ᠮᠣᠩᠭᠤᠯ ᠠᠳᠤᠭᠤ ᠪᠤᠯ ᠮᠤᠩᠭᠤᠯᠴᠤᠳ ᠮᠣᠩᠭᠤᠯ᠎ᠤᠨ ᠦᠨᠳᠦᠷᠯᠢᠭ᠎ᠲᠤ ᠤᠯᠠᠨ ᠵᠢᠯ᠎ᠤᠨ ᠲᠣᠷᠰᠢᠳᠠ ᠮᠠᠯᠵᠢᠨ ᠪᠣᠶ᠋ᠢᠵᠢᠭᠤᠯᠤᠭᠰᠠᠨ ᠣᠯᠠᠨ ᠬᠡᠷᠡᠭᠴᠡᠭᠡ᠎ᠳᠦ ᠡᠷᠳᠡᠨ᠎ᠤ ᠡᠭᠦᠯᠳᠡᠷ᠎ᠤᠨ ᠠᠳᠤᠭᠤ ᠪᠤᠯᠤᠨ᠎ᠠ᠃ ᠮᠣᠩᠭᠤᠯ ᠠᠳᠤᠭᠤ᠎ᠨᠢ ᠵᠢᠯ ᠲᠣᠷᠰᠢ ᠪᠡᠯᠴᠢᠭᠡᠷ᠎ᠤᠨ ᠮᠠᠯᠯᠠᠭ᠎ᠠ ᠵᠢᠨ ᠨᠦᠬᠦᠴᠡᠯ᠎ᠳᠤ ᠪᠣᠶ᠋ᠢᠵᠢᠭᠰᠠᠨ ᠪᠣᠯᠬᠤᠷ ᠪᠠᠶ᠋ᠢᠭ᠋ᠠᠯᠢ ᠣᠷᠴᠢᠨ᠎ᠤ ᠡᠯᠳᠡᠪ ᠮᠠᠭᠤ ᠨᠦᠬᠦᠴᠡᠯ ᠪᠡ ᠠᠭᠤᠷ ᠠᠮᠢᠰᠬᠤᠯ᠎ᠤᠨ ᠪᠠᠴᠢᠮᠠᠭ ᠲᠦᠷᠭᠡᠨ ᠬᠤᠪᠢᠷᠠᠯᠳᠠ᠎ᠳᠤ ᠵᠣᠬᠢᠴᠠᠵᠦ ᠴᠢᠳᠠᠳᠠᠭ ᠵᠶ᠋ᠠᠷ ᠵᠶ᠋ᠠᠨ ᠳᠡᠯᠡᠬᠡᠢ᠎ᠳᠤ ᠠᠯᠳᠠᠷᠰᠢᠵᠠᠢ᠃

ᠮᠣᠩᠭᠤᠯ ᠠᠳᠤᠭᠤᠨ᠎ᠤ ᠪᠡᠶ᠎ᠡ᠎ᠨᠢ ᠪᠠᠭ᠋ᠠᠪᠳᠤᠷ᠂ ᠲᠣᠯᠤᠭ᠋ᠠᠢ᠎ᠨᠢ ᠪᠦᠳᠦᠭᠦᠨ᠂ ᠮᠠᠩᠨᠠᠢ᠎ᠨᠢ ᠦᠷᠭᠡᠨ᠂ ᠨᠢᠳᠦᠨ ᠤᠬᠤᠷᠬᠠᠢ᠎ᠨᠢ ᠲᠦᠭᠦᠷᠢᠭ᠂ ᠬᠠᠮᠠᠷ᠎ᠤᠨ ᠬᠡᠰᠡᠭ᠎ᠨᠢ ᠰᠢᠯᠤᠭᠤᠨ᠂ ᠬᠠᠮᠠᠷ᠎ᠤᠨ ᠨᠦᠬᠡ᠎ᠨᠢ ᠲᠤᠮᠤ᠂ ᠵᠢᠵᠢᠭᠬᠡᠨ ᠴᠢᠬᠢᠲᠠᠢ᠂ ᠬᠦᠵᠦᠭᠦᠦ᠎ᠨᠢ ᠤᠬᠤᠷ ᠮᠦᠷᠳᠡᠭᠡᠨ ᠮᠢᠬᠠᠯᠢᠭ᠂ ᠮᠣᠨᠳᠠᠭ᠎ᠠ ᠨᠢ ᠨᠠᠮᠬᠠᠨ᠂ ᠴᠡᠭᠡᠵᠢ᠎ᠨᠢ ᠦᠷᠭᠡᠨ ᠪᠦᠭᠡᠳ ᠭᠦᠨ᠂ ᠨᠢᠷᠤᠭᠤ᠎ᠨᠢ ᠰᠢᠯᠤᠭᠤᠨ ᠮᠦᠷᠳᠡᠭᠡᠨ ᠦᠷᠭᠡᠪᠳᠦᠷ᠂ ᠤᠯᠠᠩᠬᠢ ᠨᠢ ᠤᠬᠤᠷᠬᠠᠨ ᠲᠠᠰᠢᠭᠤ ᠲᠠᠰᠢᠶᠠᠲᠠᠢ᠂ ᠬᠡᠪᠡᠯᠢ᠎ᠨᠢ ᠲᠤᠮᠤ ᠰᠢᠭ᠋᠂ ᠳᠦᠷᠪᠡᠨ ᠬᠦᠯ᠎ᠨᠢ ᠬᠠᠳᠠᠭᠤ ᠴᠢᠬᠢᠷᠠᠭ᠂ ᠭᠢᠰᠬᠢᠯᠳᠡᠨᠢ ᠬᠦᠴᠦᠳᠡᠢ ᠪᠦᠭᠡᠳ ᠲᠦᠪ᠂ ᠰᠤᠳᠠᠯ ᠰᠢᠷᠪᠤᠰᠦ᠎ᠨᠢ ᠬᠦᠭᠵᠢᠯᠲᠠᠢ᠂ ᠲᠤᠭᠤᠷᠠᠢ᠎ᠨᠢ ᠬᠠᠳᠠᠭᠤ ᠪᠠᠬᠢ᠂ ᠠᠷᠠᠰᠦ᠎ᠨᠢ ᠵᠤᠵᠠᠭ᠋ᠠᠨ᠂ ᠪᠦᠷᠬᠦᠬᠦᠯ ᠦᠰᠦ᠎ᠨᠢ ᠨᠢᠭᠳᠠ᠂ ᠳᠡᠯ ᠰᠡᠭᠦᠯ ᠰᠠᠭᠯᠠᠭ᠎ᠠ ᠵᠢᠨ ᠦᠰᠦ᠎ᠨᠢ ᠤᠷᠳᠤ ᠪᠦᠭᠡᠳ ᠵᠤᠵᠠᠭ᠋ᠠᠨ᠂ ᠵᠢᠰᠦᠮ᠎ᠨᠢ ᠣᠯᠠᠨ᠃ ᠪᠡᠯᠴᠢᠭᠡᠷ᠎ᠤᠨ ᠪᠦᠳᠦᠭᠦᠯᠢᠭ ᠲᠡᠵᠢᠭᠡᠯᠭᠡ᠎ᠳᠤ ᠳᠠᠳᠴᠦ ᠪᠠᠶ᠋ᠢᠭ᠋ᠠᠯᠢ ᠵᠢᠨ ᠡᠯᠳᠡᠪ ᠨᠦᠬᠦᠴᠡᠯ᠎ᠳᠤ ᠵᠣᠬᠢᠴᠠᠬᠤ ᠴᠢᠳᠠᠪᠤᠷᠢ᠎ᠪᠠᠷ ᠮᠠᠰᠢ ᠰᠠᠶ᠋ᠢᠨ ᠵᠡᠷᠭᠡ ᠣᠨᠴᠠᠯᠢᠭ᠎ᠲᠠᠢ᠃ ᠮᠣᠩᠭᠤᠯ ᠠᠳᠤᠭᠤᠨ᠎ᠤ ᠪᠡᠶ᠎ᠡ ᠵᠢᠨ ᠦᠨᠳᠦᠷ᠎ᠨᠢ ᠶᠡᠷᠦᠩᠬᠡᠢ᠎ᠳᠡᠭᠡᠨ 3.6 ~3.9 ᠲᠣᠬᠤᠢ (120 ~132 ᠰᠡᠨᠲ᠋ᠢᠮᠸᠲᠷ)᠂ ᠠᠮᠢᠳᠤ ᠵᠢᠨ ᠵᠢᠩ᠎ᠨᠢ 520 ~740 ᠵᠢᠩ (260 ~370 ᠺᠢᠯᠤᠭ᠌ᠷᠠᠮ) ᠪᠠᠶ᠋ᠢᠳᠠᠭ᠃ ᠮᠣᠩᠭᠤᠯ ᠠᠳᠤᠭᠤ ᠵᠢ ᠤᠨᠤᠯᠭ᠎ᠠ᠂ ᠬᠦᠯᠦᠰᠢ᠂ ᠠᠴᠢᠶ᠎ᠠ ᠵᠡᠷᠭᠡ ᠵᠢᠨ ᠠᠯᠢᠨ᠎ᠳᠤ᠎ᠨᠢ ᠬᠡᠷᠡᠭᠯᠡᠭᠰᠡᠨ ᠴᠦ᠍ ᠪᠡᠶ᠎ᠡ ᠪᠠᠭ᠎ᠠ ᠬᠢᠷᠢᠨ᠎ᠳᠡᠭᠡᠨ ᠬᠦᠮᠦᠨ᠎ᠢ ᠰᠣᠴᠢᠭ᠋ᠠᠮ᠎ᠠ ᠳᠠᠭ᠋ᠠᠭ᠋ᠠᠮᠠᠭ᠋ᠠᠢ ᠴᠢᠳᠠᠯ ᠪᠠ ᠲᠡᠰᠪᠦᠷᠢ᠎ᠳᠤ ᠴᠢᠨᠠᠷᠲᠠᠢ ᠪᠠᠶ᠋ᠢᠳᠠᠭ᠃ ᠮᠣᠩᠭᠤᠯ ᠠᠳᠤᠭᠤᠨ᠎ᠤ ᠤᠶ᠋ᠢᠷ᠎ᠠ ᠬᠤᠷᠳᠤᠴᠠ᠎ᠨᠢ 2 ᠭᠠᠵᠠᠷ (1 ᠺᠢᠯᠤᠮᠸᠲᠷ)᠎ᠢ ᠨᠢᠭᠡ ᠮᠢᠨᠦ᠋ᠲ ᠬᠤᠶᠠᠷ ᠰᠧᠺᠦ᠋ᠨᠳ᠋᠂ 10 ᠭᠠᠵᠠᠷ᠎ᠢ ᠵᠢᠷᠭᠤᠭ᠋ᠠᠨ ᠮᠢᠨᠦ᠋ᠲ ᠲᠠᠪᠢᠨ ᠨᠠᠢ᠍ᠮᠠᠨ ᠰᠧᠺᠦ᠋ᠨᠳ᠋᠂ 30 ᠭᠠᠵᠠᠷ᠎ᠢ ᠬᠤᠷᠢᠨ ᠭᠤᠷᠪᠠᠨ ᠮᠢᠨᠦ᠋ᠲ ᠲᠠᠪᠢᠨ ᠳᠦᠷᠪᠡᠨ ᠰᠧᠺᠦ᠋ᠨᠳ᠋ ᠭᠦᠶᠦᠳᠡᠭ᠃ ᠬᠤᠯᠠ ᠵᠢᠨ ᠠᠶᠠᠨ᠎ᠳᠤ ᠡᠳᠦᠷ᠎ᠲᠤ 200 ~300 ᠭᠠᠵᠠᠷ᠎ᠤᠨ ᠬᠤᠷᠳᠤᠴᠠ᠎ᠪᠠᠷ 8 ~15 ᠡᠳᠦᠷ ᠦᠷᠬᠦᠯᠵᠢᠯᠡᠨ ᠶᠠᠪᠤᠬᠤ᠎ᠳᠤ ᠰᠢᠨᠳᠠᠷᠠᠬᠤ ᠦᠭᠡᠢ ᠪᠠᠶ᠋ᠢᠳᠠᠭ᠃ ᠳᠦᠷᠪᠡ ᠬᠦᠯᠦᠭᠰᠡᠨ ᠮᠣᠷᠢᠨ ᠲᠡᠷᠭᠡᠨ᠎ᠳᠤ 400 ~500 ᠵᠢᠩ ᠠᠴᠢᠶ᠎ᠠ ᠲᠡᠭᠡᠭᠡᠴᠢᠭᠡᠭᠡᠳ ᠡᠳᠦᠷ ᠪᠦᠷᠢ 120 ᠭᠠᠵᠠᠷ ᠠᠶᠠᠯᠠᠵᠦ ᠪᠣᠯᠳᠠᠭ᠃ ᠮᠣᠩᠭᠤᠯ ᠠᠳᠤᠭᠤ ᠤᠨᠤᠯᠭ᠎ᠠ᠂ ᠬᠦᠯᠦᠰᠢ᠂ ᠠᠴᠢᠶ᠎ᠠ ᠵᠢᠨ ᠠᠯᠢᠨ᠎ᠳᠤ ᠴᠦ᠍ ᠲᠣᠬᠢᠷᠠᠮᠵᠢᠳᠠᠢ ᠪᠣᠯᠪᠠᠴᠦ ᠭᠤᠣᠯ᠎ᠨᠢ ᠤᠨᠤᠯᠭ᠎ᠠ᠎ᠳᠤ ᠰᠠᠶ᠋ᠢᠨ ᠪᠠᠶ᠋ᠢᠳᠠᠭ᠃
![]()
ᠮᠣᠩᠭᠤᠯ ᠠᠳᠤᠭᠤᠨ᠎ᠤ ᠲᠠᠷᠬᠠᠯᠳᠠ
ᠮᠣᠩᠭᠤᠯ ᠠᠳᠤᠭᠤ ᠮᠠᠰᠢ ᠦᠷᠭᠡᠨ ᠬᠡᠪᠴᠢᠶᠡᠨ᠎ᠳᠤ ᠲᠠᠷᠬᠠᠵᠦ᠂ ᠳᠡᠯᠡᠬᠡᠢ ᠵᠢᠨ ᠨᠡᠯᠢᠶᠡᠳ ᠣᠯᠠᠨ ᠠᠳᠤᠭᠤᠨ᠎ᠤ ᠡᠭᠦᠯᠳᠡᠷ᠎ᠤᠨ ᠪᠣᠢ ᠪᠤᠯᠬᠤ᠎ᠳᠤ ᠶᠡᠭᠡᠬᠡᠨ ᠨᠦᠯᠦᠭᠡ ᠦᠵᠡᠭᠦᠯᠵᠠᠢ᠃ ᠮᠣᠩᠭᠤᠯ ᠠᠳᠤᠭᠤ ᠳᠤᠮᠳᠠᠳᠤ ᠤᠯᠤᠰ᠎ᠤᠨ ᠵᠡᠭᠦᠨ ᠬᠤᠶ᠋ᠢᠳᠤ ᠣᠷᠤᠨ᠂ ᠣᠮᠠᠷᠠᠳᠤ ᠣᠷᠤᠨ᠂ ᠪᠠᠷᠠᠭᠤᠨ ᠬᠤᠶ᠋ᠢᠳᠤ ᠣᠷᠤᠨ ᠪᠣᠯᠤᠨ ᠮᠣᠩᠭᠤᠯ ᠤᠯᠤᠰ᠂ ᠤᠤᠯ᠎ᠤᠨ ᠵᠦᠪᠯᠡᠯ᠎ᠳᠤ ᠬᠤᠯᠪᠤᠭ᠋ᠠᠳᠤ ᠤᠯᠤᠰ᠎ᠤᠨ ᠪᠠᠶ᠋ᠢᠭ᠋ᠠᠯ ᠨᠠᠭᠤᠷ᠎ᠤᠨ ᠬᠠᠪᠢ᠎ᠪᠠᠷ ᠦᠷᠭᠡᠨ ᠬᠡᠪᠴᠢᠶᠡᠨ᠎ᠳᠤ ᠲᠠᠷᠬᠠᠵᠦ ᠪᠠᠶ᠋ᠢᠳᠠᠭ᠃ ᠮᠣᠩᠭᠤᠯ ᠠᠳᠤᠭᠤ ᠵᠢ ᠲᠡᠭᠦᠨ᠎ᠤ ᠨᠤᠳᠤᠭᠰᠢᠭᠰᠠᠨ ᠭᠠᠵᠠᠷ ᠣᠷᠤᠨ᠎ᠤ ᠬᠢᠨᠢ ᠣᠨᠴᠠᠯᠢᠭ ᠵᠶ᠋ᠠᠷ᠎ᠨᠢ ᠲᠠᠯ᠎ᠠ ᠨᠤᠳᠤᠭ᠎ᠤᠨ ᠠᠳᠤᠭᠤ᠂ ᠰᠢᠭᠤᠶ᠋ᠢᠳᠤ ᠣᠷᠤᠨ᠎ᠤ ᠠᠳᠤᠭᠤ᠂ ᠡᠯᠡᠰᠦᠷᠬᠡᠭ ᠣᠷᠤᠨ᠎ᠤ ᠠᠳᠤᠭᠤ᠂ ᠠᠭᠤᠯᠠᠷᠬᠠᠭ ᠣᠷᠤᠨ᠎ᠤ ᠠᠳᠤᠭᠤ ᠭᠡᠵᠦ ᠳᠦᠷᠪᠡᠨ ᠬᠡᠯᠪᠡᠷᠢ᠎ᠳᠤ ᠠᠩᠭᠢᠯᠠᠳᠠᠭ᠃
![]()
ᠲᠠᠯ᠎ᠠ ᠨᠣᠳᠤᠭ᠎ᠤᠨ ᠠᠳᠤᠭᠤ᠄ ᠲᠠᠯ᠎ᠠ ᠭᠠᠵᠠᠷ ᠨᠤᠳᠤᠭᠰᠢᠭᠰᠠᠨ ᠠᠳᠤᠭᠤ᠃ ᠪᠡᠶ᠎ᠡ᠎ᠨᠢ ᠪᠠᠭ᠋ᠠᠪᠳᠤᠷ ᠪᠣᠯᠪᠠᠴᠦ ᠴᠡᠭᠡᠵᠢ᠎ᠨᠢ ᠦᠷᠭᠡᠨ ᠬᠦᠨ᠂ ᠭᠠᠳᠠᠷ ᠪᠠᠶ᠋ᠢᠳᠠᠯ᠎ᠨᠢ ᠲᠡᠳᠦᠢ ᠯᠡ ᠭᠤᠪᠠᠢ ᠨᠠᠷᠢᠯᠢᠭ ᠪᠢᠰᠢ᠂ ᠦᠰᠦ᠎ᠨᠢ ᠵᠤᠵᠠᠭ᠋ᠠᠨ ᠪᠦᠭᠡᠳ ᠤᠷᠳᠤ ᠰᠢᠭ᠋᠃ ᠪᠦᠳᠦᠴᠡ᠎ᠨᠢ ᠨᠢᠭᠳᠠ᠂ ᠪᠡᠶ᠎ᠡ ᠴᠣᠭᠴᠠ᠎ᠨᠢ ᠪᠠᠬᠢᠯᠢᠭ᠌᠂ ᠳᠦᠷᠪᠡᠨ ᠮᠦᠴᠢ᠎ᠨᠢ ᠰᠢᠨᠳᠠᠰᠦ᠎ᠲᠠᠢ ᠪᠠᠶ᠋ᠢᠭ᠋ᠠᠯᠢ ᠵᠢᠨ ᠪᠡᠯᠴᠢᠭᠡᠷ ᠵᠡᠷᠭᠡ ᠪᠦᠳᠦᠭᠦᠯᠢᠭ ᠢᠳᠡᠰᠢᠨ᠎ᠳᠤ ᠵᠣᠬᠢᠴᠠᠭᠰᠠᠨ ᠪᠠᠶ᠋ᠢᠳᠠᠭ᠃ ᠡᠶ᠋ᠢᠮᠦ ᠬᠡᠯᠪᠡᠷᠢ ᠵᠢᠨ ᠠᠳᠤᠭᠤ ᠪᠠᠷᠠᠭᠤᠨᠰᠢ ᠠᠯᠳᠠᠢ ᠠᠭᠤᠯᠠ᠂ ᠵᠡᠭᠦᠨᠰᠢ ᠬᠢᠩᠭ᠋ᠠᠨ ᠳᠠᠪᠠᠭ᠎ᠠ᠂ ᠣᠮᠠᠷᠠᠰᠢ ᠪᠠᠶ᠋ᠢᠭ᠋ᠠᠯ ᠨᠠᠭᠤᠷ᠂ ᠡᠮᠦᠨᠡᠰᠢ ᠴᠠᠭ᠋ᠠᠨ ᠬᠡᠷᠡᠮ ᠬᠦᠷᠳᠡᠯᠡᠬᠢ ᠮᠣᠩᠭᠤᠯ᠎ᠤᠨ ᠦᠨᠳᠦᠷᠯᠢᠭ᠎ᠤᠨ ᠬᠡᠭᠡᠷ᠎ᠡ ᠲᠠᠯ᠎ᠠ ᠭᠠᠵᠠᠷ ᠨᠡᠶ᠋ᠢᠳᠡᠮ ᠲᠠᠷᠬᠠᠵᠦ ᠪᠠᠶ᠋ᠢᠳᠠᠭ᠃ ᠡᠭᠦᠨ᠎ᠳᠤ ᠳᠤᠮᠳᠠᠳᠤ ᠤᠯᠤᠰ᠎ᠤᠨ ᠦᠪᠦᠷ ᠮᠣᠩᠭᠤᠯ᠎ᠤᠨ ᠰᠢᠯᠢ ᠵᠢᠨ ᠭᠤᠤᠯ᠂ ᠤᠯᠠᠭ᠋ᠠᠨᠴᠠᠪ᠂ ᠪᠠᠶᠠᠨᠨᠠᠭᠤᠷ᠎ᠤᠨ ᠤᠷᠠᠳ᠂ ᠮᠣᠩᠭᠤᠯ ᠤᠯᠤᠰ᠎ᠤᠨ ᠳᠤᠷᠤᠨ᠎ᠠ᠂ ᠡᠮᠦᠨ᠎ᠡ ᠭᠤᠪᠢ ᠵᠡᠷᠭᠡ ᠭᠠᠵᠠᠷ ᠣᠷᠤᠨ᠎ᠤ ᠲᠠᠯ᠎ᠠ ᠭᠠᠵᠠᠷ᠎ᠲᠤ ᠢᠯᠡᠭᠦᠦ ᠲᠦᠪᠯᠡᠷᠡᠵᠦ ᠪᠠᠶ᠋ᠢᠳᠠᠭ᠃
ᠰᠢᠭᠤᠶ᠋ᠢᠳᠤ ᠤᠷᠤᠨ᠎ᠤ ᠠᠳᠤᠭᠤ᠄ ᠣᠢ ᠰᠢᠭᠤᠶ᠋ᠢᠳᠤ ᠣᠷᠤᠨ᠎ᠳᠤ ᠨᠤᠳᠤᠭᠰᠢᠭᠰᠠᠨ ᠠᠳᠤᠭᠤ᠃ ᠡᠨᠡ ᠠᠳᠤᠭᠤ᠎ᠨᠢ ᠬᠦᠢ᠍ᠳᠡᠨ ᠪᠦᠭᠡᠳ ᠴᠢᠭᠢᠭ ᠶᠡᠬᠡᠳᠠᠢ ᠠᠭᠤᠷ ᠠᠮᠢᠰᠬᠤᠯ᠎ᠳᠤ ᠵᠣᠬᠢᠴᠠᠵᠦ ᠰᠠᠬᠤᠯᠢᠭ ᠦᠨᠳᠦᠷ ᠡᠪᠡᠰᠦ ᠤᠷᠭᠤᠮᠠᠯ᠎ᠤᠨ ᠰᠤᠷ᠎ᠢ ᠢᠳᠡᠵᠦ ᠳᠠᠳᠤᠭᠰᠠᠨ ᠪᠠᠶ᠋ᠢᠳᠠᠭ᠃ ᠲᠠᠯ᠎ᠠ ᠨᠤᠳᠤᠭ᠎ᠤᠨ ᠠᠳᠤᠭᠤ ᠵᠢ ᠪᠤᠳᠤᠪᠠᠯ ᠬᠦᠨᠳᠤ ᠴᠢᠨᠠᠷ᠎ᠤᠨ ᠠᠳᠤᠭᠤᠨ᠎ᠳᠤ ᠲᠣᠭ᠋ᠠᠴᠠᠭᠳᠠᠨ᠎ᠠ᠃ ᠪᠡᠶ᠎ᠡ ᠴᠣᠭᠴᠠ᠎ᠨᠢ ᠤᠷᠳᠤ ᠪᠦᠭᠡᠳ ᠦᠷᠭᠡᠨ᠂ ᠬᠦᠨᠳᠤ ᠪᠦᠳᠦᠭᠦᠯᠢᠭ᠂ ᠳᠡᠯ ᠰᠡᠭᠦᠯ᠎ᠨᠢ ᠤᠷᠳᠤ ᠵᠤᠵᠠᠭ᠋ᠠᠨ᠂ ᠳᠦᠷᠪᠡᠨ ᠮᠦᠴᠢ᠎ᠨᠢ ᠬᠦᠳᠡᠷᠯᠢᠭ᠂ ᠲᠤᠭᠤᠷᠠᠢ᠎ᠨᠢ ᠲᠤᠮᠤ ᠪᠦᠭᠡᠳ ᠦᠷᠭᠡᠨ᠂ ᠤᠳᠠᠭ᠋ᠠᠪᠳᠤᠷ ᠬᠦᠳᠡᠯᠪᠤᠷᠢ᠎ᠲᠠᠢ᠃ ᠡᠶ᠋ᠢᠮᠦ ᠬᠡᠯᠪᠡᠷᠢ ᠵᠢᠨ ᠠᠳᠤᠭᠤ ᠭᠤᠤᠯᠳᠠᠭᠤ ᠲᠦᠪ ᠠᠽᠢᠶ᠎ᠠ ᠵᠢᠨ ᠰᠢᠪᠧᠷᠢᠶ᠎ᠠ ᠵᠢᠨ ᠰᠢᠭᠤᠶ᠋ᠢᠳᠤ ᠣᠷᠤᠨ ᠵᠡᠷᠭᠡ ᠭᠠᠵᠠᠷ᠎ᠳᠤ ᠲᠠᠷᠬᠠᠵᠦ ᠪᠠᠶ᠋ᠢᠳᠠᠭ᠃
ᠠᠭᠤᠯᠠᠷᠬᠠᠭ ᠣᠷᠤᠨ᠎ᠤ ᠠᠳᠤᠭᠤ ᠄ ᠠᠭᠤᠯᠠᠷᠬᠠᠭ ᠣᠷᠤᠨ᠎ᠳᠤ ᠨᠤᠳᠤᠭᠰᠢᠭᠰᠠᠨ ᠠᠳᠤᠭᠤ᠃ ᠪᠡᠶ᠎ᠡ᠎ᠨᠢ ᠪᠠᠭ᠎ᠠ᠂ ᠴᠣᠭᠴᠠ᠎ᠨᠢ ᠨᠠᠷᠢᠯᠢᠭ᠂ ᠳᠦᠷᠪᠡᠨ ᠮᠦᠴᠢ᠎ᠨᠢ ᠰᠢᠯᠤᠭᠤᠨ ᠪᠦᠭᠡᠳ ᠴᠢᠬᠢᠷᠠᠭ᠂ ᠲᠤᠭᠤᠷᠠᠢ᠎ᠨᠢ ᠴᠣᠮᠪᠤᠨ ᠪᠦᠭᠡᠳ ᠵᠤᠵᠠᠭ᠋ᠠᠨ ᠪᠠᠬᠢ᠂ ᠠᠯᠬᠤᠭ᠎ᠠ᠎ᠨᠢ ᠯᠠᠪᠳᠠᠭᠤᠨ ᠮᠦᠷᠳᠡᠭᠡᠨ ᠬᠦᠩᠭᠡᠨ ᠪᠣᠰᠢᠭᠤ᠂ ᠠᠭᠤᠯᠠᠨ ᠵᠠᠮ᠎ᠳᠤ ᠮᠠᠰᠢ ᠰᠠᠶ᠋ᠢᠨ ᠵᠣᠬᠢᠴᠠᠭᠰᠠᠨ ᠣᠨᠴᠠᠯᠢᠭ᠎ᠲᠠᠢ᠃ ᠡᠶ᠋ᠢᠮᠦ ᠬᠡᠯᠪᠡᠷᠢ ᠵᠢᠨ ᠠᠳᠤᠭᠤ᠎ᠨᠢ ᠳᠤᠮᠳᠠᠳᠤ ᠤᠯᠤᠰ᠎ᠤᠨ ᠬᠦᠬᠡᠨᠠᠭᠤᠷ ᠲᠦᠪᠡᠳ᠎ᠤᠨ ᠠᠭᠤᠯᠠᠷᠬᠠᠭ ᠣᠷᠤᠨ ᠵᠡᠷᠭᠡ ᠭᠠᠵᠠᠷ ᠣᠷᠤᠨ ᠵᠶ᠋ᠠᠷ ᠭᠤᠤᠯ ᠲᠠᠷᠬᠠᠵᠦ ᠪᠣᠢ᠃ ᠦᠪᠦᠷ ᠮᠣᠩᠭᠤᠯ᠎ᠤᠨ ᠬᠡᠰᠢᠭᠳᠡᠨᠤ ᠪᠠᠶ᠋ᠢᠴᠠ ᠵᠢᠨ ᠭᠤᠣᠯ ᠵᠡᠷᠭᠡ ᠭᠠᠵᠠᠷ᠎ᠤᠨ ᠠᠳᠤᠭᠤ ᠴᠦ᠍ ᠡᠭᠦᠨ᠎ᠳᠤ ᠪᠠᠭᠳᠠᠨ᠎ᠠ᠃
ᠡᠯᠡᠰᠦᠷᠬᠡᠭ ᠣᠷᠤᠨ᠎ᠤ ᠠᠳᠤᠭᠤ᠄ ᠡᠯᠡᠰᠦᠷᠬᠡᠭ ᠣᠷᠤᠨ᠎ᠳᠤ ᠨᠤᠳᠤᠭᠰᠢᠭᠰᠠᠨ ᠠᠳᠤᠭᠤ᠃ ᠭᠠᠩ ᠬᠠᠭᠤᠷᠠᠢ ᠠᠭᠤᠷ ᠠᠮᠢᠰᠬᠤᠯ᠂ ᠡᠪᠡᠰᠦ ᠤᠰᠤ ᠬᠠᠩᠭ᠋ᠠᠮᠵᠢ ᠮᠠᠭᠤᠳᠠᠢ ᠡᠯᠡᠰᠦ ᠮᠠᠩᠬᠠᠯᠢᠭ ᠭᠠᠵᠠᠷ᠎ᠲᠤ ᠵᠣᠬᠢᠴᠠᠵᠠᠢ᠃ ᠡᠶ᠋ᠢᠮᠦ ᠠᠳᠤᠭᠤᠨ᠎ᠤ ᠪᠡᠶ᠎ᠡ᠎ᠨᠢ ᠪᠠᠭ᠎ᠠ᠂ ᠴᠡᠪᠡᠷ ᠴᠡᠮᠴᠡᠭᠡᠷ ᠪᠦᠭᠡᠳ ᠴᠣᠪᠤᠭᠤ ᠳᠡᠭᠵᠢᠨ ᠵᠠᠩ᠎ᠲᠠᠢ᠂ ᠲᠡᠰᠪᠦᠷᠢ ᠳᠠᠭ᠋ᠠᠭ᠋ᠠᠮᠠᠭ᠋ᠠᠢ ᠪᠠᠶ᠋ᠢᠳᠠᠭ᠃ ᠲᠤᠭᠤᠷᠠᠢ ᠵᠢᠨ ᠲᠠᠪᠠᠭ᠎ᠨᠢ ᠶᠡᠭᠡ ᠠᠯᠬᠤᠭ᠎ᠠ ᠰᠠᠶ᠋ᠢᠪᠤᠷᠢᠲᠠᠢᠨᠢ ᠣᠯᠠᠨ᠃ ᠦᠪᠦᠷ ᠮᠣᠩᠭᠤᠯ᠎ᠤᠨ ᠦᠦᠰᠢᠨ ᠵᠡᠷᠬᠡ ᠡᠯᠡᠰᠦᠷᠬᠡᠭ ᠭᠠᠵᠠᠷ᠎ᠤᠨ ᠠᠳᠤᠭᠤ ᠡᠭᠦᠨ᠎ᠳᠤ ᠪᠠᠭᠳᠠᠨ᠎ᠠ᠃
《ᠮᠣᠩᠭᠤᠯ ᠵᠠᠩ ᠦᠢ᠍ᠯᠡ ᠵᠢᠨ ᠨᠡᠪᠳᠡᠷᠬᠡᠢ ᠲᠣᠯᠢ》 (ᠠᠵᠦ ᠠᠬᠤᠢ ᠵᠢᠨ ᠪᠣᠳᠢ)᠎ᠠᠴᠠ ᠬᠠᠭᠤᠯᠠᠪᠦᠷᠢᠯᠡᠪᠡ᠃