᠨ᠎ᠠᠴᠠ 5000 ᠮᠧᠲᠷ ᠡᠷᠭᠦᠭᠳᠡᠭᠰᠡᠨ ᠬᠠᠯᠠᠭᠤᠨ ᠪᠦᠰᠡᠨ᠎ᠤ ᠣᠶ ᠰᠢᠭᠤᠶ᠂ ᠪᠤᠲᠠᠯᠢᠭ ᠣᠶ ᠪᠠ ᠲᠠᠯ᠎ᠠ ᠨᠤᠲᠤᠭ᠎ᠲᠤ ᠠᠮᠢᠳᠤᠷᠠᠵᠤ᠂ ᠣᠳᠣ ᠪᠠᠶ᠋ᠢᠭ᠎ᠠ ᠬᠠᠮᠤᠭ᠎ᠤᠨ ᠲᠣᠮᠣ ᠡᠬᠡ ᠬᠠᠭᠤᠷᠠᠶ ᠵᠢᠨ ᠬᠥᠬᠥᠲᠡᠨ ᠠᠮᠢᠲᠠᠨ ᠪᠣᠯᠤᠨ᠎ᠠ᠃ ᠪᠦᠯᠦᠭᠯᠡᠨ ᠰᠠᠭᠤᠷᠢᠰᠢᠵᠤ᠂ ᠡᠷᠡᠭᠴᠢᠨ ᠵᠠᠭ᠋ᠠᠨ ᠬᠤᠰᠢᠭᠤᠴᠢᠯᠠᠳᠠᠭ᠂ ᠲᠣᠭᠲᠠᠮᠠᠯ ᠣᠷᠣᠰᠢᠨ ᠠᠮᠢᠳᠤᠷᠠᠳᠠᠭ ᠤᠷᠤᠨ ᠪᠠᠢ᠌ᠬᠤ ᠦᠭᠡᠢ᠃ ᠡᠪᠡᠰᠦ᠂ ᠮᠣᠳᠣᠨ ᠨᠠᠪᠴᠢ᠂ ᠮᠣᠳᠣᠨ᠎ᠤ ᠬᠠᠯᠢᠰᠤ᠂ ᠨᠢᠯᠬ᠎ᠠ ᠮᠥᠴᠢᠷ ᠵᠡᠷᠭᠡ᠎ᠪᠠᠷ ᠢᠳᠡᠰᠢ ᠪᠣᠯᠭ᠋ᠠᠳᠠᠭ᠃
![]()