ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠵᠠᠰᠠᠭ ᠵᠠᠬᠢᠷᠭᠠᠨ᠎ᠤ ᠣᠷᠣᠨ ᠬᠤᠪᠢᠶᠠᠷᠯᠠᠯ᠎ᠤᠨ ᠭᠠᠵᠠᠷ᠎ᠤᠨ ᠨᠡᠷ᠎ᠡ
ᠭᠠᠵᠠᠷ᠎ᠤᠨ ᠨᠡᠷ᠎ᠡ ᠵᠢᠨ ᠨᠤᠲᠠᠯᠠᠯᠲᠠ᠄ ᠭᠤᠷᠪᠠᠨ ᠤᠰᠤ ᠲᠤᠰᠬᠤᠨ
ᠨᠡᠶᠢᠲᠡᠯᠡᠭᠰᠡᠨ ᠴᠠᠭ᠄ 2021-10-26

ᠭᠠᠵᠠᠷ᠎ᠤᠨ ᠨᠡᠷ᠎ᠡ ᠵᠢᠨ   ᠨᠤᠲᠠᠯᠠᠯᠲᠠ᠄ ᠭᠤᠷᠪᠠᠨ ᠤᠰᠤ ᠲᠤᠰᠬᠤᠨ

ᠣᠶᠤᠨᠵᠢᠷᠦᠬᠡ   ᠵᠣᠬᠢᠶᠠᠪᠠ

ᠭᠤᠷᠪᠠᠨ ᠤᠰᠤ ᠲᠣᠰᠬᠣᠨ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠥᠬᠡᠬᠣᠲᠠ ᠵᠢᠨ ᠰᠠᠶ᠋ᠢᠬᠠᠨ ᠲᠣᠭᠣᠷᠢᠭ᠎ᠤᠨ ᠢᠦᠢ ᠯᠢᠨ ᠪᠠᠯᠭ᠋ᠠᠰᠤᠨ᠎ᠤ ᠬᠠᠷᠢᠶᠠᠲᠤ ᠲᠤᠰᠬᠤᠨ ᠮᠦᠨ᠃ ᠭᠠᠵᠠᠷ ᠵᠦᠢ ᠵᠢᠨ ᠪᠠᠢ᠌ᠷᠢᠰᠢᠯ᠎ᠨᠢ ᠵᠡᠭᠦᠨ ᠤᠷᠲᠤᠷᠢᠭ᠎ᠤᠨ 111 ᠭ᠋ᠷᠠᠳᠦ᠋ᠰ 59 ᠮᠢᠨᠦ᠋ᠲ 3 ᠰᠧᠺᠦ᠋ᠨ᠋ᠳ᠋᠂ ᠤᠮᠠᠷᠠᠲᠤ ᠥᠷᠭᠡᠷᠢᠭ᠎ᠤᠨ 40 ᠭ᠋ᠷᠠᠳᠦ᠋ᠰ 52 ᠮᠢᠨᠦ᠋ᠲ 51 ᠰᠧᠺᠦ᠋ᠨ᠋ᠳ᠋ ᠪᠣᠯᠤᠨ᠎ᠠ᠃ ᠬᠢᠲᠠᠳ ᠨᠡᠷ᠎ᠡ ᠵᠢ 《古力板村》 (ᠭᠤᠷᠪᠠᠨ ᠲᠤᠰᠬᠤᠨ) ᠬᠡᠮᠡᠨ ᠪᠢᠴᠢᠵᠦ ᠪᠣᠢ᠃ ᠦᠩᠭᠡᠷᠡᠭᠰᠡᠨ᠎ᠳᠤ 《古力半》 (ᠭᠤᠷᠪᠠᠨ)᠂ 《古路板》 (ᠭᠤᠷᠪᠠᠨ)᠂ 《古力半乌素》 (ᠭᠤᠷᠪᠠᠨ ᠤᠰᠤ)᠂ 《谷力半烏素》 (ᠭᠤᠷᠪᠠᠨ ᠤᠰᠤ)   ᠵᠡᠷᠭᠡ ᠬᠡᠯᠪᠡᠷᠢ᠎ᠪᠠᠷ ᠪᠢᠴᠢᠵᠦ ᠦᠩᠭᠡᠷᠡᠪᠡ᠃  
