ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠰᠣᠨᠢᠨ ᠮᠡᠳᠡᠭᠡ
ᠯᠢ ᠺᠧ ᠴᠢᠶᠠᠩ᠄ ᠬᠦᠬᠡᠨᠠᠭᠤᠷ ᠮᠤᠵᠢ 〈〈ᠳᠤᠮᠳᠠᠳᠤ ᠵᠢᠨ ᠤᠰᠤᠨ ᠴᠠᠮᠬᠠᠭ〉〉 ᠵᠶ᠋ᠠᠨ ᠬᠠᠮᠠᠭ᠋ᠠᠯᠠᠬᠤ ᠬᠡᠷᠡᠭᠲᠠᠢ
ᠨᠡᠶᠢᠲᠡᠯᠡᠭᠰᠡᠨ ᠴᠠᠭ᠄ 2019-03-13


      ᠯᠢ ᠺᠧ ᠴᠢᠶᠠᠩ ᠶᠡᠷᠤᠩᠬᠡᠢ ᠰᠠᠢ᠌ᠳ 3 ᠳ᠋ᠤᠭ᠋ᠠᠷ ᠰᠠᠷ᠎ᠠ ᠵᠢᠨ 7᠎ᠤ ᠠ᠋ᠳᠤᠷ᠎ᠤᠨ ᠦᠳᠡ ᠵᠢᠨ ᠬᠣᠢ᠌ᠨ᠎ᠠ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠣᠭᠡᠯᠡᠭᠴᠢᠳ᠎ᠤᠨ ᠶᠡᠬᠡ ᠬᠤᠷᠠᠯ᠎ᠤᠨ ᠬᠣᠶᠠᠳᠠᠭ᠋ᠠᠷ ᠤᠳᠠᠭ᠋ᠠᠨ᠎ᠤ ᠬᠤᠷᠠᠯ ᠳᠡᠭᠡᠷ᠎ᠡ ᠬᠦᠬᠡᠨᠠᠭᠤᠷ ᠮᠤᠵᠢ ᠵᠢᠨ ᠲᠦᠯᠣᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠣᠷᠣᠯᠴᠠᠭ᠋ᠠᠳ᠂ ᠬᠦᠬᠡᠨᠠᠭᠤᠷ ᠪᠣᠯ ᠬᠦᠬᠡ ᠮᠦᠷᠡᠨ᠂ ᠬᠠᠲᠤᠨ ᠭᠣᠣᠯ᠂ ᠯᠠᠨ ᠼᠠᠩ ᠵᠢᠶᠠᠩ ᠮᠦᠷᠡᠨ᠎ᠤ ᠠ᠋ᠬᠢ ᠪᠣᠯᠬᠤ ᠮᠦᠷᠲᠡᠭᠡᠨ ᠤᠤᠯ᠎ᠠᠴᠠ᠎ᠪᠠᠨ 〈〈ᠳᠤᠮᠲᠠᠳᠤ ᠵᠢᠨ ᠤᠰᠤᠨ ᠴᠠᠮᠬᠠᠭ〉〉 ᠭᠡᠰᠡᠨ ᠨᠡᠷᠡᠢ᠌ᠳᠤᠯ᠎ᠲᠠᠢ ᠪᠣᠯᠬᠣᠷ ᠲᠡᠨᠳᠡᠬᠢ ᠵᠢᠨ ᠠᠮᠢ ᠠᠬᠤᠢ ᠵᠢ ᠰᠠᠢ᠌ᠲᠤᠷ ᠬᠠᠮᠠᠭ᠋ᠠᠯᠠᠬᠤ᠎ᠨᠢ ᠲᠤᠢ᠌ᠯ᠎ᠤᠨ ᠴᠢᠬᠤᠯᠠ ᠶᠤᠮ᠃ ᠬᠦᠬᠡᠨᠠᠭᠤᠷ ᠮᠤᠵᠢ 〈〈ᠳᠤᠮᠳᠠᠳᠤ ᠵᠢᠨ ᠤᠰᠤᠨ ᠴᠠᠮᠬᠠᠭ〉〉᠎ᠢ ᠰᠠᠢ᠌ᠲᠤᠷ ᠬᠠᠮᠠᠭ᠋ᠠᠯᠠᠵᠤ᠂ ᠤᠯᠤᠰ᠎ᠤᠨ ᠠᠮᠢ ᠠᠬᠤᠢ ᠵᠢᠨ ᠠᠮᠤᠷ ᠳᠦᠪᠰᠢᠨ᠎ᠤ ᠬᠠᠯᠬᠠᠪᠴᠢ ᠵᠢ ᠪᠡᠬᠢᠵᠢᠭᠦᠯᠬᠦ ᠬᠡᠷᠡᠭᠲᠠᠢ ᠭᠡᠵᠡᠢ᠃
