ᠯᠢ ᠺᠧ ᠴᠢᠶᠠᠩ ᠶᠡᠷᠤᠩᠬᠡᠢ ᠰᠠᠢ᠌ᠳ 3 ᠳ᠋ᠤᠭ᠋ᠠᠷ ᠰᠠᠷ᠎ᠠ ᠵᠢᠨ 7᠎ᠤ ᠠ᠋ᠲᠤᠷ᠎ᠤᠨ ᠦᠳᠡ ᠵᠢᠨ ᠠ᠋ᠮᠤᠨ᠎ᠡ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠣᠭᠡᠯᠡᠭᠴᠢᠳ᠎ᠤᠨ ᠶᠡᠬᠡ ᠬᠤᠷᠠᠯ᠎ᠤᠨ ᠬᠣᠶᠠᠳᠤᠭ᠋ᠠᠷ ᠤᠳᠠᠭ᠋ᠠᠨ᠎ᠤᠨ ᠬᠤᠷᠠᠯ ᠳᠡᠭᠡᠷ᠎ᠡ ᠭᠤᠸᠠᠩᠳᠦᠢ᠍ᠩ᠎ᠤᠨ ᠲᠦᠯᠣᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠣᠷᠣᠯᠴᠠᠭ᠋ᠠᠳ᠂ ᠭᠤᠸᠠᠩᠳᠦᠢ᠍ᠩ ᠪᠣᠯ ᠮᠠᠨ᠎ᠤ ᠤᠯᠤᠰ᠎ᠤᠨ ᠨᠢᠭᠡᠳᠤᠭᠡᠷ ᠠᠵᠤ ᠠᠬᠤᠢ ᠵᠢᠨ ᠲᠣᠮᠣ ᠮᠤᠵᠢ ᠶᠤᠮ᠂ ᠠᠵᠤ ᠠᠬᠤᠢ ᠵᠢᠨ ᠶᠡᠷᠤᠩᠬᠡᠢ ᠬᠡᠮᠵᠢᠶ᠎ᠡ᠎ᠨᠢ ᠪᠦᠬᠦ ᠤᠯᠤᠰ᠎ᠤᠨ 1/10 ᠵᠢ ᠡᠵᠡᠯᠡᠵᠤ ᠪᠣᠢ᠃ ᠠ᠋ᠢ᠌ᠮᠤᠷᠭᠦᠤ ᠦᠨᠳᠤᠷ ᠰᠠᠭᠤᠷᠢ ᠲᠣᠭ᠋ᠠᠨ ᠳᠡᠭᠡᠷ᠎ᠡ᠂ ᠨᠢᠳᠣᠨᠣᠨ ᠵᠢᠯ ᠭᠤᠸᠠᠩᠳᠦᠢ᠍ᠩ᠎ᠤᠨ ᠠᠵᠤ ᠠᠬᠤᠢ ᠵᠢᠨ ᠨᠡᠮᠡᠭᠳᠡᠯ᠎ᠨᠢ ᠪᠦᠬᠦ ᠤᠯᠤᠰ᠎ᠤᠨ ᠳᠤᠮᠳᠠᠴᠢ ᠬᠢᠷᠢ ᠬᠡᠮᠵᠢᠶ᠎ᠡ ᠵᠢ ᠳᠠᠪᠠᠭ᠋ᠠᠳ᠂ 9000 ᠢᠯᠡᠭᠦᠤ ᠲᠦᠮᠡᠨ ᠭᠤᠸᠠᠩᠳᠦᠢ᠍ᠩ᠎ᠤᠨ ᠠᠷᠠᠳ ᠲᠦᠮᠡᠨ᠎ᠳᠤ ᠠᠰᠢᠭ ᠬᠦᠷᠳᠡᠭᠡᠭᠰᠡᠨ ᠵᠶ᠋ᠠᠷ ᠦᠯᠤ ᠪᠠᠷᠠᠮ ᠪᠠᠰᠠ ᠪᠦᠬᠦ ᠤᠯᠤᠰ᠎ᠤᠨ ᠡᠯ᠎ᠡ ᠭᠠᠵᠠᠷ᠎ᠠᠴᠠ ᠢᠷᠡᠭᠰᠡᠨ 2000 ᠢᠯᠡᠭᠦᠤ ᠲᠦᠮᠡᠨ ᠬᠦᠯᠣᠰᠤᠨ ᠲᠠᠷᠢᠶᠠᠴᠢᠨ ᠠᠵᠢᠯᠲᠠᠨ᠎ᠳᠤ ᠠᠵᠢᠯ᠎ᠤᠨ ᠪᠠᠢ᠌ᠷᠢ ᠬᠠᠩᠭ᠋ᠠᠵᠤ᠂ ᠪᠦᠬᠦ ᠤᠯᠤᠰ᠎ᠤᠨ ᠠᠵᠤ ᠠᠬᠤᠢ ᠵᠢᠨ ᠳᠣᠭᠲᠠᠭᠤᠨ ᠨᠡᠮᠡᠭᠳᠡᠯ ᠪᠣᠯᠤᠨ ᠠᠵᠢᠯ ᠣᠯᠬᠤ ᠵᠢ ᠪᠠᠲᠤᠯᠠᠬᠤ᠎ᠳᠤ ᠴᠢᠬᠤᠯᠠ ᠲᠤᠯᠭ᠋ᠠᠭᠤᠷ ᠦᠢ᠍ᠯᠡᠳᠤᠯ ᠵᠶ᠋ᠠᠨ ᠪᠠᠳᠠᠷᠠᠭᠤᠯᠵᠠᠢ᠃ ᠭᠤᠸᠠᠩᠳᠦᠢ᠍ᠩ ᠤᠤᠯ᠎ᠳᠤ᠎ᠪᠠᠨ ᠪᠦᠬᠦ ᠤᠯᠤᠰ᠎ᠤᠨ ᠦᠭᠡᠷᠡᠴᠢᠯᠡᠯᠲᠡ ᠨᠡᠭᠡᠭᠡᠯᠲᠡᠳᠤ《ᠨᠢᠭᠡᠨ ᠴᠢᠰᠤᠨ ᠵᠠᠮ ᠨᠡᠭᠡᠭᠡᠵᠤ ᠦᠭᠭᠦᠭᠰᠡᠨ》᠎ᠶᠤᠮ᠃ ᠬᠣᠢ᠌ᠰᠢᠳᠠ ᠳᠤᠮᠳᠠᠳᠤ ᠤᠯᠤᠰ ᠠᠵᠤ ᠠᠬᠤᠢ ᠵᠢᠨ ᠪᠡᠷᠬᠡ ᠪᠠᠷᠳᠠᠭ᠎ᠠ ᠵᠢ ᠲᠤᠭᠤᠯᠬᠤ ᠵᠠᠩᠭᠢᠯᠠᠭ᠎ᠠ ᠵᠢᠨ ᠱᠠᠲᠤ ᠦᠶ᠎ᠡ᠎ᠳᠤ ᠦᠷᠭᠦᠯᠵᠢᠯᠡᠨ ᠵᠣᠷᠢᠭᠲᠠᠢ᠎ᠪᠠᠷ ᠬᠦᠨᠳᠤ ᠠ᠋ᠭᠦᠷᠭᠡ ᠵᠢ ᠠ᠋ᠭᠦᠷᠭᠡᠯᠡᠨ᠂ ᠠᠵᠤ ᠠᠬᠤᠢ ᠵᠢᠨ ᠠ᠋ᠷᠭᠢᠯᠲᠡ ᠵᠢ ᠵᠦᠢ ᠶᠣᠰᠤᠨ᠎ᠤ ᠬᠣᠭᠣᠷᠤᠨᠳᠤ ᠪᠠᠢ᠌ᠯᠭ᠋ᠠᠬᠤ ᠵᠢ ᠪᠠᠲᠤᠯᠠᠵᠤ᠂ ᠪᠦᠬᠦ ᠤᠯᠤᠰ᠎ᠤᠨ ᠬᠦᠭᠵᠢᠯᠲᠡ ᠵᠢᠨ ᠶᠡᠬᠡ ᠪᠠᠢ᠌ᠳᠠᠯ᠎ᠳᠤ ᠣᠷᠣᠯᠠᠵᠤ ᠪᠣᠯᠣᠰᠢ ᠦᠭᠡᠢ ᠴᠢᠬᠤᠯᠠ ᠵᠢᠳᠬᠦᠯ ᠭᠠᠷᠭ᠋ᠠᠬᠤ ᠵᠢ ᠭᠦᠰᠡᠨ ᠨᠠᠢ᠌ᠲᠠᠵᠤ ᠪᠠᠢ᠌ᠨ᠎ᠠ ᠭᠡᠪᠡ᠃