ᠲᠤᠰ ᠭᠠᠵᠠᠷ᠎ᠤᠨ ᠬᠢᠲᠠᠳ ᠨᠡᠷ᠎ᠡ ᠵᠢ ᠳᠦᠭᠦᠮᠴᠢᠯᠡᠵᠦ ᠬᠡᠷᠡᠭᠯᠡᠭᠡᠳ᠂ ᠬᠢᠲᠠᠳ ᠨᠡᠷ᠎ᠡ᠎ᠠᠴᠠ ᠳᠠᠬᠢᠨ ᠮᠣᠩᠭᠣᠯ ᠨᠡᠷ᠎ᠡ ᠵᠢ᠎ᠨᠢ ᠰᠡᠷᠭᠦᠭᠡᠬᠦ ᠦᠶ᠎ᠡ᠎ᠳᠤ  《ᠭᠤᠷᠪᠠᠨ ᠤᠰᠤ ᠲᠤᠰᠬᠤᠨ》᠎ᠢ 《ᠭᠤᠷᠪᠠᠨ ᠲᠤᠰᠬᠤᠨ》 ᠬᠡᠮᠡᠨ ᠬᠡᠯᠡᠬᠦ ᠪᠣᠯᠵᠠᠢ᠃ 《ᠭᠤᠷᠪᠠᠨ ᠤᠰᠤ》 ᠪᠣᠯ ᠮᠣᠩᠭᠣᠯ ᠭᠠᠵᠠᠷ᠎ᠤᠨ ᠨᠡᠷ᠎ᠡ᠂ ᠬᠢᠲᠠᠳ ᠬᠡᠯᠡᠨ᠎ᠤ ᠣᠷᠴᠢᠭᠤᠯᠭ᠎ᠠ ᠣᠨᠣᠪᠴᠢᠲᠠᠢ ᠪᠤᠰᠤ ᠪᠦᠭᠡᠳ ᠳᠦᠭᠦᠮᠴᠢᠯᠡᠵᠦ ᠬᠡᠷᠡᠭᠯᠡᠭᠰᠡᠨ᠎ᠠᠴᠠ ᠭᠠᠵᠠᠷ᠎ᠤᠨ ᠨᠡᠷ᠎ᠡ ᠵᠢᠨ ᠣᠣᠯ ᠤᠳᠬ᠎ᠠ᠎ᠨᠢ ᠠᠯᠳᠠᠭᠳᠠᠭᠰᠠᠨ ᠪᠣᠯᠬᠣᠷ ᠵᠢᠷᠤᠮᠵᠢᠭᠤᠯᠬᠤ ᠴᠢᠬᠤᠯᠠᠲᠠᠢ᠃ ᠣᠯᠳᠠᠭᠳᠠᠵᠤ   ᠪᠠᠢ᠌ᠭ᠎ᠠ ᠮᠠᠲ᠋ᠧᠷᠢᠶᠠᠯ᠎ᠢ ᠦᠨᠳᠦᠰᠦᠯᠡᠪᠡᠯ᠂ 《ᠭᠤᠷᠪᠠᠨ ᠤᠰᠤ》 ᠵᠢᠨ ᠬᠢᠲᠠᠳ ᠪᠢᠴᠢᠯᠭᠡ᠎ᠨᠢ 1934 ᠣᠨ᠎ᠠᠴᠠ 1976 ᠣᠨ᠎ᠤ ᠬᠣᠭᠣᠷᠣᠨᠳᠣ ᠬᠤᠪᠢᠷᠠᠯᠲᠠ ᠭᠠᠷᠴᠤ᠂ 《古力半乌素》 (ᠭᠤᠷᠪᠠᠨ ᠤᠰᠤ) ᠵᠢ ᠳᠥᠭᠥᠮᠴᠢᠯᠡᠭᠡᠳ 《古力半》 (ᠭᠤᠷᠪᠠᠨ) ᠪᠣᠯᠭ᠋ᠠᠵᠠᠶ᠃ ᠪᠠᠷᠢᠮᠲᠠ ᠮᠠᠲᠸᠷᠢᠶᠠᠯ᠎ᠢ ᠵᠢᠭᠰᠠᠭ᠋ᠠᠪᠠᠯ ᠳᠣᠣᠷᠠᠬᠢ ᠮᠡᠲᠦ᠃
1. ᠪᠠᠳᠠᠷᠠᠭᠤᠯᠲᠤ ᠲᠦᠷᠦ ᠵᠢᠨ ᠭᠤᠴᠢᠨ ᠭᠤᠷᠪᠠᠳᠤᠭ᠋ᠠᠷ ᠣᠨ (1907 ᠣᠨ)᠎ᠳᠤ ᠨᠠᠶ᠋ᠢᠷᠠᠭᠤᠯᠤᠭᠰᠠᠨ 《ᠬᠦᠶ ᠰᠦᠶ   ᠳ᠋ᠣᠤ ᠵᠢᠨ ᠣᠢ᠌ᠯᠠᠯᠭ᠎ᠠ》 (《归绥道志》)  ᠎ᠳᠤ 《谷力半烏素村》 (ᠭᠤᠷᠪᠠᠨ ᠤᠰᠤ)  [1] ᠭᠡᠵᠦ ᠲᠡᠮᠳᠡᠭᠯᠡᠵᠡᠢ᠃
2. ᠪᠠᠳᠠᠷᠠᠭᠤᠯᠲᠤ ᠲᠥᠷᠥ ᠵᠢᠨ ᠬᠣᠷᠢᠨ ᠭᠤᠷᠪᠠᠳᠤᠭ᠋ᠠᠷ ᠣᠨ (1897 ᠣᠨ)᠎ᠳᠤ ᠨᠠᠶ᠋ᠢᠷᠠᠭᠤᠯᠤᠭᠰᠠᠨ 《ᠬᠦᠶ   ᠬᠤᠸᠠ   ᠴᠸᠩ ᠎ᠤᠨ   ᠣᠢ᠌ᠯᠠᠯᠭ᠎ᠠ》 (《归化城厅志》 )᠎ᠳᠤ 《古力半烏素》 (ᠭᠤᠷᠪᠠᠨ ᠤᠰᠤ) [2] ᠭᠡᠵᠦ ᠲᠡᠮᠳᠡᠭᠯᠡᠵᠡᠶ᠃
3. ᠢᠷᠭᠡᠨ ᠤᠯᠤᠰ᠎ᠤᠨ 23 ᠣᠨ (1934 ᠣᠨ)᠎ᠳᠤ ᠬᠡᠪᠯᠡᠭᠳᠡᠭᠰᠡᠨ 《ᠬᠦᠶ ᠰᠦᠶ ᠰᠢᠶᠠᠨ ᠎ᠤ ᠣᠢ᠌ᠯᠠᠯᠭ᠎ᠠ》 (《归绥县志》)᠎ᠳᠤ 《古力半烏素》 (ᠭᠤᠷᠪᠠᠨ ᠤᠰᠤ) [3]᠂ 《ᠬᠦᠶ ᠰᠦᠶ ᠰᠢᠶᠠᠨ᠎ᠤ ᠬᠣᠶᠠᠳᠤᠭ᠋ᠠᠷ ᠲᠣᠭᠣᠷᠢᠭ᠎ᠲᠤ ᠬᠠᠷᠢᠶᠠᠯᠠᠭᠳᠠᠨ᠎ᠠ》 [4] ᠭᠡᠵᠦ ᠲᠡᠮᠲᠡᠭᠯᠡᠪᠡ᠃ ᠡᠨᠡ᠎ᠨᠢ 1984 ᠣᠨ᠎ᠳᠤ ᠬᠡᠪᠯᠡᠭᠳᠡᠭᠰᠡᠨ 《ᠥᠪᠥᠷ ᠮᠣᠩᠭᠣᠯ᠎ᠤᠨ ᠬᠥᠬᠡᠬᠣᠲᠠ ᠵᠢᠨ ᠲᠡᠭᠦᠷᠭᠡ ᠵᠢᠨ ᠭᠠᠵᠠᠷ᠎ᠤᠨ ᠨᠡᠷᠡᠰ᠎ᠤᠨ ᠲᠡᠮᠲᠡᠭᠯᠡᠯ》᠎ᠳᠤ ᠲᠡᠮᠳᠡᠭᠯᠡᠭᠰᠡᠨ ᠠᠭᠤᠯᠭ᠎ᠠ᠎ᠲᠠᠢ ᠨᠡᠶ᠋ᠢᠴᠡᠵᠦ ᠪᠠᠶ᠋ᠢᠨ᠎ᠠ᠃
4. 1976 ᠣᠨ᠎ᠳᠤ ᠬᠡᠪᠯᠡᠭᠦᠯᠦᠭᠰᠡᠨ 《ᠪᠦᠭᠦᠳᠡ ᠨᠠᠶ᠋ᠢᠷᠠᠮᠳᠠᠬᠤ ᠳᠤᠮᠳᠠᠳᠤ ᠠᠷᠠᠳ ᠤᠯᠤᠰ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ᠎ᠤᠨ ᠨᠡᠷᠡᠰ》᠎ᠲᠤ ᠲᠤᠰ ᠭᠠᠵᠠᠷ᠎ᠢ 《Guluban᠂ 古力板᠂ ᠶᠡᠬᠡ ᠪᠠᠷᠢᠭ᠋ᠠᠳᠠ᠂ ᠬᠥᠬᠡᠬᠣᠲᠠ》 [5] ᠬᠡᠮᠡᠨ ᠲᠡᠮᠲᠡᠭᠯᠡᠪᠡ᠃
5. 1984 ᠣᠨ᠎ᠳᠤ ᠬᠡᠪᠯᠡᠭᠦᠯᠦᠭᠰᠡᠨ 《ᠥᠪᠥᠷ ᠮᠣᠩᠭᠣᠯ᠎ᠤᠨ ᠬᠥᠬᠡᠬᠣᠲᠠ ᠵᠢᠨ ᠲᠡᠭᠦᠷᠭᠡ ᠵᠢᠨ ᠭᠠᠵᠠᠷ᠎ᠤᠨ ᠨᠡᠷᠡᠰ᠎ᠤᠨ ᠲᠡᠮᠲᠡᠭᠯᠡᠯ》᠎ᠳᠤ 《古力半᠂ ᠮᠣᠩᠭᠣᠯ᠂ ᠭᠤᠷᠪᠠᠨ ᠤᠰᠤ》 [6]᠂ 《ᠲᠤᠬᠠᠶ ᠵᠢᠨ ᠭᠠᠵᠠᠷ᠎ᠤᠨ ᠠᠬᠠᠮᠠᠳ ᠨᠠᠰᠤᠲᠠᠨ ᠾᠧᠦ ᠮᠤᠤ ᠮᠤᠤ ᠵᠢᠨ ᠬᠠᠩᠭ᠋ᠠᠭᠰᠠᠨ᠎ᠢ ᠦᠨᠳᠦᠰᠦᠯᠡᠪᠡᠯ᠂ ᠪᠠᠷᠤᠭ ᠴᠢᠩ ᠤᠯᠤᠰ᠎ᠤᠨ ᠲᠩᠷᠢ ᠲᠡᠳᠬᠦᠭᠴᠢ ᠵᠢᠨ ᠦᠶ᠎ᠡ᠎ᠳᠤ᠂ ᠲᠣᠰ ᠭᠠᠵᠠᠷ᠎ᠨᠢ ᠮᠠᠯᠵᠢᠬᠤ ᠣᠷᠣᠨ ᠪᠠᠶ᠋ᠢᠵᠤ᠂ ᠤᠰᠤ ᠪᠡᠯᠴᠢᠭᠡᠷ ᠨᠡᠯᠢᠶᠡᠳ ᠰᠠᠶ᠋ᠢᠨ ᠪᠠᠶ᠋ᠢᠵᠠᠢ᠃ ᠡᠨᠳᠡ ᠭᠤᠷᠪᠠᠨ ᠪᠤᠯᠠᠭ᠎ᠤᠨ ᠤᠰᠤ ᠪᠣᠶ᠂ ᠮᠣᠩᠭᠣᠯ ᠵᠶ᠋ᠠᠷ 〈ᠭᠤᠷᠪᠠᠨ ᠪᠤᠯᠠᠭ᠎ᠤᠨ ᠤᠰᠤ〉 ᠭᠡᠳᠡᠭ᠃ ᠬᠣᠵᠢᠮ᠎ᠨᠢ ᠣᠳᠣ ᠵᠢᠨ ᠨᠡᠷ᠎ᠡ ᠪᠣᠯᠪᠠ》 [7] ᠭᠡᠵᠦ ᠲᠡᠮᠲᠡᠭᠯᠡᠵᠡᠢ᠃
6. 1985 ᠣᠨ᠎ᠳᠤ ᠬᠡᠪᠯᠡᠭᠦᠯᠦᠭᠰᠡᠨ 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ᠎ᠤᠨ ᠨᠡᠷᠡᠰ᠎ᠤᠨ ᠲᠡᠮᠲᠡᠭᠯᠡᠯ · ᠬᠥᠬᠡᠬᠣᠲᠠ ᠵᠢᠨ ᠬᠤᠪᠢᠶᠠᠷᠢ ᠳᠡᠪᠲᠡᠷ》᠎ᠲᠤ 《古力半᠂ ᠮᠣᠩᠭᠣᠯ ᠬᠡᠯᠡ᠂ ᠭᠤᠷᠪᠠᠨ ᠤᠰᠤ》 [8] ᠭᠡᠰᠡᠨ ᠲᠡᠮᠲᠡᠭᠯᠡᠭᠡᠰᠦᠲᠡᠢ᠃
7. 2018 ᠣᠨ᠎ᠳᠤ ᠬᠡᠪᠯᠡᠭᠦᠯᠦᠭᠰᠡᠨ 《ᠬᠥᠬᠡᠬᠣᠲᠠ ᠵᠢᠨ ᠮᠣᠩᠭᠣᠯ ᠭᠠᠵᠠᠷ᠎ᠤᠨ ᠨᠡᠷ᠎ᠡ ᠵᠢᠨ ᠲᠠᠶ᠋ᠢᠯᠪᠤᠷᠢ》 ᠵᠢ ᠦᠨᠳᠦᠰᠦᠯᠡᠪᠡᠯ  ᠂ ᠲᠤᠰ ᠭᠠᠵᠠᠷ᠎ᠤᠨ ᠨᠡᠷ᠎ᠡ ᠵᠢ ᠲᠡᠦᠬᠡᠨ ᠮᠠᠲᠸᠷᠢᠶᠠᠯ᠎ᠳᠤ 《ᠭᠤᠷᠪᠠᠨ ᠤᠰᠤ》   ᠬᠡᠮᠡᠨ ᠲᠡᠮᠲᠡᠭᠯᠡᠵᠦ ᠪᠠᠢ᠌ᠵᠠᠢ᠂ ᠬᠢᠲᠠᠳ ᠬᠡᠯᠡ᠎ᠪᠠᠷ 《古力半》 (ᠭᠤᠷᠪᠠᠨ)᠂ 《古力板》 (ᠭᠤᠷᠪᠠᠨ)᠂ 《古力半乌素》 (ᠭᠤᠷᠪᠠᠨ ᠤᠰᠤ) ᠭᠡᠵᠦ ᠣᠷᠴᠢᠭᠤᠯᠵᠤ ᠪᠠᠢ᠌ᠪᠠ [9]᠃
8. 《ᠳᠤᠮᠳᠠᠳᠤ ᠤᠯᠤᠰ · ᠤᠯᠤᠰ᠎ᠤᠨ ᠭᠠᠵᠠᠷ᠎ᠤᠨ ᠨᠡᠷ᠎ᠡ ᠵᠢᠨ ᠮᠡᠳᠡᠭᠡ ᠵᠠᠩᠭᠢ ᠵᠢᠨ ᠬᠦᠮᠦᠷᠭᠡ》᠎ᠳᠤ 《古力半》 (ᠭᠤᠷᠪᠠᠨ) [10] ᠬᠡᠮᠡᠨ ᠲᠡᠮᠲᠡᠭᠯᠡᠵᠦ ᠪᠣᠢ᠃ ᠲᠤᠰ ᠬᠦᠮᠦᠷᠭᠡ ᠵᠢᠨ ᠲᠣᠭ᠎ᠠ ᠪᠠᠷᠢᠮᠲᠠ ᠵᠢᠨ ᠪᠦᠷᠢᠳᠬᠡᠯ᠎ᠢ 2018 ᠣᠨ᠎ᠤ 12 ᠰᠠᠷ᠎ᠠ ᠵᠢᠨ 31 ᠎ᠤ ᠡᠳᠦᠷ ᠵᠶ᠋ᠡᠷ ᠬᠢᠵᠠᠭ᠋ᠠᠷᠯᠠᠭᠰᠠᠨ ᠪᠠᠢ᠌ᠨ᠎ᠠ᠃ ᠳᠠᠷᠤᠢ ᠲᠤᠰ ᠡᠳᠦᠷ᠎ᠠᠴᠠ ᠡᠮᠦᠨ᠎ᠡ ᠭᠤᠷᠪᠠᠨ ᠤᠰᠤ ᠲᠤᠰᠬᠤᠨ᠎ᠤ ᠬᠢᠲᠠᠳ ᠨᠡᠷ᠎ᠡ ᠵᠢ 《古力半》 (ᠭᠤᠷᠪᠠᠨ) ᠬᠡᠮᠡᠨ ᠬᠡᠷᠡᠭᠯᠡᠵᠦ ᠪᠠᠢ᠌ᠵᠠᠢ᠃
9. 《ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠵᠠᠰᠠᠭ ᠵᠠᠬᠢᠷᠭ᠋ᠠᠨ᠎ᠤ ᠬᠤᠪᠢᠶᠠᠷᠢᠯᠠᠯ᠎ᠤᠨ ᠳᠡᠪᠲᠡᠷ 2019》 ᠳᠡᠭᠡᠷ᠎ᠡ 《古力板》 (ᠭᠤᠷᠪᠠᠨ) [11] ᠬᠡᠮᠡᠨ ᠪᠢᠴᠢᠵᠦ ᠪᠣᠢ᠃ ᠡᠭᠦᠨ᠎ᠠᠴᠠ ᠮᠡᠳᠡᠬᠦ᠎ᠨᠢ 2019 ᠣᠨ᠎ᠳᠤ 《古力半》 (ᠭᠤᠷᠪᠠᠨ)᠎ᠢ 《古力板》 (ᠭᠤᠷᠪᠠᠨ) ᠭᠡᠵᠦ ᠬᠠᠯᠠᠵᠤ ᠪᠢᠴᠢᠵᠡᠢ᠃
《古力板》 ᠭᠡᠳᠡᠭ ᠬᠢᠲᠠᠳ ᠨᠡᠷ᠎ᠡ 《ᠭᠤᠷᠪᠠᠨ ᠤᠰᠤ》 ᠵᠢᠨ ᠵᠥᠪ ᠳᠠᠭᠤᠳᠠᠯᠭ᠎ᠠ ᠬᠢᠭᠡᠳ ᠣᠨᠣᠪᠴᠢᠲᠠᠢ ᠤᠳᠬ᠎ᠠ ᠵᠢ ᠢᠯᠡᠳᠭᠡᠵᠦ ᠦᠯᠦ ᠳᠡᠢ᠌ᠯᠦᠨ᠎ᠡ᠃ ᠡᠢ᠌ᠮᠦ᠎ᠠᠴᠠ ᠭᠠᠵᠠᠷ᠎ᠤᠨ ᠨᠡᠷ᠎ᠡ ᠵᠢᠨ ᠤᠭ ᠰᠠᠨᠠᠭ᠎ᠠ ᠵᠢ ᠣᠨᠣᠪᠴᠢᠲᠠᠶ ᠢᠯᠡᠳᠭᠡᠵᠦ᠂ ᠲᠤᠬᠠᠶ ᠵᠢᠨ ᠭᠠᠵᠠᠷ᠎ᠤᠨ ᠲᠡᠦᠬᠡ ᠰᠣᠶᠣᠯ᠎ᠤᠨ ᠠᠭᠤᠯᠤᠭᠳᠠᠬᠤᠨ᠎ᠢ ᠢᠯᠡᠷᠡᠭᠦᠯᠬᠦ ᠵᠢᠨ ᠬᠠᠮᠲᠤ ᠭᠠᠵᠠᠷ᠎ᠤᠨ ᠨᠡᠷ᠎ᠡ ᠵᠢᠨ ᠲᠣᠭᠲᠠᠪᠤᠷᠢᠲᠤ ᠴᠢᠨᠠᠷ᠎ᠢ ᠪᠠᠲᠤᠯᠠᠬᠤ ᠵᠢᠨ ᠲᠦᠯᠦᠭᠡ᠂ 《古力板》 (ᠭᠤᠷᠪᠠᠨ)᠎ᠢ 《古尔半乌素》 (ᠭᠤᠷᠪᠠᠨ ᠤᠰᠤ) ᠭᠡᠵᠦ ᠳᠦᠷᠢᠮᠵᠢᠭᠦᠯᠵᠦ᠂ ᠲᠤᠰ ᠲᠤᠰᠬᠤᠨ᠎ᠤ ᠮᠣᠩᠭᠣᠯ ᠨᠡᠷ᠎ᠡ 《ᠭᠤᠷᠪᠠᠨ ᠤᠰᠤ》 ᠵᠢ ᠰᠡᠷᠭᠦᠭᠡᠨ ᠬᠡᠷᠡᠭᠯᠡᠪᠡᠯ ᠵᠣᠬᠢᠨ᠎ᠠ᠃

ᠵᠡᠭᠦᠯᠲᠡ᠄
[1]内蒙古图书馆编:《归绥道志》,远方出版社,2007年,第261页。
[2] 内蒙古师范大学图书馆编:《归化城厅志》,远方出版社,2011年,第69页。
[3]《归绥县志》,民国二十三年北平文岚簃印,第107页。
[4]《归绥县志》,民国二十三年北平文岚簃印,第105-107页。
[5] 《中华人民共和国内蒙古自治区地名录》,1976 年,第217页。
[6] 《呼和浩特市郊区地名志》(内部资料),呼和浩特市郊区人民政府,1984年,第207页。
[7] 《呼和浩特市郊区地名志》(内部资料),呼和浩特市郊区人民政府,1984年,第29页。
[8] 内蒙古自治区地名委员会:《内蒙古自治区地名志·呼和浩特分册》,呼和浩特市人民政府,1985年,第79页。
[9] 乌力吉陶格陶编著:《呼和浩特蒙古语地名释读》,内蒙古人民出版社,2018年,第39页。
[10] https://dmfw.mca.gov.cn/online/map.html.
[11] 内蒙古自治区民政厅编:《内蒙古自治区行政区划简册2019》,第12页。

ᠵᠣᠬᠢᠶᠠᠭᠴᠢ ᠵᠢᠨ ᠬᠠᠶᠢᠭ᠄ ᠥᠪᠥᠷ ᠮᠣᠩᠭᠣᠯ᠎ᠤᠨ ᠪᠠᠭᠰᠢ ᠵᠢᠨ ᠶᠡᠬᠡ ᠰᠤᠷᠭ᠋ᠠᠭᠤᠯᠢ ᠵᠢᠨ ᠮᠣᠩᠭᠣᠯ ᠰᠤᠳᠤᠯᠤᠯ᠎ᠤᠨ ᠳᠡᠭᠡᠳᠦ ᠰᠤᠷᠭ᠋ᠠᠭᠤᠯᠢ

ᠢᠷᠡᠯᠲᠡ᠄ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠭᠠᠵᠠᠷ᠎ᠤᠨ ᠨᠡᠷ᠎ᠡ ᠵᠢᠨ ᠨᠤᠳᠠᠯᠠᠯᠳᠠ᠄ ᠲᠡᠮᠡᠭᠡᠯᠢ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠨᠦᠬᠡᠰ᠎ᠤᠨ ᠭᠣᠣᠯ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠠᠪᠤ ᠠᠭᠣᠯᠠ
ᠭᠠᠵᠠᠷ᠎ᠤᠨ ᠨᠡᠷ᠎ᠡ ᠵᠢᠨ ᠨᠤᠲᠠᠯᠠᠯᠲᠠ᠄ ᠬᠣᠣᠯᠢᠨ ᠭᠣᠣᠯ
《ᠭᠠᠵᠠᠷ᠎ᠤᠨ ᠨᠡᠷ᠎ᠡ ᠵᠢᠨ ᠬᠠᠮᠢᠶᠠᠷᠤᠯᠳᠠ ᠵᠢᠨ ᠲᠦᠷᠢᠮ》᠎ᠢ ᠨᠡᠢ᠌ᠳᠡᠯᠡᠪᠡ
 
            