      ᠨᠢᠭᠡᠨ ᠠᠵᠤ ᠠᠬᠤᠢ᠌ᠯᠠᠯ᠎ᠤᠨ ᠲᠦᠯᠣᠭᠡᠯᠡᠭᠴᠢ᠎ᠠᠴᠠ ᠳᠤᠬᠠᠢ ᠵᠢᠨ ᠭᠠᠵᠠᠷ᠎ᠤᠨ ᠨᠢᠭᠡ ᠪᠦᠯᠣᠭ᠌ ᠠᠵᠤ ᠠᠬᠤᠢ᠌ᠯᠠᠯ᠎ᠳᠤ ᠬᠦᠴᠢᠷᠳᠡᠯ ᠲᠤᠯᠭ᠋ᠠᠷᠠᠵᠤ ᠪᠠᠢ᠌ᠨ᠎ᠠ ᠬᠡᠬᠦ ᠦᠶᠡᠰ᠂ ᠶᠡᠷᠣᠩᠬᠡᠢ ᠰᠠᠢ᠌ᠳ᠎ᠠᠴᠠ ᠬᠦᠬᠡᠨᠠᠭᠤᠷ ᠮᠤᠵᠢ ᠬᠤᠳᠠᠯᠳᠤᠭ᠎ᠠ ᠡᠵᠡᠩᠨᠡᠬᠦ ᠣᠷᠴᠢᠨ ᠲᠣᠭᠣᠷᠢᠨ ᠵᠶ᠋ᠠᠨ ᠳᠠᠰᠤᠷᠠᠯ ᠦᠭᠡᠢ ᠰᠢᠯᠢᠳᠡᠭᠵᠢᠭᠦᠯᠵᠤ᠂ ᠰᠠᠭᠤᠷᠢ ᠳᠦᠬᠦᠭᠡᠷᠤᠮᠵᠢ ᠵᠢᠨ ᠪᠦᠲᠤᠭᠡᠨ ᠪᠠᠢ᠌ᠭᠤᠯᠤᠯᠲᠠ᠎ᠪᠠᠨ ᠲᠡᠭᠦᠯᠳᠡᠷᠵᠢᠭᠦᠯᠤᠨ᠂ ᠪᠠᠢ᠌ᠭᠤᠯᠤᠯ᠎ᠤᠨ ᠳᠣᠭᠲᠠᠯᠴᠠᠭ᠎ᠠ᠎ᠪᠠᠨ ᠤᠯᠠᠮ ᠨᠢᠭᠡ ᠠᠯᠬᠤᠮ ᠰᠢᠨᠡᠴᠢᠯᠡᠵᠤ᠂ ᠵᠠᠬ᠎ᠠ ᠲᠡᠯᠭᠡᠭᠦᠷᠵᠢᠯᠲᠡ ᠵᠢᠨ ᠦᠷᠢ ᠵᠢ ᠬᠤᠪᠢ ᠣᠷᠣᠭᠤᠯᠤᠯᠲᠠ᠎ᠳᠤ ᠰᠢᠯᠵᠢᠭᠦᠯᠬᠦ ᠪᠠ ᠣᠯᠠᠨ ᠠ᠋ᠰᠢᠵᠢᠯᠲᠡ ᠵᠢᠨ ᠪᠡᠯᠡ ᠣᠷᠣᠭᠤᠯᠬᠤ ᠵᠡᠷᠭᠡ ᠠᠷᠭ᠎ᠠ ᠬᠡᠯᠪᠡᠷᠢ᠎ᠪᠠᠷ ᠲᠣᠳᠣᠭ᠋ᠠᠳᠤ ᠵᠢᠨ ᠳᠠᠯᠳᠠ ᠬᠦᠴᠤᠨ᠎ᠢ ᠠᠭᠤᠲᠠᠯᠠᠨ᠂ ᠭᠠᠳᠠᠭ᠋ᠠᠳᠤ ᠭᠦᠴᠤᠨ᠎ᠢ ᠴᠢᠳᠠᠮᠠᠭ᠋ᠠᠢ ᠬᠡᠷᠡᠭᠯᠡᠵᠤ᠂ ᠨᠡᠩ ᠣᠯᠠᠨ ᠠᠵᠤ ᠠᠬᠤᠢ᠌ᠯᠠᠯ ᠪᠣᠯᠣᠨ ᠴᠢᠳᠠᠪᠤᠷᠢᠲᠠᠨ᠎ᠢ ᠬᠦᠬᠡᠨᠠᠭᠤᠷ᠎ᠤᠨ ᠬᠦᠭᠵᠢᠯᠲᠡ᠎ᠳᠤ ᠳᠠᠲᠠᠵᠤ ᠠᠪᠴᠢᠷᠠᠨ᠂ ᠬᠦᠬᠡᠨᠠᠭᠤᠷ᠎ᠢ ᠨᠡᠷ᠎ᠡ ᠨᠢᠳᠡᠷ᠎ᠲᠤ᠎ᠪᠠᠨ ᠲᠡᠩᠴᠡᠭᠰᠡᠨ 〈〈ᠠ᠋ᠷᠳᠡᠨᠢ ᠵᠢᠨ ᠣᠷᠣᠨ〉〉 ᠪᠣᠯᠭ᠋ᠠᠬᠤ ᠬᠡᠷᠡᠭᠲᠠᠢ ᠭᠡᠵᠡᠢ᠃


ᠢᠷᠡᠯᠲᠡ᠄
          
ᠬᠠᠮᠢᠶ᠎ᠡ ᠪᠦᠬᠦᠢ ᠰᠣᠨᠢᠨ
ᠯᠢ ᠺᠧ ᠴᠢᠶᠠᠩ ᠬᠤᠪᠸᠢ ᠵᠢᠨ ᠲᠦᠯᠣᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠣᠷᠣᠯᠴᠠᠭ᠋ᠠᠳ᠄ ᠲᠡᠷᠢᠭᠦᠨ ᠰᠠᠢ᠌ᠨ ᠬᠤᠳᠠᠯᠳᠤᠭ᠎ᠠ ᠡᠵᠡᠩᠨᠡᠯᠲᠡ ᠵᠢᠨ ᠣᠷᠴᠢᠨ ᠲᠣᠭᠣᠷᠢᠨ᠎ᠢ ᠠ᠋ᠭᠦᠳᠤᠨ ᠪᠦᠲᠤᠭᠡᠬᠦ ᠵᠢᠨ ᠬᠠᠮᠤᠭ᠎ᠤᠨ ᠴᠢᠬᠤᠯᠠ᠎ᠨᠢ 〈〈ᠬᠣᠶᠠᠷ ᠦᠪᠡᠷ᠎ᠤᠨ ᠦᠷᠲᠡᠭ〉〉᠎ᠢ ᠪᠠᠭᠤᠷᠠᠭᠤᠯᠬᠤ᠎ᠳᠤ ᠪᠣᠢ ᠭᠡᠵᠡᠢ᠃
ᠯᠢ ᠺᠧ ᠴᠢᠶᠠᠩ᠄ ᠲᠣᠲᠣᠭ᠋ᠠᠳᠤ ᠭᠠᠳᠠᠭ᠋ᠠᠳᠤ᠂ ᠠ᠋ᠬᠡ ᠬᠠᠭᠤᠷᠠᠢ ᠪᠠ ᠳᠠᠯᠠᠢ᠎ᠳᠤ ᠨᠡᠭᠡᠭᠡᠯᠲᠡ ᠬᠢᠬᠦ ᠠ᠋ᠨᠡᠬᠦ 〈〈ᠶᠡᠬᠡ ᠠᠷᠭ᠎ᠠ ᠤᠬᠠᠭ᠋ᠠᠨ〉〉᠎ᠢ ᠰᠠᠢ᠌ᠲᠤᠷ ᠬᠢᠭᠡᠷᠡᠢ ᠭᠡᠵᠤ ᠭᠤᠸᠠᠩᠰᠢ ᠮᠤᠵᠢ᠎ᠳᠤ ᠭᠦᠰᠡᠨ ᠨᠠᠢ᠌ᠲᠠᠵᠠᠢ
ᠯᠢ ᠺᠸ ᠴᠢᠶᠠᠩ᠄ ᠭᠤᠸᠠᠩᠰᠢ ᠠ᠋ᠷᠬᠡᠪᠰᠢ ᠣᠷᠣᠨ ᠪᠠᠢ᠌ᠷᠢ᠂ ᠵᠠᠬ᠎ᠠ ᠳᠡᠯᠭᠡᠭᠦᠷ᠎ᠤᠨ ᠣᠨᠴᠠᠭ᠋ᠠᠢ ᠳᠠᠪᠠᠭᠤᠯᠢᠭ ᠵᠶ᠋ᠠᠨ ᠭᠦᠢ᠍ᠴᠡᠳ ᠪᠠᠳᠠᠷᠠᠭᠤᠯᠬᠤ ᠬᠡᠷᠡᠭᠲᠠᠢ
ᠯᠢ ᠺᠸ ᠴᠢᠶᠠᠩ ᠭᠢᠷᠢᠨ ᠮᠤᠵᠢ ᠵᠢᠨ ᠲᠦᠯᠣᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠣᠷᠣᠯᠴᠠᠭ᠋ᠠᠳ᠄ ᠨᠠᠰᠤᠵᠢᠯ᠎ᠤᠨ ᠮᠦᠩᠭᠦ ᠵᠢ ᠴᠠᠭ ᠳᠠᠷᠤᠢ᠎ᠳᠤ᠎ᠨᠢ ᠪᠦᠷᠢᠨ ᠭᠦᠢ᠍ᠴᠡᠳ ᠣᠯᠭᠣᠬᠤ ᠬᠡᠷᠡᠭᠲᠠᠢ ᠭᠡᠵᠡᠢ
ᠸᠠᠩ ᠢ ᠳᠤᠮᠳᠠᠳᠤ ᠠ᠋ᠸᠣᠢ᠍ᠷᠣᠫᠠ ᠵᠢᠨ 〈〈ᠠᠷᠪᠠᠨ ᠶᠡᠬᠡ ᠬᠠᠮᠲᠤ ᠵᠢᠨ ᠲᠠᠨᠢᠯᠲᠠ〉〉 ᠵᠢ ᠶᠠᠷᠢᠭᠰᠠᠨ᠎ᠨᠢ
 
            